ᠪᠣᠭᠳᠠ ᠯᠣᠣᠶᠠ ᠶ᠋ᠢᠨ ᠪᠦᠷᠢᠨ ᠲᠥᠯᠭᠡ 11~20 Богд лууяны бүрэн төлөг 11~20
ᠪᠣᠭᠳᠠ ᠶ᠋ᠢᠨ ᠲᠠᠭᠠᠯᠠᠯ : ᠠᠢᠳᠠᠩᠭᠤᠢ ᠪᠠᠷ ᠪᠡᠲᠡᠭᠡᠢ ᠭᠣᠷᠢᠯᠠ᠂ ᠨᠡᠷ᠎ᠡ ᠰᠠᠨᠠᠭ᠎ᠠ ᠦᠯᠦ ᠬᠦᠷᠦᠮᠦᠢ᠂ ᠡᠳ᠋ ᠲᠠᠸᠠᠷ ᠲᠡᠭᠰᠢ᠂ ᠵᠠᠷᠭᠤ ᠠᠪᠲᠠᠮᠤᠢ᠂ ᠡᠪᠡᠳᠴᠢᠲᠡᠨ ᠳ᠋ᠦ᠍ᠷ ᠮᠠᠭᠤ᠂ ᠬᠡᠷᠡᠭ ᠥᠭᠡᠳᠡ ᠦᠭᠡᠢ᠂ ᠶᠠᠪᠤᠳᠠᠯ ᠤ᠋ᠨ ᠬᠥᠮᠦᠨ ᠰᠠᠭᠠᠳ ᠲᠠᠢ ᠪᠠᠢᠨᠠᠮ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠭ ᠤ᠋ᠨ ᠪᠣᠳᠣᠯᠭ᠎ᠠ ᠠ᠋ᠴᠠ ᠥᠪᠡᠷ᠎ᠡ ᠪᠣᠯᠭᠠᠪᠠᠰᠤ ᠡᠳ᠋ ᠦ᠋ᠨ ᠬᠡᠰᠢᠭ ᠰᠠᠶᠢ ᠣᠯᠤᠮᠤ᠂ ᠬᠠᠨᠤᠯ ᠢ ᠮᠡᠳᠡᠪᠡᠰᠦ ᠰᠠᠢᠨ᠂ ᠬᠥᠮᠦᠨ ᠯᠦᠭᠡ ᠬᠡᠷᠡᠭ ᠲᠦ᠍ᠷ ᠪᠢᠲᠡᠭᠡᠢ ᠨᠡᠢᠯᠡ᠂ ᠴᠢᠬᠤᠯᠠ ᠬᠡᠷᠡᠭ ᠲᠦ᠍ᠷ ᠡᠰᠠ ᠰᠡᠷᠡᠮᠵᠢᠯᠡᠪᠡᠰᠦ ᠠᠯᠳᠠᠰᠢ ᠪᠣᠯᠤᠮᠤ᠂ ᠲᠦᠰᠢᠮᠡᠯ ᠪᠥᠭᠡᠰᠦ ᠲᠤᠭ ᠬᠢᠭᠢᠷᠢ ᠶ᠋ᠢᠨ ᠪᠠᠶᠠᠷ ᠪᠣᠢ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠂ ᠪᠢᠴᠢᠭ ᠦ᠋ᠨ ᠬᠥᠮᠦᠨ ᠰᠣᠩᠭᠣᠭᠳᠠᠬᠤ ᠪᠠᠶᠠᠷ ᠪᠣᠢ᠂ ᠵᠠᠷᠭᠤ ᠢᠯᠭᠤᠮᠤ᠂ ᠤᠷᠤᠭ ᠤ᠋ᠨ ᠬᠡᠷᠡᠭ ᠥᠯᠵᠡᠢ ᠦᠭᠡᠢ᠃
ᠰᠠᠨᠠᠭ᠎ᠠ ᠲᠠᠢᠯᠤᠭᠰᠠᠨ : ᠡᠨᠡ ᠵᠢᠯ ᠦ᠋ᠨ ᠬᠡᠢ ᠮᠣᠷᠢᠨ ᠬᠡᠳᠦᠢ ᠰᠠᠢᠨ ᠬᠡᠮᠡᠪᠡᠰᠦ ᠰᠠᠢᠨ ᠦᠭᠡᠢ᠂ ᠪᠠᠲᠤ ᠬᠡᠮᠡᠪᠡᠰᠦ ᠪᠠᠲᠤ ᠦᠭᠡᠢ᠂ ᠬᠥᠪᠡᠭᠦᠨ ᠲᠡᠢ ᠪᠣᠯᠪᠠᠴᠤ ᠲᠡᠵᠢᠭᠡᠬᠦᠶᠡ ᠪᠡᠷᠬᠡ᠂ ᠬᠡᠷᠡᠭ ᠪᠦᠲᠦᠬᠦᠢ ᠳ᠋ᠦ᠍ᠷ ᠤᠷᠪᠠᠯᠭ᠎ᠠ ᠪᠣᠢ᠂ ᠠᠯᠢᠪᠠ ᠬᠡᠷᠡᠭ ᠢ ᠦᠵᠡᠭᠦᠯᠦᠭᠴᠢᠳ ᠰᠡᠳᠬᠢᠯ ᠬᠦᠴᠦᠨ ᠢ ᠲᠠᠯᠠᠭᠠᠷ ᠵᠣᠪᠠᠭᠠᠮᠤᠢ᠃
ᠪᠡᠯᠭᠡ ᠶ᠋ᠢᠨ ᠲᠣᠬᠢᠶᠠᠯᠳᠠᠪᠦᠷᠢ : ᠨᠢᠭᠡᠨ ᠪᠢᠴᠢᠭ ᠦ᠋ᠨ ᠬᠥᠮᠦᠨ ᠰᠢᠯᠭᠠᠯᠲᠠ ᠳ᠋ᠤᠷ ᠣᠷᠣᠭᠰᠠᠨ ᠦᠭᠡᠢ᠂ ᠳᠠᠬᠢᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠵᠠᠮ ᠳ᠋ᠤᠷ ᠤᠨᠤᠭᠰᠠᠨ ᠮᠣᠷᠢᠨ ᠶᠠᠳᠠᠭᠠᠳ ᠶᠠᠪᠠᠭᠠᠯᠠᠨ ᠬᠠᠷᠢᠭᠰᠠᠨ ᠲᠤᠯᠠ ᠬᠠᠷᠢᠨ ᠡᠮᠭᠡᠨᠢᠮᠦᠢ ᠢ᠎ᠡ ᠬᠡᠮᠡᠭᠰᠡᠨ ᠦᠭᠡᠰ ᠯᠦᠭᠡ ᠲᠣᠬᠢᠶᠠᠯᠳᠤᠵᠤᠬᠤᠢ᠃
ᠠᠷᠪᠠᠨ ᠬᠣᠶᠠᠳᠤᠭᠠᠷ ᠲᠥᠯᠭᠡ : ᠬᠥᠬᠡᠭᠴᠢᠨ ᠬᠥᠬᠡᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠱᠤ᠌ ᠦ ᠬᠣᠨᠢᠨ ᠢ ᠬᠠᠷᠢᠭᠤᠯᠤᠭᠰᠠᠨ : ᠦᠢᠯᠡ ᠦᠢᠯᠡᠳᠬᠦᠢ ᠭᠣᠷᠢᠯᠠᠨ ᠡᠷᠢᠪᠡᠰᠦ ᠬᠠᠪᠤᠷ ᠤ᠋ᠨ ᠡᠮᠦᠨ᠎ᠡ ᠪᠣᠢ᠂ ᠨᠠᠮᠤᠷ ᠪᠣᠯᠤᠭᠠᠳ ᠲᠡᠢᠮᠦ ᠪᠤᠰᠤ ᠪᠣᠯᠤᠭᠰᠠᠨ ᠢ ᠬᠡᠨ ᠪᠤᠳᠤᠯᠤᠭᠠ᠂ ᠬᠡᠵᠢᠶ᠎ᠡ ᠲᠤᠩᠭᠠᠯᠠᠭ ᠮᠥᠷᠡᠨ ᠤ ᠡᠷᠭᠢᠨ ᠬᠦᠩ ᠽᠢ ᠯᠦᠭᠡ ᠤᠴᠠᠷᠪᠠᠰᠤ᠂ ᠨᠢᠭᠡᠨ ᠨᠠᠰᠤᠨ ᠤ᠋ ᠠᠮᠢᠳᠤᠷᠠᠬᠤ ᠶ᠋ᠢᠨ ᠠᠷᠭ᠎ᠠ ᠶ᠋ᠢ ᠰᠠᠶᠢ ᠪᠦᠲᠦᠭᠡᠨ ᠴᠢᠳᠠᠮᠤᠢ᠃
ᠪᠣᠭᠳᠠ ᠶ᠋ᠢᠨ ᠲᠠᠭᠠᠯᠠᠯ : ᠨᠡᠷ᠎ᠡ ᠬᠣᠵᠢᠮ ᠪᠣᠢ ᠬᠦᠷᠴᠦ ᠢᠷᠡᠭᠡᠳᠦᠢ᠂ ᠡᠪᠡᠳᠴᠢᠲᠡᠨ ᠡᠮᠴᠢ ᠶ᠋ᠢ ᠬᠠᠯᠠ ᠵᠠᠷᠭᠤ ᠪᠠᠢᠪᠠᠰᠤ ᠰᠠᠢᠨ᠂ ᠶᠠᠪᠤᠳᠠᠯ ᠤ᠋ᠨ ᠬᠥᠮᠦᠨ ᠡᠭᠡᠮᠦᠢ ᠵᠢᠷᠮᠦᠰᠦᠨ ᠪᠤᠶᠠᠲᠤ ᠬᠥᠪᠡᠭᠦᠨ ᠬᠥᠩᠭᠡᠵᠢᠮᠦᠢ᠂ ᠬᠡᠷᠪᠡᠷ ᠤᠴᠠᠷᠠᠯ ᠣᠯᠳᠠᠪᠠᠰᠤ ᠰᠠᠶᠢ ᠰᠠᠢᠨ ᠪᠣᠯᠤᠮᠤᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠢᠳᠠ ᠵᠣᠪᠠᠬᠤ ᠪᠠ ᠰᠡᠵᠢᠭᠯᠡᠬᠦ ᠪᠣᠢ ᠪᠣᠯᠪᠠᠰᠤ ᠡᠴᠦᠰ ᠲᠡᠭᠡᠨ ᠡᠩᠬᠡᠵᠢᠮᠦᠢ᠂ ᠬᠡᠷᠡᠭ ᠦᠢᠯᠡᠥᠪᠡᠰᠤ ᠪᠤᠰᠤᠳ ᠤ᠋ᠨ ᠲᠡᠳᠬᠦᠮᠵᠢ ᠬᠡᠷᠡᠭᠲᠡᠢ᠂ ᠵᠠᠷᠭᠤ ᠪᠢᠲᠡᠭᠡᠢ ᠡᠭᠦᠰᠭᠡ᠂ ᠨᠠᠮᠤᠷ ᠪᠣᠯᠪᠠᠰᠤ ᠤᠰᠠᠳᠤᠮᠤ᠂ ᠡᠨᠡ ᠲᠥᠯᠭᠡ ᠳ᠋ᠦ᠍ᠷ ᠬᠣᠪ ᠰᠢᠪ ᠦᠭᠡ ᠶ᠋ᠢ ᠪᠢᠲᠡᠭᠡᠢ ᠢᠳᠡᠭᠡ᠂ ᠬᠡᠴᠢᠶᠡᠭᠳᠦᠨ᠃
ᠰᠠᠨᠠᠭ᠎ᠠ ᠲᠠᠢᠯᠤᠭᠰᠠᠨ : ᠦᠢᠯᠡ ᠦᠢᠯᠡᠳᠪᠡᠰᠦ ᠬᠠᠪᠤᠷ ᠴᠠᠭ ᠲᠤᠷ ᠣᠯᠠᠩᠬᠢ ᠪᠦᠲᠦᠮᠵᠢ ᠲᠡᠢ : ᠨᠠᠮᠤᠷ ᠤ᠋ᠨ ᠬᠠᠭᠠᠰ ᠳᠤᠮᠳᠠ ᠬᠦᠷᠪᠡᠰᠦ ᠪᠠᠭᠤᠷᠠᠮᠤ᠂ ᠶᠡᠬᠡ ᠲᠥᠯᠥᠪ ᠡᠭᠦᠰᠬᠡᠬᠦᠢ ᠲᠦᠷ ᠰᠠᠢᠨ ᠡᠴᠦᠰ ᠲᠦ᠍ᠷ ᠮᠠᠭᠤ᠂ ᠡᠷᠭᠢᠨ ᠬᠥᠮᠦᠨ ᠬᠡᠮᠡᠭᠴᠢ ᠬᠣᠯᠠ ᠭᠠᠵᠠᠷ ᠤᠨ ᠴᠢᠳᠠᠯᠲᠠᠨ ᠬᠥᠮᠦᠨ ᠪᠥᠯᠥᠭᠡ᠂ ᠲᠡᠷᠡ ᠬᠥᠮᠦᠨ ᠲᠡᠳᠬᠦᠵᠦ ᠠᠯᠢᠪᠠ ᠦᠢᠯᠡᠰ ᠲᠣᠷ ᠲᠤᠰᠠᠯᠠᠵᠤ ᠬᠡᠷᠪᠡ ᠡᠭᠦᠨᠴᠡ ᠪᠤᠰᠤ ᠦᠢᠯᠡᠳᠪᠡᠰᠦ ᠰᠡᠳᠬᠢᠯ ᠬᠦᠴᠦᠨ ᠢ ᠲᠠᠯᠠᠭᠠᠷ ᠵᠣᠪᠠᠭᠠᠮᠤᠢ᠂ ᠨᠠᠮᠤᠷ ᠤ᠋ᠨ ᠴᠠᠭ ᠲᠤᠷ ᠡᠳ᠋ ᠲᠠᠸᠠᠷ ᠭᠠᠷᠤᠵᠠ ᠪᠣᠢ᠂ ᠵᠠᠷᠭᠤ ᠡᠪᠳᠡᠷᠡᠯᠲᠡᠢ᠂ ᠪᠤᠶᠠᠨᠲᠤ ᠬᠥᠮᠦᠨ ᠵᠣᠬᠢᠯᠳᠤᠭᠤᠯᠤᠮᠤ᠂ ᠡᠪᠡᠳᠴᠢᠨ ᠢ ᠠᠰᠠᠭᠤᠪᠠᠰᠤ ᠵᠤᠨ ᠨᠠᠮᠤᠷ ᠤ᠋ᠨ ᠡᠪᠡᠳᠴᠢᠨ ᠡᠪᠦᠯ ᠦ᠋ᠨ ᠠᠭᠤᠷ ᠢ ᠣᠷᠣᠪᠠᠰᠤ ᠭᠡᠮ ᠦᠭᠡᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠶᠡᠷᠦ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠬᠤᠸᠠᠢ ᠠᠨ ᠤ᠋ ᠴᠢᠩ ᠵᠢᠶᠠᠩ ᠡᠦ ᠶ᠋ᠢᠨ ᠨᠢᠭᠡᠨ ᠲᠦᠰᠢᠮᠡᠯ ᠬᠥᠮᠦᠨ ᠳ᠋ᠦ᠍ ᠵᠠᠯᠠᠭᠳᠠᠵᠤ ᠶᠡᠬᠡ ᠣᠯᠪᠤᠷᠢ ᠲᠠᠢ ᠪᠣᠯᠪᠠ᠂ ᠡᠨᠡ ᠠᠨᠤ ᠲᠤᠩᠭᠠᠯᠠᠭ ᠮᠥᠷᠡᠨ᠎ᠡ ᠡᠷᠭᠢᠨ ᠬᠥᠮᠦᠨ ᠳ᠋ᠦ᠍ ᠠᠭᠤᠯᠵᠠᠪᠠᠰᠤ ᠬᠡᠮᠡᠭᠰᠡᠨ ᠦᠭᠡᠰ ᠯᠦᠭᠡ ᠨᠡᠢᠯᠡᠵᠦᠬᠦᠢ᠃
ᠠᠷᠪᠠᠨ ᠭᠤᠷᠪᠠᠳᠤᠭᠠᠷ ᠲᠥᠯᠭᠡ ᠄ ᠬᠥᠬᠡᠭᠴᠢᠨ ᠤᠯᠠᠭᠠᠨ : ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠵᠢᠶᠠᠩ ᠲᠠᠢ ᠬᠦᠩ ᠵᠢᠭᠠᠰᠤᠨ ᠭᠣᠬᠠᠳᠠᠭᠰᠠᠨ : ᠴᠢᠨᠦ ᠵᠢᠯ ᠨᠠᠰᠤᠨ ᠤ ᠬᠡᠢ ᠮᠣᠷᠢ ᠴᠠᠭᠠᠨ ᠬᠥᠬᠡ ᠳᠡᠯᠭᠡᠷᠡᠭᠡᠳᠦᠢ᠂ ᠮᠥᠷᠡᠨ ᠤ ᠬᠢᠵᠠᠭᠠᠷ ᠲᠤᠷ ᠣᠳᠴᠤ ᠵᠢᠭᠠᠰᠤᠨ ᠭᠣᠭᠲᠠᠬᠤ ᠡᠪᠦᠭᠡᠨ ᠪᠣᠯᠣᠭᠲᠠᠬᠤᠢ᠂ ᠬᠠᠰ ᠲᠠᠤᠯᠠᠢ ᠳᠠᠬᠢᠨ ᠮᠠᠨᠳᠤᠪᠠᠰᠤ ᠳᠡᠯᠭᠡᠷᠯᠡᠡ ᠪᠠᠳᠠᠷᠠᠬᠤ ᠶ᠋ᠢᠨ ᠴᠠᠭ ᠮᠥᠨ᠂ ᠲᠦᠮᠡᠨ ᠬᠥᠮᠦᠨ ᠤ ᠲᠡᠷᠢᠭᠦᠨ ᠳᠡᠭᠡᠷ᠎ᠡ ᠪᠠᠭᠠᠲᠤᠷᠬᠠᠨ ᠦᠵᠡᠭᠦᠯᠦᠮᠦᠢ᠃
ᠪᠣᠭᠳᠠ ᠶ᠋ᠢᠨ ᠲᠠᠭᠠᠯᠠᠯ : ᠴᠠᠭ ᠲᠤᠯᠤᠭᠠᠳᠤᠢ ᠬᠡᠪ ᠢ᠋ᠶ᠋ᠡᠨ ᠰᠠᠬᠢᠪᠠᠯ ᠰᠠᠢᠨ᠂ ᠲᠠᠤᠯᠠᠢ ᠡᠳᠦᠷ ᠨᠡᠷ᠎ᠡ ᠠᠰᠢᠭ ᠢᠷᠡᠮᠦ ᠡᠪᠡᠳᠴᠢᠲᠡᠨ ᠠᠯᠭᠤᠷ ᠠᠮᠤᠷᠵᠢᠮᠤ ᠵᠠᠷᠭᠤ ᠡᠴᠦᠰ ᠲᠦ᠍ ᠰᠠᠢᠨ ᠶᠠᠪᠤᠳᠠᠯ ᠤ᠋ᠨ ᠬᠥᠮᠦᠨ ᠢᠷᠠᠮᠤ ᠬᠡᠷᠡᠭ ᠡᠴᠦᠰ ᠲᠦ᠍ ᠪᠣᠲᠣᠮᠵᠢᠲᠡᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠮᠡᠷᠭᠡᠳ ᠰᠠᠢᠳ ᠲᠤᠷ ᠠᠷᠪᠠᠨ ᠲᠠᠪᠤᠨ ᠵᠢᠯ ᠦ᠋ᠨ ᠴᠢᠳᠬᠦᠷ ᠪᠣᠢ᠂ ᠥᠲᠡᠯ᠎ᠡ ᠠᠷᠠᠳ ᠲᠤᠷ ᠠᠷᠪᠠᠨ ᠲᠠᠪᠤᠨ ᠵᠢᠯ ᠦ᠋ᠨ ᠵᠣᠪᠠᠯᠠᠩ ᠪᠣᠢ᠂ ᠬᠡᠷᠪᠡ ᠬᠠᠭᠤᠴᠢᠨ ᠬᠡᠪ ᠢ᠋ᠶ᠋ᠡᠨ ᠰᠠᠬᠢᠨ ᠴᠢᠳᠠᠪᠠᠰᠤ ᠵᠣᠪᠠᠯᠠᠩ ᠠ᠋ᠴᠠ ᠭᠡᠯᠳᠦᠷᠢᠭᠡᠳ ᠵᠢᠷᠭᠠᠯᠠᠩ ᠢ ᠣᠯᠤᠮᠤ᠃
ᠰᠠᠨᠠᠭ᠎ᠠ ᠲᠠᠢᠯᠤᠭᠰᠠᠨ : ᠮᠥᠷᠡᠨ ᠤ ᠬᠢᠵᠠᠭᠠᠷ ᠤ᠋ᠨ ᠵᠢᠭᠠᠰᠤᠨ ᠤ ᠡᠪᠦᠭᠡᠨ ᠬᠡᠮᠡᠭᠴᠢ ᠯᠢᠦᠢ ᠸᠠᠩ᠂ ᠴᠠᠭ ᠪᠣᠯᠪᠠᠰᠤᠷᠠᠬᠤ ᠶ᠋ᠢ ᠬᠦᠯᠢᠶᠡᠵᠦ ᠸᠧᠢ ᠬᠤ᠌ ᠭᠣᠣᠯ ᠤ᠋ᠨ ᠬᠥᠪᠡᠬᠡᠨᠡ ᠵᠢᠭᠠᠰᠤ ᠭᠣᠬᠠᠳᠠᠵᠤ ᠶᠠᠪᠤᠪᠠᠢ᠂ ᠬᠣᠵᠢᠮ ᠰᠢ ᠪᠧ ᠾᠧᠦ ᠳ᠋ᠦ᠍ᠷ ᠵᠠᠯᠠᠭᠳᠠᠵᠤᠬᠤᠢ᠂ ᠴᠢᠨᠦ ᠬᠡᠮᠡᠭᠰᠡᠨ ᠦᠵᠡᠭᠦᠯᠦᠭᠴᠢᠳ ᠢ ᠥᠭᠦᠯᠡᠪᠡᠢ᠂ ᠳᠡᠯᠭᠡᠷᠡᠭᠡᠳᠦᠢ ᠬᠡᠮᠡᠭᠰᠡᠨ ᠴᠠᠭᠠᠨ ᠠ᠋ᠴᠠ ᠬᠥᠬᠡ ᠬᠦᠷᠲᠡᠯ᠎ᠡ ᠲᠠᠪᠤᠨ ᠵᠢᠯ ᠢ ᠥᠭᠦᠯᠡᠪᠡᠢ᠂ ᠪᠡᠶ᠎ᠡ ᠶ᠋ᠢ ᠰᠠᠬᠢᠵᠤ ᠴᠠᠭ ᠢ ᠬᠦᠯᠢᠶᠡᠨ ᠲᠠᠤᠯᠠᠢ ᠵᠢᠯ ᠰᠠᠷ᠎ᠠ ᠪᠠ ᠲᠡᠷᠭᠡᠯ ᠡᠳᠦᠷ ᠲᠣᠬᠢᠶᠠᠯᠳᠤᠪᠠᠰᠤ ᠵᠣᠪᠠᠯᠠᠩ ᠠᠷᠢᠯᠵᠤ ᠪᠤᠶᠠᠨ ᠨᠡᠮᠡᠮᠦᠢ᠃
ᠪᠡᠯᠭᠡ ᠶ᠋ᠢᠨ ᠲᠣᠬᠢᠶᠠᠯᠳᠤᠪᠦᠷᠢ : ᠨᠢᠭᠡᠨ ᠪᠠᠴᠢᠭ᠌ ᠤ᠋ᠨ ᠬᠥᠮᠦᠨ ᠰᠢᠯᠭᠠᠷ᠎ᠠ ᠣᠳᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠪᠤᠰᠤᠳ ᠰᠢᠭᠦᠮᠵᠢᠯᠡᠭᠰᠡᠨ ᠠᠨᠤ ᠲᠡᠭᠷᠢ ᠶ᠋ᠢᠨ ᠪᠠᠶᠠᠷ ᠢ ᠡᠰᠡ ᠣᠯᠪᠠᠰᠤ ᠰᠣᠨᠢᠨ ᠵᠣᠪᠠᠯᠠᠩ ᠳ᠋ᠤᠷ ᠠᠭᠤᠯᠵᠠᠮᠤᠢ ᠬᠡᠮᠡᠵᠦᠬᠦᠢ᠂ ᠡᠨᠡ ᠠᠨᠤ ᠲᠦᠮᠡᠨ ᠬᠥᠮᠦᠨ ᠤ ᠲᠡᠷᠢᠭᠦᠨ ᠳᠡᠭᠡᠷ᠎ᠡ ᠬᠡᠮᠡᠭᠰᠡᠨ ᠢ ᠲᠠᠢᠯᠵᠤᠬᠤᠢ᠂ ᠲᠡᠭᠦᠨᠴᠡ ᠰᠢᠯᠭᠠᠯᠲᠠ ᠳ᠋ᠤᠷ ᠣᠷᠣᠬᠤᠢ ᠳ᠋ᠤᠷ ᠣᠯᠠᠨ ᠬᠥᠮᠦᠨ ᠳ᠋ᠦ᠍ ᠰᠢᠬᠠᠭᠳᠠᠵᠤ ᠤᠨᠠᠭᠠᠳ ᠭᠢᠰᠬᠢᠭᠳᠡᠵᠦ ᠦᠬᠦᠪᠡᠢ᠃ ᠪᠠᠰᠠ ᠨᠢᠭᠡᠨ ᠪᠢᠴᠢᠭ ᠦ᠋ᠨ ᠬᠥᠮᠦᠨ ᠬᠥᠬᠡ ᠮᠣᠷᠢᠨ ᠵᠢᠯ ᠦᠵᠡᠭᠦᠯᠦᠭᠰᠡᠨ ᠢ ᠪᠤᠰᠤᠳ ᠲᠠᠢᠯᠤᠭᠰᠠᠨ ᠠᠨᠤ ᠬᠥᠬᠡ ᠮᠣᠷᠢᠨ ᠳ᠋ᠤᠷ ᠳᠡᠯᠭᠡᠷᠡᠭᠡᠳ ᠮᠣᠷᠢᠨ ᠭᠤᠨᠢᠨ ᠳ᠋ᠤᠷ ᠳᠠᠷᠠᠭᠠᠯᠠᠨ ᠳᠠᠪᠰᠢᠮᠤ ᠬᠡᠮᠡᠭᠰᠡᠨ ᠯᠦᠭᠡ ᠨᠡᠯᠡᠵᠦᠬᠦᠢ᠂ ᠡᠨᠡ ᠠᠵᠤ ᠠᠩᠬ᠎ᠠ ᠪᠠᠳᠠᠭ ᠤ᠋ᠨ ᠳᠡᠭᠡᠷ᠎ᠡ ᠭᠤᠷᠪᠠᠨ ᠦᠰᠦᠭ ᠢ ᠭᠠᠷᠭᠠᠭᠠᠳ ᠳᠣᠣᠷ᠎ᠠ ᠳᠥᠷᠪᠡᠨ ᠦᠰᠦᠭ ᠠᠨᠤ ᠨᠠᠩᠭᠢᠶᠠᠳ ᠬᠡᠯᠡᠨ ᠵᠢᠶᠠ ᠸᠧᠢ ᠬᠡᠩ ᠲᠦᠩ ᠬᠡᠮᠡᠭᠰᠡᠨ ᠲᠤᠯᠠ᠂ ᠵᠢᠶᠠ ᠸᠧᠢ ᠬᠡᠩ ᠲᠦᠩ ᠳᠥᠷᠪᠡᠨ ᠦᠰᠦᠭ ᠮᠣᠩᠭᠣᠯ ᠳ᠋ᠤᠷ ᠬᠥᠬᠡ ᠬᠣᠨᠢᠨ ᠳᠡᠯᠭᠡᠷᠡᠬᠦ ᠬᠡᠮᠡᠭᠰᠡᠨ ᠦᠭᠡᠰ ᠪᠣᠯᠠᠢ᠂ ᠡᠨᠡ ᠠᠨᠤ ᠲᠠᠢᠯᠤᠭᠰᠠᠳ ᠤ᠋ᠨ ᠤᠷᠠᠨ ᠠ᠋ᠴᠠ ᠪᠣᠯᠵᠤ ᠲᠣᠬᠢᠶᠠᠯᠳᠤᠵᠤᠬᠤᠢ᠃
ᠠᠷᠪᠠᠨ ᠳᠥᠲᠥᠭᠡᠷ ᠲᠥᠯᠭᠡ : ᠬᠥᠬᠡᠭᠴᠢᠨ ᠤᠯᠠᠭᠴᠢᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠭᠦᠸᠧ ᠬᠤᠸᠠ ᠸᠠᠩ ᠶᠤᠸᠠᠢ ᠢᠩ ᠳ᠋ᠦ᠍ᠷ ᠬᠣᠷᠴᠢᠭᠰᠠᠨ: ᠭᠤᠸ᠎ᠠ ᠰᠠᠢᠬᠠᠨ ᠬᠥᠮᠦᠨ ᠢ ᠦᠵᠡᠭᠡᠳ ᠰᠡᠴᠡ ᠮᠠᠰᠢ ᠪᠡᠶᠡᠰᠪᠡᠢ᠂ ᠣᠳᠤᠭᠰᠠᠨ ᠤ᠋ ᠬᠣᠢᠨ᠎ᠠ ᠣᠯᠠᠨ ᠵᠦᠢᠯ ᠪᠣᠯᠬᠤ ᠶ᠋ᠢ ᠬᠡᠨ ᠮᠡᠳᠡᠬᠦ ᠪᠣᠢ᠂ ᠬᠥᠮᠦᠨ ᠤ ᠠᠭᠠᠯᠢ ᠬᠦᠢᠲᠡᠨ ᠬᠠᠯᠠᠭᠤᠨ ᠪᠣᠯᠬᠤ ᠶ᠋ᠢ ᠭᠠᠢᠬᠠᠬᠤ ᠬᠡᠷᠡᠭ ᠦᠭᠡᠢ᠃ᠥᠩᠭᠡᠷᠡᠭᠦᠯᠵᠦ ᠠᠮᠰᠠᠭᠰᠠᠨ ᠤ ᠬᠣᠢᠨ᠎ᠠ ᠶᠠᠪᠤᠳᠠᠯ ᠤ᠋ᠨ ᠪᠡᠷᠬᠡ ᠶ᠋ᠢ ᠰᠠᠶᠢ ᠮᠡᠳᠡᠮᠦᠢ ᠃
ᠪᠣᠭᠳᠠ ᠶ᠋ᠢᠨ ᠲᠠᠭᠠᠯᠠᠯ : ᠠᠩᠬᠠᠨ ᠳ᠋ᠤᠷ ᠬᠢᠯᠪᠠᠷ ᠡᠴᠦᠰ ᠲᠦ᠍ᠷ ᠪᠡᠷᠬᠡ ᠂ ᠨᠡᠷ᠎ᠡ ᠠᠰᠢᠭ ᠢ ᠠᠯᠳᠠᠮᠤᠢ ᠡᠪᠡᠳᠴᠢᠲᠡᠨ ᠰᠠᠢᠨ ᠪᠣᠯᠤᠭᠠᠳᠤᠢ ᠵᠠᠷᠭᠤ ᠬᠤᠪᠢᠰᠤᠯᠲᠠᠢ ᠵᠢᠷᠮᠦᠰᠦᠨ ᠥᠬᠢᠨ ᠬᠥᠩᠭᠡᠵᠢᠮᠦᠢ ᠶᠠᠪᠤᠳᠠᠯ ᠤ᠋ᠨ ᠬᠥᠮᠦᠨ ᠢᠷᠡᠭᠡᠳᠦᠢ ᠬᠡᠷᠡᠭ ᠪᠦᠷᠢ ᠰᠠᠭᠠᠳ ᠪᠣᠢ᠃
ᠲᠠᠢᠯᠪᠤᠷᠢ ᠥᠭᠦᠯᠡᠯ : ᠡᠨᠡ ᠲᠥᠯᠭᠡ ᠠᠩᠬᠠᠨ ᠳ᠋ᠤᠷ ᠪᠠᠶᠠᠷᠯᠠᠵᠤ ᠬᠣᠵᠢᠮ ᠳ᠋ᠤᠷ ᠭᠣᠮᠣᠳᠠᠮᠤ᠂ ᠰᠡᠷᠡᠮᠵᠢᠯᠡᠬᠦ ᠬᠡᠷᠡᠭᠲᠡᠢ᠂ ᠶᠡᠬᠡ ᠲᠥᠯᠥᠪ ᠠᠨᠤ ᠢᠨᠠᠭᠯᠠᠪᠠᠴᠤ ᠬᠣᠯᠠ ᠪᠣᠯᠬᠤ᠂ ᠨᠡᠢᠯᠡᠪᠡᠴᠦ ᠰᠠᠯᠬᠤ᠂ ᠪᠡᠷᠬᠡ ᠬᠦᠴᠦᠷᠬᠡᠭ ᠢᠶᠠᠷ ᠶᠠᠪᠤᠪᠠᠰᠤ ᠡᠴᠦᠰ ᠲᠦ᠍ᠷ ᠬᠦᠷᠲᠡᠯ᠎ᠡ ᠦᠯᠦ ᠪᠦᠲᠦᠬᠦ ᠠᠶᠤᠬᠤ ᠰᠡᠷᠡᠮᠵᠢᠯᠡᠬᠦ ᠶ᠋ᠢ ᠡᠷᠬᠢᠯᠡᠪᠡᠰᠦ ᠬᠣᠵᠢᠮ ᠤ᠋ᠨ ᠭᠠᠰᠢᠭᠤᠳᠠᠬᠤ ᠠ᠋ᠴᠠ ᠠᠩᠭᠢᠵᠢᠷᠠᠬᠤ ᠪᠣᠢ᠃
ᠰᠠᠨᠠᠭ᠎ᠠ ᠲᠠᠢᠯᠤᠭᠰᠠᠨ : ᠰᠠᠢᠨ ᠬᠡᠷᠡᠭ ᠪᠦᠲᠦᠬᠦᠢ ᠳ᠋ᠦ᠍ᠷ ᠵᠣᠪᠠᠭᠤᠷᠢ ᠲᠠᠢ᠂ ᠢᠨᠠᠭ ᠤ᠋ᠨ ᠳᠣᠲᠣᠷ᠎ᠠ ᠬᠣᠷᠣᠰᠤᠯ ᠢᠷᠡᠮᠦᠢ᠂ ᠵᠣᠪᠠᠯᠠᠩ ᠬᠡᠯᠲᠦᠷᠡᠬᠦᠶᠡ ᠪᠡᠷᠬᠡ᠂ ᠤᠷᠤᠭ ᠵᠣᠬᠢᠯᠳᠤᠬᠤ ᠦᠭᠡᠢ᠂ ᠡᠨᠡ ᠲᠥᠯᠭᠡ ᠪᠠᠭᠤᠪᠠᠰᠤ ᠪᠤᠰᠤᠳ ᠢ ᠪᠢᠲᠡᠭᠡᠢ ᠢᠳᠡᠭᠡ᠂ ᠥᠪᠡᠷ ᠢ᠋ᠶ᠋ᠡᠨ ᠬᠢᠴᠢᠶᠡᠪᠡᠰᠦ ᠬᠣᠢᠴᠢ ᠡᠳᠦᠷ ᠦ᠋ᠨ ᠭᠡᠮᠰᠢᠭᠦᠯᠡᠩ ᠦᠯᠦ ᠪᠣᠯᠤᠮᠤᠢ᠂ ᠪᠠᠢ ᠯᠦ᠍ ᠲᠢᠶᠠᠨ ᠤ ᠰᠢᠯᠦᠭ ᠦ᠋ᠨ ᠥᠭᠦᠯᠡᠯ ᠳ᠋ᠦ᠍ᠷ ᠶᠠᠪᠤᠳᠠᠯ ᠤ᠋ᠨ ᠪᠡᠷᠬᠡᠰᠢᠶᠡᠯ ᠠᠨᠤ ᠤᠰᠤᠨ ᠴᠤ᠌ ᠪᠤᠰᠤ ᠠᠭᠤᠯᠠ ᠴᠤ᠌ ᠪᠤᠰᠤ᠂ ᠬᠥᠮᠦᠨ ᠤ ᠰᠠᠨᠠᠭ᠎ᠠ ᠤᠷᠪᠠᠭ᠎ᠠ ᠬᠥᠷᠪᠡᠭᠡ ᠲᠡᠢ ᠬᠡᠮᠡᠵᠦᠬᠦᠢ᠃
ᠪᠡᠯᠭᠡ ᠶ᠋ᠢᠨ ᠲᠣᠬᠢᠶᠠᠯᠳᠤᠪᠦᠷᠢ : ᠨᠢᠭᠡᠨ ᠬᠥᠮᠦᠨ ᠪᠡᠷᠢ ᠭᠤᠶᠤᠬᠤ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠬᠣᠵᠢᠮ ᠳ᠋ᠠᠭᠠᠨ ᠬᠠᠳᠠᠮ ᠤ᠋ᠨ ᠭᠠᠵᠠᠷ ᠠ᠋ᠴᠠ ᠦᠭᠡᠭᠦᠦ ᠭᠡᠮᠡᠨ ᠤᠷᠪᠠᠪᠠᠢ᠃
ᠠᠷᠪᠠᠨ ᠲᠠᠪᠤᠳᠤᠭᠠᠷ ᠲᠥᠯᠭᠡ ᠄ ᠬᠥᠬᠡᠭᠴᠢᠨ ᠰᠢᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠵᠠᠩ ᠱᠠᠩ ᠢᠩ ᠢᠩ ᠢ ᠮᠥᠷᠥᠭᠡᠳᠦᠭᠰᠡᠨ ᠠᠨᠤ : ᠬᠣᠶᠠᠷ ᠭᠡᠷ ᠦ᠋ᠨ ᠡᠭᠦᠳᠡ ᠡᠷᠦᠬᠡ ᠳᠠᠩ ᠲᠡᠭᠰᠢ ᠪᠣᠯᠪᠠᠴᠤ᠂ ᠢᠷᠦᠭᠡᠯ ᠪᠠᠷᠢᠯᠳᠤᠯᠭ᠎ᠠ ᠦᠭᠡᠢ ᠪᠥᠭᠡᠰᠦ ᠪᠡᠲᠡᠭᠡᠢ ᠵᠥᠪᠯᠡᠭᠳᠡᠬᠦᠢ᠂ ᠬᠠᠪᠤᠷ ᠤ᠋ᠨ ᠰᠠᠯᠬᠢᠨ ᠮᠡᠲᠦ ᠰᠠᠢᠨ ᠮᠡᠳᠡᠭᠡ ᠶ᠋ᠢ ᠬᠡᠵᠢᠶ᠎ᠡ ᠬᠦᠷᠴᠦ ᠢᠷᠠᠪᠠᠰᠤ᠂ ᠶᠠᠲᠤᠭ᠎ᠠ ᠶ᠋ᠢᠨ ᠴᠢᠪᠬᠠᠳᠠᠰᠤ ᠶ᠋ᠢ ᠭᠥᠭᠯᠡᠵᠦ ᠴᠡᠴᠡᠭ ᠦ᠋ᠨ ᠭᠡᠷ ᠲᠦ᠍ᠷ ᠣᠷᠣᠮᠤᠢ᠃
ᠪᠣᠭᠳᠠ ᠶ᠋ᠢᠨ ᠲᠠᠭᠠᠯᠠᠯ : ᠤᠷᠤᠭ ᠨᠡᠢᠯᠡᠭᠡᠳᠦᠢ᠂ ᠵᠠᠷᠭᠤ ᠳᠠᠭᠤᠰᠤᠭᠠᠳᠤᠢ᠂ ᠨᠡᠷ᠎ᠡ ᠠᠰᠢᠭ ᠬᠣᠵᠢᠮ᠂ ᠮᠡᠳᠡᠭᠡ ᠲᠠᠰᠤᠷᠠᠵᠤᠬᠤᠢ᠂ ᠵᠢᠷᠮᠦᠰᠦᠨ ᠭᠠᠷ ᠲᠠᠢ᠂ ᠬᠡᠯᠡ ᠠᠮᠠ ᠶ᠋ᠢ ᠰᠡᠷᠡᠮᠵᠢᠯᠡᠬᠦ ᠬᠡᠷᠡᠭᠲᠡᠢ᠂ ᠪᠡᠶ᠎ᠡ ᠪᠡᠨ ᠮᠡᠳᠡᠬᠦ ᠨᠥᠬᠥᠷ ᠪᠤᠰᠤ ᠪᠣᠯᠪᠠᠰᠤ ᠪᠢᠲᠡᠭᠡᠢ ᠬᠡᠯᠡᠯᠴᠡ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠨᠡᠷ᠎ᠡ ᠪᠦᠲᠦᠬᠦ ᠦᠭᠡᠢ᠂ ᠠᠰᠢᠭ ᠳᠠᠷᠤᠢ ᠦᠭᠡᠢ᠂ ᠤᠷᠤᠭ ᠵᠣᠬᠢᠯᠳᠤᠬᠤ ᠦᠭᠡᠢ᠂ ᠠᠯᠢᠪᠠ ᠬᠡᠷᠡᠭ ᠢᠷᠡᠬᠦ ᠬᠠᠪᠤᠷ ᠢ ᠬᠦᠯᠢᠶᠡᠪᠡᠰᠦ ᠰᠡᠳᠬᠢᠯᠴᠢᠯᠡᠨ ᠪᠦᠲᠦᠮᠦᠢ᠂ ᠬᠡᠷᠪᠡ ᠵᠢᠳᠬᠦᠨ ᠣᠷᠣᠯᠳᠣᠪᠠᠰᠤ ᠰᠡᠳᠬᠢᠯ ᠬᠦᠴᠦᠨ ᠢ ᠳᠡᠮᠡᠢ ᠵᠣᠪᠠᠭᠠᠵᠤ ᠡᠴᠦᠰ ᠲᠡᠭᠡᠨ ᠰᠠᠨᠠᠭᠠᠨ ᠳ᠋ᠤᠷ ᠦᠯᠦ ᠬᠥᠷᠥᠮᠦᠢ᠃
ᠰᠠᠨᠠᠭ᠎ᠠ ᠲᠠᠢᠯᠤᠭᠰᠠᠨ : ᠡᠷᠦᠬᠡ ᠲᠡᠭᠰᠢ ᠬᠡᠮᠡᠭᠰᠡᠨ ᠠᠨᠤ ᠰᠠᠨᠠᠭᠠᠨ ᠦᠯᠦ ᠨᠡᠢᠯᠡᠯᠴᠡᠬᠦ ᠪᠣᠯᠠᠢ᠂ ᠢᠨᠠᠭ ᠠᠮᠠᠷᠠᠭ ᠲᠤᠷ ᠬᠡᠯᠡ ᠠᠮᠠᠨ ᠤ ᠬᠣᠣᠷᠯᠠᠯ ᠪᠣᠢ᠂ ᠪᠣᠳᠠᠰ ᠢ ᠰᠣᠯᠢᠯᠴᠠᠨ᠂ ᠬᠥᠮᠦᠨ ᠠᠷᠠᠯᠵᠢᠭᠰᠠᠨ ᠲᠡᠷᠡ ᠴᠠᠭ ᠲᠤᠷ ᠡᠮ᠎ᠡ ᠬᠥᠪᠡᠭᠦᠨ ᠨᠡᠢᠯᠡᠵᠦ ᠡᠴᠢᠭᠡ ᠡᠬᠡ ᠯᠦᠭᠡ ᠨᠠᠢᠷᠠᠵᠤ ᠳᠡᠮᠡᠢ ᠬᠦᠴᠦᠨ ᠢ ᠰᠦᠢᠳᠬᠡᠪᠡᠰᠦ ᠲᠤᠰᠠ ᠦᠭᠡᠢ᠂ ᠪᠠᠷᠰ ᠲᠠᠤᠯᠠᠢ ᠯᠤᠤ ᠵᠢᠯ ᠰᠠᠷ᠎ᠠ ᠡᠳᠦᠷ ᠲᠣᠬᠢᠶᠠᠯᠳᠤᠪᠠᠰᠤ ᠨᠡᠷ᠎ᠡ ᠠᠰᠢᠭ ᠢ ᠴᠥᠮ ᠣᠯᠤᠭᠠᠳ ᠠᠯᠢᠪᠠ ᠬᠡᠷᠡᠭ ᠴᠥᠮ ᠣᠯᠳᠠᠪᠤᠷᠢ ᠲᠠᠢ ᠪᠣᠯᠤᠮᠤᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠬᠠᠪᠤᠷ ᠤ᠋ᠨ ᠴᠠᠭ ᠴᠤ᠌ ᠭᠠᠵᠠᠷ ᠡᠴᠢᠵᠦ ᠬᠤᠳᠠᠯᠳᠤᠭ᠎ᠠ ᠬᠢᠬᠦ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠥᠪᠡᠷ ᠢ᠋ᠶ᠋ᠡᠨ ᠨᠠᠮᠤᠷ ᠲᠤᠷ ᠡᠭᠡᠬᠦ ᠭᠡᠮᠡᠨ ᠰᠠᠨᠠᠵᠤ᠂ ᠲᠡᠨᠳᠡ ᠬᠦᠷᠦᠭᠡᠳ ᠶᠠᠷᠰᠢᠭ ᠣᠯᠠᠨ ᠪᠣᠯᠵᠤ ᠬᠣᠢᠲᠤ ᠵᠢᠯ ᠦ᠋ᠨ ᠬᠠᠪᠤᠷ ᠰᠠᠶᠢ ᠡᠭᠡᠵᠦᠬᠦᠢ᠂ ᠡᠨᠡ ᠠᠨᠤ ᠰᠢᠯᠦᠭ ᠦ᠋ᠨ ᠬᠣᠢᠲᠤ ᠬᠣᠶᠠᠷ ᠦᠭᠡᠰ ᠯᠦᠭᠡ ᠲᠣᠬᠢᠶᠠᠯᠳᠤᠵᠤᠬᠤᠢ᠃
ᠠᠷᠪᠠᠨ ᠵᠢᠷᠭᠤᠳᠤᠭᠠᠷ ᠲᠥᠯᠭᠡ : ᠬᠥᠬᠡᠭᠴᠢᠨ ᠰᠢᠷᠬᠠᠨᠴᠢᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠸᠠᠩ ᠰᠢᠶᠠᠩ ᠮᠥᠰᠥᠨ ᠳᠡᠭᠡᠷ᠎ᠡ ᠬᠡᠪᠲᠡᠭᠰᠡᠨ : ᠵᠠᠷᠭᠤ ᠵᠠᠭᠠᠯᠢ ᠤᠷᠰᠢᠭ ᠪᠣᠯᠵᠤ ᠢᠯᠭᠠᠷᠠᠬᠤᠶᠠ ᠪᠡᠷᠬᠡ ᠲᠤᠯᠠ᠂ ᠡᠪᠰᠡᠵᠦ ᠠᠩᠭᠢᠵᠢᠷᠠᠭᠠᠳ ᠲᠠᠷᠢᠶᠠᠯᠠᠩ ᠢ᠋ᠶ᠋ᠠᠨ ᠬᠢᠴᠢᠶᠡᠪᠰᠦ ᠰᠠᠢᠨ ᠪᠣᠢ᠂ ᠬᠥᠨᠳᠡᠯᠡᠨ ᠬᠥᠮᠦᠨ ᠤ ᠬᠥᠬᠢᠭᠡᠨ ᠬᠠᠳᠬᠤᠬᠤ ᠶ᠋ᠢ ᠦᠯᠦ ᠢᠳᠡᠭᠡᠨ᠂ ᠡᠨᠡ ᠬᠡᠷᠡᠭ ᠢ᠋ ᠥᠪᠡᠷ ᠦ᠋ᠨ ᠠᠬ᠎ᠠ ᠳᠡᠭᠦᠦ ᠯᠦᠭᠡ ᠪᠡᠨ ᠵᠥᠪᠰᠢᠶᠡᠭᠳᠡᠬᠦᠢ᠃
ᠪᠣᠭᠳᠠ ᠶ᠋ᠢᠨ ᠲᠠᠭᠠᠯᠠᠯ : ᠵᠠᠷᠭᠤ ᠲᠣᠳᠣᠷᠬᠠᠢ ᠦᠭᠡᠢ ᠡᠪᠰᠡᠪᠡᠰᠦ ᠵᠣᠬᠢᠮᠤᠢ᠂ ᠨᠡᠷ᠎ᠡ ᠠᠰᠢᠭ ᠦᠭᠡᠢ᠂ ᠶᠠᠪᠤᠳᠠᠯ ᠤ᠋ᠨ ᠬᠥᠮᠦᠨ ᠢᠷᠡᠮᠦᠢ᠂ ᠤᠷᠤᠭ ᠪᠦᠲᠦᠬᠦ ᠦᠭᠡᠢ᠂ ᠡᠪᠡᠳᠴᠢᠲᠡᠨ ᠴᠢᠳᠬᠥᠷ ᠲᠡᠢ᠂ ᠡᠳ᠋ ᠲᠣᠷ ᠪᠢᠲᠡᠭᠡᠢ ᠬᠣᠮᠬᠣᠯᠵᠢ᠃ ᠡᠷᠬᠡᠪᠰᠢ ᠠᠰᠢᠭ ᠦᠭᠡᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠵᠠᠷᠭᠤᠯᠪᠠᠰᠤ ᠲᠤᠰᠠ ᠦᠭᠡᠢ᠂ ᠡᠪᠠᠰᠠᠪᠠᠰᠤ ᠡᠷᠭᠢᠨ᠂ ᠨᠡᠷ᠎ᠡ ᠠᠰᠢᠭ ᠴᠥᠮ ᠦᠭᠡᠢ᠂ ᠤᠷᠤᠭ ᠲᠡᠩᠴᠡᠬᠦ ᠦᠭᠡᠢ᠂ ᠠᠯᠢᠪᠠ ᠬᠡᠷᠡᠭ ᠴᠠᠭ ᠢ ᠬᠦᠯᠢᠶᠡ᠂ ᠬᠥᠮᠦᠨ ᠤ ᠦᠭᠡᠰ ᠢ ᠢᠲᠡᠭᠡᠬᠦᠶ᠎ᠡ ᠪᠡᠷᠬᠡ ᠪᠣᠯᠠᠢ᠃
ᠰᠠᠨᠠᠭ᠎ᠠ ᠲᠠᠢᠯᠤᠭᠰᠠᠨ : ᠵᠠᠷᠭᠤ ᠶ᠋ᠢ ᠠᠰᠠᠭᠤᠪᠠᠰᠤ ᠡᠪᠰᠡᠪᠡᠰᠦ ᠵᠣᠬᠢᠮᠤ᠂ ᠪᠢᠴᠢᠭ ᠦ᠋ᠨ ᠬᠥᠮᠦᠨ ᠦᠵᠡᠭᠦᠯᠪᠡᠰᠦ ᠭᠠᠪᠢᠶ᠎ᠠ ᠨᠡᠷ᠎ᠡ ᠦᠭᠡᠢ᠂ ᠲᠦᠰᠢᠮᠡᠯ ᠬᠥᠮᠦᠨ ᠪᠥᠭᠡᠰᠦ ᠳᠡᠪᠰᠢᠬᠦᠢ ᠪᠡᠷᠬᠡ᠂ ᠶᠠᠪᠤᠳᠠᠯ ᠮᠥᠷ ᠲᠣᠷ ᠰᠠᠭᠠᠳ ᠲᠠᠢ᠂ ᠢᠯᠡᠳᠡ ᠳ᠋ᠦ᠍ᠷ ᠰᠠᠬᠢᠭᠤᠯᠰᠤᠨ ᠤ᠋ ᠬᠢᠯᠢᠩ ᠪᠣᠢ᠂ ᠳᠠᠯᠳᠠ ᠳ᠋ᠤᠷ ᠴᠢᠳᠬᠥᠷ ᠦ᠋ᠨ ᠥᠷᠢ ᠲᠥᠯᠥᠭᠡᠰᠦᠨ ᠪᠣᠢ᠂ ᠡᠳ᠋ ᠠᠰᠢᠭ ᠢ ᠬᠦᠰᠡᠪᠡᠰᠦ ᠪᠡᠷᠬᠡ᠂ ᠰᠠᠨᠠᠭᠰᠠᠨ ᠬᠡᠷᠡᠭ ᠴᠠᠭ ᠢ ᠬᠦᠯᠢᠶᠡ᠂ ᠬᠥᠮᠦᠨ ᠤ ᠦᠭᠡᠰ ᠢ ᠪᠢᠲᠡᠭᠡᠢ ᠢᠳᠡᠭᠡ᠂ ᠥᠪᠡᠷ ᠦ᠋ᠨ ᠢᠨᠠᠭ ᠰᠠᠳᠤᠨ ᠯᠤᠭ᠎ᠠ ᠵᠥᠪᠯᠡᠪᠡᠰᠦ ᠰᠠᠢᠨ᠃
ᠪᠡᠯᠭᠡ ᠶ᠋ᠢᠨ ᠲᠣᠬᠢᠶᠠᠯᠳᠤᠪᠦᠷᠢ : ᠨᠢᠭᠡᠨ ᠵᠢᠶᠠ ᠱᠧᠩ ᠬᠥᠮᠦᠨ ᠵᠢᠦᠢ ᠷᠸᠨ ᠰᠢᠯᠭᠠᠬᠤᠢ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠬᠣᠴᠤᠷᠠᠵᠤ ᠣᠷᠣᠭᠰᠠᠨ ᠦᠭᠡᠢ ᠳ᠋ᠦ᠍ᠷ᠂ ᠰᠢᠨ᠎ᠡ ᠵᠢᠶᠠ ᠱᠧᠩ ᠳᠡᠭᠦᠦ ᠪᠡᠨ ᠠᠪᠴᠤ ᠳᠠ ᠽᠠ ᠲᠦᠰᠢᠮᠡᠯ ᠡᠴᠡ ᠭᠤᠶᠤᠵᠤ ᠣᠷᠣᠭᠰᠠᠨ ᠲᠤᠯᠠ ᠡᠨᠡ ᠠᠨᠤ ᠲᠥᠯᠭᠡ ᠯᠦ᠍ᠭᠡ ᠲᠣᠬᠢᠶᠠᠯᠳᠤᠵᠤᠬᠤᠢ᠃
ᠠᠷᠪᠠᠨ ᠳᠣᠯᠣᠳᠤᠭᠠᠷ ᠲᠥᠯᠭᠡ : ᠬᠥᠬᠡᠭᠴᠢᠨ ᠴᠠᠭᠠᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠰᠢ ᠴᠥᠩ ᠵᠣᠪᠠᠯᠠᠩ ᠳ᠋ᠤᠷ ᠣᠷᠣᠭᠰᠠᠨ : ᠭᠡᠷ ᠲᠠᠷᠢᠶᠠᠨ ᠤ᠋ ᠦᠨ᠎ᠡ ᠣᠯᠵᠠ ᠬᠡᠯᠡᠯᠴᠡᠬᠦᠢ ᠬᠢᠯᠪᠠᠷ ᠂ ᠬᠡᠷᠪᠡ ᠵᠠᠷᠭᠤᠯᠪᠠᠰᠤ ᠬᠠᠷᠢᠯᠴᠠᠨ ᠡᠷᠦᠰᠳᠡᠬᠦ ᠪᠣᠯᠤᠮᠤᠢ᠂ ᠬᠡᠳᠦᠢ ᠠᠷᠭ᠎ᠠ ᠮᠡᠬᠡ ᠪᠡᠷ ᠵᠠᠷᠭᠤ ᠠᠪᠤᠪᠠᠴᠤ ᠬᠣᠢᠲᠤ ᠠᠴᠢ ᠦᠷ᠎ᠡ ᠳ᠋ᠦ᠍ᠷ ᠵᠣᠪᠠᠯᠠᠩ ᠪᠣᠯᠤᠮᠤᠢ᠃
ᠪᠣᠭᠳᠠ ᠶ᠋ᠢᠨ ᠲᠠᠭᠠᠯᠠᠯ : ᠬᠡᠷᠡᠭ ᠵᠣᠬᠢᠰ ᠦᠭᠡᠢ ᠵᠠᠷᠭᠤᠯᠪᠠᠰᠤ ᠬᠣᠣᠷᠯᠠᠭᠳᠠᠮᠤᠢ᠂ ᠨᠡᠷ᠎ᠡ ᠠᠰᠢᠭ ᠤᠷᠢᠳᠠ ᠶ᠋ᠢᠨ ᠠᠳᠠᠯᠢ᠂ ᠶᠠᠪᠤᠳᠠᠯ ᠤ᠋ᠨ ᠬᠥᠮᠦᠨ ᠰᠠᠭᠠᠲᠠᠮᠤᠢ᠂ ᠡᠪᠡᠳᠴᠢᠨ ᠵᠠᠯᠪᠠᠷᠢᠪᠠᠰᠤ ᠰᠠᠢᠨ᠂ ᠬᠢᠴᠢᠶᠡᠨ ᠬᠦᠯᠢᠴᠡᠪᠡᠰᠦ ᠠᠮᠤᠷ ᠵᠢᠷᠭᠠᠯ ᠣᠯᠤᠮᠤ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠤᠪᠢ ᠪᠠᠨ ᠰᠠᠬᠢᠪᠠᠰᠤ ᠥᠪᠡᠷ ᠦ᠋ᠨ ᠶᠠᠪᠤᠳᠠᠯ ᠮᠥᠷ ᠲᠦ᠍ᠷ ᠰᠠᠢᠨ᠂ ᠬᠡᠷᠪᠡ ᠵᠠᠯᠢᠴᠢᠯᠡᠪᠠᠰᠤ ᠬᠠᠷᠢᠨ ᠴᠤ᠌ ᠪᠡᠶ᠎ᠡ ᠳ᠋ᠦ᠍ᠷ ᠵᠣᠪᠠᠯᠠᠩ ᠪᠣᠯᠤᠭᠠᠳ ᠪᠤᠰᠤᠳ ᠲᠤᠷ ᠲᠤᠰᠠᠲᠠᠢ ᠪᠣᠯᠬᠤ᠂ ᠠᠯᠢᠪᠠ ᠰᠠᠨᠠᠭᠰᠠᠨ ᠬᠡᠷᠡᠭ ᠪᠦᠲᠦᠮᠵᠢ ᠦᠭᠡᠢ᠂ ᠨᠡᠷ᠎ᠡ ᠠᠰᠢᠭ ᠰᠠᠨᠠᠭᠠᠨ ᠳ᠋ᠤᠷ ᠦᠯᠦ ᠬᠦᠷᠬᠦ᠂ ᠶᠠᠪᠤᠳᠠᠯ ᠤ᠋ᠨ ᠬᠥᠮᠦᠨ ᠰᠠᠭᠠᠳ ᠲᠠ᠂ ᠡᠪᠡᠳᠴᠢᠲᠡᠨ ᠳ᠋ᠦ᠍ᠷ ᠭᠦᠷᠢᠮ ᠬᠡᠷᠡᠭᠲᠡᠢ᠂ ᠤᠷᠤᠭ ᠪᠦᠲᠦᠬᠦᠶ᠎ᠡ ᠪᠡᠷᠬᠡ᠂ ᠢᠮᠠᠭᠲᠠ ᠶᠠᠪᠤᠳᠠᠯ ᠢ᠋ᠶ᠋ᠠᠨ ᠵᠠᠰᠠᠪᠠᠰᠤ ᠰᠠᠢᠨ᠃
ᠰᠠᠨᠠᠭ᠎ᠠ ᠲᠠᠢᠯᠤᠭᠰᠠᠨ : ᠡᠨᠡ ᠲᠥᠯᠭᠡ ᠵᠠᠷᠭᠤ ᠪᠣᠯᠪᠠᠰᠤ ᠪᠦᠲᠦᠬᠦ ᠦᠭᠡᠢ᠂ ᠠᠯᠢᠪᠠ ᠬᠡᠷᠡᠭ ᠢ ᠶᠣᠰᠣᠴᠢᠯᠠᠨ ᠶᠠᠪᠤᠭᠠᠳ᠂ ᠪᠤᠰᠤᠳ ᠠ᠋ᠴᠠ ᠭᠡᠮ ᠡᠰᠡ ᠡᠷᠢᠪᠡᠰᠦ ᠥᠪᠡᠷ ᠢ᠋ᠶ᠋ᠡᠨ ᠬᠠᠷᠢᠨ ᠠᠰᠢᠭ ᠲᠠᠢ᠂ ᠠᠴᠢ ᠦᠷ᠎ᠡ ᠶ᠋ᠢᠨ ᠵᠣᠪᠠᠯᠠᠩ ᠬᠡᠮᠡᠭᠰᠡᠨ ᠠᠨᠤ ᠥᠪᠡᠷ ᠦ᠋ᠨ ᠪᠡᠶ᠎ᠡ ᠳ᠋ᠦ᠍ᠷ ᠭᠡᠮ ᠦᠭᠡᠢ᠂ ᠨᠢᠯᠬᠠᠰ ᠲᠤᠷ ᠴᠢᠳᠬᠥᠷ ᠶᠡᠬᠡ᠂ ᠰᠠᠨᠠᠭᠰᠠᠨ ᠬᠡᠷᠡᠭ ᠲᠡᠭᠰᠢ ᠦᠭᠡᠢ᠂ ᠭᠠᠪᠢᠶ᠎ᠠ ᠨᠡᠷ᠎ᠡ ᠰᠠᠭᠠᠳ ᠲᠠᠢ᠂ ᠡᠷᠬᠡᠪᠰᠢ ᠲᠠᠯ᠎ᠠ ᠬᠡᠯᠡᠬᠦ ᠭᠤᠶᠤᠬᠤ ᠶ᠋ᠢ ᠡᠰᠡ ᠦᠢᠯᠡᠳᠪᠡᠰᠦ ᠬᠠᠷᠢᠯᠴᠠᠨ ᠬᠡᠯᠡ ᠠᠮᠠ ᠮᠠᠭᠠᠳ ᠦᠭᠡᠢ᠂ ᠪᠠᠰᠠᠴᠤ ᠰᠡᠷᠡᠮᠵᠢᠯᠡᠬᠦ ᠬᠡᠷᠡᠭᠲᠡᠢ᠃
ᠪᠡᠯᠭᠡ ᠶ᠋ᠢᠨ ᠳᠣᠬᠢᠶᠠᠯᠳᠤᠪᠤᠷᠢ : ᠨᠢᠭᠡᠨ ᠬᠥᠮᠦᠨ ᠠᠮᠤ ᠶ᠋ᠢᠨ ᠦᠨ᠎ᠡ ᠶ᠋ᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠮᠥᠨ ᠵᠢᠯ ᠦᠨᠡᠬᠡᠷ ᠦᠨ᠎ᠡ ᠲᠦᠷ ᠭᠠᠷᠤᠭᠰᠠᠨ ᠦᠭᠡᠢ᠃
ᠠᠷᠪᠠᠨ ᠨᠠᠢ᠍ᠮᠠᠳᠤᠭᠠᠷ ᠲᠥᠯᠭᠡ᠄ ᠬᠥᠬᠡᠭᠴᠢᠨ ᠴᠠᠭᠠᠭᠴᠢᠨ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ᠄ ᠮᠧᠩ ᠴᠠᠩ ᠵᠢᠶᠦ᠋ᠨ ᠮᠡᠷᠭᠡᠳ ᠢ ᠬᠤᠷᠢᠶᠠᠭᠰᠠᠨ : ᠴᠢᠨᠦ ᠵᠢᠭᠠᠵᠤ ᠵᠢᠰᠢᠭᠰᠡᠨ ᠢ ᠬᠣᠭᠣᠰᠣᠨ ᠥᠩᠭᠡ ᠭᠡᠵᠦ ᠮᠡᠳᠡᠪᠡᠢ᠂ ᠲᠡᠷᠡ ᠬᠡᠷᠡᠭ ᠵᠡᠷᠭᠡᠯᠭᠡᠨ ᠮᠡᠲᠦ ᠵᠠᠬ᠎ᠠ ᠬᠢᠵᠠᠭᠠᠷ ᠬᠠᠮᠢᠭ᠎ᠠ ᠪᠣᠢ᠂ ᠬᠥᠯ ᠦ᠋ᠨ ᠤᠯᠠ ᠪᠠᠨ ᠴᠢᠭᠢᠷᠠᠭ ᠭᠠᠵᠠᠷ ᠲᠤ᠌ ᠨᠤᠲᠠ ᠭᠢᠰᠬᠢᠭᠡᠳ᠂ ᠰᠠᠢᠨ ᠢ ᠦᠢᠯᠡᠳᠴᠦ ᠰᠠᠢᠨ ᠳ᠋ᠤᠷ ᠬᠠᠷᠢᠭᠤᠯᠪᠠᠰᠤ ᠡᠨᠳᠡᠭᠦᠷᠡᠯ ᠦᠭᠡᠢ᠃
ᠪᠣᠭᠳᠠ ᠶ᠋ᠢᠨ ᠲᠠᠭᠠᠯᠠᠯ : ᠨᠡᠷ᠎ᠡ ᠠᠰᠢᠭ ᠪᠡᠷᠬᠡ᠂ ᠡᠴᠦᠰ ᠲᠦ᠍ᠷ ᠪᠣᠢ ᠠᠮᠤᠢ᠂ ᠡᠪᠡᠳᠴᠢᠲᠡᠨ ᠭᠦᠷᠢᠮ ᠦᠢᠯᠡᠳ᠂ ᠵᠠᠷᠭᠤ ᠪᠢᠲᠡᠭᠡᠢ ᠡᠭᠦᠰᠭᠡ᠂ ᠶᠠᠪᠤᠳᠠᠯ ᠤ᠋ᠨ ᠬᠥᠮᠦᠨ ᠤᠳᠠᠮᠤᠢ᠂ ᠬᠡᠷᠡᠭ ᠪᠦᠲᠦᠬᠦᠶ᠎ᠡ ᠪᠡᠷᠬᠡ᠂ ᠪᠣᠶᠠᠨᠠ ᠵᠥᠭᠡᠯᠲᠦᠭᠡᠢ᠂ ᠠᠪᠤᠷᠠᠯ ᠢᠪᠡᠭᠡᠯ ᠢ ᠡᠷᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠠᠨ ᠤ᠋ ᠳᠤᠷ᠎ᠠ ᠪᠠᠷ ᠦᠢᠯᠡ ᠦᠢᠯᠡᠳᠪᠡᠰᠦ ᠵᠣᠬᠢᠰ ᠦᠭᠡᠢ᠂ ᠬᠡᠷᠡᠭ ᠦᠭᠡᠢ ᠪᠡᠷ ᠶᠠᠪᠤᠪᠠᠰᠤ ᠪᠦᠲᠦᠮᠵᠢ ᠦᠭᠡᠢ᠂ ᠶᠠᠭᠠᠷᠠᠪᠠᠰᠤ ᠮᠠᠭᠤ᠂ ᠪᠤᠶᠠᠨ ᠦᠢᠯᠡᠳᠴᠦ ᠪᠤᠷᠬᠠᠨ ᠰᠠᠬᠢᠭᠤᠯᠰᠤᠨ᠎ᠠ ᠵᠠᠯᠪᠠᠷᠢᠪᠠᠰᠤ ᠵᠣᠪᠠᠯᠠᠩ ᠠᠷᠢᠯᠵᠤ ᠪᠤᠶᠠᠨ ᠨᠡᠮᠡᠬᠦ᠂ ᠣᠯᠠᠨ ᠵᠦᠢᠯ ᠦ᠋ᠨ ᠬᠡᠷᠡᠭ ᠦᠢᠯᠡᠳᠪᠡᠰᠦ ᠭᠠᠪᠢᠶ᠎ᠠ ᠨᠡᠷ᠎ᠡ ᠶ᠋ᠢ ᠠᠯᠳᠠᠬᠤ᠂ ᠵᠠᠷᠭᠤ ᠶ᠋ᠢ ᠪᠢᠲᠡᠭᠡᠢ ᠳᠤᠷᠠᠳ᠂ ᠶᠠᠪᠤᠳᠠᠯ ᠤ᠋ᠨ ᠬᠥᠮᠦᠨ ᠤᠳᠠᠭᠠᠨ᠂ ᠡᠳ᠋ ᠪᠦᠲᠦᠬᠦᠶ᠎ᠡ ᠪᠡᠷᠬᠡ᠂ ᠪᠤᠶᠠᠨ ᠦᠢᠯᠡᠳᠪᠡᠰᠦ ᠰᠠᠢᠨ᠃
ᠰᠠᠨᠠᠭ᠎ᠠ ᠲᠠᠢᠯᠤᠭᠰᠠᠨ : ᠬᠣᠭᠣᠰᠣᠨ ᠥᠩᠭᠡ ᠬᠡᠮᠡᠭᠰᠡᠨ ᠠᠨᠤ ᠬᠡᠷᠡᠭ ᠪᠦᠲᠦᠬᠦ ᠦᠭᠡᠢ᠂ ᠵᠠᠬ᠎ᠠ ᠬᠢᠵᠠᠭᠠᠷ ᠬᠠᠮᠢᠭ᠎ᠠ ᠪᠣᠢ ᠬᠡᠮᠡᠭᠰᠡᠨ ᠠᠨᠤ ᠮᠥᠨ ᠬᠦ᠌ ᠬᠣᠭᠣᠰᠣᠨ᠂ ᠠᠯᠢᠪᠠ ᠬᠡᠷᠡᠭ ᠤᠳᠠᠭᠠᠨ ᠳ᠋ᠠᠭᠠᠨ ᠰᠠᠢᠨ᠂ ᠬᠢᠯᠪᠠᠷ ᠦᠢᠯᠡᠳᠴᠦ ᠪᠣᠯᠬᠤ ᠦᠭᠡᠢ᠂ ᠨᠡᠷ᠎ᠡ ᠠᠰᠢᠭ ᠢ ᠬᠦᠰᠡᠪᠡᠰᠦ ᠣᠯᠬᠤᠶ᠎ᠠ ᠪᠡᠷᠬᠡ᠂ ᠠᠯᠳᠠᠬᠤᠢ ᠳ᠋ᠤᠷ ᠬᠢᠯᠪᠠᠷ᠂ ᠪᠤᠶᠠᠨᠲᠤ ᠶᠠᠪᠤᠳᠠᠯ ᠢ᠋ᠶ᠋ᠠᠷ ᠶᠠᠪᠤᠭᠰᠠᠨ ᠲᠡᠷᠡ ᠠᠨᠤ ᠴᠢᠭᠢᠷᠠᠭ ᠭᠠᠵᠠᠷ ᠲᠤᠷ ᠨᠤᠲᠠ ᠭᠢᠰᠬᠢᠭᠰᠡᠨ ᠮᠥᠨ ᠪᠣᠯᠠᠢ᠂ ᠪᠤᠶᠠᠨ ᠦᠢᠯᠡᠳᠪᠡᠰᠦ ᠪᠤᠶᠠᠨᠲᠤ ᠦᠷ᠎ᠡ ᠭᠠᠷᠬᠤ ᠲᠤᠯᠠ ᠠᠯᠳᠠᠰᠢ ᠦᠭᠡᠢ᠂ ᠵᠣᠪᠠᠯᠠᠩ ᠤᠴᠠᠷᠠᠪᠠᠰᠤ ᠪᠤᠶᠠᠨᠲᠤ ᠶᠠᠪᠤᠳᠠᠯ ᠢ ᠬᠢᠴᠢᠶᠡᠵᠦ ᠮᠠᠭᠤ ᠶ᠋ᠢ ᠰᠠᠢᠨ ᠳ᠋ᠤᠷ ᠤᠷᠪᠠᠭᠤᠯᠬᠤ ᠬᠡᠷᠡᠭᠲᠡᠢ᠃
ᠪᠡᠯᠭᠡ ᠶ᠋ᠢᠨ ᠳᠣᠬᠢᠶᠠᠯᠳᠤᠪᠤᠷᠢ : ᠨᠢᠭᠡᠨ ᠳ᠋ᠤᠤᠰᠢ ᠬᠥᠮᠦᠨ ᠳᠡᠭᠡᠷᠡᠮ ᠪᠣᠯᠤᠭᠰᠠᠨ ᠳ᠋ᠤᠷ ᠦᠵᠡᠭᠦᠯᠪᠡᠰᠦ᠂ ᠡᠨᠡ ᠲᠥᠯᠭᠡ ᠪᠠᠭᠤᠵᠤᠬᠤᠢ᠂ ᠲᠡᠭᠦᠪᠡᠷ ᠡᠪᠡᠰᠦᠨ ᠭᠡᠷ ᠲᠦ᠍ᠷ ᠨᠢᠭᠤᠭᠰᠠᠨ ᠢ᠋ᠶ᠋ᠠᠷ ᠵᠣᠪᠠᠯᠠᠩ ᠠ᠋ᠴᠠ ᠭᠡᠲᠦᠯᠪᠡᠢ᠂ ᠡᠨᠡ ᠢᠨᠦ ᠨᠤᠲᠠ ᠭᠠᠵᠠᠷ ᠬᠡᠮᠡᠭᠰᠡᠨ ᠦᠭᠡᠰ ᠯᠦᠭᠡ ᠲᠣᠬᠢᠶᠠᠯᠳᠤᠵᠤᠬᠤᠢ᠂ ᠨᠢᠭᠡᠨ ᠵᠠᠭᠠᠯᠳᠤᠭᠰᠠᠨ ᠬᠥᠮᠦᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠣᠷᠣᠨ ᠤ᠋ ᠲᠦᠰᠢᠮᠡᠯ ᠠᠨᠤ ᠪᠤᠰᠤ ᠭᠠᠵᠠᠷ ᠣᠳᠴᠤ ᠬᠡᠷᠡᠭ ᠲᠦᠭᠦᠷᠡᠭᠰᠡᠨ ᠦᠭᠡᠢ᠂ ᠡᠨᠡ ᠠᠨᠤ ᠵᠡᠷᠭᠡᠯᠭᠡᠨ ᠮᠡᠲᠦ ᠬᠡᠮᠡᠭᠰᠡᠨ ᠨᠢᠭᠡᠨ ᠦᠭᠡᠰ ᠲᠣᠷ ᠲᠣᠬᠢᠶᠠᠯᠳᠤᠵᠤᠬᠤᠢ᠂ ᠪᠠᠰᠠ ᠨᠢᠭᠡᠨ ᠪᠢᠴᠢᠭ ᠦ᠋ᠨ ᠬᠥᠮᠦᠨ ᠳ᠋ᠦ᠍ᠷ ᠡᠨᠡ ᠲᠥᠯᠭᠡ ᠪᠠᠭᠤᠭᠠᠳ ᠨᠠᠮᠤᠷ ᠤ᠋ᠨ ᠰᠢᠯᠭᠠᠯᠭᠠᠨ ᠳ᠋ᠤᠷ ᠣᠷᠣᠭᠰᠠᠨ ᠦᠭᠡᠢ ᠃
ᠠᠷᠪᠠᠨ ᠶᠢᠰᠦᠳᠦᠭᠡᠷ ᠲᠥᠯᠭᠡ᠄ ᠬᠥᠬᠡᠭᠴᠢᠨ ᠬᠠᠷ᠎ᠠ᠂ ᠳᠡᠭᠡᠳᠦ ᠰᠠᠢᠨ᠂ ᠲᠥᠯᠭᠡ ᠶ᠋ᠢᠨ ᠪᠡᠯᠭᠡ ᠠᠨᠤ᠄ ᠯᠢᠦ ᠽᠢ ᠶᠤᠸᠠᠨ ᠶᠣ ᠰᠢ ᠶ᠋ᠢ ᠠᠪᠤᠭᠰᠠᠨ : ᠴᠢᠨᠦ ᠪᠡᠶ᠎ᠡ ᠴᠠᠭ ᠢ᠋ᠶ᠋ᠠᠨ ᠣᠯᠤᠭᠠᠳᠤᠢ ᠢᠷᠡᠭᠰᠡᠨ ᠪᠢᠯᠡ᠃ ᠡᠨᠡ ᠵᠢᠯ ᠦ᠋ᠨ ᠬᠡᠢ ᠮᠣᠷᠢᠨ ᠮᠠᠰᠢ ᠵᠣᠬᠢᠰᠲᠠᠢ ᠪᠠᠢᠨᠠᠮ᠂ ᠴᠥᠮ ᠰᠡᠳᠬᠢᠯᠴᠢᠯᠡᠨ ᠪᠦᠲᠦᠮᠦᠢ᠂ ᠨᠠᠢᠷᠠᠵᠤ ᠨᠡᠢᠯᠡᠭᠰᠡᠨ ᠤᠷᠤᠭ ᠦᠪᠲᠡᠭᠰᠢ ᠬᠥᠪᠡᠭᠦᠨ ᠬᠥᠩᠭᠡᠵᠢᠮᠦᠢ᠃
ᠪᠣᠭᠳᠠ ᠶ᠋ᠢᠨ ᠲᠠᠭᠠᠯᠠᠯ : ᠠᠯᠢᠪᠠ ᠬᠡᠷᠡᠭ ᠴᠥᠮ ᠰᠠᠢᠨ᠂ ᠨᠡᠷ᠎ᠡ ᠠᠰᠢᠭ ᠬᠠᠨᠤᠮᠤᠢ᠂ ᠤᠷᠤᠭ ᠪᠦᠲᠦᠮᠦᠢ᠂ ᠵᠠᠷᠭᠤ ᠣᠯᠤᠮᠤᠢ᠂ ᠵᠢᠷᠮᠦᠰᠦᠨ ᠦᠪᠡᠳᠡᠭᠰᠢ ᠬᠥᠪᠡᠭᠦᠨ ᠬᠥᠩᠭᠡᠵᠢᠮᠦᠢ᠂ ᠶᠠᠪᠤᠳᠠᠯ ᠤ᠋ᠨ ᠬᠥᠮᠦᠨ ᠢᠷᠡᠮᠦᠢ᠂ ᠡᠪᠡᠳᠴᠢᠲᠡᠨ ᠬᠢᠯᠪᠠᠷ ᠡᠳᠡᠭᠡᠮᠦᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠡᠷᠭᠢᠨ ᠳᠣᠣᠷᠠᠳᠤᠰ ᠠᠯᠢᠨ ᠳ᠋ᠤᠷ ᠴᠤ᠌ ᠴᠥᠮ ᠨᠠᠢᠷᠠᠮᠳᠠᠬᠤ ᠪᠠᠷ ᠵᠣᠬᠢᠯᠳᠤᠬᠤ ᠪᠣᠢ᠂ ᠰᠠᠨᠠᠭᠰᠠᠨ ᠬᠡᠷᠡᠭ ᠡᠭᠦᠨᠴᠡ ᠬᠣᠢᠰᠢ ᠳᠠᠷᠤᠢ ᠪᠦᠲᠦᠬᠦ ᠪᠣᠯᠠᠢ᠃
ᠰᠠᠨᠠᠭ᠎ᠠ ᠲᠠᠢᠯᠤᠭᠰᠠᠨ : ᠠᠯᠢᠪᠠ ᠬᠡᠷᠡᠭ ᠨᠠᠮᠤᠷ ᠤ᠋ᠨ ᠴᠠᠭ ᠲᠤᠷ ᠬᠡᠢ ᠮᠣᠷᠢᠨ ᠳᠡᠯᠭᠡᠷᠡᠵᠦ ᠰᠠᠭᠠᠳ ᠦᠭᠡᠢ᠂ ᠬᠥᠪᠡᠭᠦᠨ ᠬᠦᠰᠡᠭᠴᠢᠳ ᠬᠥᠪᠡᠭᠦᠨ ᠣᠯᠤᠮᠤᠢ᠂ ᠲᠦᠰᠢᠮᠡᠯ ᠬᠦᠰᠡᠭᠴᠢᠳ ᠲᠦᠰᠢᠮᠡᠯ ᠣᠯᠤᠮᠤᠢ᠂ ᠴᠢᠨᠦ ᠪᠡᠶ᠎ᠡ ᠴᠠᠭ ᠢ᠋ᠶ᠋ᠠᠨ ᠣᠯᠤᠭᠠᠳᠤᠢ ᠢᠷᠡᠭᠰᠡᠨ ᠬᠡᠮᠡᠭᠰᠡᠨ ᠠᠨᠤ ᠬᠣᠶᠠᠷ ᠰᠠᠨᠠᠭᠠᠨ ᠪᠣᠢ᠂ ᠦᠵᠡᠭᠦᠯᠦᠭᠴᠢᠳ ᠬᠡᠢ ᠮᠣᠷᠢᠨ ᠳᠡᠯᠭᠡᠷᠡᠵᠦ ᠪᠠᠢᠬᠤ ᠴᠠᠭ ᠲᠤᠷ ᠪᠠᠭᠤᠪᠠᠰᠤ ᠬᠠᠷᠢᠨ ᠲᠣᠬᠢᠶᠠᠯᠳᠤᠬᠤ ᠦᠭᠡᠢ᠂ ᠪᠠᠭᠤᠷᠠᠯᠲᠠᠢ ᠴᠠᠭ ᠲᠤᠷ ᠪᠠᠭᠤᠪᠠᠰᠤ ᠲᠣᠬᠢᠶᠠᠯᠳᠤᠬᠤ ᠪᠣᠯᠠᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠨᠠᠮᠤᠷ ᠤ᠋ᠨ ᠵᠢᠦᠢ ᠷᠸᠨ ᠰᠢᠯᠭᠠᠬᠤᠢ ᠳ᠋ᠤᠷ ᠬᠦᠩ ᠱᠧᠩ ᠣᠯᠵᠤᠬᠤᠢ᠂ ᠡᠨᠡ ᠢᠨᠦ ᠥᠴᠦᠬᠡᠨ ᠬᠡᠷᠡᠭ ᠲᠦ᠍ᠷ ᠰᠠᠢᠨ ᠪᠣᠯᠠᠢ ᠃
ᠬᠣᠷᠢᠳᠤᠭᠠᠷ ᠲᠥᠯᠭᠡ : ᠬᠥᠭᠵᠢᠮ ᠬᠠᠷᠠᠭᠴᠢᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠶᠠᠨ ᠰᠢ ᠶᠢᠩ ᠲᠢᠶᠣᠤ ᠲᠠᠢ ᠳ᠋ᠤᠷ ᠭᠠᠷᠤᠭᠰᠠᠨ᠂ ᠨᠢᠭᠡᠨ ᠨᠠᠰᠤᠨ ᠤ᠋ ᠰᠡᠳᠬᠢᠯ ᠦ᠋ᠨ ᠬᠡᠷᠡᠭ ᠢ᠋ ᠬᠡᠨ ᠯᠦ᠍ᠭᠡ ᠵᠥᠪᠯᠡᠮᠦᠢ᠂ ᠠᠷᠪᠠᠨ ᠨᠠᠢ᠍ᠮᠠᠨ ᠳᠣᠯᠭᠢᠶᠠᠨ ᠤᠷᠤᠰᠬᠠᠯ ᠤ᠋ᠨ ᠡᠬᠢᠨ ᠢ ᠴᠢ᠍ᠮᠡᠳᠦᠷ ᠥᠭᠦᠯᠡᠰᠦᠭᠡᠢ᠂ ᠶᠢᠷᠲᠢᠨᠴᠦ ᠶ᠋ᠢᠨ ᠬᠡᠷᠡᠭ ᠲᠣᠭᠠᠲᠠᠨ ᠤᠷᠤᠰᠬᠤ ᠤᠰᠤᠨ ᠴᠢᠯᠡᠨ ᠣᠳᠪᠠᠢ᠂ ᠭᠠᠪᠢᠶ᠎ᠠ ᠨᠡᠷ᠎ᠡ ᠪᠠᠶᠠᠨ ᠡᠷᠭᠢᠨ ᠬᠡᠢᠰᠪᠦᠷᠢ ᠡᠭᠦᠯᠡ ᠮᠡᠲᠦ ᠪᠣᠢ᠃
ᠪᠣᠭᠳᠠ ᠶ᠋ᠢᠨ ᠲᠠᠭᠠᠯᠠᠯ : ᠵᠠᠷᠭᠤ ᠡᠴᠦᠰ ᠲᠦ᠍ᠷ ᠮᠠᠭᠤ᠂ ᠵᠣᠭᠰᠣᠪᠠᠰᠤ ᠰᠠᠢᠨ᠂ ᠨᠡᠷ᠎ᠡ ᠠᠰᠢᠭ ᠪᠠᠭ᠎ᠠ᠂ ᠡᠪᠡᠳᠴᠢᠲᠡᠨ᠎ᠡ ᠠᠮᠴᠢ ᠰᠢᠯᠢᠭᠳᠡᠬᠦᠢ᠂ ᠶᠠᠪᠤᠳᠠᠯ ᠤ᠋ᠨ ᠬᠥᠮᠦᠨ ᠬᠣᠯᠠ᠂ ᠤᠷᠤᠭ ᠲᠣᠭᠲᠠᠪᠤᠷᠢ ᠦᠭᠡᠢ᠂ ᠠᠯᠢᠪᠠ ᠶᠠᠪᠤᠳᠠᠯ ᠴᠠᠭ ᠢ ᠳᠠᠭᠠᠬᠤ ᠬᠡᠷᠡᠭᠲᠡᠢ᠃
ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠭᠠᠳᠠᠭᠰᠢ ᠶᠠᠪᠤᠪᠠᠰᠤ ᠵᠠᠮ ᠳ᠋ᠤᠷ ᠰᠠᠭᠠᠳ ᠲᠠᠢ ᠪᠣᠯᠤᠭᠠᠳ ᠰᠠᠢᠨ ᠦᠭᠡᠢ᠂ ᠵᠠᠷᠭᠤᠯᠠᠬᠤ ᠶ᠋ᠢ ᠪᠠᠢᠪᠠᠰᠤ ᠰᠠᠢᠨ᠂ ᠭᠠᠪᠢᠶ᠎ᠠ ᠨᠡᠷ᠎ᠡ ᠪᠠᠭ᠎ᠠ᠂ ᠶᠠᠪᠤᠳᠠᠯ ᠤ᠋ᠨ ᠬᠥᠮᠦᠨ ᠤᠳᠠᠭᠠᠨ᠂ ᠤᠷᠤᠭ ᠪᠦᠲᠦᠭᠡᠳᠦᠢ᠂ ᠠᠯᠢᠪᠠ ᠬᠡᠷᠡᠭ ᠡᠴᠦᠰ ᠲᠦ᠍ᠷ ᠰᠠᠢᠨ ᠦᠭᠡᠢ᠂ ᠬᠢᠴᠢᠶᠡᠩᠭᠦᠢᠯᠡᠨ ᠰᠠᠬᠢᠪᠠᠰᠤ ᠭᠡᠮ ᠦᠭᠡᠢ᠃
ᠰᠠᠨᠠᠭ᠎ᠠ ᠲᠠᠢᠯᠤᠭᠰᠠᠨ : ᠪᠡᠷᠬᠡ ᠭᠠᠵᠠᠷ ᠲᠤᠷ ᠭᠢᠰᠬᠢᠬᠦ ᠪᠡᠷ ᠦᠯᠦ ᠪᠠᠷᠠᠨ ᠶᠠᠪᠤᠳᠠᠯ ᠤ᠋ᠨ ᠳᠣᠲᠣᠷ᠎ᠠ ᠣᠯᠠᠨ ᠠᠨᠤ ᠬᠤᠪᠢᠰᠤᠯᠲᠠᠢ᠂ ᠨᠢᠭᠡᠨ ᠨᠠᠰᠤᠨ ᠤ᠋ ᠰᠡᠳᠬᠢᠯ ᠦ᠋ᠨ ᠬᠡᠷᠡᠭ ᠢ ᠬᠡᠨ ᠯᠤᠭ᠎ᠠ ᠵᠥᠪᠯᠡᠮᠦᠢ ᠬᠡᠮᠡᠭᠰᠡᠨ ᠨᠢ ᠪᠤᠶᠠᠨᠲᠤ ᠬᠥᠮᠦᠨ ᠳ᠋ᠦ᠍ᠷ ᠠᠭᠤᠯᠵᠠᠨ ᠦᠯᠦ ᠴᠢᠳᠠᠬᠤ ᠰᠠᠨᠠᠭ᠎ᠠ᠂ ᠠᠷᠪᠠᠨ ᠨᠠᠢ᠍ᠮᠠᠨ ᠳᠣᠯᠭᠢᠶᠠᠨ ᠤᠷᠤᠰᠬᠠᠯ ᠬᠡᠮᠡᠭᠴᠢ ᠬᠠᠩᠵᠧᠦ ᠭᠠᠵᠠᠷ ᠪᠣᠢ᠂ ᠤᠷᠤᠰᠬᠠᠯ ᠤ᠋ᠨ ᠨᠡᠷ᠎ᠡ ᠶ᠋ᠢ ᠠᠶᠤᠬᠤ ᠰᠣᠴᠢᠬᠤ ᠲᠠᠨ ᠬᠡᠮᠡᠵᠦᠬᠦᠢ᠂ ᠡᠨᠡ ᠲᠥᠯᠭᠡ ᠪᠠᠭᠤᠪᠠᠰᠤ ᠶᠡᠬᠡ ᠬᠡᠷᠡᠭ ᠨᠢᠭᠡᠨᠲᠡ ᠠᠯᠳᠠᠵᠤ ᠢᠴᠢᠭᠦᠷᠢ ᠰᠤᠨᠵᠢᠭᠤᠷᠢ ᠶ᠋ᠢᠨ ᠭᠦᠯᠢᠶᠡᠰᠦᠨ ᠪᠣᠯᠬᠤ᠂ ᠶᠠᠪᠤᠳᠠᠯ ᠢ᠋ᠶ᠋ᠠᠨ ᠵᠠᠰᠠᠬᠤ ᠬᠡᠷᠡᠭᠲᠡᠢ᠃ ᠭᠠᠪᠢᠶ᠎ᠠ ᠨᠡᠷ᠎ᠡ ᠪᠠᠶᠠᠨ ᠡᠷᠭᠢᠨ ᠤᠴᠠᠷᠠᠯ ᠪᠣᠢ ᠪᠣᠯᠪᠠᠴᠤ ᠪᠦᠲᠦᠬᠦᠶ᠎ᠡ ᠪᠡᠷᠬᠡ᠂ ᠠᠯᠢᠪᠠ ᠬᠡᠷᠡᠭ ᠲᠥᠯᠭᠡ ᠶ᠋ᠢᠨ ᠰᠢᠯᠦᠭ ᠦ᠋ᠨ ᠶᠣᠰᠣᠭᠠᠷ ᠰᠢᠨᠵᠢᠭᠲᠦᠨ᠂ ᠡᠪᠡᠳᠴᠢᠨ ᠪᠥᠭᠡᠰᠦ ᠪᠡᠷᠬᠡ ᠲᠡᠢ᠂ ᠵᠢᠷᠮᠦᠰᠦᠨ ᠳ᠋ᠦ᠍ᠷ ᠮᠠᠭᠤ ᠪᠣᠯᠠᠢ᠃
ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠪᠣᠭᠣᠯ ᠬᠤᠳᠠᠯᠳᠤᠵᠤ ᠠᠪᠤᠭᠠᠳ ᠦᠵᠡᠭᠦᠯᠪᠡᠦ ᠡᠨᠡ ᠲᠥᠯᠭᠡ ᠪᠠᠭᠤᠵᠤᠬᠤᠢ᠂ ᠬᠣᠵᠢᠮ ᠪᠣᠭᠣᠯ ᠠᠨᠤ ᠣᠷᠭᠣᠪᠠᠢ ᠶᠢᠷᠲᠢᠨᠴᠦ ᠶ᠋ᠢᠨ ᠬᠡᠷᠡᠭ ᠲᠣᠭᠠᠲᠠᠨ ᠤᠷᠤᠰᠬᠤ ᠤᠰᠤᠨ ᠴᠢᠯᠡᠨ ᠣᠳᠪᠠᠢ ᠯᠤᠭ᠎ᠠ ᠲᠣᠬᠢᠶᠠᠯᠳᠤᠵᠤᠬᠤᠢ᠃
