ᠡᠬᠡ ᠶ᠋ᠢᠨ ᠠᠯᠳᠠᠷ - ᠴᠣ ᠂ ᠣᠷᠱᠤᠨ Эхийн алдар – Чо ᠂ Оршин
ᠡᠬᠡ ᠶ᠋ᠢᠨ ᠠᠯᠳᠠᠷ
ᠬᠥᠮᠦᠨ ᠪᠣᠯᠵᠤ ᠲᠣᠷᠨᠢᠨ ᠪᠣᠢᠵᠢᠬᠰᠡᠳ
ᠬᠡᠨ ᠬᠥᠮᠦᠨ ᠥᠪᠡᠷ ᠢ᠋ ᠪᠡᠨ ᠲᠥᠷᠥᠭᠦᠯᠦᠭᠰᠡᠨ ᠢ᠋
ᠬᠡᠵᠢᠶ᠎ᠡ ᠴᠤ᠌ ᠭᠡᠰᠡᠨ ᠰᠠᠨᠠᠵᠤ ᠶᠠᠪᠤᠳᠠᠭ᠃
ᠡᠬᠢ ᠪᠤᠯᠠᠭ ᠤ᠋ᠨ ᠡᠬᠢ ᠪᠣᠯᠤᠭᠰᠠᠨ
ᠡᠬᠡ ᠪᠣᠯᠣᠭᠰᠠᠳ ᠤ᠋ᠨ ᠠᠯᠳᠠᠷ ᠬᠦᠨᠳᠦ ᠶ᠋ᠢ
ᠤᠷᠠᠨ ᠰᠢᠯᠦᠭᠴᠢᠳ ᠮᠠᠭᠲᠠᠭᠰᠠᠭᠠᠷ
ᠤᠷᠢᠳᠤ ᠳᠡᠭᠡᠳᠦ ᠡᠴᠡ ᠴᠠᠳᠢᠭᠯᠠᠭᠰᠠᠭᠠᠷ ᠢᠷᠡᠭᠰᠡᠨ
ᠡᠷᠳᠡᠮᠲᠡᠨ ᠮᠡᠷᠭᠡᠳ ᠬᠡᠳᠦᠢ ᠴᠤ᠌ ᠪᠠᠢᠭ
ᠡᠮᠴᠢ ᠳ᠋ᠣᠺᠲ᠋ᠣᠷ ᠣᠯᠠᠨ ᠴᠤ᠌ ᠪᠣᠯᠤᠭ᠂
ᠡᠬᠡ ᠬᠥᠮᠦᠨ ᠪᠠᠢᠭ᠎ᠠ ᠦᠭᠡᠢ ᠰᠠᠨ ᠪᠣᠯ
ᠡᠩ ᠳᠡᠯᠡᠬᠡᠢ ᠳ᠋ᠦ᠍ ᠲᠡᠳᠡ ᠪᠠᠢᠬᠤ ᠦᠭᠡᠢ᠃
ᠮᠥᠮᠥᠭᠦᠯᠵᠦ ᠡᠬᠢᠯᠡᠭᠰᠡᠨ ᠴᠠᠭ ᠠ᠋ᠴᠠ ᠪᠠᠨ
ᠮᠣᠬᠣᠰᠢ ᠦᠭᠡᠢ ᠵᠣᠷᠢᠭ ᠣᠯᠭᠣᠳᠠᠭ ᠲᠤᠯᠠ᠂
ᠮᠥᠯᠬᠥᠭᠦᠯᠵᠦ ᠡᠬᠢᠯᠡᠭᠰᠡᠨ ᠮᠥᠴᠡ ᠡᠴᠡ ᠪᠡᠨ
ᠮᠢᠲᠠᠷᠠᠰᠢ ᠦᠭᠡᠢ ᠰᠥᠰᠥ ᠪᠠᠳᠠᠷᠠᠭᠠᠳᠠᠭ ᠲᠤᠯᠠ᠂
ᠠᠮᠢᠳᠤᠷᠠᠯ ᠢ᠋ ᠲᠡᠮᠡᠴᠡᠵᠦ ᠣᠯᠬᠤ ᠶ᠋ᠢ
ᠠᠴᠢᠲᠤ ᠡᠬᠡ ᠮᠢᠨᠢ ᠰᠤᠷᠭᠠᠳᠠᠭ
ᠠᠯᠢ ᠰᠠᠢᠬᠠᠨ ᠢ᠋ᠶ᠋ᠠᠷ ᠬᠥᠳᠡᠯᠮᠦᠷᠢᠯᠡᠬᠦ ᠶ᠋ᠢ
ᠠᠴᠢᠯᠠᠯᠲᠤ ᠡᠵᠢ ᠮᠢᠨᠢ ᠵᠢᠭᠠᠳᠠᠭ᠃
ᠳᠥᠷᠪᠡᠨ ᠣᠳᠣᠬᠢᠴᠢᠯᠠᠯᠲᠠ ᠶ᠋ᠢᠨ ᠦᠢᠯᠡᠰ ᠨᠡᠭᠡᠭᠡᠭᠳᠡᠭᠰᠡᠨ
ᠲᠡᠦᠬᠡᠲᠦ ᠴᠠᠭ ᠤ᠋ᠨ ᠥᠨᠥ ᠡᠷᠡᠨ ᠳ᠋ᠦ᠍
ᠲᠦᠷᠭᠡᠨ ᠲᠠᠪᠰᠢᠯᠲᠠ ᠶ᠋ᠢᠨ ᠵᠢᠭᠦᠷ ᠳᠡᠯᠭᠡᠭᠰᠡᠨ
ᠲᠦᠪᠰᠢᠷᠡᠯ ᠪᠦᠯᠬᠦᠮᠳᠡᠯ ᠦ᠋ᠨ ᠣᠳᠣ ᠴᠠᠭ ᠲᠤ
ᠬᠦᠴᠦᠨ ᠵᠣᠷᠢᠭ ᠤ᠋ᠨ ᠣᠨᠳᠣᠷᠣᠯ ᠪᠣᠯᠳᠠᠭ
ᠬᠦᠴᠢᠷ ᠪᠡᠷᠬᠡᠰᠢᠶᠡᠯ ᠦ᠋ᠨ ᠳᠠᠷᠤᠯᠭ᠎ᠠ ᠪᠣᠯᠳᠠᠭ
ᠬᠦᠰᠡᠯ ᠡᠷᠡᠮᠡᠯᠵᠡᠯ ᠦ᠋ᠨ ᠢᠲᠡᠭᠡᠯ ᠪᠣᠯᠳᠠᠭ
ᠬᠥᠭᠵᠢᠬᠦ ᠬᠡᠳᠦ ᠶ᠋ᠢᠨ ᠲᠦᠰᠢᠯᠭᠡ ᠪᠣᠯᠳᠠᠭ
ᠡᠬᠡ ᠭᠡᠳᠡᠭ ᠨᠡᠷ᠎ᠡ ᠶ᠋ᠢ ᠮᠠᠭᠲᠠᠨ᠎ᠠ
ᠡᠷᠬᠢᠮ ᠬᠦᠨᠳᠦᠲᠡᠨ ᠭᠡᠵᠦ ᠪᠢ ᠪᠢᠴᠢᠨ᠎ᠡ
ᠡᠭᠡᠰᠢᠭᠯᠡᠯ ᠪᠦᠬᠦᠨ ᠳ᠋ᠡᠭᠡᠨ ᠪᠢ ᠬᠠᠩᠭᠢᠨᠠᠭᠤᠯᠤᠨ᠎ᠠ
ᠡᠨᠡ ᠨᠠᠰᠤᠨ ᠳ᠋ᠠᠭᠠᠨ ᠪᠣᠳᠣᠵᠤ ᠶᠠᠪᠤᠨ᠎ᠠ ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 25
