ᠪᠢ ᠥᠪᠡᠷ ᠢ᠋ᠶ᠋ᠡᠨ- ᠳ· ᠰᠣᠰᠤᠷᠪᠠᠷᠠᠮБи өөрөө-Д.Сосорбарам
ᠪᠢ ᠥᠪᠡᠷ ᠢ᠋ᠶ᠋ᠡᠨ
ᠦᠭᠡ᠄ ᠳ· ᠰᠤᠰᠤᠷᠪᠠᠷᠠᠮ
ᠠᠶ᠎ᠠ᠄ ᠲ· ᠭᠠᠩᠪᠣᠯᠣᠳ
ᠳᠠᠭᠤᠴᠢᠨ᠄ ᠳ· ᠰᠣᠰᠤᠷᠪᠠᠷᠠᠮ
ᠠᠭᠤᠯᠠ ᠤᠰᠤ ᠨᠢ ᠵᠢᠷᠭᠠᠯᠲᠠᠢᠬᠠᠨ ᠮᠢᠰᠢᠶᠡᠵᠦ
ᠤᠨᠢᠶᠠᠷ ᠪᠤᠳᠠᠩ ᠵᠤᠭᠠᠴᠠᠨ ᠬᠥᠪᠦᠯᠵᠡᠨ ᠬᠥᠪᠦᠭᠰᠡᠭᠡᠷ
ᠤᠬᠠᠭᠠᠨ ᠰᠠᠨᠠᠭ᠎ᠠ ᠤᠪᠠᠳᠢᠰ ᠢ᠋ᠶ᠋ᠠᠷ ᠳᠦᠭᠦᠷᠴᠦ
ᠤᠤᠯᠭᠠᠯᠠᠨ ᠪᠡᠶ᠎ᠡ ᠪᠡᠶ᠎ᠡ ᠤᠷᠤᠭᠤ ᠪᠠᠨ ᠲᠡᠮᠡᠦᠯᠦᠭᠰᠡᠭᠡᠷ ᠯᠡ ᠪᠢᠳᠡᠨ ᠬᠣᠶᠠᠷ ᠠ᠋
ᠬᠡᠭᠡᠷ᠎ᠡ ᠬᠣᠨᠣᠭᠰᠠᠨ ᠮᠠᠨᠠᠨ ᠠ᠋ᠴᠠ ᠰᠠᠯᠵᠤ ᠶᠠᠳᠠᠨ ᠳᠡᠭᠳᠡᠨ᠎ᠡ
ᠬᠡᠭᠡᠨᠴᠢᠷᠬᠡᠨ ᠳᠡᠯᠡᠬᠡᠢ ᠰᠢᠭᠦᠳᠡᠷᠢ ᠳ᠋ᠦ᠍ ᠨᠢ ᠭᠢᠯᠲᠠᠯᠵᠠᠵᠤ ᠨᠢᠯᠬᠠᠷᠠᠨ᠎ᠠ
ᠬᠡᠯᠡᠵᠦ ᠢᠷᠡᠬᠦ ᠦᠭᠡᠢ ᠪᠡᠷ ᠯᠡ ᠨᠢᠭᠡᠨ ᠨᠢᠭᠡᠨ ᠤᠷᠤᠭᠤ ᠪᠠᠨ ᠵᠢᠳᠬᠦᠯᠡᠨᠡ
ᠬᠡᠵᠢᠶ᠎ᠡ ᠴᠦ᠍ ᠳᠠᠬᠢᠨ ᠢᠷᠡᠬᠦ ᠦᠭᠡᠢ ᠵᠢᠷᠭᠠᠯ ᠢ᠋ ᠠᠮᠰᠠᠨ ᠲᠠᠮᠰᠢᠶᠠᠯᠠᠨᠠ ᠪᠢᠳᠡᠨ ᠬᠣᠶᠠᠷ ᠠ᠋
ᠨᠠᠷᠠᠨ ᠰᠠᠷᠠᠨ ᠡᠭᠡᠯᠵᠢᠯᠡᠨ ᠡᠭᠡᠯᠵᠢᠯᠡᠨ ᠮᠠᠨᠳᠤᠭᠠᠳ
ᠨᠠᠮᠢᠷᠠᠭ᠎ᠠ ᠪᠣᠷᠣᠭ᠎ᠠ ᠴᠢᠩᠨᠠᠨ ᠴᠢᠩᠨᠠᠨ ᠰᠢᠪᠡᠨᠡᠭᠰᠡᠭᠡᠷ
ᠡᠩᠬᠦᠷᠡᠢᠬᠡᠨ ᠴᠢ ᠮᠢᠨᠢ ᠡᠷᠬᠡᠯᠡᠨ ᠲᠠᠯᠮᠢᠶᠠᠷᠠᠵᠤ
ᠡᠪᠯᠡᠭᠰᠡᠨ ᠵᠢᠷᠦᠬᠡ ᠨᠢ ᠬᠥᠪᠦᠰ ᠬᠥᠪᠦᠰ ᠴᠣᠬᠢᠯᠠᠭᠰᠠᠭᠠᠷ ᠯᠠ ᠪᠢᠳᠡᠨ ᠬᠣᠶᠠᠷ ᠤ᠋ᠨ
ᠨᠠᠮᠤᠷ ᠤ᠋ᠨ ᠪᠣᠷᠣᠭ᠎ᠠ ᠰᠥᠯ ᠢ᠋ ᠠᠪᠤᠨ ᠥᠭᠭᠦᠨ ᠮᠡᠯᠮᠡᠷᠡᠨ᠎ᠡ
ᠨᠢᠯᠬᠠᠮᠰᠠᠭᠤ ᠭᠠᠵᠠᠷ ᠰᠢᠷᠭᠠᠯᠲᠤᠨ ᠳᠤᠨᠢᠶᠠᠷᠠᠵᠤ ᠲᠤᠭ ᠬᠢᠨ᠎ᠡ
ᠢᠳᠡᠷᠬᠡᠨ ᠨᠠᠰᠤᠨ ᠤ᠋ ᠣᠮᠣᠭᠠᠷᠬᠠᠯ ᠠᠭᠠᠭ ᠲᠠᠢ ᠴᠢᠭ ᠢ᠋ᠶ᠋ᠡᠷ ᠨᠢ
ᠡᠷᠬᠢᠮᠰᠦᠭᠬᠡᠨ ᠴᠢᠮ᠎ᠠ ᠤᠷᠤᠭᠤ ᠡᠶᠡᠷᠡᠲᠡᠯᠡ ᠰᠢᠩᠭᠡᠨ᠎ᠡ ᠪᠢ ᠥᠪᠡᠷ ᠢ᠋ᠶ᠋ᠡᠨ
ᠬᠡᠭᠡᠷ᠎ᠡ ᠬᠣᠨᠣᠭᠰᠠᠨ ᠮᠠᠨᠠᠨ ᠭᠠᠵᠠᠷ ᠠ᠋ᠴᠠ ᠰᠠᠯᠵᠤ ᠶᠠᠳᠠᠨ ᠳᠡᠭᠳᠡᠨ᠎ᠡ
ᠬᠡᠭᠡᠨᠴᠢᠷᠬᠡᠨ ᠳᠡᠯᠡᠬᠡᠢ ᠰᠢᠭᠦᠳᠡᠷᠢ ᠳ᠋ᠦ᠍ ᠨᠢ ᠭᠢᠯᠲᠠᠯᠵᠠᠵᠤ ᠨᠢᠯᠬᠠᠷᠠᠨ᠎ᠠ
ᠬᠡᠯᠡᠵᠦ ᠢᠷᠡᠬᠦ ᠦᠭᠡᠢ ᠪᠡᠷ ᠯᠡ ᠨᠢᠭᠡᠨ ᠨᠢᠭᠡᠨ ᠤᠷᠤᠭᠤ ᠪᠠᠨ ᠵᠢᠳᠬᠦᠯᠡᠨᠡ
ᠬᠡᠵᠢᠶ᠎ᠡ ᠴᠦ᠍ ᠳᠠᠬᠢᠨ ᠢᠷᠡᠬᠦ ᠦᠭᠡᠢ ᠵᠢᠷᠭᠠᠯ ᠢ᠋ ᠠᠮᠰᠠᠨ ᠲᠠᠮᠰᠢᠶᠠᠯᠠᠨᠠ ᠪᠢᠳᠡᠨ ᠬᠣᠶᠠᠷ ᠠ᠋
ᠦᠰᠦᠭ ᠠᠮᠢᠯᠠᠭᠤᠯᠤᠭᠴᠢ᠄ ᠣᠳᠬᠣᠨᠴᠡᠴᠡᠭ
ᠦᠰᠦᠭ ᠬᠠᠳᠠᠭᠴᠢ᠄ ᠲᠦᠪᠰᠢᠨ
ᠬᠢᠨᠠᠭᠴᠢ᠄ ᠳᠠᠪᠰᠢᠯᠳᠤ
