ᠮᠣᠩᠭᠣᠯ ᠤ᠋ᠨ ᠦᠨᠦᠷ ᠲᠡᠢ ᠰᠠᠯᠬᠢ-ᠱ᠂ ᠭᠦᠷᠦᠪᠠᠽᠠᠷМонголын үнэртэй салий-Ш᠂ Гүрбазар
ᠮᠣᠩᠭᠣᠯ ᠤ᠋ᠨ ᠦᠨᠦᠷ ᠲᠡᠢ ᠰᠠᠯᠬᠢ
— ᠱ᠂ ᠭᠦᠷᠦᠪᠠᠽᠠᠷ
ᠣᠮᠣᠭ ᠴᠡᠩᠬᠡᠷ ᠡᠭᠡᠰᠢᠭᠯᠡᠩ᠂ ᠠᠮᠤᠷ ᠠᠮᠤᠭᠤᠯᠠᠩ ᠳᠠᠭᠤᠤ
ᠣᠳᠣᠳ ᠦᠦᠷᠰᠡᠬᠦ ᠬᠦᠯᠦᠭ᠂ ᠠᠢᠯ ᠤ᠋ᠨ ᠪᠠᠷ᠎ᠠ
ᠰᠠᠶᠢᠬᠠᠨ ᠳᠡᠨᠵᠢᠢᠭᠰᠡᠨ ᠤᠨᠠᠭ᠎ᠠ ᠮᠣᠩᠭᠣᠯ ᠢ᠋ᠶ᠋ᠠᠨ ᠡᠷᠢᠨ ᠢᠨᠴᠠᠭᠠᠬᠤ ᠳ᠋ᠤ᠌
ᠡᠵᠢ ᠭᠡᠭᠦᠦ ᠶ᠋ᠢᠨ ᠡᠷᠭᠢᠴᠡᠬᠡᠨ ᠳ᠋ᠦ᠍ᠨᠢ ᠰᠡᠳᠬᠢᠯ ᠮᠢᠨᠢ ᠰᠡᠮᠡᠷᠡᠯᠡ
ᠭᠦᠩᠵᠦ ᠠᠨᠢᠷᠬᠠᠨ ᠰᠡᠪᠰᠢᠶ᠎ᠡ ᠨᠢ ᠳᠣᠮᠣᠭ ᠰᠢᠪᠡᠭᠡᠨᠡᠭᠰᠡᠨ
ᠭᠦᠶᠦᠭᠦᠯ ᠴᠡᠩᠬᠡᠷ ᠰᠠᠯᠬᠢ ᠮᠢᠨᠢ ᠮᠣᠩᠭᠣᠯ ᠤ᠋ᠨ ᠦᠨᠦᠷ ᠲᠡᠢ
ᠠᠳᠬᠤᠭᠠᠳ ᠬᠠᠳᠠᠭᠠᠯᠠᠵᠤ ᠪᠣᠯᠳᠠᠭ ᠦᠭᠡᠢ ᠨᠤᠲᠤᠭ ᠤ᠋ᠨ ᠴᠡᠩᠬᠡᠷ ᠰᠠᠯᠬᠢ ᠮᠢᠨᠢ
ᠮᠢᠨᠦ ᠠᠮᠢᠰᠬᠤᠯ᠂ ᠮᠢᠨᠦ ᠠᠮᠢ ᠠ᠋
ᠨᠠᠰᠤ ᠨᠠᠰᠤᠨ ᠤ᠋ ᠰᠣᠨᠣᠷ ᠲᠤ᠌ ᠤᠬᠠᠭᠠᠨ ᠤᠴᠢᠷᠯᠠᠭᠰᠠᠨ
ᠨᠠᠮᠤᠷ ᠤ᠋ᠨ ᠬᠥᠬᠡ ᠰᠠᠯᠬᠢ ᠮᠢᠨᠢ ᠠᠪᠤ ᠶ᠋ᠢᠨ ᠦᠨᠦᠷ ᠲᠡᠢ
ᠭᠤᠶᠤᠭᠠᠳ ᠴᠤ᠌ ᠦᠨᠦᠰᠦᠭᠦᠯᠵᠦ ᠪᠣᠯᠳᠠᠭ ᠦᠭᠡᠢ ᠨᠤᠲᠤᠭ ᠤ᠋ᠨ ᠴᠡᠩᠬᠡᠷ ᠰᠠᠯᠬᠢ ᠮᠢᠨᠢ
ᠮᠢᠨᠦ ᠠᠮᠢᠰᠬᠤᠯ᠂ ᠮᠢᠨᠦ ᠠᠮᠢ ᠠ᠋
ᠰᠢᠭᠤᠷᠭ᠎ᠠ ᠨᠢ ᠬᠦᠷᠲᠡᠯ᠎ᠡ ᠰᠣᠨᠣᠰᠬᠤᠯᠠᠩᠲᠤ᠂ ᠡᠨᠡᠷᠢ ᠡᠨᠡᠷᠢᠬᠦᠢ ᠶ᠋ᠢᠨ ᠳᠠᠭᠤᠤ
ᠰᠢᠪᠠᠭᠤᠳ ᠪᠤᠴᠠᠬᠤ ᠴᠢᠮᠡᠭᠡ᠂ ᠨᠠᠮᠤᠷ ᠤ᠋ᠨ ᠨᠠᠭᠤᠷ
ᠳᠡᠷᠭᠡᠳᠡ ᠰᠢᠪᠡᠭᠡᠨᠡᠭᠰᠡᠨ ᠭᠣᠷᠣᠬ᠎ᠠ ᠨᠠᠮᠠᠶ᠋ᠢ ᠣᠷᠬᠢᠨ ᠣᠳᠬᠤ ᠳ᠋ᠤ᠌
ᠳᠠᠭᠠᠭᠠᠳ ᠭᠦᠶᠦᠬᠦ ᠪᠡᠷ ᠤᠷᠤᠰᠬᠠᠯ ᠳ᠋ᠤᠨᠢ ᠰᠠᠨᠠᠭ᠎ᠠ ᠮᠢᠨᠢ ᠬᠣᠴᠣᠷᠤᠨ᠎ᠠ
ᠡᠩᠭᠡᠷ ᠳᠤᠯᠠᠭᠠᠨ ᠡᠪᠦᠷ ᠲᠡᠭᠡᠨ ᠨᠠᠮᠠᠶ᠋ᠢ ᠲᠡᠪᠡᠷᠢᠭᠰᠡᠨ
ᠡᠬᠡᠰᠢᠭ ᠴᠢᠮᠡᠭᠡᠨ ᠰᠠᠯᠬᠢ ᠮᠢᠨᠢ ᠡᠵᠢ ᠶ᠋ᠢᠨ ᠦᠨᠦᠷ ᠲᠡᠢ
ᠡᠪᠦᠷᠯᠡᠭᠡᠳ ᠥᠲᠡᠯᠵᠦ ᠪᠣᠯᠳᠠᠭ ᠦᠭᠡᠢ ᠨᠤᠲᠤᠭ ᠤ᠋ᠨ ᠪᠤᠭᠤᠷᠤᠯ ᠰᠠᠯᠬᠢ ᠮᠢᠨᠢ
ᠮᠢᠨᠦ ᠮᠣᠩᠭᠣᠯ᠂ ᠮᠢᠨᠦ ᠠᠮᠢ ᠠ᠋
ᠭᠡᠷ ᠲᠣᠭᠣᠷᠢᠨ ᠠᠨᠢᠷᠯᠠᠬᠤ ᠪᠣᠷᠣ ᠲᠠᠯ᠎ᠠ ᠶ᠋ᠢᠨ ᠰᠡᠪᠰᠢᠶ᠎ᠡ
ᠭᠡᠭᠡᠨ ᠬᠣᠨᠳᠣ ᠳ᠋ᠤ᠌ ᠵᠡᠭᠦᠷᠮᠡᠭᠯᠡᠬᠦ ᠮᠢᠨᠦ ᠬᠠᠪᠤᠷᠵᠢᠶ᠎ᠠ
ᠰᠡᠷᠪᠡᠭᠡᠨ ᠳ᠋ᠦ᠍ ᠴᠠᠢᠷᠠᠭᠰᠠᠨ ᠤᠯᠠᠷᠢᠯ ᠨᠠᠰᠤᠨ ᠤ᠋ ᠰᠠᠨᠠᠭᠠᠨ ᠳ᠋ᠤ᠌ ᠰᠡᠩᠭᠢᠨᠡᠬᠦ ᠳ᠋ᠦ᠍
ᠰᠡᠳᠬᠢᠯ ᠦᠨᠦᠰᠬᠦ ᠰᠠᠯᠬᠢ ᠲᠠᠢ ᠨᠤᠲᠤᠭ ᠢ᠋ᠶ᠋ᠠᠷ ᠢ᠋ᠶ᠋ᠠᠨ ᠠᠮᠢᠰᠬᠤᠯᠯᠠᠨ᠎ᠠ
ᠨᠠᠰᠤ ᠨᠠᠰᠤᠨ ᠤ᠋ ᠬᠠᠴᠠᠷ ᠲᠤ᠌ ᠨᠠᠮᠠᠶ᠋ᠢ ᠦᠨᠦᠰᠦᠭᠰᠡᠨ
ᠨᠤᠲᠤᠭ ᠤ᠋ᠨ ᠡᠷᠢᠶᠡᠨ ᠰᠠᠯᠬᠢ ᠮᠢᠨᠢ ᠮᠢᠨᠦ ᠦᠨᠦᠷ ᠲᠡᠢ
ᠦᠷ᠎ᠡ ᠪᠡᠨ ᠦᠯᠡᠳᠡᠭᠡᠵᠦ ᠦᠨᠦᠰᠦᠭᠦᠯᠬᠦ ᠮᠣᠩᠭᠣᠯ ᠤ᠋ᠨ ᠬᠥᠬᠡ ᠰᠠᠯᠬᠢ ᠮᠢᠨᠢ
ᠮᠢᠨᠦ ᠯᠡ ᠠᠮᠢᠰᠬᠤᠭ᠎ᠠ᠂ ᠮᠢᠨᠦ ᠯᠡ ᠠᠮᠢ ᠠ᠋!
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠣ᠎ᠠ
