ᠳᠠᠷᠠᠰᠤДэрс

ᠳᠠᠷᠠᠰᠤ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠳ᠋ᠢᠶᠠᠮᠧᠲ᠋ᠷ ᠨᠢ 3mm ᠣᠷᠴᠢᠮ᠂ ᠮᠠᠰᠢ ᠪᠥᠬᠡ ᠦᠨᠳᠦᠰᠦ ᠲᠡᠢ᠃ ᠰᠦᠷᠡᠯ ᠨᠢ ᠪᠤᠲᠠᠯᠠᠵᠤ ᠰᠢᠯᠤᠭᠤᠨ ᠤᠷᠭᠤᠨ᠎ᠠ᠂ ᠬᠠᠲᠠᠭᠤ᠂50—250cm ᠥᠨᠳᠥᠷ᠂ ᠶᠡᠷᠦ ᠳ᠋ᠡᠭᠡᠨ ᠭᠥᠯᠢᠭᠡᠷ᠂ ᠣᠵᠣᠭᠣᠷ ᠲᠤᠨᠢ ᠬᠤᠪᠠᠬᠠᠢᠷᠠᠭᠰᠠᠨ ᠰᠢᠷᠠᠪᠲᠤᠷ ᠬᠦᠷᠡᠩ ᠮᠥᠩᠬᠡ ᠣᠷᠣᠰᠢᠬᠤ ᠨᠠᠪᠴᠢᠨ ᠤ᠋ ᠲᠣᠭᠳᠣᠢ ᠪᠣᠢ᠃ ᠨᠠᠪᠴᠢᠨ ᠤ᠋ ᠲᠣᠭᠳᠣᠢ ᠨᠢ ᠦᠰᠦ ᠦᠭᠡᠢ᠂ ᠲᠣᠷᠭᠠᠨ ᠬᠠᠯᠢᠰᠤᠯᠢᠭ ᠬᠥᠪᠡᠭᠡ ᠲᠡᠢ ; ᠨᠠᠪᠴᠢ ᠨᠢ ᠮᠠᠰᠢ ᠪᠡᠬᠢ᠂ ᠭᠣᠣᠯᠲᠤ ᠪᠠᠷ ᠬᠤᠮᠢᠷᠠᠨ᠎ᠠ᠂ 30—60cm ᠤᠷᠲᠤ᠂ ᠳᠡᠭᠡᠳᠦ ᠲᠠᠯ᠎ᠠ ᠳ᠋ᠤᠨᠢ ᠬᠦᠷᠡᠢᠭᠰᠡᠨ ᠰᠤᠳᠠᠯ ᠤ᠋ᠳ ᠲᠠᠢ᠂ ᠠᠷᠤ ᠨᠢ ᠭᠥᠯᠢᠭᠡᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ40—60cm ᠤᠷᠲᠤ᠂ ᠴᠡᠴᠡᠭᠯᠡᠬᠦ ᠦᠶ᠎ᠡ ᠳ᠋ᠦ᠍ ᠰᠤᠪᠤᠷᠭᠠᠨ ᠲᠥᠯᠥᠪ ᠲᠡᠢ ᠪᠣᠯᠤᠨ᠎ᠠ᠂ ᠰᠠᠯᠠᠭ᠎ᠠ ᠨᠢ ᠨᠠᠷᠢᠨ᠂ ᠬᠡᠳᠦ ᠬᠡᠳᠦ ᠪᠡᠷ ᠪᠠᠭᠯᠠᠷᠠᠵᠤ ᠤᠷᠭᠤᠨ᠎ᠠ᠂17cm ᠣᠷᠴᠢᠮ ᠤᠷᠲᠤ ; ᠵᠢᠵᠢᠭ ᠲᠦᠷᠦᠭᠦᠦ ᠨᠢ 4.5—6.5mm ᠤᠷᠲᠤ᠂ ᠴᠠᠢᠪᠤᠷ ᠨᠣᠭᠣᠭᠠᠨ ᠪᠤᠶᠤ ᠪᠣᠷᠣᠪᠲᠤᠷ᠂ ᠡᠰᠡᠬᠦᠯ᠎ᠡ ᠰᠠᠭᠠᠷᠠᠯ ᠰᠢᠷ᠎ᠠ ; ᠬᠠᠯᠢᠰᠤ ᠨᠢ ᠨᠢᠮᠭᠡᠨ᠂ ᠱᠣᠪᠬᠣ ᠦᠵᠦᠭᠦᠷ ᠲᠡᠢ᠂ ᠨᠢᠭᠡᠳᠦᠭᠡᠷ ᠬᠠᠯᠢᠰᠤ ᠨᠢ ᠬᠣᠶᠠᠳᠤᠭᠠᠷ ᠬᠠᠯᠢᠰᠤ ᠠ᠋ᠴᠠ ᠪᠠᠨ ᠣᠬᠣᠷ ᠪᠠᠢᠳᠠᠭ ; ᠭᠠᠳᠠᠷ ᠬᠡᠪᠡᠭ ᠨᠢ4.5mm ᠤᠷᠲᠤ᠂ ᠲᠠᠪᠤᠨ ᠰᠤᠳᠠᠯ ᠲᠠᠢ᠂ ᠠᠷᠤ ᠳ᠋ᠤᠨᠢ ᠨᠢᠭ ᠵᠥᠭᠡᠯᠡᠨ ᠦᠰᠦ ᠲᠡᠢ᠂ ᠣᠷᠣᠢ ᠳ᠋ᠤᠨᠢ ᠣᠨᠢ ᠲᠠᠢ ; ᠰᠠᠭᠤᠷᠢ ᠲᠠᠪᠠᠭ ᠨᠢ ᠮᠣᠭᠣᠲᠣᠷ ᠲᠣᠭᠣᠷᠢᠭ᠂ ᠦᠰᠦ ᠲᠡᠢ᠂ 0.5mm ᠣᠷᠴᠢᠮ ᠤᠷᠲᠤ ; ᠰᠤᠷ ᠨᠢ ᠰᠢᠯᠤᠭᠤᠨ ᠪᠤᠶᠤ ᠵᠢᠭᠠᠬᠠᠨ ᠮᠤᠷᠤᠢ᠂ ᠮᠤᠰᠬᠢᠷᠠᠬᠤ ᠦᠭᠡᠢ᠂ 5—10mm ᠤᠷᠲᠤ᠂ ᠲᠤᠩ ᠬᠢᠯᠪᠠᠷ ᠬᠤᠭᠤᠷᠠᠵᠤ ᠤᠨᠠᠨ᠎ᠠ ; ᠳᠣᠲᠣᠷ ᠬᠡᠪᠡᠭ ᠨᠢ ᠬᠣᠶᠠᠷ ᠰᠤᠳᠠᠯ ᠲᠠᠢ᠂ ᠦᠰᠦ ᠲᠡᠢ ; ᠲᠣᠭᠣᠰᠣᠪᠴᠢ ᠨᠢ 2.5—3mm ᠤᠷᠲᠤ᠂ ᠣᠷᠣᠢ ᠳ᠋ᠤᠨᠢ ᠵᠢᠵᠢᠭ ᠦᠰᠦ ᠲᠡᠢ᠃
ᠬᠡᠭᠡᠷ᠎ᠡ ᠲᠠᠯ᠎ᠠ᠂ ᠪᠠᠬᠠᠨ ᠬᠤᠵᠢᠷᠯᠢᠭ ᠴᠠᠢᠳᠠᠮ ᠲᠠᠯ᠎ᠠ ᠳ᠋ᠤ᠌ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ ᠬᠢᠭᠡᠳ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠤᠷᠭᠤᠳᠠᠭ᠃
ᠬᠠᠪᠤᠷ ᠡᠷᠲᠡ ᠮᠠᠯ ᠲᠡᠵᠢᠭᠡᠪᠦᠷᠢ ᠶ᠋ᠢᠨ ᠰᠠᠢᠨ ᠪᠣᠷᠳᠣᠭ᠎ᠠ ᠡᠪᠡᠰᠦ᠃ ᠡᠰᠢ ᠨᠠᠪᠴᠢ ᠨᠢ ᠴᠠᠭᠠᠰᠤ᠂ ᠬᠢᠮᠡᠯ ᠬᠥᠪᠥᠩ ᠦ᠋ᠨ ᠰᠠᠢᠨ ᠲᠦᠭᠦᠬᠡᠢ ᠡᠳ᠋᠃ ᠡᠰᠢ ᠪᠡᠷ ᠨᠢ ᠣᠯᠠᠨ ᠵᠦᠢᠯ ᠦ᠋ᠨ ᠰᠠᠭᠰᠤ ᠵᠡᠷᠭᠡ ᠶ᠋ᠢ ᠬᠦᠷᠦᠨ᠎ᠡ᠂ ᠪᠠᠰᠠ ᠱᠦᠭᠦᠷ ᠬᠢᠳᠡᠭ᠃ ᠮᠥᠨ ᠤᠰᠤ ᠰᠢᠷᠣᠢ ᠶ᠋ᠢ ᠬᠠᠮᠠᠭᠠᠯᠠᠬᠤ ᠰᠠᠢᠨ ᠤᠷᠭᠤᠮᠠᠯ᠃
ᠬᠢᠲᠠᠳ ᠨᠡᠷ᠎ᠡ᠄芨芨草
ᠠᠩᠭ᠌ᠯᠢ ᠨᠡᠷ᠎ᠡ᠄ Achnatherum splendens (Trin.) Nevski
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ
