ᠪᠣᠰᠤᠭ᠎ᠠ ᠦᠰᠦᠭ᠂ ᠪᠣᠳᠣᠯ ᠤᠨ ᠰᠢᠯᠦᠭ ᠢᠶᠡᠨ - ᠬᠤᠷᠴᠢᠨ Босоо үсэг ᠂ бодлын шүлгээ - Хорчин
ᠪᠣᠰᠤᠭ᠎ᠠ ᠦᠰᠦᠭ᠂ ᠪᠣᠳᠣᠯ ᠤᠨ ᠰᠢᠯᠦᠭ ᠢᠶᠡᠨ
ᠬᠤᠷᠴᠢᠨ
ᠪᠠᠭᠰᠢ ᠶᠢᠨ ᠵᠢᠭᠠᠭᠰᠠᠨ ᠮᠣᠩᠭᠣᠯ ᠬᠡᠯᠡ ᠳᠤ ᠪᠠᠨ ᠣᠰᠣᠯᠳᠠᠨᠠ
ᠪᠣᠳᠣᠯ ᠰᠡᠳᠬᠢᠯ ᠤᠨ ᠰᠢᠯᠦᠭ ᠢᠶᠠᠨ ᠪᠢᠴᠢᠬᠦ ᠥᠬᠡᠢ ᠪᠣᠯ ᠪᠢ
ᠪᠤᠭᠤᠷᠤᠯ ᠳᠡᠭᠡᠳᠦᠰ ᠤᠨ ᠰᠦᠨᠡᠰᠦᠨ ᠳᠤ ᠪᠠᠨ ᠣᠰᠣᠯᠳᠠᠨᠠ
ᠪᠠᠬᠠᠷᠬᠠᠯ ᠲᠠᠢ ᠰᠠᠢᠬᠠᠨ ᠤᠳᠬ᠎ᠠ ᠤᠶᠠᠩᠭ᠎ᠠ ᠭᠡᠭᠴᠢ
ᠪᠠᠷᠠᠭᠠᠨ ᠡᠭᠦᠯᠡᠨ ᠳᠤ ᠯᠣᠤ ᠮᠠᠭᠰᠢᠬᠤ ᠶᠠᠭᠤᠨ ᠣᠨᠳᠣᠣ
ᠪᠣᠯᠪᠠᠰᠤᠷᠠᠩᠭᠤᠢ ᠰᠠᠢᠬᠠᠨ ᠪᠣᠰᠤᠭ᠎ᠠ ᠪᠢᠴᠢᠯᠭᠡ ᠭᠡᠭᠴᠢ
ᠪᠠᠷᠲᠠᠭᠠᠲᠤ ᠠᠭᠤᠯᠠᠨ ᠳᠤ ᠪᠠᠷᠰ ᠲᠣᠭᠯᠠᠬᠤ ᠶᠠᠭᠤᠨ ᠣᠨᠳᠣᠣ
ᠪᠣᠳᠣᠯ ᠦᠵᠡᠯ ᠪᠢᠷ ᠤᠨ ᠦᠵᠦᠭᠦᠷ ᠲᠤ ᠲᠥᠪᠯᠡᠷᠡᠪᠡᠯ
ᠪᠢᠰᠢᠯᠭᠠᠯ ᠡᠷᠳᠡᠮ ᠪᠦᠷᠢᠨ ᠪᠣᠯᠣᠭᠰᠠᠨ ᠤ ᠢᠯᠡᠷᠡᠯ
ᠪᠤᠭᠤᠷᠤᠯ ᠪᠠᠭᠰᠢ ᠶᠢᠨ ᠵᠢᠭᠠᠭᠰᠠᠨ ᠦᠨᠡᠲᠦ ᠮᠡᠳᠡᠯᠭᠡ
ᠪᠣᠮᠠᠨ ᠦᠶ᠎ᠡ ᠳᠡᠭᠡᠨ ᠤᠯᠠᠮᠵᠢᠯᠠᠬᠤ ᠨᠠᠨᠳᠢᠨ ᠬᠥᠷᠥᠩᠭᠡ
ᠠᠰ ᠪᠣᠰᠤᠭ᠎ᠠ ᠬᠡᠢᠮᠣᠷᠢᠯᠢᠭ ᠮᠣᠩᠭᠣᠯ ᠦᠰᠦᠭ
ᠠᠯᠲᠠᠨ ᠳᠡᠯᠡᠬᠡᠢ ᠳᠤ ᠲᠡᠭᠷᠢ ᠭᠠᠵᠠᠷ ᠢ ᠬᠣᠯᠪᠣᠨ᠎ᠠ
ᠠᠭᠤᠤ ᠰᠣᠶᠣᠯ ᠤᠨ ᠠᠷᠢᠭᠤᠨ ᠦᠢᠯᠡᠰ ᠤᠨ ᠮᠥᠷ
ᠠᠰᠢᠳᠠ ᠶᠢᠨ ᠵᠠᠶᠠᠭᠠᠨ ᠤ ᠬᠦᠰᠡᠯ ᠢ ᠬᠠᠩᠭᠠᠨ᠎ᠠ
2024᠂ 04᠂ 29

