ᠪᠣᠭᠳᠠ ᠯᠣᠣᠶᠠ ᠶ᠋ᠢᠨ ᠪᠦᠷᠢᠨ ᠲᠥᠯᠭᠡ 1~10 Богд лууяны бүрэн төлөг 1~10 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠭᠳᠠ ᠯᠣᠣᠶᠠ ᠶ᠋ᠢᠨ ᠪᠦᠷᠢᠨ ᠲᠥᠯᠭᠡ 1~10 Богд лууяны бүрэн төлөг 1~10

ᠪᠣᠭᠳᠠ ᠯᠣᠣᠶᠠ ᠶ᠋ᠢᠨ ᠪᠦᠷᠢᠨ ᠲᠥᠯᠭᠡ 1~10 Богд лууяны бүрэн төлөг 1~10

ᠠᠩᠭᠢᠯᠠᠯ:ᠵᠠᠩ ᠦᠢᠯᠡ
2024-05-02

317


      ᠲᠡᠷᠢᠭᠦᠨ ᠲᠥᠯᠭᠡ : ᠬᠥᠬᠡ ᠬᠥᠬᠡ᠂ ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ : ᠬᠠᠨ ᠺᠣᠤ ᠱᠤ᠌ ᠪᠣᠭᠣᠮᠲᠠ ᠳ᠋ᠤᠷ ᠣᠷᠣᠭᠰᠠᠨ : ᠴᠣᠭ ᠪᠠᠳᠠᠷᠠᠵᠤ ᠭᠠᠭᠴᠠᠭᠠᠷ ᠶᠠᠪᠤᠭᠰᠠᠭᠠᠷ ᠡᠭᠦᠯᠡ ᠭᠥᠯᠥᠭᠡᠯᠡᠨ ᠬᠠᠨ ᠣᠷᠳᠣᠨ ᠤ᠋ ᠮᠢᠩᠭᠠᠨ ᠨᠣᠶᠠᠳ ᠲᠤᠷ ᠡᠷᠭᠢᠨ ᠪᠣᠯᠤᠮᠤᠢ᠂ ᠪᠠᠶᠠᠨ ᠰᠠᠢᠨ ᠡᠷᠬᠡ ᠬᠦᠴᠦᠨ ᠢ ᠲᠡᠭᠷᠢ ᠡᠴᠡ ᠬᠦᠷᠲᠡᠵᠦ᠂ ᠪᠤᠶᠠᠨ ᠥᠯᠵᠡᠢ ᠠᠭᠤᠯᠠ ᠪᠠᠲᠤᠳᠤᠮᠤᠢ᠃ 
      ᠪᠣᠭᠳᠠ ᠶ᠋ᠢᠨ ᠲᠠᠭᠠᠯᠠᠯ᠄ ᠭᠠᠪᠢᠶ᠎ᠠ ᠨᠡᠷ᠎ᠡ ᠰᠡᠳᠬᠢᠯ ᠢ ᠬᠠᠩᠭᠠᠮᠤᠢ᠂ ᠪᠤᠶᠠᠨ ᠬᠡᠰᠢᠭ ᠲᠡᠭᠦᠰᠪᠡᠢ᠂ ᠵᠠᠷᠭᠤ ᠢᠯᠭᠤᠮᠤᠢ᠂  ᠡᠪᠡᠳᠴᠢᠲᠡᠨ ᠳᠠᠷᠤᠢ ᠡᠳᠡᠭᠡᠮᠦᠢ᠂ ᠲᠠᠷᠢᠶ᠎ᠠ ᠲᠥᠮᠥᠰᠥ ᠲᠦᠷᠦᠮᠦᠢ᠂ ᠵᠢᠷᠮᠦᠰᠦᠨ ᠬᠥᠪᠡᠭᠦᠨ ᠬᠥᠩᠭᠡᠵᠢᠮᠦᠢ᠂ ᠶᠠᠪᠤᠳᠠᠯ ᠤ᠋ᠨ ᠬᠥᠮᠦᠨ ᠢᠷᠡᠮᠦᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠰᠠᠨ ᠬᠡᠷᠡᠭ ᠰᠡᠳᠬᠢᠯᠴᠢᠯᠡᠨ ᠪᠦᠲᠦᠮᠦᠢ᠂ ᠭᠠᠭᠴᠠ ᠡᠵᠡᠯᠡᠭᠰᠡᠨ ᠠᠨᠤ ᠥᠪᠡᠷ᠎ᠡ ᠲᠦᠰᠢᠮᠡᠯ ᠪᠥᠭᠡᠰᠦ ᠲᠡᠭᠰᠢ ᠳᠠᠪᠰᠢᠬᠤ ᠶ᠋ᠢᠨ ᠪᠠᠶᠠᠷ ᠪᠣᠢ᠂ ᠪᠢᠴᠢᠭ ᠦ᠋ᠨ ᠬᠥᠮᠦᠨ ᠪᠥᠭᠡᠰᠦ ᠭᠠᠪᠢᠶ᠎ᠠ ᠨᠡᠷ᠎ᠡ ᠶ᠋ᠢᠨ ᠬᠤᠪᠢ ᠪᠣᠢ᠂ ᠦᠳᠡᠯᠡ ᠠᠷᠠᠳ ᠲᠤ᠌ ᠰᠠᠢᠨ ᠪᠤᠰᠤ᠂ ᠬᠡᠷᠡᠭ ᠦᠢᠯᠡᠳᠬᠦ ᠪᠠ ᠠᠰᠢᠭ ᠡᠷᠢᠬᠦ ᠶ᠋ᠢᠨ ᠲᠤᠯᠠ ᠪᠣᠯᠪᠠᠰᠤ ᠰᠢᠮᠡᠲᠦ ᠪᠤᠰᠤ᠂ ᠲᠡᠷᠡ ᠵᠠᠭᠤᠨ ᠬᠡᠮᠡᠪᠡᠰᠦ ᠡᠨᠡ ᠦᠭᠡᠰ ᠴᠥᠮ ᠬᠣᠭᠣᠰᠣᠨ ᠪᠣᠯᠠᠢ᠃ 
      ᠰᠠᠨᠠᠭ᠎ᠠ ᠲᠠᠢᠯᠤᠭᠰᠠᠨ : ᠡᠷᠳᠡᠮᠲᠡᠨ ᠮᠡᠷᠭᠡᠳ ᠪᠡᠶ᠎ᠡ ᠳᠡᠭᠡᠭᠰᠢ ᠲᠠᠪᠰᠢᠵᠤ ᠬᠠᠨ ᠬᠠᠷᠰᠢ ᠶ᠋ᠢᠨ ᠮᠢᠩᠭᠠᠨ ᠲᠦᠰᠢᠮᠡᠯ ᠡᠴᠡ ᠬᠡᠲᠦᠷᠡᠮᠦᠢ᠂ ᠥᠯᠵᠡᠢ ᠶ᠋ᠢᠨ ᠠᠭᠤᠯᠠ᠂ ᠪᠤᠶᠠᠨ ᠤ᠋ ᠳᠠᠯᠠᠢ ᠶ᠋ᠢ ᠴᠥᠮ ᠲᠡᠭᠷᠢ ᠡᠴᠡ ᠵᠠᠶᠠᠭᠠᠭᠰᠠᠨ ᠲᠤᠯᠠ ᠶᠡᠷᠦ ᠠᠷᠠᠳ ᠪᠣᠯᠪᠠᠰᠤ  ᠬᠢᠯᠪᠠᠷ ᠣᠯᠵᠤ ᠪᠣᠯᠬᠤ ᠦᠭᠡᠢ᠂ ᠲᠡᠢᠨ ᠬᠦ᠌ ᠲᠥᠯᠭᠡ ᠳ᠋ᠦ᠍ᠷ ᠪᠠᠷᠰ ᠢ ᠤᠨᠤᠬᠤ ᠮᠡᠲᠦ ᠡᠵᠡᠯᠡᠨ ᠴᠢᠳᠠᠪᠠᠰᠤ ᠰᠠᠢᠨ᠂ ᠡᠵᠡᠯᠡᠨ ᠡᠰᠡ ᠴᠢᠳᠠᠪᠠᠰᠤ ᠬᠠᠷᠢᠨ ᠪᠡᠶ᠎ᠡ ᠳ᠋ᠦ᠍ᠷ ᠬᠣᠣᠷ ᠪᠣᠯᠬᠤ ᠪᠣᠯᠠᠢ᠃ 
      ᠪᠡᠯᠭᠡ ᠶ᠋ᠢᠨ ᠳᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠭᠠᠪᠢᠶ᠎ᠠ ᠨᠡᠷ᠎ᠡ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠥᠪᠡᠷ ᠢ᠋ᠶ᠋ᠡᠨ ᠵᠤᠸᠠᠩ  ᠶᠤᠸᠠᠨ ᠪᠣᠯᠬᠤ ᠭᠡᠮᠡᠨ ᠪᠠᠲᠤᠯᠠᠭᠠᠳ ᠬᠤᠢ ᠱᠢ᠂ ᠳ᠋ᠢᠶᠠᠨ ᠱᠢ ᠬᠣᠶᠠᠷ ᠵᠡᠷᠭᠡ ᠴᠦ᠍ ᠬᠠᠷᠢᠨ ᠲᠤᠩᠬᠠᠭ ᠲᠤᠷ ᠭᠠᠷᠤᠭᠰᠠᠨ ᠦᠭᠡᠢ᠂ ᠬᠣᠵᠢᠮ ᠱᠠᠨ ᠳ᠋ᠦᠩ ᠦ᠋ᠨ ᡁᠢ ᠰᠢᠶᠠᠨ ᠪᠣᠯᠤᠭᠠᠳ᠂ ᠵᠧᠦ ᠡᠦ ᠡᠴᠡ ᠱᠠᠢ ᠳ᠋ᠣᠣ ᠳᠠᠪᠰᠢᠵᠤ ᠡᠦ ᠲᠡᠢ ᠬᠦᠷᠦᠭᠡᠳ ᠴᠥᠮ ᠱᠠᠨᠳᠦ᠋ᠩ ᠡᠴᠡ ᠠᠩᠭᠢᠵᠢᠷᠠᠭᠰᠠᠨ ᠦᠭᠡᠢ᠃  
      ᠬᠣᠶᠠᠳᠤᠭᠠᠷ ᠲᠥᠯᠭᠡ : ᠬᠥᠬᠡ ᠬᠥᠬᠡᠭᠴᠢᠨ᠂ ᠳᠡᠭᠡᠳᠦ  ᠰᠠᠢᠨ᠂ ᠲᠥᠯᠭᠡ ᠶ᠋ᠢᠨ ᠪᠡᠯᠭᠡ ᠠᠨᠤ : ᠵᠠᠩ ᠽᠢ ᠢᠩ ᠴᠢ ᠰᠥᠩ ᠲᠦᠷ ᠬᠡᠰᠦᠭᠰᠡᠨ : ᠲᠦᠭᠦᠷᠡᠬᠦ ᠳᠤᠮᠳᠠᠷᠠᠬᠤ ᠶ᠋ᠢᠨ ᠦᠨᠢᠰᠤᠨ ᠴᠥᠮ ᠲᠡᠭᠷᠢ ᠶ᠋ᠢᠨ ᠴᠠᠭ ᠪᠣᠢ᠂ ᠡᠭᠦᠨᠴᠡ ᠲᠡᠭᠦᠨ ᠤ ᠵᠠᠭᠤᠨ ᠵᠦᠢᠯ ᠦ᠋ᠨ ᠬᠡᠷᠡᠭ ᠦ᠋ᠨ ᠰᠠᠢᠨ ᠵᠣᠬᠢᠷᠠᠪᠠᠢ᠂ ᠣᠳᠬᠤ ᠲᠡᠷᠭᠡᠭᠦᠷ ᠢ ᠬᠡᠷᠪᠡ ᠠᠰᠠᠭᠤᠪᠠᠰᠤ ᠭᠠᠵᠠᠷ ᠬᠤᠷᠢᠶᠠᠬᠤᠢ ᠳ᠋ᠤᠷ ᠬᠠᠪᠢᠶᠠᠮᠤ᠂ ᠢᠮᠠᠬᠤ ᠶ᠋ᠢᠨ ᠲᠡᠳᠦᠢ ᠰᠡᠳᠬᠢᠯ ᠦ᠋ᠨ ᠣᠷᠣᠨ ᠢ ᠰᠠᠢᠲᠤᠷ ᠵᠠᠰᠠᠨ ᠦᠢᠯᠡᠳᠬᠦᠢ᠃ 
      ᠪᠣᠭᠳᠠ ᠶ᠋ᠢᠨ ᠲᠠᠭᠠᠯᠠᠯ : ᠵᠠᠷᠭᠤ ᠡᠪᠰᠡᠪᠡᠰᠦ ᠰᠠᠢᠨ᠂ ᠡᠪᠡᠳᠴᠢᠲᠡᠨ ᠵᠠᠯᠪᠠᠷᠢᠪᠠᠰᠤ ᠰᠠᠢᠨ᠂ ᠨᠡᠷ᠎ᠡ ᠠᠯᠳᠠᠷ ᠪᠣᠢ᠂ ᠣᠳᠪᠠ ᠭᠡᠮᠡᠨ ᠪᠢᠲᠡᠭᠡᠢ ᠶᠠᠭᠠᠷᠠ᠂ ᠠᠰᠢᠭ ᠡᠷᠢᠪᠡᠰᠦ ᠳᠤᠮᠳᠠ᠂ ᠤᠷᠤᠭ ᠪᠣᠯᠤᠯᠴᠠᠪᠠᠰᠤ ᠰᠠᠢᠨ᠂ ᠳᠡᠮᠡᠢ ᠶᠠᠪᠤᠪᠠᠰᠤ ᠪᠡᠶ᠎ᠡ ᠪᠡᠨ ᠰᠠᠬᠢᠵᠤ ᠦᠯᠦ ᠪᠣᠯᠤᠮᠤᠢ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠨᠠᠭᠰᠠᠨ ᠬᠡᠷᠡᠭ ᠬᠣᠭᠣᠰᠣᠨ ᠮᠡᠲᠦ᠂ ᠳᠠᠷᠤᠢ ᠦᠢᠯᠡᠳᠪᠡᠰᠦ ᠪᠦᠲᠦᠬᠦ ᠦᠭᠡᠢ᠂ ᠤᠴᠠᠷᠠᠯ ᠢ ᠬᠦᠯᠢᠶᠡᠪᠡᠰᠦ ᠰᠠᠶᠢ ᠪᠣᠯᠤᠮᠤᠢ᠂ ᠤᠷᠤᠭ ᠪᠣᠯᠤᠯᠴᠠᠪᠠᠰᠤ ᠵᠣᠬᠢᠯᠳᠤᠮᠤᠢ᠂ ᠵᠠᠷᠭᠤ ᠡᠪᠰᠡᠪᠡᠰᠦ ᠰᠠᠢᠨ᠂ ᠡᠳ᠋ ᠡᠷᠢᠪᠡᠰᠦ ᠪᠣᠢ᠂ ᠶᠠᠪᠤᠳᠠᠯ ᠤ᠋ᠨ ᠬᠥᠮᠦᠨ ᠢᠷᠡᠮᠦᠢ᠂ ᠵᠢᠷᠮᠦᠰᠦᠨ ᠪᠥᠭᠡᠰᠦ ᠥᠬᠢᠨ ᠬᠥᠩᠭᠡᠵᠢᠮᠦᠢ᠂ ᠡᠪᠡᠳᠴᠢᠲᠡᠨ᠎ᠡ ᠭᠦᠷᠢᠮ ᠬᠡᠷᠡᠭᠲᠡᠢ᠂ ᠶᠡᠬᠡ ᠲᠥᠯᠥᠪ ᠢᠨᠤ ᠥᠷᠥᠰᠢᠶᠡᠯᠲᠦ ᠰᠡᠳᠬᠢᠯ ᠢ ᠪᠠᠷᠢᠵᠤ ᠪᠤᠶᠠᠨ ᠦᠢᠯᠡᠳᠬᠦ ᠶ᠋ᠢ ᠡᠷᠭᠢᠯᠡ᠃ 
      ᠰᠠᠨᠠᠭ᠎ᠠ ᠲᠠᠢᠯᠤᠭᠰᠠᠨ : ᠳᠦᠭᠦᠷᠡᠩ ᠬᠣᠭᠣᠰᠣᠨ ᠦᠭᠡᠭᠦᠦ ᠠᠮᠤᠵᠢᠬᠤ ᠡᠨᠡ ᠳᠥᠷᠪᠡᠨ ᠲᠡᠭᠷᠢ ᠡᠴᠡ ᠵᠠᠶᠠᠭᠠᠭᠰᠠᠨ ᠬᠤᠪᠢ ᠢᠮᠠᠭᠲᠠ ᠶᠣᠰᠣᠨ ᠳ᠋ᠠᠭᠠᠨ ᠶᠠᠪᠤᠵᠤ ᠪᠢᠲᠡᠭᠡᠢ ᠥᠪᠡᠷ ᠦ᠋ᠨ ᠵᠣᠷᠢᠭ ᠢ᠋ᠶ᠋ᠠᠷ ᠪᠣᠯᠭ᠎ᠠ᠂ ᠣᠳᠬᠤ ᠲᠡᠷᠭᠡᠭᠦᠷ ᠢ ᠬᠤᠷᠢᠶᠠᠬᠤ ᠬᠡᠮᠡᠭᠰᠡᠨ ᠨᠢ ᠨᠢᠳᠦᠨ ᠡᠮᠦᠨᠡᠬᠢ ᠭᠠᠪᠢᠶ᠎ᠠ ᠶ᠋ᠢ ᠥᠭᠦᠯᠡᠪᠡᠢ᠂ ᠭᠠᠪᠢᠶ᠎ᠠ ᠨᠠᠷᠠᠨ ᠪᠥᠭᠡᠰᠦ ᠶᠠᠪᠤᠳᠠᠯ ᠢ ᠵᠠᠰᠠᠨ ᠦᠢᠯᠡᠳᠪᠡᠰᠦ ᠣᠯᠵᠤ ᠪᠣᠯᠤᠮᠤᠢ᠂ ᠡᠪᠡᠳᠴᠢᠲᠡᠨ ᠢ ᠮᠠᠭᠠᠳᠯᠠᠵᠤ ᠪᠣᠯᠬᠤ ᠦᠭᠡᠢ᠂ ᠵᠠᠷᠭᠤ ᠳᠠᠭᠤᠰᠪᠤᠷᠢ ᠦᠭᠡᠢ᠂ ᠬᠡᠷᠪᠡ ᠪᠤᠰᠤ ᠬᠡᠷᠡᠭ ᠪᠥᠭᠡᠰᠦ ᠪᠣᠯᠤᠮᠤᠢ ᠬᠡᠮᠡᠭᠰᠡᠨ ᠨᠢ ᠬᠥᠮᠦᠨ ᠤ ᠰᠡᠳᠬᠢᠯ ᠶᠠᠪᠤᠳᠠᠯ ᠢ᠋ᠶ᠋ᠠᠨ ᠵᠠᠰᠠᠲᠤᠭᠠᠢ ᠬᠡᠮᠡᠭᠰᠡᠨ ᠪᠣᠯᠠᠢ᠂ ᠭᠠᠵᠠᠷ ᠬᠤᠷᠢᠶᠠᠬᠤ ᠠᠨᠤ ᠸᠧᠢ ᠴᠠᠩ ᠸᠠᠩ ᠬᠦ ᠬᠦᠩ ᠦ᠋ᠨ ᠳᠡᠷᠭᠡᠳᠡ ᠪᠠᠢᠬᠤᠢ ᠳ᠋ᠤᠷ ᠠᠷᠰᠢ ᠴᠦᠨ ᠶᠠᠩ ᠮᠢᠩᠭᠠᠨ ᠭᠠᠵᠠᠷ ᠢ ᠬᠤᠷᠢᠶᠠᠵᠤ ᠨᠢᠳᠦᠨ ᠡᠮᠦᠨ᠎ᠡ ᠪᠣᠯᠭᠠᠭᠰᠠᠨ ᠪᠣᠯᠠᠢ᠃ 
      ᠪᠡᠯᠭᠡ ᠶ᠋ᠢᠨ ᠲᠣᠬᠢᠶᠠᠯᠳᠤᠪᠦᠷᠢ᠄ ᠨᠢᠭᠡᠨ ᠵᠠᠯᠠᠭᠤᠰ ᠡᠪᠡᠳᠦᠭᠡᠳ ᠡᠪᠡᠳᠴᠢᠨ ᠬᠦᠨᠳᠦᠷᠡᠨ᠂ ᠦᠵᠡᠭᠦᠯᠪᠡᠰᠦ ᠡᠨᠡ ᠲᠥᠯᠭᠡ ᠪᠠᠭᠤᠵᠤᠬᠤᠢ᠃  ᠢᠨᠤ ᠬᠦᠨᠳᠦᠷᠡᠵᠦ ᠨᠥᠭᠴᠢᠪᠡᠢ᠂ ᠣᠳᠬᠤ ᠲᠡᠷᠭᠡᠭᠦᠷ ᠢ ᠬᠤᠷᠢᠶᠠᠬᠤ ᠯᠤᠭ᠎ᠠ ᠨᠡᠢᠯᠡᠵᠦᠬᠦᠢ᠂ ᠨᠢᠭᠡᠨ ᠬᠥᠮᠦᠨ ᠶᠠᠪᠤᠳᠠᠯ ᠤ᠋ᠨ ᠬᠥᠮᠦᠨ ᠢ ᠦᠵᠡᠭᠦᠯᠦᠭᠡᠳ ᠬᠡᠳᠦᠨ ᠡᠳᠦᠷ ᠪᠣᠯᠤᠭᠰᠠᠨ ᠦᠭᠡᠢ ᠢᠷᠡᠪᠡ᠂ ᠡᠨᠡ ᠴᠥᠮ ᠭᠠᠵᠠᠷ ᠬᠤᠷᠢᠶᠠᠭᠰᠠᠨ ᠤ᠋ ᠭᠠᠢᠬᠠᠯ ᠳ᠋ᠤᠷ ᠲᠣᠬᠢᠶᠠᠯᠳᠤᠵᠤᠬᠤᠢ᠃  
      ᠭᠤᠲᠠᠭᠠᠷ ᠲᠥᠯᠭᠡ : ᠬᠥᠬᠡ ᠤᠯᠠᠭᠠᠨ᠂ ᠳᠤᠮᠳᠠ ᠰᠠᠢᠨ᠂ ᠲᠥᠯᠭᠡ ᠶ᠋ᠢᠨ ᠪᠡᠯᠭᠡ ᠠᠨᠤ : ᠵᠢᠶᠠᠨ ᠡᠢ ᠬᠠᠨ ᠸᠸᠨ ᠳᠢ ᠳ᠋ᠦ᠍ᠷ ᠠᠭᠤᠯᠵᠠᠭᠰᠠᠨ : ᠢᠳᠡᠭᠡᠨ ᠬᠤᠪᠴᠠᠰᠤ ᠥᠪᠡᠷ ᠪᠦᠬᠦᠢ ᠣᠷᠣᠨ᠎ᠠ ᠪᠣᠢ ᠪᠥᠯᠥᠭᠡ᠂ ᠡᠭᠦᠨᠦ ᠲᠤᠯᠠ ᠰᠡᠳᠬᠢᠯ ᠵᠣᠪᠠᠭᠠᠬᠤ ᠬᠡᠷᠡᠭ ᠦᠭᠡᠢ᠂ ᠬᠡᠷᠪᠡ ᠠᠴᠢᠯᠠᠬᠤ ᠳᠡᠭᠦᠦᠴᠢᠯᠡᠬᠦ᠂ ᠪᠠᠲᠤ ᠰᠢᠳᠤᠷᠭᠤ ᠪᠣᠯᠪᠠᠰᠤ᠂ ᠪᠤᠶᠠᠨ ᠬᠡᠰᠢᠭ ᠪᠦᠷᠢᠳᠦᠭᠡᠳ ᠬᠠᠨᠢ ᠴᠢᠳᠬᠥᠷ ᠬᠠᠯᠲᠤᠬᠤ ᠦᠭᠡᠢ᠃ 
      ᠪᠣᠭᠳᠠ ᠶ᠋ᠢᠨ ᠲᠠᠭᠠᠯᠠᠯ : ᠨᠡᠷ᠎ᠡ ᠠᠰᠢᠭ ᠢ ᠠᠰᠠᠭᠤᠪᠠᠰᠤ ᠴᠠᠭ ᠲᠠᠭᠠᠨ ᠪᠣᠯᠪᠠᠰᠤᠷᠠᠮᠤᠢ᠂ ᠵᠠᠷᠭᠤ ᠡᠪᠰᠡᠪᠡᠰᠦ ᠰᠠᠢᠨ᠂ ᠡᠪᠡᠳᠴᠢᠲᠡᠨ ᠤᠳᠠᠭᠠᠨ ᠰᠠᠢᠨ ᠪᠣᠯᠬᠤ᠂ ᠡᠳ᠋ ᠢ ᠬᠦᠰᠡᠪᠡᠰᠦ ᠵᠣᠬᠢᠬᠤ ᠦᠭᠡᠢ᠂ ᠰᠠᠢᠲᠤᠷ ᠬᠦᠯᠢᠴᠡᠪᠡᠰᠦ ᠰᠠᠢᠨ᠂ ᠰᠡᠵᠢᠭᠯᠡᠬᠦ ᠬᠡᠷᠡᠭ ᠦᠭᠡᠢ᠃  
     ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠭᠠᠭᠴᠠ ᠬᠠᠭᠤᠴᠢᠨ ᠬᠡᠪ ᠢ᠋ᠶ᠋ᠡᠨ ᠰᠠᠬᠢᠲᠤᠭᠠᠢ᠂ ᠪᠢᠲᠡᠭᠡᠢ ᠬᠣᠪᠳᠣᠭᠯᠠᠨ ᠡᠷᠢ᠂ ᠵᠦᠢ ᠠᠨᠤ ᠭᠣᠣᠯ ᠢ ᠪᠠᠷᠢᠨ ᠶᠠᠪᠤᠪᠠᠰᠤ ᠬᠣᠶᠠᠷ ᠡᠲᠡᠭᠡᠳ ᠲᠣᠷ ᠲᠤᠰᠠ ᠠᠨᠤ ᠲᠡᠭᠰᠢ᠂ ᠰᠠᠨᠠᠭᠰᠠᠨ ᠬᠡᠷᠡᠭ ᠤᠳᠠᠭᠠᠨ᠂ ᠡᠳ᠋ ᠢ ᠡᠷᠢᠪᠡᠰᠦ ᠰᠠᠭᠠᠳ ᠲᠠᠢ᠂ ᠤᠷᠤᠭ ᠪᠣᠯᠪᠠᠰᠤ ᠪᠦᠲᠦᠮᠦ᠂ ᠭᠠᠵᠠᠷ ᠤ᠋ᠨ ᠰᠤᠳᠠᠯ ᠲᠠᠮᠢᠷ ᠢ ᠬᠠᠯᠠ᠂ ᠵᠢᠷᠮᠦᠰᠦᠨ ᠳᠠᠷᠤᠢ ᠬᠥᠩᠭᠡᠵᠢᠮᠦᠢ᠂ ᠨᠣᠮ ᠭᠦᠷᠢᠮ ᠢ᠋ ᠣᠷᠣᠭᠰᠢ ᠰᠡᠷᠡᠮᠵᠢᠯᠡᠨ ᠦᠢᠯᠡᠳᠪᠡᠰᠦ ᠬᠣᠢᠰᠢ ᠠᠶᠤᠨ ᠰᠣᠴᠢᠬᠤ ᠶ᠋ᠢᠨ ᠭᠡᠮ ᠦᠭᠡᠢ ᠪᠣᠯᠤᠮᠤ᠃ 
      ᠰᠠᠨᠠᠭ᠎ᠠ ᠲᠠᠢᠯᠤᠭᠰᠠᠨ : ᠪᠦᠬᠦᠢ ᠣᠷᠣᠨ᠎ᠠ ᠪᠣᠢ ᠬᠡᠮᠡᠭᠰᠡᠨ ᠨᠢ ᠠᠯᠢᠪᠠ ᠬᠡᠷᠡᠭ ᠲᠦ᠍ ᠬᠤᠪᠢ ᠪᠠᠨ ᠰᠠᠬᠢᠪᠠᠰᠤ ᠣᠯᠵᠤ ᠪᠣᠯᠤᠮᠤᠢ᠂ ᠭᠡᠷ ᠲᠦ᠍ ᠠᠴᠢᠯᠠᠯ ᠳᠡᠭᠦᠦᠴᠢᠯᠡᠯ ᠢ᠋ᠶ᠋ᠡᠷ ᠶᠠᠪᠤᠪᠠᠰᠤ ᠳᠣᠲᠣᠭᠠᠳᠤ ᠶ᠋ᠢᠨ ᠬᠣᠷᠣᠰᠤᠯ ᠦᠯᠦ ᠪᠣᠯᠬᠤ᠂ ᠭᠠᠳᠠᠨ᠎ᠠ ᠰᠢᠳᠤᠷᠭᠤ ᠪᠠᠲᠤ ᠶᠠᠪᠤᠪᠠᠰᠤ ᠭᠠᠳᠠᠭᠠᠳᠤ ᠬᠥᠨᠥᠭᠡᠯ ᠦᠯᠦ ᠪᠣᠯᠬᠤ᠂ ᠬᠤᠳᠠᠯᠳᠤᠭᠠᠨ ᠬᠢᠪᠡᠰᠦ ᠡᠳ᠋ ᠲᠣᠭᠲᠠᠪᠤᠷᠢᠲᠠᠢ ᠤᠷᠤᠭ ᠤᠳᠠᠭᠠᠨ᠂ ᠬᠡᠷᠡᠭ ᠵᠠᠷᠭᠤ ᠬᠡᠯᠡ ᠠᠮᠠ ᠪᠣᠢ ᠪᠣᠯᠪᠠᠴᠤ ᠳᠠᠷᠤᠢ ᠤᠰᠠᠳᠤᠮᠤ᠂ ᠢᠮᠠᠭᠲᠠ ᠪᠡᠶ᠎ᠡ ᠪᠡᠨ ᠰᠠᠬᠢᠵᠤ ᠴᠠᠭ ᠢ ᠬᠦᠯᠢᠶᠡᠨ ᠪᠢᠲᠡᠭᠡᠢ ᠰᠡᠳᠬᠢᠯ ᠵᠣᠪᠠᠭᠠᠵᠤ ᠳᠡᠮᠡᠢ ᠶᠠᠪᠤᠭᠲᠤᠨ᠃ 
      ᠪᠡᠯᠭᠡ ᠶ᠋ᠢᠨ ᠳᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠰᠢᠯᠭᠠᠬᠤᠢ ᠳ᠋ᠤᠷ ᠰᠠᠭᠠᠳᠤᠭᠠᠳ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠭᠤᠶᠤᠵᠤ ᠰᠢᠯᠭᠠᠭᠳᠠᠪᠠ ᠃ ᠡᠨᠡ ᠠᠨᠤ ᠢᠳᠡᠭᠡᠨ ᠬᠤᠪᠴᠠᠰᠤ ᠴᠥᠮ ᠪᠦᠬᠦᠢ ᠣᠷᠣᠨ ᠳ᠋ᠤᠷ ᠪᠣᠢ ᠬᠡᠮᠡᠭᠰᠡᠨ ᠦᠭᠡᠰ ᠯᠦᠭᠡ ᠲᠣᠬᠢᠶᠠᠯᠳᠤᠭᠰᠠᠨ ᠲᠤᠯᠠ ᠬᠣᠵᠢᠮ ᠵᠢᠦᠢ ᠷᠸᠨ ᠰᠢᠯᠭᠠᠬᠤ ᠶ᠋ᠢᠨ ᠰᠢᠯᠲᠠᠭᠠᠨ ᠪᠣᠯᠵᠤᠬᠤᠢ᠃  
      ᠳᠥᠲᠥᠭᠡᠷ ᠲᠥᠯᠭᠡ : ᠬᠥᠬᠡ ᠤᠯᠠᠭᠴᠢᠨ᠂ ᠳᠣᠣᠷ᠎ᠠ ᠶ᠋ᠢᠨ ᠳᠣᠣᠷ᠎ᠠ ᠲᠥᠯᠭᠡ ᠶ᠋ᠢᠨ ᠪᠡᠯᠭᠡ ᠠᠨᠤ :  ᠰᠢᠶᠣᠤ ᠴᠢᠨ ᠸᠠᠩ ᠬᠠᠲᠤᠨ ᠭᠣᠣᠯ ᠢ ᠭᠤᠷᠪᠠᠨ ᠤᠳᠠᠭ᠎ᠠ ᠭᠡᠲᠦᠯᠦᠭᠰᠡᠨ :  ᠨᠢᠳᠤᠨᠤᠨ ᠤ᠋ ᠵᠠᠭᠤᠨ ᠵᠦᠢᠯ ᠦ᠋ᠨ ᠬᠡᠷᠡᠭ ᠦ᠋ᠳ ᠴᠥᠮ ᠰᠠᠢᠨ ᠪᠥᠯᠥᠭᠡ᠂ ᠡᠨᠡ ᠵᠢᠯ ᠢ ᠵᠢᠱᠢᠪᠡᠰᠦ ᠴᠠᠭ ᠤᠯᠠᠷᠢᠯ ᠠᠨᠤ ᠪᠠᠭᠤᠷᠠᠵᠤᠬᠤᠢ᠂ ᠨᠢᠭᠡᠨ ᠦᠵᠦᠭᠦᠷᠲᠦ ᠰᠡᠳᠬᠢᠯ ᠢᠶᠡᠷ ᠪᠤᠷᠬᠠᠨ ᠲᠡᠭᠷᠢ ᠳ᠋ᠦ᠍ᠷ ᠰᠦᠰᠦᠭᠯᠡᠨ᠂ ᠪᠤᠶᠠᠨ ᠪᠠᠷᠠᠪᠠ ᠭᠡᠮᠡᠨ ᠬᠣᠢᠨ᠎ᠠ ᠭᠣᠮᠣᠳᠠᠬᠤᠢ ᠳ᠋ᠤᠷ ᠪᠢᠲᠡᠭᠡᠢ ᠬᠥᠷᠥᠭᠲᠦᠨ᠃  
      ᠪᠣᠭᠳᠠ ᠶ᠋ᠢᠨ ᠲᠠᠭᠠᠯᠠᠯ : ᠨᠡᠷ᠎ᠡ ᠠᠯᠳᠠᠷ ᠦᠭᠡᠢ᠂ ᠡᠳ᠋ ᠦ᠋ᠨ ᠬᠡᠰᠢᠭ ᠥᠴᠦᠬᠡᠨ᠂ ᠵᠠᠷᠭᠤ ᠪᠦᠦ ᠡᠭᠦᠰᠬᠡ᠂ ᠤᠷᠤᠭ ᠪᠦᠲᠦᠭᠡᠳᠦᠢ᠂ ᠡᠪᠡᠳᠴᠢᠲᠡᠨ ᠪᠡᠷᠬᠡ᠂ ᠶᠠᠪᠤᠳᠠᠯ ᠤ᠋ᠨ ᠬᠥᠮᠦᠨ ᠰᠠᠭᠠᠳ ᠲᠠᠢ᠂ ᠰᠠᠢᠨ ᠢ ᠬᠦᠰᠡᠪᠡᠰᠦ ᠭᠤᠷᠪᠠᠨ ᠡᠷᠳᠡᠨᠢ ᠳ᠋ᠦ᠍ᠷ ᠵᠠᠯᠪᠠᠷᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠰᠠᠢᠨ ᠦᠢᠯᠡ ᠠᠩᠭᠢᠵᠢᠷᠠᠨ ᠣᠳᠪᠠ᠂ ᠮᠠᠭᠤ ᠦᠯᠡ ᠠᠭᠤᠯᠵᠠᠬᠤᠶ᠎ᠠ ᠵᠠᠪᠳᠤᠪᠠ᠂ ᠬᠡᠷᠡᠭ ᠵᠠᠷᠭᠤ ᠳ᠋ᠤᠷ ᠴᠢᠷᠦᠭᠳᠠᠵᠤ ᠬᠡᠯᠡ ᠠᠮᠠ ᠪᠣᠯᠵᠤ᠂ ᠰᠠᠨᠠᠭᠰᠠᠨ ᠬᠡᠷᠡᠭ ᠪᠦᠲᠦᠮᠵᠢ ᠦᠭᠡᠢ᠂ ᠡᠳ᠋ ᠠᠭᠤᠷᠠᠰᠤᠨ ᠣᠯᠵᠠᠪᠤᠷᠢ ᠦᠭᠡᠢ᠂ ᠭᠠᠭᠴᠠ ᠪᠤᠷᠬᠠᠨ ᠰᠠᠬᠢᠭᠤᠯᠰᠤᠨ᠎ᠠ ᠥᠴᠢᠨ ᠵᠠᠯᠪᠠᠷᠢᠪᠠᠰᠤ ᠵᠣᠪᠠᠯᠠᠩ ᠠᠷᠢᠯᠤᠭᠠᠳ ᠠᠮᠤᠭᠤᠯᠠᠩ ᠳ᠋ᠤᠷ ᠠᠭᠤᠯᠵᠠᠮᠤ᠃  
      ᠰᠠᠨᠠᠭ᠎ᠠ ᠲᠠᠢᠯᠤᠭᠰᠠᠨ : ᠡᠨᠡ ᠨᠡᠷ᠎ᠡ ᠠᠰᠢᠭ ᠤ᠋ᠨ ᠤᠴᠠᠷᠠᠯ᠂ ᠵᠣᠪᠠᠯᠠᠩ ᠵᠢᠷᠭᠠᠯᠠᠩ ᠤ᠋ᠨ ᠰᠢᠯᠲᠠᠭᠠᠨ ᠪᠣᠯᠠᠢ᠂ ᠰᠡᠷᠡᠮᠵᠢᠯᠡᠯ ᠢ ᠡᠷᠬᠢᠯᠡᠨ ᠦᠢᠯᠡᠳᠪᠡᠰᠦ ᠭᠠᠰᠠᠯᠠᠩ ᠵᠣᠪᠠᠯᠠᠩ ᠢ ᠮᠠᠭᠠᠳ ᠵᠠᠢᠯᠠᠭᠤᠯᠵᠤ ᠪᠣᠯᠤᠮᠤ᠂ ᠡᠨᠡ ᠵᠢᠯ ᠦ᠋ᠨ ᠬᠡᠢ ᠮᠣᠷᠢᠨ ᠪᠠᠭᠤᠷᠠᠪᠠ ᠬᠡᠮᠡᠭᠰᠡᠨ ᠠᠨᠤ᠂ ᠰᠠᠨᠠᠭᠰᠠᠨ ᠬᠡᠷᠡᠭ ᠦᠯᠦ ᠪᠦᠲᠦᠮᠦ᠂ ᠤᠷᠤᠭ ᠲᠥᠷᠥᠯ ᠴᠦ᠍ ᠡᠩᠬᠡ ᠦᠭᠡᠢ᠂ ᠬᠠᠲᠠᠭᠤ ᠬᠦᠴᠦᠨ ᠢᠶᠠᠷ ᠨᠠᠮᠠᠨᠴᠢᠯᠠᠨ ᠵᠠᠯᠪᠠᠷᠢᠪᠠᠰᠤ ᠲᠡᠭᠦᠪᠡᠷ ᠵᠣᠪᠠᠯᠠᠩ ᠢ ᠠᠷᠢᠯᠭᠠᠵᠤ ᠪᠤᠶᠠᠨ ᠯᠤᠭ᠎ᠠ ᠠᠭᠤᠯᠵᠠᠬᠤ ᠲᠤᠯᠠ᠂ ᠠᠩᠬᠠᠨ ᠳ᠋ᠤᠷ ᠮᠠᠭᠤ ᠪᠣᠯᠪᠠᠴᠤ ᠬᠣᠵᠢᠮ ᠰᠠᠢᠨ ᠪᠣᠯᠵᠤ ᠪᠣᠯᠤᠮᠤᠢ᠃  
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠬᠥᠮᠦᠨ ᠲᠠᠬᠢᠯ ᠡᠷᠭᠦᠬᠦ ᠶ᠋ᠢ ᠠᠮᠠᠯᠠᠭᠰᠠᠨ ᠠᠵᠤᠭᠤ ᠬᠣᠵᠢᠮ ᠡᠪᠡᠳᠴᠦ ᠦᠵᠡᠭᠦᠯᠪᠡᠰᠦ ᠡᠨᠡ ᠲᠥᠯᠭᠡ ᠪᠠᠭᠤᠵᠤᠬᠤᠢ᠃ ᠲᠡᠭᠦᠪᠡᠷ ᠭᠦᠢᠴᠡᠳᠬᠡᠯ ᠦᠭᠡᠢ ᠦᠬᠦᠪᠡᠢ᠂ ᠡᠨᠡ ᠢᠨᠤ ᠨᠢᠭᠡᠨ ᠦᠵᠦᠭᠦᠷᠲᠦ ᠰᠡᠳᠬᠢᠯ ᠢ᠋ᠶ᠋ᠡᠷ ᠪᠤᠷᠬᠠᠨ ᠲᠡᠭᠷᠢ ᠳ᠋ᠦ᠍ᠷ ᠰᠦᠰᠦᠭᠯᠡᠨ᠂ ᠪᠤᠶᠠᠨ ᠪᠠᠷᠠᠪᠠ ᠭᠡᠮᠡᠨ ᠬᠣᠢᠨ᠎ᠠ ᠭᠣᠮᠣᠳᠠᠬᠤᠢ ᠳ᠋ᠤᠷ ᠪᠢᠲᠡᠭᠡᠢ ᠭᠦᠷᠦᠭᠲᠦᠨ ᠬᠡᠮᠡᠭᠰᠡᠨ ᠯᠦᠭᠡ ᠨᠡᠢᠯᠡᠵᠦᠬᠦᠢ᠃  
      ᠲᠠᠪᠤᠳᠤᠭᠠᠷ ᠲᠥᠯᠭᠡ : ᠬᠥᠬᠡ ᠰᠢᠷ᠎ᠠ᠂ ᠳᠤᠮᠳᠠ ᠲᠡᠭᠰᠢ᠂ ᠲᠥᠯᠭᠡ ᠶ᠋ᠢᠨ ᠪᠡᠯᠭᠡ ᠠᠨᠤ : ᠯᠢᠦᠢ ᠮᠧᠩ ᠵᠧᠩ ᠦᠭᠡᠭᠦᠦ ᠳ᠋ᠦ᠍ᠷ ᠭᠠᠴᠢᠭᠳᠠᠭᠰᠠᠨ : ᠴᠢᠮᠠᠳᠤᠷ ᠭᠤᠷᠪᠠᠨ ᠵᠦᠢᠯ ᠦ᠋ᠨ ᠡᠷᠬᠡ ᠪᠡᠷ ᠦᠯᠦ ᠪᠣᠯᠬᠤ ᠬᠡᠷᠡᠭ ᠪᠣᠢ᠂ ᠡᠭᠦᠳᠡ ᠡᠷᠦᠬᠡ ᠰᠠᠭᠠᠮᠰᠢᠷᠠᠵᠤ ᠨᠠᠮᠤᠷ ᠤ᠋ᠨ ᠰᠠᠯᠬᠢᠨ ᠮᠡᠲᠦ ᠬᠦᠢᠲᠡᠨ ᠠᠵᠤᠭᠤ ᠠᠯᠢᠮᠠᠳ ᠦᠬᠡᠷ ᠬᠤᠯᠤᠭᠠᠨ᠎ᠠ ᠲᠣᠬᠢᠶᠠᠯᠳᠤᠬᠤ ᠡᠳᠦᠷ ᠲᠣᠷ ᠤᠴᠠᠷᠠᠪᠠᠰᠤ᠂ ᠲᠦᠮᠡᠨ ᠬᠡᠷᠡᠭ ᠬᠠᠪᠤᠷ ᠮᠡᠲᠦ ᠳᠡᠯᠭᠡᠷᠡᠭᠡᠳ ᠵᠣᠪᠠᠨᠢᠬᠤ ᠦᠭᠡᠢ ᠪᠣᠯᠤᠮᠤᠢ᠃ 
      ᠪᠣᠭᠳᠠ ᠶ᠋ᠢᠨ ᠲᠠᠭᠠᠯᠠᠯ : ᠡᠳ᠋ ᠪᠠᠷᠠᠭᠳᠠᠬᠤ ᠨᠡᠷ᠎ᠡ ᠠᠯᠳᠠᠷ ᠤᠳᠠᠭᠠᠨ ᠵᠠᠷᠭᠤ ᠡᠴᠦᠰ ᠲᠦ᠍ᠷ ᠰᠠᠢᠨ᠂ ᠡᠪᠡᠳᠴᠢᠲᠡᠨ ᠵᠠᠰᠠᠵᠤ ᠪᠣᠯᠬᠤ ᠤᠷᠤᠭ ᠢ᠋ ᠰᠢᠭᠦᠮᠵᠢᠯᠡᠪᠡᠰᠦ ᠰᠠᠢᠨ᠂ ᠶᠠᠪᠤᠳᠠᠯ ᠤ᠋ᠨ ᠬᠥᠮᠦᠨ ᠢᠷᠡᠮᠦᠢ ᠴᠠᠭ ᠢ᠋ ᠬᠦᠯᠢᠶᠡᠭᠳᠡᠬᠦᠢ᠂ ᠬᠡᠷᠡᠭ ᠪᠦᠷᠢ ᠮᠠᠰᠢ ᠰᠠᠢᠨ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠤᠷᠢᠳᠠ ᠮᠠᠭᠤ᠂ ᠬᠣᠵᠢᠮ ᠰᠠᠢᠨ᠂ ᠭᠤᠷᠪᠠᠨ ᠵᠦᠢᠯ ᠬᠡᠮᠡᠭᠴᠢ ᠪᠡᠶ᠎ᠡ ᠬᠡᠯᠡᠨ ᠰᠡᠳᠬᠢᠯ ᠡᠷᠬᠡ ᠪᠡᠷ ᠦᠯᠦ ᠪᠣᠯᠬᠤ ᠬᠡᠮᠡᠭᠰᠡᠨ ᠠᠨᠤ᠂ ᠠᠷᠪᠠᠨ ᠬᠣᠶᠠᠷ ᠴᠠᠭ ᠲᠤᠷ ᠢᠳᠡᠭᠡᠨ ᠬᠤᠪᠴᠠᠰᠤᠨ ᠢ᠋ᠶ᠋ᠠᠷ ᠭᠠᠴᠢᠭᠳᠠᠮᠤ᠂ ᠲᠦᠰᠢᠮᠡᠯ ᠬᠡᠷᠬᠢᠮᠲᠡᠨ ᠪᠣᠯᠪᠠᠰᠤ ᠨᠡᠭᠦᠵᠦ ᠳᠡᠪᠰᠢᠬᠦ ᠶ᠋ᠢᠨ ᠪᠡᠯᠬᠡᠰ ᠪᠣᠢ᠂ ᠬᠤᠯᠤᠭᠠᠨ᠎ᠠ ᠦᠬᠡᠷ ᠲᠣᠷ ᠲᠣᠬᠢᠶᠠᠯᠳᠤᠪᠠᠰᠤ ᠮᠠᠭᠤ ᠪᠦᠭᠦᠳᠡ ᠠᠷᠢᠯᠤᠭᠠᠳ᠂ ᠰᠠᠢᠨ ᠬᠡᠷᠡᠭ ᠪᠦᠲᠦᠬᠦ ᠶ᠋ᠢᠨ ᠨᠢᠭᠤᠷ ᠪᠣᠢ᠃ 
      ᠰᠠᠨᠠᠭ᠎ᠠ ᠲᠠᠢᠯᠤᠭᠰᠠᠨ : ᠬᠥᠮᠦᠨ ᠲᠥᠷᠥᠪᠡᠰᠦ ᠭᠤᠷᠪᠠᠨ ᠵᠦᠢᠯ ᠪᠣᠢ᠂ ᠭᠤᠷᠪᠠᠨ ᠵᠦᠢᠯ ᠬᠡᠮᠡᠭᠴᠢ ᠨᠠᠰᠤᠨ ᠪᠤᠶᠠᠨ ᠬᠡᠰᠢᠭ ᠬᠡᠮᠡᠵᠦᠬᠦᠢ᠂ ᠣᠯᠬᠤ ᠠᠯᠳᠠᠬᠤ ᠵᠠᠶᠠᠭᠠᠨ ᠳ᠋ᠤᠷ ᠬᠠᠪᠢᠶᠠᠮᠤ᠂ ᠡᠷᠬᠡ ᠪᠡᠷ ᠦᠯᠦ ᠪᠣᠯᠤᠮᠤ ᠬᠡᠮᠡᠭᠰᠡᠨ ᠠᠨᠤ ᠨᠠᠮᠤᠷ ᠤ᠋ᠨ ᠪᠠᠢᠳᠠᠯ ᠪᠠᠭᠤᠷᠠᠢ ᠲᠤᠯᠠ ᠣᠯᠵᠤ ᠦᠯᠦ ᠳᠡᠯᠭᠡᠷᠡᠮᠦ᠂ ᠭᠠᠭᠴᠠ ᠴᠠᠭ ᠢ᠋ ᠬᠦᠯᠢᠶᠡᠪᠡᠰᠦ ᠵᠢᠴᠢ ᠮᠠᠨᠳᠤᠵᠤ ᠴᠢᠳᠠᠮᠤᠢ᠂ ᠴᠠᠭ ᠬᠡᠮᠡᠭᠴᠢ ᠬᠤᠯᠤᠭᠠᠨ᠎ᠠ ᠦᠬᠡᠷ ᠪᠠᠷᠰ ᠲᠤᠷ ᠲᠣᠬᠢᠶᠠᠯᠳᠤᠪᠠᠰᠤ ᠰᠠᠢᠨ᠂ ᠡᠨᠡ ᠴᠠᠭ ᠲᠤᠷ ᠨᠡᠷ᠎ᠡ ᠠᠰᠢᠭ ᠪᠠ ᠲᠦᠮᠡᠨ ᠬᠡᠷᠡᠭ ᠴᠥᠮ ᠰᠡᠳᠬᠢᠯᠴᠢᠯᠡᠨ ᠦᠯᠦ ᠪᠦᠲᠦᠬᠦ ᠠᠨᠤ ᠦᠭᠡᠢ᠂ ᠢᠳᠡᠬᠦ ᠡᠮᠦᠰᠬᠦ ᠴᠥᠮ ᠥᠪᠡᠷ ᠢ᠋ᠶ᠋ᠡᠨ ᠪᠣᠳᠣᠮᠤ᠃  
      ᠪᠡᠯᠭᠡ ᠶ᠋ᠢᠨ ᠲᠣᠬᠢᠶᠠᠯᠳᠤᠪᠦᠷᠢ : ᠨᠢᠭᠡᠨ ᠪᠢᠴᠢᠭ ᠦ᠋ᠨ ᠬᠥᠮᠦᠨ ᠵᠢᠶᠠᠨ ᠳ᠋ᠤᠷ ᠰᠢᠯᠭᠠᠬᠤ ᠶ᠋ᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠰᠢᠯᠭᠠᠬᠤᠢ ᠳ᠋ᠤᠷ ᠭᠤᠲᠠᠭᠠᠷ ᠣᠷᠣᠪᠠ᠂ ᠡᠨᠡ ᠨᠢ ᠭᠤᠷᠪᠠᠨ ᠵᠦᠢᠯ ᠥᠪᠡᠷ ᠦ᠋ᠨ ᠡᠷᠬᠡ ᠪᠡᠷ ᠦᠯᠦ ᠪᠣᠯᠤᠮᠤ ᠬᠡᠮᠡᠭᠰᠡᠨ ᠳ᠋ᠦ᠍ᠷ ᠲᠣᠬᠢᠶᠠᠯᠳᠤᠪᠠᠢ᠂ ᠬᠡᠷᠪᠡ ᠬᠤᠯᠤᠭᠠᠨ᠎ᠠ ᠦᠬᠡᠷ ᠪᠠᠷᠰ ᠰᠠᠷ᠎ᠠ ᠡᠳᠦᠷ ᠡᠨᠡ ᠮᠡᠲᠦ ᠲᠠᠰᠤᠯᠬᠤ ᠦᠭᠡᠢ ᠪᠣᠢ᠂ ᠪᠠᠰᠠ ᠨᠢᠭᠡᠨ ᠪᠢᠴᠢᠭ ᠦ᠋ᠨ ᠬᠥᠮᠦᠨ ᠵᠢᠦᠢ ᠷᠧᠨ ᠰᠢᠯᠭᠠᠬᠤ ᠶ᠋ᠢ ᠦᠵᠡᠭᠦᠯᠦᠭᠡᠳ ᠵᠢᠶᠠᠨ ᠦ ᠶᠤᠸᠠᠨ ᠭᠤᠷᠪᠠᠨ ᠶᠠᠮᠤᠨ ᠳ᠋ᠤᠷ ᠰᠢᠯᠭᠠᠭᠳᠠᠭᠰᠠᠨ ᠠᠨᠤ ᠴᠢᠮᠠᠳᠤᠷ ᠭᠤᠷᠪᠠᠨ ᠵᠦᠢᠯ ᠪᠣᠢ ᠬᠡᠮᠡᠭᠰᠡᠨ ᠳ᠋ᠦ᠍ᠷ ᠲᠣᠬᠢᠶᠠᠯᠳᠤᠭᠰᠠᠨ᠂ ᠵᠢᠦᠢ ᠷᠧᠨ ᠪᠣᠯᠬᠤ ᠬᠦᠷᠢᠶᠡᠨ ᠳ᠋ᠦ᠍ ᠣᠷᠣᠬᠤ ᠴᠠᠭ ᠲᠤᠷ ᠡᠬᠡ ᠶ᠋ᠢᠨ ᠪᠡᠯᠪᠡᠰᠦᠷᠡᠯ ᠲᠣᠬᠢᠶᠠᠯᠳᠤᠭᠠᠳ ᠰᠠᠭᠠᠲᠠᠭᠰᠠᠨ ᠠᠨᠤ ᠡᠭᠦᠳᠡ ᠡᠷᠦᠬᠡ ᠪᠠᠭᠤᠷᠠᠢ ᠬᠡᠮᠡᠭᠰᠡᠨ ᠯᠦ᠍ᠭᠡ ᠲᠣᠬᠢᠶᠠᠯᠳᠤᠵᠤᠬᠤᠢ᠃  
      ᠵᠢᠷᠭᠤᠳᠤᠭᠠᠷ ᠲᠥᠯᠭᠡ : ᠬᠥᠬᠡ ᠰᠢᠷᠠᠭᠴᠢᠨ᠂ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠯᠢᠩ ᠰᠢᠶᠠᠩ ᠡᠦ ᠬᠠᠨ ᠢ᠋ᠶ᠋ᠠᠨ ᠠᠯᠳᠠᠭᠰᠠᠨ ᠦᠭᠡᠢ ᠡᠭᠡᠭᠰᠡᠨ : ᠶᠠᠲᠤᠭ᠎ᠠ ᠳᠡᠯᠡᠳᠳᠦᠨ ᠪᠥᠭᠡᠳ ᠪᠢᠯᠠᠷ ᠦᠯᠢᠶᠡᠬᠦ ᠶᠠᠭᠤᠨ ᠤ᠋ ᠬᠡᠷᠡᠭ᠂ ᠢᠮᠠᠬᠤ ᠶ᠋ᠢᠨ ᠲᠡᠳᠦᠢ ᠠᠯᠬᠤᠪᠠᠰᠤ ᠲᠦᠮᠡᠨ ᠪᠠᠷ᠎ᠠ ᠣᠳᠤᠭᠰᠠᠨ ᠮᠡᠲᠦ᠂ ᠠᠯᠢᠨ ᠠᠯᠢᠨ ᠠᠨᠤ ᠰᠡᠵᠢᠭᠯᠡᠯᠴᠡᠨ ᠢᠲᠡᠭᠡᠮᠵᠢᠯᠡᠬᠦ ᠦᠭᠡᠢ ᠲᠤᠯᠠ᠂ ᠠᠮᠢᠴᠢᠯᠠᠬᠤ ᠰᠡᠳᠬᠢᠯ ᠢ᠋ᠶ᠋ᠡᠷ ᠠᠮᠠᠷᠠᠭ ᠳᠠᠭᠠᠯᠠᠯᠲᠠᠢ ᠭᠡᠮᠡᠨ ᠰᠠᠨᠠᠬᠤ ᠶ᠋ᠢ ᠪᠠᠢᠲᠤᠭᠠᠢ᠃ 
      ᠪᠣᠭᠳᠠ ᠶ᠋ᠢᠨ ᠲᠠᠭᠠᠯᠠᠯ : ᠨᠡᠷ᠎ᠡ ᠠᠯᠳᠠᠷ ᠦᠭᠡᠢ᠂ ᠡᠳ᠋ ᠲᠠᠸᠠᠷ ᠪᠣᠰᠨᠢᠮᠤᠢ᠂ ᠡᠪᠡᠳᠴᠢᠲᠡᠨ ᠡᠳᠡᠭᠡᠬᠦᠶ᠎ᠡ ᠪᠡᠷᠬᠡ᠂ ᠵᠢᠷᠮᠦᠰᠦᠨ ᠭᠠᠢ ᠲᠠᠢ᠂ ᠤᠷᠤᠭ ᠪᠦᠲᠦᠬᠦ ᠦᠭᠡᠢ᠂ ᠵᠠᠷᠭᠤ ᠢᠯᠭᠠᠷᠠᠭᠠᠳᠤᠢ᠂ ᠶᠠᠪᠤᠳᠠᠯ ᠤ᠋ᠨ ᠬᠥᠮᠦᠨ ᠤᠳᠠᠮᠤᠢ᠂ ᠭᠠᠰᠠᠯᠬᠤ ᠬᠡᠷᠡᠭ ᠦᠭᠡᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠠᠷᠭ᠎ᠠ ᠬᠡᠮᠡᠭᠴᠢ ᠮᠡᠷᠭᠡᠳ ᠰᠠᠢᠳ᠂ ᠪᠢᠯᠢᠭ ᠬᠡᠮᠡᠭᠴᠢ ᠳᠣᠣᠷᠠᠳᠤᠰ ᠬᠥᠮᠦᠨ᠂ ᠵᠠᠩ ᠠᠨᠤ ᠰᠠᠨᠠᠭᠠᠨ ᠯᠤᠭ᠎ᠠ ᠦᠯᠦ ᠨᠡᠢᠯᠡᠯᠴᠡᠬᠦᠢ ᠶ᠋ᠢ ᠰᠡᠷᠡᠮᠵᠢᠯᠡᠬᠦ ᠬᠡᠷᠡᠭ ᠲᠡᠢ᠂ ᠵᠠᠷᠭᠤ ᠪᠣᠯᠪᠠᠰᠤ ᠵᠣᠬᠢᠯᠳᠤ᠂ ᠪᠤᠰᠤᠳ ᠠ᠋ᠴᠠ ᠰᠠᠳᠤᠨ ᠢ᠋ ᠰᠠᠯᠭᠠᠬᠤ ᠬᠣᠣᠷᠯᠠᠯ ᠪᠣᠢ ᠲᠤᠯᠠ ᠠᠯᠢᠪᠠ ᠦᠢᠯᠡ ᠶ᠋ᠢ ᠬᠢᠴᠢᠶᠡᠩᠭᠦᠢᠯᠡᠨ ᠰᠠᠬᠢᠵᠤ ᠨᠠᠢᠷᠠᠮᠳᠠᠭᠤ ᠶᠠᠪᠤᠪᠠᠰᠤ ᠠᠯᠳᠠᠰᠢ ᠦᠭᠡᠢ ᠪᠣᠯᠤᠮᠤᠢ᠃ 
      ᠰᠠᠨᠠᠭ᠎ᠠ ᠲᠠᠢᠯᠤᠭᠰᠠᠨ : ᠨᠡᠷ᠎ᠡ ᠠᠰᠢᠭ ᠣᠯᠬᠤᠢ ᠳ᠋ᠤᠷ ᠬᠢᠯᠪᠠᠷ ᠰᠠᠨᠠᠭᠰᠠᠨ ᠬᠡᠷᠡᠭ ᠮᠣᠬᠣᠳᠠᠭ᠂ ᠥᠪᠡᠷ ᠪᠤᠰᠤᠳ ᠰᠠᠨᠠᠭᠠᠨ ᠥᠪᠡᠷ᠎ᠡ ᠬᠠᠷᠢᠯᠴᠠᠨ ᠰᠡᠳᠬᠢᠯ ᠰᠡᠵᠢᠭᠲᠡᠢ ᠲᠤᠯᠠ ᠬᠣᠭᠣᠰᠣᠨ ᠵᠣᠪᠠᠭᠠᠳ ᠪᠦᠲᠦᠵᠢ ᠦᠭᠡᠢ᠂ ᠪᠠᠢᠲᠤᠭᠠᠢ ᠬᠡᠮᠡᠭᠰᠡᠨ ᠠᠨᠤ ᠰᠡᠳᠬᠢᠯ ᠦ᠋ᠨ ᠰᠡᠵᠢᠭ ᠢ᠋ ᠠᠷᠢᠯᠭᠠᠭᠠᠳ᠂ ᠬᠥᠮᠦᠨ ᠳ᠋ᠦ᠍ᠷ ᠪᠠᠲᠤ ᠶ᠋ᠢ ᠦᠵᠡᠭᠦᠯᠪᠡᠰᠦ ᠰᠠᠨᠠᠭᠰᠠᠨ ᠬᠡᠷᠡᠭ ᠲᠦ᠍ᠷ ᠥᠪᠡᠰᠦᠪᠡᠨ ᠠᠰᠢᠭ ᠪᠣᠢ᠃ 
      ᠪᠡᠯᠭᠡ ᠶ᠋ᠢᠨ ᠲᠣᠬᠢᠶᠠᠯᠳᠤᠪᠤᠷᠢ : ᠭᠠᠪᠢᠶ᠎ᠠ ᠨᠡᠷ᠎ᠡ ᠪᠦᠲᠦᠬᠦ ᠦᠭᠡᠢ ᠲᠤᠯᠠ ᠠᠯᠢᠪᠠ ᠬᠡᠷᠡᠭ ᠴᠥᠮ ᠨᠢᠭᠡᠨ ᠠᠳᠠᠯᠢ᠃  
      ᠳᠣᠯᠣᠳᠤᠭᠠᠷ ᠲᠥᠯᠭᠡ : ᠬᠥᠬᠡ ᠴᠠᠭᠠᠨ᠂ ᠶᠡᠬᠡ ᠰᠠᠢᠨ᠂ ᠲᠥᠯᠭᠡ ᠶ᠋ᠢᠨ ᠪᠡᠯᠭᠡ ᠠᠨᠤ : ᠯᠢᠦᠢ ᠳ᠋ᠦᠩ ᠪᠢᠨ ᠷᠢᠯᠦ ᠪᠦᠲᠦᠭᠡᠭᠰᠡᠨ : ᠦᠪᠡᠳᠡᠭᠰᠢ ᠲᠥᠷᠥ ᠪᠠᠢᠳᠠᠯ ᠲᠡᠭᠷᠢ ᠡᠴᠡ ᠵᠠᠶᠠᠭᠠᠲᠠᠢ ᠲᠤᠯᠠ᠂ ᠵᠢᠴᠢ ᠶᠡᠬᠡ ᠰᠢᠳᠢᠲᠡᠨ᠎ᠡ ᠤᠴᠠᠷᠠᠵᠤ ᠲᠠᠩᠭᠠᠷᠢᠭ ᠤ᠋ᠨ ᠡᠵᠡᠨ ᠪᠣᠯᠪᠠᠢ᠂ ᠡᠳᠦᠷ ᠪᠣᠯᠵᠣᠵᠤ ᠷᠢᠯᠦ ᠪᠦᠲᠦᠭᠡᠭᠰᠡᠨ ᠴᠠᠭ ᠲᠤᠷ ᠬᠠᠳᠠ ᠵᠠᠪᠢ ᠠ᠋ᠴᠠ ᠭᠠᠷᠴᠤ᠂ ᠨᠢᠭᠡᠨ ᠡᠳᠦᠷ ᠢ᠋ᠶ᠋ᠡᠷ ᠵᠢᠯᠣᠭᠣᠳᠤᠨ ᠤᠳᠤᠷᠢᠳᠴᠤ ᠣᠭᠲᠠᠷᠭᠤᠢ ᠳ᠋ᠤᠷ ᠨᠢᠰᠦᠮᠦᠢ᠃ 
      ᠪᠣᠭᠳᠠ ᠶ᠋ᠢᠨ ᠲᠠᠭᠠᠯᠠᠯ : ᠨᠡᠷ᠎ᠡ ᠠᠯᠳᠠᠷ ᠬᠦᠰᠡᠭᠴᠢᠳ ᠢ᠋ ᠬᠠᠩᠭᠠᠮᠤᠢ᠂ ᠡᠳ᠋ ᠬᠦᠰᠡᠭᠴᠢᠳ ᠪᠠᠶᠠᠵᠢᠮᠤᠢ᠂ ᠵᠠᠷᠭᠤ ᠵᠠᠭᠠᠯᠢ ᠠᠪᠤᠮᠤᠢ᠂ ᠡᠪᠡᠳᠴᠢᠲᠡᠨ ᠠᠶᠤᠯ ᠦᠭᠡᠢ᠂ ᠶᠠᠪᠤᠳᠠᠯ ᠤ᠋ᠨ ᠬᠥᠮᠦᠨ ᠢᠷᠡᠮᠦᠢ᠂ ᠦᠷ᠎ᠡ ᠬᠥᠪᠡᠭᠦᠨ ᠢ᠋ ᠣᠯᠤᠮᠤᠢ᠂ ᠨᠥᠭᠴᠢᠭᠰᠡᠳ ᠦ᠋ᠨ ᠨᠤᠲᠤᠭ ᠰᠠᠢᠨ᠂ ᠤᠷᠤᠭ ᠪᠣᠯᠪᠠᠰᠤ ᠪᠦᠷᠢᠨ ᠪᠦᠲᠦᠮᠦᠢ᠃ 
      ᠲᠠᠢᠯᠪᠤᠷᠢ ᠥᠭᠦᠯᠡᠯ᠄ ᠡᠨᠡ ᠲᠥᠯᠭᠡ ᠳ᠋ᠦ᠍ᠷ ᠡᠷᠭᠢᠨ ᠬᠥᠮᠦᠨ ᠳ᠋ᠦ᠍ ᠪᠠᠲᠤᠯᠠᠭᠳᠠᠬᠤ ᠪᠠᠶᠠᠷ ᠪᠣᠢ ᠥᠲᠡᠯ᠎ᠡ ᠠᠷᠠᠳ ᠲᠤ᠌ ᠵᠠᠭᠤᠨ ᠵᠦᠢᠯ ᠦ᠋ᠨ ᠠᠰᠢᠭ ᠪᠣᠢ ᠡᠪᠡᠳᠴᠢᠨ ᠳ᠋ᠦ᠍ ᠬᠤᠪᠢᠯᠭᠠᠨ ᠣᠲᠠᠴᠢ ᠶ᠋ᠢᠨ ᠡᠮ ᠲᠤᠰᠠᠯᠠᠬᠤ ᠭᠤᠷᠪᠠᠨ ᠳᠣᠯᠣᠭᠠᠨ ᠬᠣᠨᠣᠭ ᠲᠤ᠌ ᠰᠠᠢᠨ ᠪᠣᠯᠤᠮᠤᠢ᠃  
      ᠰᠠᠨᠠᠭ᠎ᠠ ᠲᠠᠢᠯᠤᠭᠰᠠᠨ᠄ ᠯᠢᠦᠢ ᠳ᠋ᠦᠩ ᠪᠢᠨ ᠳᠠᠩ ᠤᠯᠤᠰ ᠰᠡᠭᠦᠯ ᠳ᠋ᠦ᠍ᠷ ᠴᠡᠷᠢᠭ ᠡᠴᠡ ᠵᠠᠢᠯᠠᠵᠤ ᠰᠢᠶᠠᠩ ᠬᠤ᠌ ᠭᠠᠵᠠᠷ ᠡᠴᠢᠭᠡᠳ ᠥᠪᠡᠷ ᠦ᠋ᠨ ᠨᠡᠷ᠎ᠡ ᠪᠡᠨ ᠬᠦᠢ ᠳ᠋ᠣᠣ ᠶ᠋ᠢᠨ ᠭᠡᠮᠡᠨ ᠥᠭᠵᠦᠬᠦᠢ᠃ ᠠᠯᠢᠪᠠ ᠪᠠᠶᠠᠨ ᠡᠷᠬᠢᠮ ᠦᠵᠡᠭᠦᠯᠪᠡᠰᠦ ᠬᠡᠷᠡᠭ ᠪᠦᠬᠦᠨ ᠰᠡᠳᠬᠢᠯᠴᠢᠯᠡᠨ ᠪᠦᠲᠦᠮᠦ᠂ ᠠᠷᠪᠠᠨ ᠲᠦᠮᠡᠨ ᠵᠣᠭᠣᠰ ᠪᠣᠢ ᠪᠥᠭᠡᠰᠦ ᠠᠭᠤᠯᠵᠠᠬᠤ ᠬᠡᠮᠡᠵᠦᠬᠦᠢ᠃ ᠬᠡᠷᠪᠡ ᠦᠭᠡᠭᠦᠦ ᠶᠠᠳᠠᠭᠤ ᠬᠥᠮᠦᠨ ᠪᠥᠭᠡᠰᠦ ᠪᠤᠶᠠᠨ ᠮᠡᠬᠦᠰ ᠲᠤᠯᠠ ᠪᠤᠰᠤᠳ ᠤ᠋ᠨ ᠲᠡᠳᠬᠦᠮᠵᠢ ᠶᠢ ᠥᠴᠦᠬᠡᠨ ᠣᠯᠪᠠᠰᠤ ᠮᠥᠨ ᠤᠳᠠᠭᠠᠨ ᠦᠯᠦ ᠡᠳ᠋ᠯᠡᠮᠦ᠂ ᠡᠪᠡᠳᠴᠢᠲᠡᠨ ᠪᠣᠯᠪᠠᠰᠤ ᠨᠢᠭᠡᠨ ᠰᠠᠷ᠎ᠠ ᠥᠩᠭᠡᠷᠡᠪᠡᠰᠦ ᠭᠡᠮ ᠦᠭᠡᠢ ᠪᠣᠯᠤᠮᠤᠢ᠃ 
      ᠪᠡᠯᠭᠡ ᠶ᠋ᠢᠨ ᠲᠣᠬᠢᠶᠠᠯᠳᠤᠪᠤᠷᠢ : ᠰᠢ ᠰᠥᠩ ᠬᠠᠭᠠᠨ ᠤ᠋ ᠦᠶ᠎ᠡ ᠳ᠋ᠦ᠍ᠷ ᠨᠢᠭᠡᠨ ᠳ᠋ᠦ᠍ᠣᠰᠢ ᠬᠥᠮᠦᠨ ᠶᠡᠷᠦ ᠶ᠋ᠢᠨ ᠲᠤᠯᠠ ᠦᠵᠡᠭᠦᠯᠪᠡᠰᠦ ᠡᠨᠡ ᠲᠥᠯᠭᠡ ᠪᠠᠭᠤᠵᠤᠬᠤᠢ᠃ ᠬᠣᠵᠢᠮ ᠥᠪᠡᠷ ᠦ᠋ᠨ ᠡᠷᠳᠡᠮ ᠳ᠋ᠦ᠍ᠷ ᠰᠢᠲᠦᠵᠦ ᠶᠣᠰᠣᠯᠠᠯ ᠶᠠᠪᠤᠳᠠᠯ ᠤ᠋ᠨ ᠶᠠᠮᠤᠨ ᠤ᠋ ᠡᠷᠬᠢᠯᠡᠭᠰᠡᠨ ᠰᠠᠢᠳ ᠲᠤᠷ ᠬᠦᠷᠲᠡᠯ᠎ᠡ ᠲᠦᠰᠢᠮᠡᠯ ᠶᠠᠪᠤᠵᠤ ᠬᠦᠩ ᠠᠨ ᠪᠧ ᠭᠡᠮᠡᠨ ᠡᠷᠭᠦᠮᠵᠢᠯᠡᠭᠳᠡᠪᠡ᠃  
      ᠨᠠᠢ᠍ᠮᠠᠳᠤᠭᠠᠷ ᠲᠥᠯᠭᠡ : ᠬᠥᠬᠡ ᠴᠠᠭᠠᠭᠴᠢᠨ᠂ ᠳᠡᠭᠡᠳᠦ ᠶ᠋ᠢᠨ ᠳᠡᠭᠡᠳᠦ᠂ ᠲᠥᠯᠭᠡ ᠶ᠋ᠢᠨ ᠪᠡᠯᠭᠡ ᠠᠨᠤ : ᠰᠦᠨ ᠬᠠᠭᠠᠨ ᠯᠢ ᠰᠠᠨ ᠳ᠋ᠤᠷ ᠲᠠᠷᠢᠶᠠᠯᠠᠭᠰᠠᠨ : ᠬᠡᠳᠦᠨ ᠵᠢᠯ ᠡᠴᠡ ᠢᠨᠠᠭᠰᠢ ᠲᠠᠷᠢᠶ᠎ᠠ ᠣᠯᠤᠭᠰᠠᠨ ᠦᠭᠡᠢ ᠪᠢᠯᠡ᠂ ᠡᠨᠡ ᠣᠨ ᠲᠠᠷᠢᠶ᠎ᠠ ᠲᠥᠮᠦᠰᠦᠨ ᠶᠡᠬᠡ ᠲᠥᠷᠥᠬᠦ ᠪᠠᠢᠨᠠᠮ᠂ ᠪᠠᠰᠴᠦ ᠡᠩᠬᠡ ᠠᠮᠤᠷ ᠬᠡᠷᠡᠭ ᠦᠭᠡᠢ ᠡᠳᠦᠷ ᠤᠴᠠᠷᠠᠪᠠ᠂ ᠬᠠᠮᠤᠭ ᠠᠷᠠᠳ ᠢ᠋ᠶ᠋ᠠᠷ ᠵᠠᠭᠤᠨ ᠵᠦᠢᠯ ᠳ᠋ᠦ᠍ ᠭᠠᠴᠢᠭᠳᠠᠬᠤ ᠦᠭᠡᠢ ᠪᠣᠯᠤᠮᠤ᠃  
      ᠪᠣᠭᠳᠠ ᠶ᠋ᠢᠨ ᠲᠠᠭᠠᠯᠠᠯ : ᠲᠦᠰᠢᠮᠡᠯ ᠪᠥᠭᠡᠰᠦ ᠤᠯᠠᠮ ᠳᠡᠪᠰᠢᠬᠦ᠂ ᠬᠥᠮᠦᠨ ᠡᠳ᠋ ᠢ ᠣᠯᠬᠤ᠂ ᠵᠠᠷᠭᠤ ᠲᠡᠮᠡᠴᠡᠯ ᠠᠯᠳᠠᠷᠠᠬᠤ᠂ ᠡᠪᠡᠳᠴᠢᠲᠡᠨ ᠭᠠᠢ ᠦᠭᠡᠢ᠂ ᠶᠠᠪᠤᠳᠠᠯ ᠤ᠋ᠨ ᠬᠥᠮᠦᠨ ᠳᠠᠷᠤᠢ ᠬᠦᠷᠴᠦ ᠢᠷᠡᠮᠦᠢ᠂ ᠠᠯᠢᠪᠠ ᠬᠦᠰᠡᠭᠰᠡᠨ ᠰᠠᠢᠨ᠂ ᠪᠠᠶᠠᠷ ᠴᠡᠩᠭᠡᠯ ᠢ ᠣᠯᠤᠮᠤᠢ᠃  
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠠᠰᠢᠭ ᠪᠠ ᠠᠯᠢᠪᠠ ᠬᠡᠷᠡᠭ ᠡᠷᠭᠢᠨ ᠳᠣᠣᠷᠠᠳᠤᠰ ᠲᠤᠷ ᠪᠤᠯᠲᠤ ᠪᠦᠲᠦᠮᠵᠢ ᠲᠡᠢ᠂ ᠡᠪᠡᠳᠴᠢᠨ ᠬᠢᠭᠡᠳ ᠵᠠᠷᠭᠤ ᠳ᠋ᠤᠷ ᠤᠷᠤᠭᠰᠢ᠂ ᠵᠣᠪᠠᠯᠠᠩ ᠪᠣᠯᠪᠠᠰᠤ ᠬᠣᠢᠨ᠎ᠠ ᠪᠠᠶᠠᠷ ᠪᠣᠢ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠂ ᠭᠠᠵᠠᠷ ᠤᠰᠤᠨ ᠤ᠋ ᠪᠠᠢᠳᠠᠯ ᠳ᠋ᠤ᠌ ᠥᠯᠵᠡᠢ ᠲᠡᠢ᠂ ᠬᠥᠪᠡᠭᠦᠨ ᠠᠴᠢᠨᠠᠷ ᠲᠤ᠌ ᠡᠰᠡᠷᠡᠭ᠃ 
      ᠰᠠᠨᠠᠭ᠎ᠠ ᠲᠠᠢᠯᠤᠭᠰᠠᠨ : ᠮᠡᠴᠢᠨ ᠭᠠᠬᠠᠢ ᠨᠣᠬᠠᠢ ᠰᠠᠷ᠎ᠠ ᠡᠳᠦᠷ ᠰᠠᠢᠨ ᠬᠡᠮᠡᠪᠡᠴᠦ ᠰᠠᠨᠠᠭᠠᠨ᠎ᠠ ᠭᠦᠢᠴᠡᠬᠦ ᠦᠭᠡᠢ᠂ ᠲᠠᠷᠢᠶ᠎ᠠ ᠲᠥᠮᠦᠰᠦᠨ ᠤ ᠶᠠᠷᠰᠢᠭ ᠪᠠ ᠡᠪᠡᠳᠴᠢᠨ ᠲᠠᠬᠤᠯ ᠪᠣᠯᠬᠤ᠂ ᠬᠡᠷᠡᠭ ᠣᠯᠠᠨ ᠪᠣᠯᠤᠭᠠᠳ ᠠᠮᠤᠷ ᠦᠭᠡᠢ᠂ ᠡᠭᠦᠨᠴᠡ ᠪᠤᠰᠤ ᠭᠡᠮ ᠦᠭᠡᠢ᠂ ᠲᠠᠷᠢᠶ᠎ᠠ ᠣᠯᠤᠭᠰᠠᠨ ᠦᠭᠡᠢ ᠪᠢᠯᠡ ᠬᠡᠮᠡᠭᠰᠡᠨ ᠠᠨᠤ ᠥᠩᠭᠡᠷᠡᠭᠰᠡᠨ ᠣᠨ ᠢ ᠥᠭᠦᠯᠡᠭᠰᠡᠨ ᠮᠥᠨ᠂ ᠶᠡᠬᠡ ᠲᠥᠷᠥᠬᠦ ᠪᠠᠢᠨᠠᠮ ᠬᠡᠮᠡᠭᠰᠡᠨ ᠠᠨᠤ ᠨᠢᠳᠦᠨ ᠤ ᠡᠮᠦᠨ᠎ᠡ ᠰᠠᠢᠨ ᠢ ᠥᠭᠦᠯᠡᠭᠰᠡᠨ᠂ ᠡᠨᠡ ᠲᠥᠯᠭᠡ ᠤᠷᠢᠳᠠ ᠮᠠᠭᠤ᠂ ᠬᠣᠢᠨ᠎ᠠ ᠰᠠᠢᠨ᠂ ᠵᠠᠷᠭᠤ ᠪᠠ ᠨᠡᠷ᠎ᠡ ᠵᠡᠷᠭᠡ ᠨᠠᠮᠤᠷ ᠤ᠋ᠨ ᠴᠠᠭ ᠲᠤᠷ ᠨᠡᠩ ᠰᠠᠢᠨ᠃ 
      ᠪᠡᠯᠭᠡ ᠶ᠋ᠢᠨ ᠲᠣᠬᠢᠶᠠᠯᠳᠤᠪᠤᠷᠢ : ᠨᠢᠭᠡᠨ ᠪᠢᠴᠢᠭ ᠦ᠋ᠨ ᠬᠥᠮᠦᠨ ᠵᠢᠯ ᠦ᠋ᠨ ᠰᠢᠯᠭᠠᠯᠭᠠᠨ ᠳ᠋ᠤᠷ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠰᠢᠯᠭᠠᠭᠠᠳ ᠭᠤᠲᠠᠭᠠᠷ ᠲᠤᠷ ᠣᠷᠣᠪᠠ᠂ ᠡᠨᠡ ᠠᠨᠤ ᠡᠩᠬᠡ ᠠᠮᠤᠷ ᠬᠡᠷᠡᠭ ᠦᠭᠡᠢ ᠬᠡᠮᠡᠭᠰᠡᠨ ᠳ᠋ᠦ᠍ᠷ ᠲᠣᠬᠢᠶᠠᠯᠳᠤᠵᠤᠬᠤᠢ᠂ ᠪᠠᠰᠠ ᠨᠢᠭᠡᠨ ᠪᠢᠴᠢᠭ ᠦ᠋ᠨ ᠬᠥᠮᠦᠨ ᠰᠤᠷᠭᠠᠭᠤᠯᠢ ᠶ᠋ᠢᠨ ᠲᠦᠰᠢᠮᠡᠯ ᠦ᠋ᠨ ᠡᠮᠦᠨ᠎ᠡ ᠰᠢᠯᠭᠠᠬᠤᠢ ᠳ᠋ᠤᠷ ᠲᠡᠷᠢᠭᠦᠨ ᠳ᠋ᠦ᠍ᠷ ᠣᠷᠣᠵᠤᠬᠤᠢ᠂ ᠡᠨᠡ ᠠᠨᠤ ᠶᠡᠬᠡ ᠲᠥᠷᠥᠬᠦ ᠪᠠᠢᠨᠠᠮ ᠬᠡᠮᠡᠭᠰᠡᠨ ᠦᠭᠡᠰ ᠦᠭᠡ ᠲᠣᠬᠢᠶᠠᠯᠳᠤᠵᠤᠬᠤᠢ᠃  
      ᠶᠢᠰᠦᠳᠦᠭᠡᠷ ᠲᠥᠯᠭᠡ : ᠬᠥᠬᠡ ᠬᠠᠷ᠎ᠠ᠂ ᠶᠡᠬᠡ ᠰᠠᠢᠨ᠂ ᠲᠥᠯᠭᠡ ᠶ᠋ᠢᠨ ᠪᠡᠯᠭᠡ ᠠᠨᠤ᠂ ᠰᠥᠩ ᠲᠠᠢᠱᠧᠦ ᠴᠸᠡ ᠴᠢᠶᠣᠤ ᠳ᠋ᠤᠷ ᠰᠠᠭᠤᠷᠢᠨ ᠰᠠᠭᠤᠭᠰᠠᠨ : ᠴᠠᠩ ᠠᠨ ᠤ᠋ ᠵᠦᠭ ᠮᠡᠳᠡᠭᠡ ᠶ᠋ᠢ ᠪᠠᠷᠠᠭᠠᠯᠠᠨ ᠰᠢᠷᠲᠡᠬᠦ ᠶ᠋ᠢ ᠰᠣᠨᠣᠰᠪᠠᠰᠤ᠂ ᠭᠡᠭᠡᠬᠡᠨ ᠲᠣᠯᠢᠨ᠎ᠠ ᠦᠷᠭᠦᠯᠵᠢ ᠨᠠᠷᠢᠪᠴᠢᠯᠠᠨ ᠦᠵᠡᠭᠲᠦᠨ᠂ ᠲᠠᠮᠠᠭᠠᠲᠤ ᠶᠡᠬᠡ ᠪᠢᠴᠢᠭ ᠨᠤᠲᠤᠭ ᠲᠤᠷ ᠬᠦᠷᠴᠦ ᠢᠷᠡᠬᠦ ᠶ᠋ᠢ ᠰᠣᠨᠣᠰᠪᠠᠰᠤ᠂ ᠲᠡᠷᠡ ᠡᠳᠦᠷ ᠪᠠᠶᠠᠷ ᠤ᠋ᠨ ᠥᠩᠭᠡ ᠠᠨᠢᠰᠠᠬᠨ᠎ᠡ ᠮᠠᠨᠳᠤᠮᠤᠢ᠃ 
      ᠪᠣᠭᠳᠠ ᠶ᠋ᠢᠨ ᠲᠠᠭᠠᠯᠠᠯ : ᠨᠡᠷ᠎ᠡ ᠠᠰᠢᠭ ᠡᠴᠦᠰ ᠲᠦ᠍ᠷ ᠬᠦᠷᠦᠮᠦᠢ᠂  ᠵᠠᠷᠭᠤ ᠠᠪᠤᠮᠤᠢ᠂ ᠡᠪᠡᠳᠴᠢᠲᠡᠨ ᠳᠠᠷᠤᠢ ᠠᠨᠠᠮᠤᠢ᠂ ᠵᠢᠷᠮᠦᠰᠦᠨ ᠪᠥᠭᠡᠰᠦ ᠬᠥᠪᠡᠭᠦᠨ ᠬᠥᠩᠭᠡᠵᠢᠮᠦᠢ᠂ ᠤᠷᠤᠭ ᠪᠠᠷᠢᠯᠳᠤᠵᠤ ᠪᠣᠯᠤᠮᠤᠢ᠂ ᠶᠠᠪᠤᠳᠠᠯ ᠤ᠋ᠨ ᠬᠥᠮᠦᠨ ᠢᠷᠡᠮᠦᠢ᠂ ᠠᠯᠢᠪᠠ ᠬᠡᠷᠡᠭ ᠭᠠᠴᠢᠭᠳᠠᠯ ᠦᠭᠡᠢ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠬᠦᠰᠡᠭᠰᠡᠨ ᠬᠡᠷᠡᠭ ᠬᠣᠯᠠ ᠲᠤᠯᠠ ᠳᠡᠮᠡᠢ ᠶᠠᠭᠠᠷᠠᠬᠤ ᠬᠡᠷᠡᠭ ᠦᠭᠡᠢ᠂ ᠶᠠᠪᠤᠳᠠᠯ ᠤ᠋ᠨ ᠬᠥᠮᠦᠨ ᠢ ᠠᠰᠠᠭᠤᠪᠠᠰᠤ ᠵᠠᠭᠤᠨ ᠡᠳᠦᠷ ᠦ᠋ᠨ ᠳᠣᠲᠣᠷ᠎ᠠ᠂ ᠤᠷᠤᠭ ᠪᠠᠷᠢᠯᠳᠤᠬᠤᠢ ᠳ᠋ᠤᠷ ᠪᠦᠲᠦᠬᠦ ᠴᠠᠭ ᠪᠣᠢ᠂ ᠡᠪᠡᠳᠴᠢᠲᠡᠨ ᠳ᠋ᠦ᠍ᠷ ᠭᠦᠷᠢᠮ ᠢ ᠡᠷᠬᠢᠯᠡ᠂ ᠶᠡᠬᠡ ᠲᠥᠯᠥᠪ ᠠᠨᠤ ᠬᠤᠳᠠᠯ ᠬᠣᠭᠣᠰᠣᠨ ᠪᠥᠭᠡᠳ ᠪᠠᠷᠢᠮᠲᠠᠯᠠᠵᠤ ᠪᠣᠯᠬᠤ ᠦᠭᠡᠢ᠃ 
      ᠰᠠᠨᠠᠭ᠎ᠠ ᠲᠠᠢᠯᠤᠭᠰᠠᠨ : ᠪᠠᠷᠠᠭᠠᠯᠠᠨ ᠬᠡᠮᠡᠭᠰᠡᠨ ᠨᠢ ᠬᠦᠯᠢᠶᠡᠭᠰᠡᠨ ᠪᠣᠯᠠᠢ ᠴᠠᠩ ᠠᠨ ᠬᠠᠭᠠᠨ ᠤ᠋ ᠪᠠᠯᠭᠤᠨ ᠪᠣᠯᠠᠢ ᠲᠠᠮᠠᠭᠠᠲᠤ ᠪᠢᠴᠢᠭ ᠢᠷᠡᠬᠦ ᠢᠨᠦ ᠪᠠᠶᠠᠷ ᠤ᠋ᠨ ᠮᠡᠳᠡᠭᠡ ᠪᠣᠢ᠂ ᠪᠤᠰᠤᠳ ᠤ᠋ᠨ ᠨᠡᠷ᠎ᠡ ᠠᠰᠢᠭ ᠢ ᠠᠰᠠᠭᠤᠪᠠᠰᠤ ᠨᠢᠳᠦᠨ ᠡᠮᠦᠨ᠎ᠡ ᠰᠠᠢᠨ ᠴᠢᠮᠡᠭ ᠢᠷᠡᠮᠦᠢ᠂ ᠥᠪᠡᠷ ᠦ᠋ᠨ ᠨᠡᠷ᠎ᠡ ᠠᠰᠢᠭ ᠢ ᠪᠡᠯᠭᠡᠳᠡᠪᠡᠰᠦ ᠪᠠᠶᠠᠷ ᠮᠡᠲᠦ ᠪᠣᠯᠪᠠᠴᠤ ᠬᠣᠭᠣᠰᠣᠨ ᠮᠡᠳᠡᠭᠡ ᠲᠣᠯᠢ ᠰᠣᠨᠣᠰᠪᠠᠰᠤ᠂ ᠪᠠᠶᠠᠷ ᠤ᠋ᠨ ᠥᠩᠭᠡ ᠬᠡᠮᠡᠭᠰᠡᠨ ᠳᠥᠷᠪᠡᠨ ᠦᠭᠡᠰ ᠠᠯᠢᠨ ᠴᠤ᠌ ᠨᠤᠲᠠ ᠦᠭᠡᠢ ᠲᠤᠯᠠ ᠦᠵᠡᠭᠦᠯᠦᠭᠴᠢᠳ ᠰᠢᠨᠵᠢᠯᠡᠭᠲᠦᠨ᠃  
      ᠪᠡᠯᠭᠡ ᠶ᠋ᠢᠨ ᠲᠣᠬᠢᠶᠠᠯᠳᠤᠪᠦᠷᠢ : ᠨᠢᠭᠡᠨ ᠡᠬᠡᠨᠡᠷ ᠡᠷ᠎ᠡ ᠶ᠋ᠢᠨ ᠮᠡᠳᠡᠭᠡ ᠶ᠋ᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠦᠨᠡᠬᠡᠷ ᠳᠠᠷᠤᠢ ᠴᠢᠮᠡᠭᠡ ᠢᠷᠡᠪᠡᠢ᠃  
      ᠠᠷᠪᠠᠳᠤᠭᠠᠷ ᠲᠥᠯᠭᠡ : ᠬᠥᠬᠡ ᠬᠠᠷᠠᠭᠴᠢᠨ ᠳᠣᠣᠷ᠎ᠠ ᠶ᠋ᠢᠨ ᠳᠣᠣᠷ᠎ᠠ᠂ ᠲᠥᠯᠭᠡ ᠶ᠋ᠢᠨ ᠪᠡᠯᠭᠡ ᠠᠨᠤ : ᠢᠨ ᠪᠠ ᠨᠢᠦ ᠡᠪᠡᠳᠴᠢᠨ ᠳ᠋ᠦ᠍ᠷ ᠡᠨᠡᠯᠡᠭᠳᠠᠭᠰᠠᠨ : ᠡᠪᠡᠳᠴᠢᠲᠡᠨ ᠴᠠᠭ ᠲᠤᠷ ᠠᠮᠢᠨ ᠳᠣᠣᠷᠠᠲᠤᠨ ᠪᠠᠭᠤᠷᠠᠮᠤᠢ᠂ ᠱᠣᠣ ᠣᠷᠬᠢᠨ ᠳᠠᠯᠤ ᠲᠦᠯᠡᠬᠦ ᠬᠡᠷᠡᠭ ᠠᠨᠤ ᠶᠠᠭᠤᠨ ᠪᠣᠢ᠂ ᠰᠢᠯᠤᠭᠤᠨ ᠢ᠋ᠶ᠋ᠠᠷ ᠡᠪᠦᠯ ᠦ᠋ᠨ ᠲᠤᠢᠯ ᠢ ᠳᠠᠬᠢᠵᠤ ᠦᠵᠡᠪᠡᠰᠦ᠂ ᠲᠡᠨᠳᠡ ᠰᠠᠶᠢ ᠪᠤᠷᠬᠠᠨ ᠲᠡᠭᠷᠢ ᠳ᠋ᠦ᠍ᠷ ᠵᠠᠯᠪᠡᠷᠠᠪᠠᠰᠤ ᠰᠠᠢᠨ ᠪᠣᠯᠠᠢ᠃  
      ᠪᠣᠭᠳᠠ ᠶ᠋ᠢᠨ ᠲᠠᠭᠠᠯᠠᠯ : ᠨᠡᠷ᠎ᠡ ᠶ᠋ᠢ ᠣᠯᠬᠤᠶ᠎ᠠ ᠪᠡᠷᠬᠡ᠂ ᠡᠳ᠋ ᠬᠡᠰᠢᠭ ᠢ ᠠᠯᠳᠠᠮᠤᠢ ᠡᠪᠡᠳᠴᠢᠲᠡᠨ ᠨᠤᠨᠵᠢᠭᠠᠢ ᠪᠣᠯᠬᠤ᠂ ᠵᠠᠷᠭᠤ ᠤᠷᠰᠢᠭ ᠪᠣᠯᠬᠤ᠂ ᠶᠠᠪᠤᠳᠠᠯ ᠤ᠋ᠨ ᠬᠥᠮᠦᠨ ᠤᠳᠠᠮᠤᠢ᠂ ᠪᠤᠷᠬᠠᠨ ᠳ᠋ᠤᠷ ᠠᠪᠤᠷᠠᠯ ᠥᠴᠢ᠂ ᠬᠣᠪᠳᠣᠭᠯᠠᠨ ᠬᠦᠰᠡᠬᠦ ᠶ᠋ᠢ ᠴᠡᠭᠡᠷᠯᠡ᠃ 
      ᠲᠠᠢᠯᠪᠤᠷᠢ ᠥᠭᠦᠯᠡᠯ : ᠡᠨᠡ ᠲᠥᠯᠭᠡ ᠳ᠋ᠦ᠍ᠷ ᠶᠡᠬᠡ ᠲᠣᠳᠣᠷᠬᠠᠢ ᠪᠣᠯᠠᠢ᠂ ᠨᠢᠭᠦᠯᠲᠦ ᠬᠥᠮᠦᠨ ᠮᠠᠭᠤ ᠪᠠᠨ ᠬᠠᠯᠠ᠂ ᠡᠪᠡᠳᠴᠢᠨ ᠵᠠᠷᠭᠤ ᠶ᠋ᠢ ᠠᠰᠠᠭᠤᠪᠠᠰᠤ ᠠᠷᠪᠠᠨ ᠰᠠᠷ᠎ᠠ ᠪᠣᠯᠪᠠᠰᠤ ᠰᠠᠢ ᠠᠩᠭᠢᠵᠢᠷᠠᠮᠤᠢ᠂ ᠶᠣᠰᠣᠨ ᠪᠤᠰᠤ ᠶ᠋ᠢ ᠦᠢᠯᠡᠳᠪᠡᠰᠦ ᠭᠡᠮ ᠵᠣᠪᠠᠯᠠᠩ ᠯᠤᠭ᠎ᠠ ᠳᠠᠷᠤᠢ ᠠᠭᠤᠯᠵᠠᠮᠤᠢ᠂ ᠡᠨᠡ ᠠᠨᠤ ᠭᠡᠷ ᠦ᠋ᠨ ᠰᠠᠬᠢᠭᠤᠯᠰᠤᠨ ᠲᠠᠭᠠᠯᠠᠨᠰᠠᠨ ᠦᠭᠡᠢ ᠪᠣᠯᠠᠢ᠃  
      ᠰᠠᠨᠠᠭ᠎ᠠ ᠲᠠᠢᠯᠤᠭᠰᠠᠨ : ᠡᠪᠦᠯ ᠦ᠋ᠨ ᠲᠤᠢᠯ ᠢ ᠳᠠᠬᠢᠵᠤ ᠦᠵᠡᠪᠡᠰᠦ ᠬᠡᠮᠡᠭᠰᠡᠨ ᠠᠨᠤ᠂ ᠪᠠᠶᠠᠷ ᠪᠠᠢᠬᠤ ᠶ᠋ᠢᠨ ᠰᠠᠨᠠᠭ᠎ᠠ᠂ ᠰᠠᠢᠨ ᠢᠷᠡᠬᠦ ᠶ᠋ᠢᠨ ᠲᠡᠮᠳᠡᠭ᠂ ᠨᠡᠷ᠎ᠡ ᠠᠰᠢᠭ ᠤᠯᠠᠮ ᠲᠡᠩᠵᠢᠮᠦ᠂ ᠰᠠᠨᠠᠭᠰᠠᠨ ᠬᠡᠷᠡᠭ ᠰᠡᠳᠬᠢᠯᠴᠢᠯᠡᠨ ᠪᠦᠲᠦᠮᠦ᠂ ᠭᠠᠭᠴᠠ ᠬᠣᠣᠷᠯᠠᠯ ᠠ᠋ᠴᠠ ᠵᠠᠢᠯᠠᠬᠤ ᠪᠠ ᠰᠠᠢᠨ ᠢᠶᠠᠷ ᠶᠠᠪᠤᠬᠤ ᠬᠡᠷᠡᠭᠲᠡᠢ᠃ ᠮᠡᠷᠭᠡᠳ ᠰᠠᠢᠳ ᠦᠵᠡᠭᠦᠯᠪᠡᠰᠦ ᠪᠠᠭᠤᠷᠠᠭᠰᠠᠨ ᠢ ᠮᠡᠳᠡᠵᠦ ᠰᠢᠳᠤᠷᠭᠤ ᠴᠢᠳᠠᠯᠲᠠᠨ ᠢ ᠰᠢᠲᠦᠪᠡᠰᠦ ᠪᠤᠰᠤᠳ ᠤ᠋ᠨ ᠬᠣᠣᠷᠯᠠᠯ ᠠ᠋ᠴᠠ ᠬᠡᠲᠦᠯᠡᠵᠦ ᠴᠢᠳᠠᠮᠤᠢ᠂ ᠳᠣᠣᠷᠠᠳᠤᠰ ᠬᠥᠮᠦᠨ ᠪᠣᠯᠪᠠᠰᠤ ᠨᠢᠭᠤᠨ ᠰᠠᠭᠤᠭᠠᠳ᠂ ᠰᠠᠢᠨ ᠶᠠᠪᠤᠳᠠᠯᠲᠠᠨ ᠢ ᠪᠢᠲᠡᠭᠡᠢ ᠬᠣᠣᠤᠷᠯᠠᠬᠠᠳᠤᠨ᠂ ᠡᠪᠡᠳᠴᠢᠨ ᠪᠠ ᠵᠠᠷᠭᠤ ᠪᠣᠯᠪᠠᠰᠤ ᠰᠠᠷ᠎ᠠ ᠶ᠋ᠢᠨ ᠰᠢᠨ᠎ᠡ ᠶᠢ ᠬᠡᠲᠦᠷᠡᠪᠡᠰᠦ ᠭᠡᠮ ᠦᠭᠡᠢ᠃  
      ᠪᠡᠯᠭᠡ ᠶ᠋ᠢᠨ ᠲᠣᠬᠢᠶᠠᠯᠳᠤᠪᠤᠷᠢ᠂ ᠨᠢᠭᠡᠨ ᠪᠢᠴᠢᠭ ᠦ᠋ᠨ ᠬᠥᠮᠦᠨ ᠰᠢᠯᠭᠠᠬᠤ ᠶ᠋ᠢ ᠦᠵᠡᠭᠦᠯᠪᠡᠰᠦ ᠡᠨᠡ ᠲᠥᠯᠭᠡ ᠪᠠᠭᠤᠵᠤᠬᠤᠢ᠂ ᠲᠡᠨᠳᠡᠴᠡ ᠰᠢᠯᠭᠠᠵᠤ ᠣᠯᠤᠭᠰᠠᠨ ᠦᠭᠡᠢ᠂ ᠡᠨᠡ ᠢᠨᠦ ᠱᠣᠣ ᠣᠷᠬᠢᠬᠤ ᠬᠡᠷᠡᠭ ᠶᠠᠭᠤᠨ ᠬᠡᠮᠡᠭᠰᠡᠨ ᠯᠦᠭᠡ ᠲᠣᠬᠢᠶᠠᠯᠳᠤᠵᠤᠬᠤᠢ᠂ ᠪᠠᠰᠠ ᠨᠢᠭᠡᠨ ᠪᠢᠴᠢᠭ ᠦ᠋ᠨ ᠬᠥᠮᠦᠨ ᠦᠵᠡᠭᠦᠯᠦᠭᠡᠳ ᠬᠣᠷᠢᠨ ᠬᠣᠶᠠᠳᠤᠭᠠᠷ ᠲᠤᠷ ᠣᠷᠣᠵᠤᠬᠤᠢ᠂ ᠡᠪᠦᠯ ᠦ᠋ᠨ ᠲᠤᠢᠯ ᠬᠡᠮᠡᠭᠰᠡᠨ ᠠᠷᠪᠠᠨ ᠨᠢᠭᠡᠨ ᠰᠠᠷ᠎ᠠ ᠪᠣᠯᠠᠢ᠂ ᠳᠠᠬᠢᠵᠤ ᠦᠵᠡᠬᠦ ᠬᠡᠮᠡᠭᠰᠡᠨ ᠢᠶᠠᠷ ᠬᠣᠷᠢᠨ ᠬᠣᠶᠠᠷ ᠪᠣᠯᠤᠮᠤ᠃