ᠬᠣᠶᠠᠷ ᠦᠭᠡ᠎ ᠶ᠋ᠢᠨ ᠲᠥᠯᠥᠭᠡ - ᠴᠣ ᠂ ᠣᠷᠱᠤᠨ Хоёр үгийн төлөө – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ ᠦᠭᠡ᠎ ᠶ᠋ᠢᠨ ᠲᠥᠯᠥᠭᠡ - ᠴᠣ ᠂ ᠣᠷᠱᠤᠨ Хоёр үгийн төлөө – Чо ᠂ Оршин

ᠬᠣᠶᠠᠷ ᠦᠭᠡ᠎ ᠶ᠋ᠢᠨ ᠲᠥᠯᠥᠭᠡ - ᠴᠣ ᠂ ᠣᠷᠱᠤᠨ Хоёр үгийн төлөө – Чо ᠂ Оршин

2024-05-02

240

ᠬᠣᠶᠠᠷ ᠦᠭᠡ᠎ ᠶ᠋ᠢᠨ ᠲᠥᠯᠥᠭᠡ


 ᠬᠣᠶᠠᠷ ᠦᠭᠡ ᠶ᠋ᠢᠨ ᠲᠥᠯᠥᠭᠡ 
 ᠬᠣᠷᠸ᠋᠎ᠠ ᠳ᠋ᠦ᠍ ᠲᠥᠷᠥᠭᠰᠡᠨ ᠶᠤᠮ᠂ 
 ᠬᠣᠶ᠋ᠢᠴᠢ ᠦᠶ᠎ᠡ ᠠᠴᠢ ᠨᠠᠷ ᠲᠠᠭᠠᠨ 
 ᠨᠡᠷᠡᠯᠡᠵᠦ ᠳᠠᠭᠤᠳᠠᠭᠤᠯᠬᠤ ᠭᠡᠰᠡᠨ ᠶᠤᠮ᠃ 
 ᠲᠡᠷᠡ ᠪᠣᠯ 
 ᠲᠡᠩᠬᠡᠭᠡ ᠲᠠᠮᠢᠷ ᠦ᠋ᠨ ᠰᠤᠤ ᠵᠠᠯᠢ 
 ᠲᠠᠩᠬᠢᠯ ᠬᠠᠶ᠋ᠢᠷ᠎ᠠ ᠶ᠋ᠢᠨ ᠳᠡᠭᠡᠳᠦ 
 ᠲᠠᠯ᠎ᠠ ᠳ᠋ᠦ᠍ ᠤᠨᠠᠭᠰᠠᠨ ᠦᠷ᠎ᠡ ᠨᠠᠮᠠᠶ᠋ᠢ 
 ᠲᠠᠭᠠᠯᠠᠵᠤ ᠥᠰᠬᠡᠭᠰᠡᠨ ᠡᠬᠡ᠃
 ᠡᠩᠬᠡ ᠶ᠋ᠢᠨ ᠲᠠᠭᠲᠠᠭ᠎ᠠ ᠶ᠋ᠢ 
 ᠡᠯᠢᠭᠡᠨ ᠳ᠋ᠡᠭᠡᠨ ᠳᠡᠪᠲᠡᠷᠢᠭᠦᠯᠦᠭᠰᠡᠨ 
 ᠡᠪ ᠦ᠋ᠨ ᠲᠤᠩᠬᠠᠭ ᠊ᠢ 
 ᠳᠠᠶᠠᠩ ᠳ᠋ᠦ᠍ ᠵᠠᠷᠯᠠᠭᠰᠠᠨ 
 ᠡᠬᠡ ᠣᠷᠣᠨ ᠭᠡᠳᠡᠭ ᠬᠣᠶᠠᠷᠬᠠᠨ ᠦᠭᠡ ᠪᠣᠯ 
 ᠡᠭᠦᠷᠢᠳᠡ ᠨᠠᠮᠠᠶ᠋ᠢ ᠡᠷᠭᠦᠬᠦ 
 ᠡᠰᠡᠨ ᠮᠡᠨᠳᠦ ᠶ᠋ᠢᠨ ᠲᠤᠩᠬᠠᠭ 
 ᠦᠷᠡᠭᠳᠡᠭᠰᠡᠨ ᠪᠠᠭᠠᠲᠤᠷᠴᠤᠳ ᠦ᠋ᠨ ᠴᠢᠰᠤ ᠪᠠᠷ ᠪᠣᠰᠬᠠᠭᠰᠠᠨ 
 ᠦᠢᠯᠡᠰ ᠠᠮᠢᠳᠤᠷᠠᠯ ᠦ᠋ᠨ ᠪᠦᠲᠦᠮᠵᠢ ᠪᠡᠷ ᠭᠠᠩᠨᠠᠭᠳᠠᠭᠰᠠᠨ 
 ᠡᠬᠡ ᠣᠷᠣᠨ ᠲᠠᠨ ‍ᠤ 
 ᠡᠷᠬᠢᠮ ᠨᠡᠷ᠎ᠡ ᠬᠦᠨᠳᠦ ᠡᠭᠦᠷᠢᠳᠡ ᠪᠠᠯᠠᠷᠠᠬᠤ ᠦᠭᠡᠢ 
 ᠥᠨᠢᠳᠡ ᠰᠦᠢᠷᠡᠬᠦ ᠦᠭᠡᠢ᠃ 
 ᠡᠬᠡ ᠣᠷᠣᠨ ‍ᠤ ᠮᠢᠨᠢ ᠠᠯᠳᠠᠷ 
 ᠳᠤᠮᠳᠠᠳᠤ ᠤᠯᠤᠰ ᠭᠡᠳᠡᠭ 
 ᠡᠷᠪᠡᠢ ᠦᠷᠡᠰ ᠪᠢᠳᠡᠨ ‍ᠦ 
 ᠡᠨᠡᠷᠢᠯ ᠬᠠᠶ᠋ᠢᠷ᠎ᠠ ᠶ᠋ᠢᠨ ᠣᠷᠭᠢᠯ 
 ᠡᠬᠡ ᠣᠷᠣᠨ ᠭᠡᠵᠦ 
 ᠡᠭᠡᠰᠢᠭᠯᠡᠵᠦ ᠳᠠᠭᠤᠯᠠᠵᠤ ᠶᠠᠪᠤᠬᠤ 
 ᠡᠷᠡᠳᠡᠭᠦᠨ ᠵᠠᠶᠠᠭ᠎ᠠ ᠲᠠᠢ ᠪᠢ᠂ 
 ᠡᠷᠬᠢᠮᠰᠦᠭ ᠬᠤᠪᠢᠲᠠᠢ ᠪᠢ᠃ 
 ᠬᠣᠯᠠ ᠭᠠᠵᠠᠷ ᠳᠠᠷᠪᠢᠵᠤ 
 ᠬᠣᠷᠸ᠋᠎ᠠ ᠪᠦᠬᠦᠯᠢ ᠲᠣᠭᠣᠷᠢᠪᠠᠴᠤ 
 ᠡᠬᠡ ᠣᠷᠣᠨ ᠠ᠋ᠴᠠ ᠥᠭᠡᠷ᠎ᠡ 
 ᠡᠵᠡᠮᠳᠡᠬᠦ ᠬᠠᠶ᠋ᠢᠷ᠎ᠠ ᠦᠭᠡᠢ 
 ᠡᠬᠡ ᠣᠷᠣᠨ ‍ᠤ ᠡᠰᠡᠨᠢᠯ 
 ᠡᠩᠬᠡᠵᠢᠭᠰᠡᠨ ᠣᠨ ᠰᠠᠷ᠎ᠠ ᠳ᠋ᠦ᠍ 
 ᠡᠳᠡᠯ ᠪᠦᠳᠦᠷᠢᠯ ᠦ᠋ᠨ ᠰᠣᠷᠪᠢ ᠴᠤ᠌ ᠪᠠᠶ᠋ᠢᠳᠠᠭ 
 ᠡᠷᠴᠢᠮᠯᠡᠭ ᠳᠣᠷᠢᠭᠤᠨ ᠵᠠᠮᠨᠠᠯ ᠴᠤ᠌ ᠪᠠᠶ᠋ᠢᠳᠠᠭ ᠡ᠃ 
 ᠲᠡᠭᠡᠯ᠎ᠡ ᠭᠡᠳ 
 ᠲᠡᠮᠡᠴᠡᠯ ᠦᠢᠯᠡᠳᠦᠯᠭᠡ ᠴᠤ᠌ 
 ᠡᠬᠡ ᠣᠷᠣᠨ ᠭᠡᠰᠡᠨ ᠬᠣᠶᠠᠷ ᠦᠭᠡ 
 ᠤᠶᠠᠷᠠᠵᠤ ᠨᠤᠭᠤᠷᠠᠳᠠᠭ ᠦᠭᠡᠢ 
 ᠤᠰᠠᠳᠴᠤ ᠠᠷᠢᠯᠳᠠᠭ ᠦᠭᠡᠢ 
 ᠳᠥᠷᠦᠭᠡᠨ ᠳᠡᠭᠡᠷ᠎ᠡ ᠪᠡᠨ ᠥᠨᠳᠡᠶ᠋ᠢᠭᠰᠡᠨ ᠮᠣᠩᠭᠣᠯ ᠪᠢ 
 ᠳᠥᠴᠢ ᠬᠦᠷᠦᠭᠰᠡᠨ ᠳᠤᠮᠳᠠᠳᠤ ᠶ᠋ᠢᠨ ᠠᠯᠳᠠᠷ ᠊ᠢ ᠨᠠᠨᠳᠢᠩᠨᠠᠨ᠎ᠠ 
 ᠨᠡᠷ᠎ᠡ ᠨᠢᠳᠡᠷ ᠬᠣᠶᠠᠷ ᠨᠡᠶ᠋ᠢᠯᠡᠵᠦ ᠪᠣᠰᠳᠠᠭ ᠪᠢᠯᠡ 
 ᠨᠡᠭᠡᠷᠡᠨ ᠡᠨᠡ ᠬᠣᠶᠠᠷ ᠦᠭᠡ 
 ᠮᠢᠨᠦ ᠬᠡᠶ᠋ᠢᠮᠣᠷᠢ ᠪᠢᠯᠡ᠃ 
 ᠮᠢᠨᠦ ᠬᠡᠶ᠋ᠢᠮᠣᠷᠢ ᠮᠠᠨᠳᠤᠲᠤᠭᠠᠢ! 
 ᠮᠢᠨᠦ ᠡᠬᠡ ᠣᠷᠣᠨ ᠮᠠᠨᠳᠤᠲᠤᠭᠠᠢ!


     ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 04 24