ᠬᠠᠷᠪᠤᠭᠤᠯ ᠡᠪᠡᠰᠦХарвуул өвс

ᠬᠠᠷᠪᠤᠭᠤᠯ ᠡᠪᠡᠰᠦ
ᠦᠷᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠴᠥᠭᠡᠨ ᠢ᠋ᠶ᠋ᠡᠷ ᠪᠤᠲᠠᠯᠠᠵᠤ ᠤᠷᠭᠤᠨ᠎ᠠ᠃ ᠰᠦᠷᠡᠯ ᠨᠢ ᠰᠢᠯᠤᠭᠤᠨ ᠤᠷᠭᠤᠨ᠎ᠠ᠂ ᠭᠥᠯᠢᠭᠡᠷ᠂60—150cm ᠥᠨᠳᠥᠷ᠂3—4 ᠦᠶ᠎ᠡ ᠲᠡᠢ ᠪᠠ ᠣᠵᠣᠭᠣᠷ ᠲᠤᠨᠢ ᠬᠠᠢᠷᠰᠤᠨ ᠢᠯᠲᠠᠰᠤᠲᠤ ᠨᠠᠬᠢᠶ᠎ᠠ ᠲᠠᠢ᠃ ᠨᠠᠪᠴᠢᠨ ᠤ᠋ ᠲᠣᠭᠳᠣᠢ ᠨᠢ ᠰᠤᠯᠠᠬᠠᠨ᠂ ᠭᠥᠯᠢᠭᠡᠷ; ᠨᠠᠪᠴᠢ ᠨᠢ ᠨᠡᠯᠢᠶᠡᠳ ᠬᠠᠲᠠᠭᠤ᠂20—60cm ᠤᠷᠲᠤ᠂3—7mm ᠥᠷᠭᠡᠨ᠂ ᠶᠡᠷᠦ ᠳ᠋ᠡᠭᠡᠨ ᠬᠤᠮᠢᠭᠠᠷ᠂ ᠠᠷᠤ ᠨᠢ ᠭᠥᠯᠢᠭᠡᠷ᠂ ᠳᠡᠭᠡᠳᠦ ᠲᠠᠯ᠎ᠠ ᠪᠣᠯᠤᠨ ᠬᠥᠪᠡᠭᠡ ᠨᠢ ᠠᠷᠵᠠᠭᠠᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠨᠡᠯᠢᠶᠡᠳ ᠢᠬᠴᠤ᠂15—40cm ᠤᠷᠲᠤ᠂ ᠬᠠᠶᠠ60cm ᠬᠢᠷᠢ ᠤᠷᠲᠤ ᠴᠤ ᠪᠣᠢ᠂ ᠰᠠᠯᠠᠭ᠎ᠠ ᠨᠢ2—6 ᠪᠠᠷ ᠪᠠᠭᠯᠠᠷᠠᠵᠤ ᠰᠢᠯᠤᠭᠤᠨ ᠪᠤᠶᠤ ᠲᠠᠰᠢᠭᠤᠯᠠᠵᠤ ᠤᠷᠭᠤᠨ᠎ᠠ; ᠵᠢᠵᠢᠭ ᠲᠦᠷᠦᠭᠦᠦ ᠨᠢ ᠨᠣᠭᠣᠪᠲᠤᠷ ᠥᠩᠭᠡ ᠲᠡᠢ᠂ ᠡᠰᠡᠬᠦᠯ᠎ᠡ ᠪᠣᠷᠣ ᠪᠣᠯᠵᠤ ᠬᠤᠪᠢᠷᠠᠨ᠎ᠠ᠂8—10mm ᠤᠷᠲᠤ; ᠬᠠᠯᠢᠰᠤ ᠨᠢ ᠲᠣᠷᠭᠠᠨ ᠬᠠᠯᠢᠰᠤᠯᠢᠭ᠂ ᠦᠰᠦ ᠦᠭᠡᠢ᠂ ᠤᠷᠲᠤᠯᠵᠢᠨ ᠲᠣᠭᠣᠷᠢᠭ ᠰᠢᠭ᠋ ᠬᠠᠪᠲᠠᠭᠠᠢ ᠲᠡᠪᠡᠨᠡ ᠬᠡᠯᠪᠡᠷᠢ ᠲᠡᠢ᠂ ᠢᠵᠢᠯ ᠤᠷᠲᠤ ᠪᠤᠶᠤ ᠬᠣᠶᠠᠳᠤᠭᠠᠷ ᠬᠠᠯᠢᠰᠤ ᠨᠢ ᠪᠠᠬᠠᠨ ᠣᠬᠣᠷ; ᠭᠠᠳᠠᠷ ᠬᠡᠪᠡᠭ ᠨᠢ7mmДэрс ᠣᠷᠴᠢᠮ ᠤᠷᠲᠤ᠂ ᠵᠢᠵᠢᠭ ᠠᠴᠠ ᠦᠵᠦᠭᠦᠷ ᠲᠡᠢ᠂ ᠠᠷᠤ ᠳ᠋ᠤᠨᠢ ᠨᠡᠯᠢᠶᠡᠳ ᠤᠷᠲᠤ ᠵᠥᠭᠡᠯᠡᠨ ᠦᠰᠦ ᠲᠡᠢ; ᠰᠠᠭᠤᠷᠢ ᠲᠠᠪᠠᠭ ᠨᠢ ᠨᠡᠯᠢᠶᠡᠳ ᠱᠣᠪᠬᠣ ᠦᠵᠦᠭᠦᠷ ᠲᠡᠢ᠂1mm ᠣᠷᠴᠢᠮ ᠤᠷᠲᠤ᠂ ᠨᠢᠭ ᠦᠰᠦ ᠲᠡᠢ; ᠰᠤᠷ ᠨᠢ2.5cm ᠬᠢᠷᠢ ᠤᠷᠲᠤ᠂ ᠨᠢᠭᠡ ᠯᠡ ᠤᠳᠠᠭ᠎ᠠ ᠡᠪᠦᠳᠦᠭ ᠰᠢᠭ ᠮᠤᠷᠤᠢᠬᠤ ᠪᠥᠭᠡᠳ ᠳᠤᠮᠳᠠ ᠠ᠋ᠴᠠ ᠳᠣᠭᠣᠭᠰᠢ ᠪᠠᠨ ᠮᠤᠰᠬᠢᠷᠠᠨ᠎ᠠ; ᠳᠣᠲᠣᠷ ᠬᠡᠪᠡᠭ ᠨᠢ ᠬᠣᠶᠠᠷ ᠰᠤᠳᠠᠯ ᠲᠠᠢ᠂ ᠦᠰᠦ ᠲᠡᠢ; ᠲᠣᠭᠣᠰᠣᠪᠴᠢ ᠨᠢ4mm ᠣᠷᠴᠢᠮ ᠤᠷᠲᠤ᠂ ᠣᠷᠣᠢ ᠳ᠋ᠤᠨᠢ ᠵᠢᠵᠢᠭ ᠦᠰᠦ ᠲᠡᠢ᠃ ᠠᠮᠤ ᠵᠢᠮᠢᠰ ᠨᠢ ᠤᠷᠲᠤᠯᠵᠢᠨ ᠪᠥᠭᠡᠷᠡᠩᠬᠡᠢ᠂4mm ᠬᠢᠷᠢ ᠤᠷᠲᠤ᠂ ᠥᠪᠥᠷ ᠲᠠᠯ᠎ᠠ ᠳ᠋ᠤᠨᠢ ᠨᠠᠷᠢᠨ ᠬᠣᠪᠢᠯ ᠲᠠᠢ᠃
ᠠᠭᠤᠯᠠ ᠶ᠋ᠢᠨ ᠬᠠᠵᠠᠭᠤ ᠪᠠᠷ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ ᠬᠢᠭᠡᠳ ᠵᠡᠭᠦᠨ ᠬᠣᠢᠲᠤ ᠣᠷᠣᠨ᠂ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃
ᠬᠢᠲᠠᠳ ᠨᠡᠷ᠎ᠡ᠄羽茅
ᠠᠩᠭ᠌ᠯᠢ ᠨᠡᠷ᠎ᠡ᠄Achnatherum (L.)Keng
ᠦᠰᠦᠭ ᠠᠮᠢᠯᠠᠭᠤᠯᠤᠭᠴᠢ᠄ ᠣ · ᠰᠡᠴᠡᠨᠲᠤ
ᠬᠢᠨᠠᠭᠴᠢ᠄ ᠫᠤ· ᠴᠠᠭᠠᠨ
