ᠵᠢᠷᠭᠤᠭᠠᠨ ᠬᠠᠷ᠎ᠠ ᠴᠠᠭ ᠤᠨ ᠲᠥᠯᠭᠡ Зургаан хар цагийн төлөг ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠭᠤᠭᠠᠨ ᠬᠠᠷ᠎ᠠ ᠴᠠᠭ ᠤᠨ ᠲᠥᠯᠭᠡ Зургаан хар цагийн төлөг

ᠵᠢᠷᠭᠤᠭᠠᠨ ᠬᠠᠷ᠎ᠠ ᠴᠠᠭ ᠤᠨ ᠲᠥᠯᠭᠡ Зургаан хар цагийн төлөг

ᠠᠩᠭᠢᠯᠠᠯ:ᠵᠠᠩ ᠦᠢᠯᠡ
2024-05-01

303


       ᠡᠨᠡ ᠲᠥᠯᠭᠡ ᠶ᠋ᠢ ᠵᠡᠭᠦᠨ ᠭᠠᠷ ᠤ᠋ᠨ ᠠᠯᠠᠭ᠎ᠠ ᠪᠠᠨ ᠳᠡᠯᠭᠡᠨ᠂ ᠳᠤᠮᠳᠠ ᠭᠤᠷᠪᠠᠨ ᠬᠤᠷᠤᠭᠤᠨ( ᠳᠣᠯᠣᠪᠣᠷ᠂ ᠳᠤᠮᠳᠠ᠂ ᠢᠳᠠᠮ) ᠤ᠋ᠨ ᠨᠢᠭᠡᠳᠦᠭᠡᠷ ᠦᠶ᠎ᠡ (ᠬᠤᠷᠤᠭᠤᠨ ᠤ᠋ ᠦᠵᠦᠭᠦᠷ ᠦ᠋ᠨ ᠦᠶ᠎ᠡ ) ᠪᠠ ᠭᠤᠷᠪᠠᠳᠤᠭᠠᠷ ᠦᠶ᠎ᠡ (ᠬᠤᠷᠤᠭᠤᠨ ᠤ᠋ ᠤᠭ ᠤ᠋ᠨ ᠣᠢᠶ᠎ᠠ) ᠳᠡᠭᠡᠷ᠎ᠡ ᠲᠣᠭᠠᠯᠠᠨ᠎ᠠ᠃ ᠡᠭᠦᠨ ᠳ᠋ᠦ᠍ ᠳᠣᠯᠣᠪᠣᠷ ᠬᠤᠷᠤᠭᠤᠨ ᠤ᠋ ᠭᠤᠷᠪᠠᠳᠤᠭᠠᠷ ᠦᠶ᠎ᠡ ᠶ᠋ᠢ ᠶᠡᠬᠡ ᠠᠮᠤᠷ᠂ ᠨᠢᠭᠡᠳᠦᠭᠡᠷ ᠦᠶ᠎ᠡ ᠶ᠋ᠢ ᠮᠠᠭᠤ ᠤᠴᠠᠷᠠᠯ᠃ ᠳᠤᠮᠳᠠ ᠬᠤᠷᠤᠭᠤᠨ ᠤ᠋ ᠨᠢᠭᠡᠳᠦᠭᠡᠷ ᠦᠶ᠎ᠡ ᠶ᠋ᠢ ᠲᠦᠷᠭᠡᠨ ᠪᠠᠶᠠᠷ᠂ ᠭᠤᠷᠪᠠᠳᠤᠭᠠᠷ ᠦᠶ᠎ᠡ ᠶ᠋ᠢ ᠬᠣᠭᠣᠰᠣᠨ ᠮᠥᠬᠥᠯ᠃ ᠢᠲᠡᠮ ᠬᠤᠷᠤᠭᠤᠨ ᠤ᠋ ᠨᠢᠭᠡᠳᠦᠭᠡᠷ ᠦᠶ᠎ᠡ ᠶ᠋ᠢ ᠤᠯᠠᠭᠠᠨ ᠠᠮᠠ᠂ ᠭᠤᠷᠪᠠᠳᠤᠭᠠᠷ ᠦᠶ᠎ᠡ ᠶ᠋ᠢ ᠥᠴᠦᠬᠡᠨ ᠪᠠᠶᠠᠷ ᠭᠡᠵᠦ ᠣᠷᠣᠨ ᠲᠣᠭᠲᠠᠭᠠᠳᠠᠭ᠃ ᠤᠷᠢᠳᠠᠪᠡᠷ ᠲᠥᠯᠭᠡ ᠭᠤᠶᠤᠬᠤ ᠬᠥᠮᠦᠨ ᠢ᠋ᠶ᠋ᠡᠷ ᠨᠢᠭᠡᠨ ᠴᠠᠭ ᠬᠡᠯᠡᠭᠦᠯᠦᠭᠡᠳ᠂ ᠲᠡᠷᠡ ᠬᠥᠮᠦᠨ ᠦ᠌ ᠬᠡᠯᠡᠭᠰᠡᠨ ᠰᠠᠷ᠎ᠠ ᠡᠳᠦᠷ᠂ ᠴᠠᠭ ᠢ᠋ ᠳᠡᠰ ᠳᠠᠷᠠᠭᠠᠯᠠᠨ ᠲᠣᠭᠠᠯᠠᠨ᠎ᠠ᠃ ᠳᠠᠷᠤᠢ ᠶᠡᠬᠡ ᠠᠮᠤᠷ ᠳᠡᠭᠡᠷ᠎ᠡ ᠡᠴᠡ ᠴᠠᠭᠠᠨ ᠰᠠᠷ᠎ᠠ ᠠ᠋ᠴᠠ ᠡᠬᠢᠯᠡᠨ ᠴᠠᠭ ᠤ᠋ᠨ ᠵᠡᠭᠦᠦ ᠶ᠋ᠢᠨ ᠡᠷᠭᠢᠯᠲᠡ ᠶ᠋ᠢᠨ ᠴᠢᠩᠯᠡᠯ ᠳᠠᠭᠠᠤ ᠡᠷᠭᠢᠭᠦᠯᠦᠨ ᠲᠣᠭᠠᠯᠠᠵᠤ᠂ ᠲᠥᠯᠭᠡ ᠦᠵᠡᠬᠦ ᠰᠠᠷ᠎ᠠ ᠳ᠋ᠤ᠌ ᠬᠦᠷᠦᠭᠡᠳ᠂ ᠵᠠᠯᠭᠠᠭᠠᠳ ᠰᠢᠨ᠎ᠡ ᠶ᠋ᠢᠨ ᠨᠢᠭᠡᠨ᠂ ᠬᠣᠶᠠᠷ ᠭᠡᠮᠡᠨ ᠲᠥᠯᠭᠡ ᠦᠵᠡᠬᠦ ᠡᠳᠦᠷ ᠬᠦᠷᠲᠡᠯ᠎ᠡ ᠲᠣᠭᠠᠯᠠᠵᠤ᠂ ᠳᠠᠬᠢᠨ ᠵᠠᠯᠭᠠᠭᠠᠳ ᠬᠤᠯᠤᠭᠠᠨ᠎ᠠ ᠦᠬᠡᠷ ᠭᠡᠮᠡᠨ ᠲᠣᠭᠠᠯᠠᠵᠤ ᠂ ᠬᠡᠯᠡᠭᠦᠯᠦᠭᠰᠡᠨ ᠲᠥᠯᠭᠡ ᠦᠵᠡᠬᠦ ᠴᠠᠭ ᠲᠤ᠌ ᠬᠦᠷᠦᠭᠡᠳ ᠲᠣᠬᠢᠶᠠᠯᠳᠤᠭᠰᠠᠨ ᠣᠷᠣᠨ ᠢ᠋ᠶ᠋ᠠᠨ ᠦᠵᠡᠮᠦᠢ ᠃ ᠵᠢᠰᠢᠶᠠᠯᠠᠪᠠᠯ ᠂ ᠨᠢᠭᠡᠨ ᠬᠥᠮᠦᠨ 6 ᠰᠠᠷ᠎ᠠ ᠶ᠋ᠢᠨ ᠨᠠᠢ᠍ᠮᠠᠨ ᠤ᠋ ᠡᠳᠦᠷ ᠮᠣᠷᠢᠨ ᠴᠠᠭ ᠢ᠋ ᠬᠡᠯᠡᠭᠰᠡᠨ ᠪᠣᠯ ᠂ ᠶᠡᠬᠡ ᠠᠮᠤᠷ ᠳᠡᠭᠡᠷ᠎ᠡ ᠡᠴᠡ ᠡᠬᠢᠯᠡᠨ ᠴᠠᠭᠠᠨ ᠰᠠᠷ᠎ᠠ (ᠶᠡᠬᠡ ᠠᠮᠤᠷ)᠂ ᠬᠣᠶᠠᠷ ᠰᠠᠷ᠎ᠠ (ᠮᠠᠭᠤ ᠤᠴᠠᠷᠠᠯ)᠂ ᠭᠤᠷᠪᠠᠨ ᠰᠠᠷ᠎ᠠ (ᠲᠦᠷᠭᠡᠨ ᠪᠠᠶᠠᠷ ) ᠂ ᠳᠥᠷᠪᠡᠨ ᠰᠠᠷ᠎ᠠ (ᠤᠯᠠᠭᠠᠨ ᠠᠮᠠ ) ᠂ ᠲᠠᠪᠤᠨ ᠰᠠᠷ᠎ᠠ( ᠥᠴᠦᠬᠡᠨ ᠪᠠᠶᠠᠷ) ᠵᠢᠷᠭᠤᠭᠠᠨ ᠰᠠᠷ᠎ᠠ( ᠬᠣᠭᠣᠰᠣᠨ ᠮᠥᠬᠥᠯ ) ᠭᠡᠵᠦ ᠰᠠᠷ᠎ᠠ ᠶ᠋ᠢ ᠲᠣᠭᠠᠯᠠᠵᠤ ᠪᠠᠷᠠᠪᠠᠯ ᠂ ᠵᠠᠯᠭᠠᠭᠠᠳ ᠰᠢᠨ᠎ᠡ ᠶ᠋ᠢᠨ ᠨᠢᠭᠡ ( ᠶᠡᠬᠡ ᠠᠮᠤᠷ ) ᠂ ᠰᠢᠨ᠎ᠡ ᠶ᠋ᠢᠨ ᠬᠣᠶᠠᠷ (ᠮᠠᠭᠤ ᠤᠴᠠᠷᠠᠯ )᠁ ᠰᠢᠨ᠎ᠡ ᠶ᠋ᠢᠨ ᠨᠠᠢ᠍ᠮᠠᠨ( ᠮᠠᠭᠤ ᠤᠴᠠᠷᠠᠯ ) ᠭᠡᠵᠦ ᠡᠳᠦᠷ ᠢ᠋ ᠲᠣᠭᠠᠯᠠᠵᠤ ᠪᠠᠷᠠᠪᠠᠯ ᠳᠠᠬᠢᠨ ᠵᠠᠯᠭᠠᠭᠠᠳ ᠬᠤᠯᠤᠭᠠᠨ᠎ᠠ (ᠲᠦᠷᠭᠡᠨ ᠪᠠᠶᠠᠷ) ᠂ ᠦᠬᠡᠷ( ᠤᠯᠠᠭᠠᠨ ᠠᠮᠠ )᠁ ᠭᠡᠬᠦ ᠮᠡᠲᠦ ᠪᠡᠷ ᠦᠷᠭᠦᠯᠵᠢᠯᠡᠨ ᠲᠣᠭᠠᠯᠠᠵᠤ ᠮᠣᠷᠢᠨ ᠴᠠᠭ ᠲᠦᠷᠭᠡᠨ ᠪᠠᠶᠠᠷ ᠣᠷᠣᠨ ᠳᠡᠭᠡᠷ᠎ᠡ ᠲᠣᠬᠢᠶᠠᠯᠳᠤᠨ᠎ᠠ᠃ 
     ● ᠶᠡᠬᠡ ᠠᠮᠤᠷ : ᠪᠡᠶ᠎ᠡ ᠦᠯᠦ ᠬᠥᠳᠡᠯᠬᠦ ᠴᠠᠭ ᠬᠥᠬᠡ ᠯᠤᠤ ᠮᠣᠳᠣᠨ ᠤ᠋ ᠮᠠᠬᠠᠪᠣᠳ ᠂ ᠡᠳ᠋ ᠪᠠ ᠲᠠᠸᠠᠷ ᠡᠷᠢᠪᠡᠯ ᠪᠠᠷᠠᠭᠤᠨ ᠬᠣᠢᠨ᠎ᠠ ᠵᠣᠬᠢᠰᠲᠠᠢ ᠂ ᠵᠠᠪᠬᠠᠢᠷᠠᠭᠰᠠᠨ ᠶᠠᠭᠤᠮ᠎ᠠ ᠣᠢᠷᠬᠠᠨ ᠂ ᠭᠡᠷ ᠮᠠᠯ ᠠᠮᠠᠷᠬᠠᠨ ᠂ ᠶᠠᠪᠤᠳᠠᠯᠴᠢᠨ ᠤᠳᠠᠭᠠᠨ ᠂ ᠡᠪᠡᠳᠴᠢᠲᠡᠨ᠎ᠡ ᠭᠡᠮ ᠦᠭᠡᠢ ᠰᠠᠢᠨ ᠪᠣᠢ ᠃ 
     ● ᠮᠠᠭᠤ ᠤᠴᠠᠷᠠᠯ᠄ ᠦᠯᠦ ᠡᠭᠡᠬᠦ ᠴᠠᠭ ᠬᠠᠷ᠎ᠠ ᠪᠠᠭᠠᠲᠤᠷ ᠂ ᠤᠰᠤᠨ ᠤ᠋ ᠮᠠᠬᠠᠪᠣᠳ ᠂ ᠬᠡᠷᠡᠭ ᠦᠢᠯᠡ ᠰᠠᠭᠠᠷᠮᠠᠭ ᠂ ᠵᠠᠷᠭᠤ ᠤᠯᠳᠠᠭᠤᠷ ᠵᠣᠬᠢᠰᠲᠠᠢ ᠂ ᠶᠠᠪᠤᠳᠠᠯᠴᠢᠨ ᠤᠳᠠᠭᠠᠨ ᠃ ᠠᠯᠳᠠᠭᠤᠯ ᠪᠠᠷᠠᠭᠤᠨ ᠵᠦᠭ ᠡᠴᠡ ᠣᠯᠤᠮᠤᠢ ᠂ ᠬᠤᠷᠳᠤᠪᠴᠢᠯᠠᠨ ᠡᠷᠢᠯᠲᠡᠢ ᠂ ᠬᠡᠯᠡ ᠠᠮᠠ ᠶ᠋ᠢ ᠰᠡᠷᠭᠡᠢᠯᠡ᠂ ᠭᠡᠷ ᠮᠠᠯ ᠡᠶᠡᠯᠰᠡᠭ ᠲᠦᠪᠰᠢᠨ ᠪᠣᠢ᠃ 
     ● ᠲᠦᠷᠭᠡᠨ ᠪᠠᠶᠠᠷ : ᠬᠥᠮᠦᠨ ᠳᠠᠷᠤᠢ ᠢᠷᠡᠬᠦ ᠴᠠᠭ ᠂ ᠤᠯᠠᠭᠠᠨ ᠱᠠᠭᠠᠵᠠᠭᠠᠢ ᠭᠠᠯ ᠤ᠋ᠨ ᠮᠠᠬᠠᠪᠣᠳ ᠂ ᠣᠯᠵᠠ ᠪᠠᠷᠠᠭᠤᠨ ᠵᠦᠭ ᠡᠴᠡ ᠡᠷᠢ ᠂ ᠪᠢᠴᠢ ᠬᠣᠨᠢ ᠮᠣᠷᠢ ᠪᠠ ᠶᠡᠬᠡ ᠵᠠᠮ ᠳ᠋ᠤ᠌ ᠡᠷᠢᠭᠲᠦᠨ ᠂ ᠵᠠᠷᠭᠤ ᠣᠯᠬᠤ ᠪᠣᠢ ᠂ ᠡᠪᠡᠳᠴᠢᠨ ᠭᠠᠢ ᠦᠭᠡᠢ ᠂ ᠭᠡᠷ ᠮᠠᠯ ᠳ᠋ᠤ᠌ ᠠᠮᠠᠷᠬᠠᠨ ᠂ ᠶᠠᠪᠤᠳᠠᠯ ᠠᠨᠤ ᠰᠤᠷᠤᠭᠳᠠᠢ ᠰᠠᠢᠨ ᠪᠣᠢ ᠃
     ● ᠤᠯᠠᠭᠠᠨ ᠠᠮᠠ : ᠵᠠᠷᠭᠤ ᠬᠢᠬᠦ ᠳ᠋ᠦ᠍ ᠬᠠᠷᠰᠢ ᠴᠠᠭ ᠂ ᠴᠠᠭᠠᠨ ᠪᠠᠷᠰ ᠲᠡᠮᠦᠷ ᠦ᠋ᠨ ᠮᠠᠬᠠᠪᠣᠳ ᠂ ᠵᠠᠷᠭᠤ ᠬᠢᠬᠦ ᠶ᠋ᠢ ᠬᠢᠴᠢᠶᠡ ᠂ ᠵᠠᠮ ᠳ᠋ᠤ᠌ ᠶᠡᠬᠡ ᠵᠣᠪᠠᠬᠤ ᠂ ᠰᠢᠮᠳᠠᠨ ᠡᠷᠢᠭᠲᠦᠨ ᠂ ᠶᠠᠪᠤᠳᠠᠯ ᠤᠷᠰᠢᠭᠲᠠᠢ ᠪᠣᠯᠬᠤ ᠂ ᠡᠪᠡᠳᠴᠢᠲᠡᠨ ᠳ᠋ᠦ᠍ ᠭᠠᠢ ᠶᠡᠬᠡ ᠪᠣᠢ᠃
     ● ᠥᠴᠦᠬᠡᠨ ᠪᠠᠶᠠᠷ ᠄ ᠬᠥᠮᠦᠨ ᠢᠷᠡᠬᠦ ᠪᠠᠶᠠᠰᠬᠤᠯᠠᠩᠲᠤ ᠴᠠᠭ ᠂ ᠵᠢᠷᠭᠤᠭᠠᠨ ᠤᠴᠠᠷᠠᠯ ᠮᠣᠳᠣᠨ ᠤ᠋ ᠮᠠᠬᠠᠪᠣᠳ᠂ ᠪᠠᠶᠠᠷ ᠬᠡᠯᠡᠬᠦ ᠣᠯᠵᠠ ᠬᠣᠨᠢᠨ ᠵᠦᠭ ᠠᠮᠤᠢ ᠂ ᠵᠢᠭᠤᠯᠴᠢᠯᠠᠨ ᠶᠠᠪᠤᠭᠰᠠᠳ ᠦᠳᠳᠥᠷ ᠢᠷᠡᠬᠦ᠂ ᠬᠠᠷᠢᠯᠴᠠᠵᠤ ᠠᠪᠬᠤ ᠪᠠ ᠬᠠᠮᠤᠭ ᠦᠢᠯᠡᠰ ᠲᠦ᠍ ᠰᠠᠢᠨ᠂ ᠡᠪᠡᠳᠴᠢᠲᠡᠨ ᠵᠠᠯᠪᠠᠷᠢᠪᠠᠰᠤ ᠰᠠᠢᠨ ᠪᠣᠢ᠃ 
     ● ᠬᠣᠭᠣᠰᠣᠨ ᠮᠥᠬᠥᠯ : ᠰᠤᠷᠤᠭ ᠵᠠᠩᠭᠢ ᠴᠥᠭᠡᠨ ᠴᠠᠭ᠂ ᠢᠯᠡᠭᠦᠦ ᠣᠳᠣᠨ ᠤ᠋ ᠰᠢᠷᠣᠢ ᠶ᠋ᠢᠨ ᠮᠠᠬᠠᠪᠣᠳ᠂ ᠣᠯᠵᠠ ᠠᠮᠢ ᠵᠢᠭᠤᠯᠴᠢᠯᠠᠯ ᠳ᠋ᠤ᠌ ᠲᠤᠰᠠ ᠠᠰᠢᠭ ᠦᠭᠡᠢ᠂ ᠶᠠᠪᠤᠳᠠᠯᠴᠢᠨ ᠵᠣᠪᠠᠬᠤ᠂ ᠠᠰᠢᠭ ᠦᠯᠦ ᠣᠯᠳᠠᠬᠤ᠂ ᠵᠠᠷᠭᠤ ᠶ᠋ᠢᠨ ᠲᠤᠯᠠ ᠵᠣᠪᠠᠯᠠᠩ ᠪᠣᠢ᠂ ᠡᠪᠡᠳᠴᠢᠲᠡᠨ ᠳ᠋ᠦ᠍ ᠠᠳ ᠲᠦᠢᠳᠬᠡᠷ ᠲᠡᠢ᠂ ᠭᠦᠷᠢᠮ ᠵᠠᠰᠠᠯ ᠲᠤᠰᠠᠯᠠᠨᠠᠮ ᠪᠣᠢ᠃