ᠨᠤᠲᠤᠭ ᠦ᠋ᠨ ᠲᠣᠯᠢ - ᠴᠣ ᠂ ᠣᠷᠱᠤᠨ Нутгийн толь – Чо ᠂ Оршин
ᠨᠤᠲᠤᠭ ᠦ᠋ᠨ ᠲᠣᠯᠢ
ᠴᠡᠩᠬᠡᠷ ᠳᠣᠯᠭᠢᠶᠠᠨ ᠢ᠋ᠶ᠋ᠠᠷ ᠢ᠋ᠶ᠋ᠠᠨ ᠮᠦᠰᠢᠶᠡᠭᠰᠡᠨ
ᠴᠡᠴᠡᠭ ᠬᠣᠷᠭᠤᠢᠯᠠᠭᠰᠠᠨ ᠲᠠᠯ᠎ᠠ ᠶ᠋ᠢᠨ ᠢ᠋ᠶ᠋ᠡᠨ
ᠴᠡᠮᠴᠡᠭᠡᠷ ᠭᠣᠶᠣᠬᠠᠨ ᠨᠠᠭᠤᠷ ᠢ᠋
ᠬᠤᠪᠢ ᠢᠷᠦᠭᠡᠯᠲᠡᠢ ᠨᠤᠲᠤᠭ ᠤ᠋ᠨ ᠮᠢᠨᠢ
ᠬᠣᠷᠸ᠎ᠠ ᠳ᠋ᠤ᠌ ᠮᠥᠩᠬᠡᠯᠡᠭᠰᠡᠨ ᠲᠣᠯᠢ ᠭᠡᠵᠦ
ᠬᠤᠪᠢ ᠪᠠᠷ ᠢ᠋ᠶ᠋ᠠᠨ ᠪᠢ ᠰᠠᠨᠠᠳᠠᠭ ᠶᠤᠮ
ᠬᠣᠩᠭᠣᠷ ᠰᠠᠨᠠᠭᠠᠨ ᠳ᠋ᠠᠭᠠᠨ ᠬᠠᠢᠷᠠᠯᠠᠳᠠᠭ ᠶᠤᠮ᠃
ᠨᠠᠢᠷᠲᠠᠢ ᠬᠣᠩᠭᠣᠷ ᠲᠠᠢ ᠪᠠᠨ ᠵᠤᠭᠠᠴᠠᠵᠤ
ᠨᠠᠢᠭᠤᠭ᠎ᠠ ᠰᠠᠷᠠᠯ ᠲᠠᠢ ᠪᠠᠨ ᠢᠵᠢᠯᠰᠢᠬᠦ ᠳ᠋ᠦ᠍
ᠨᠠᠭᠤᠷ ᠤ᠋ᠨ ᠤᠰᠤ ᠮᠢᠨᠢ ᠢᠨᠢᠶᠡᠮᠰᠦᠭᠯᠡᠨ
ᠨᠢᠭᠤᠴᠠᠬᠠᠨ ᠰᠡᠳᠬᠢᠯ ᠢ᠋ ᠰᠡᠬᠦᠬᠦ ᠳ᠋ᠡᠭᠡᠨ
ᠬᠠᠵᠠᠭᠠᠷ ᠲᠠᠢ ᠮᠣᠷᠢᠳ ᠤ᠋ᠨ ᠳᠠᠰᠤᠯᠴᠠᠵᠤ
ᠬᠠᠷᠢᠯᠴᠠᠨ ᠱᠦᠷᠭᠦᠭᠡᠨ ᠵᠣᠭᠰᠣᠯᠴᠠᠭᠰᠠᠨ ᠢ᠋
ᠬᠠᠢᠷᠠᠲᠠᠢ ᠪᠢᠳᠡᠨ ᠦ᠌ ᠳᠣᠲᠣᠨᠣᠬᠠᠨ
ᠬᠠᠶᠠ ᠪᠠᠢᠭᠠᠳ ᠬᠠᠷᠠᠯᠴᠠᠭᠰᠠᠨ ᠢ᠋
ᠲᠣᠯᠢ ᠳ᠋ᠤ᠌ ᠵᠡᠷᠭᠡᠴᠡᠭᠡᠳ ᠦᠵᠡᠬᠦ ᠰᠢᠭ
ᠲᠣᠳᠣᠬᠠᠨ ᠰᠠᠢᠬᠠᠨ ᠵᠢᠷᠤᠭᠯᠠᠨ᠎ᠠ᠂
ᠲᠣᠩᠭᠣᠷᠤᠤ ᠲᠤᠰᠤᠭᠰᠠᠨ ᠳᠦᠷᠢ ᠮᠢᠨᠢ
ᠲᠤᠨᠤᠷᠠᠬᠤ ᠤᠰᠤᠨ ᠳ᠋ᠤ᠌ ᠦᠯᠡᠳᠡᠨ᠎ᠡ᠃
ᠨᠤᠲᠤᠭ ᠤ᠋ᠨ ᠨᠠᠭᠤᠷ ᠰᠠᠢᠬᠠᠨ ᠠ᠋
ᠨᠣᠮᠣᠢ ᠪᠢᠳᠡᠨ ᠢ᠋ ᠬᠥᠭᠵᠢᠭᠡᠯᠡ᠂
ᠨᠤᠲᠤᠭ ᠤ᠋ᠨ ᠨᠠᠭᠤᠷ᠂ ᠲᠣᠯᠢ ᠠ᠋
ᠨᠣᠷᠤᠭᠰᠠᠨ ᠬᠠᠢᠷ᠎ᠠ ᠶ᠋ᠢ ᠰᠡᠭᠦᠳᠡᠷᠯᠡᠯ᠎ᠡ᠃
ᠲᠣᠭᠣᠵᠤ ᠬᠠᠨᠢᠯᠠᠭᠰᠠᠨ ᠨᠥᠬᠥᠷ ᠮᠢᠨᠢ
ᠳᠣᠨᠣᠯᠵᠠᠬᠤ ᠲᠣᠯᠢ ᠪᠠᠨ ᠰᠢᠷᠲᠡᠨᠡᠮ᠂
ᠲᠤᠨᠤᠷᠠᠬᠤ ᠨᠠᠭᠤᠷ ᠤ᠋ᠨ ᠢ᠋ᠶ᠋ᠠᠨ ᠬᠥᠪᠡᠭᠡᠨ ᠳ᠋ᠦ᠍
ᠲᠣᠭ᠎ᠠ ᠲᠠᠢ ᠦᠭᠡ ᠪᠡᠨ ᠶᠠᠷᠢᠨᠠᠮ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 23
