《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠬᠣᠶᠠᠳᠤᠭᠠᠷ ᠪᠦᠯᠦᠭ> "Хөх судар" он нөхвөр дэвтэр - Инжинаш <Дөчин хоёрдугаар бүлэг>
《ᠬᠥᠬᠡ ᠰᠤᠳᠤᠷ》 ᠤᠨ ᠨᠥᠬᠥᠪᠦᠷᠢ ᠲᠡᠪᠲᠡᠷ - < ᠳᠥᠴᠢᠨ ᠬᠣᠶᠠᠳᠤᠭᠠᠷ ᠪᠦᠯᠦᠭ>
ᠳᠥᠴᠢᠨ ᠬᠣᠶᠠᠳᠤᠭᠠᠷ ᠪᠦᠯᠦᠭ
ᠬᠡᠷᠡᠴᠢᠳᠦ ᠪᠣᠭᠳᠠ ᠭᠡᠭᠡᠬᠡᠨ ᠪᠤᠯᠠᠭ ᠤ᠋ᠨ ᠭᠡᠷ ᠬᠤᠷᠢᠮ ᠳ᠋ᠤᠷ ᠭᠡᠷᠦᠨ ᠲᠡᠦᠬᠡ ᠶ᠋ᠢ ᠲᠡᠦᠬᠡᠯᠡᠮᠦᠢ
ᠭᠡᠮᠲᠦᠭᠰᠡᠨ ᠲᠠᠩᠭᠤᠳ ᠬᠡᠢᠪᠡᠩ ᠨᠠᠭᠤᠷ᠎ᠠ ᠭᠡᠢᠭᠦᠯᠬᠦ ᠵᠤᠯᠠ ᠶ᠋ᠢᠨ ᠠᠰᠠᠷ ᠲᠠᠭᠲᠤ ᠪᠠᠷ ᠳᠦᠭᠦᠷᠭᠡᠮᠦᠢ
ᠡᠷᠲᠡᠨ ᠦ᠌ ᠳᠠᠩ ᠮᠢᠩ ᠬᠤᠸᠠᠩ ᠴᠠᠭᠠᠨ ᠶᠠᠰᠤᠨ᠎ᠠ ᠤᠯᠠᠭᠠᠨ ᠥᠩᠭᠡ ᠬᠦᠷᠲᠡᠭᠡᠭᠰᠡᠨᠡ
ᠡᠳᠦᠭᠡᠬᠢ ᠶ᠋ᠢᠨ ᠶᠤᠸᠠᠨ ᠲᠠᠢᠽᠦ ᠮᠠᠭᠤ ᠣᠭᠣᠯᠢ ᠳ᠋ᠤᠷ ᠰᠠᠢᠨ ᠴᠣᠯᠠ ᠬᠠᠢᠷᠠᠯᠠᠵᠤᠬᠤᠢ᠂
ᠡᠨᠡ ᠬᠣᠶᠠᠷ ᠤ᠋ᠨ ᠠᠯᠢᠨ ᠥᠨᠳᠥᠷ ᠠᠯᠢᠨ ᠪᠣᠭᠣᠨᠢ ᠶ᠋ᠢ ᠪᠢᠴᠢᠭ ᠠᠢᠯᠠᠳᠬᠤ
ᠡᠷᠳᠡᠮᠲᠡᠨ ᠰᠠᠢᠳ ᠤ᠋ᠳ ᠥᠪᠡᠷ ᠦ᠋ᠨ ᠠᠯᠭᠤᠷ ᠰᠢᠭᠦᠮᠵᠢᠯᠡᠨ ᠲᠣᠭᠲᠠᠭᠠᠭᠲᠤᠬᠤᠢ᠃
ᠲᠡᠨᠳᠡᠴᠡ ᠲᠠᠢᠽᠦ ᠭᠡᠭᠡᠬᠡᠨ ᠪᠤᠯᠠᠭ ᠤ᠋ᠨ ᠭᠡᠷ ᠬᠤᠷᠢᠮ ᠳ᠋ᠤᠷ ᠭᠡᠷ ᠭᠠᠳᠠᠨ᠎ᠠ ᠶ᠋ᠢᠨ ᠰᠤᠳᠤᠷ ᠤ᠋ᠨ ᠲᠦᠰᠢᠮᠡᠳ ᠭᠤᠴᠢᠨ ᠬᠣᠶᠠᠷ ᠰᠡᠴᠡᠳ ᠪᠠᠭᠠᠲᠤᠳ ᠤ᠋ᠨ ᠲᠡᠷᠢᠭᠦᠯᠡᠭᠴᠢ᠂ ᠡᠵᠡᠨ ᠦ᠌ ᠰᠢᠩᠬᠤᠲᠤ ᠦᠵᠦᠭ ᠢ᠋ ᠪᠠᠷᠢᠭᠴᠢ ᠣᠶᠤᠲᠤ ᠰᠡᠴᠡᠨ᠂ ᠣᠶᠤᠨ ᠭᠤᠸ᠎ᠠ᠂ ᠰᠠᠢᠬᠠᠨ ᠰᠤᠷᠲᠠᠯᠲᠤ᠂ ᠦᠨᠡᠨ ᠲᠡᠭᠦᠰ᠂ ᠲᠡᠭᠦᠰ ᠴᠣᠭᠲᠤ ᠲᠠᠪᠤᠭᠤᠯᠠ ᠲᠡᠷᠢᠭᠦᠯᠡᠨ ᠰᠢᠨ᠎ᠡ ᠰᠤᠷᠤᠯᠴᠠᠭᠴᠢ ᠪᠠᠭ᠎ᠠ ᠰᠢᠳᠠᠷ ᠬᠢᠶ᠎ᠡ ᠰᠠᠢᠳ ᠤ᠋ᠳ ᠬᠦᠷᠲᠡᠯ᠎ᠡ ᠬᠣᠶᠠᠷ ᠡᠳᠦᠷ ᠦ᠋ᠨ ᠱᠠᠩ ᠬᠤᠷᠢᠮ ᠠᠩᠭᠢᠳᠠ ᠬᠦᠷᠲᠡᠭᠡᠬᠦᠢ ᠳ᠋ᠦ᠍ᠷ ᠲᠡᠳᠡᠨ ᠦ᠌ ᠰᠤᠳᠤᠷ ᠲᠡᠮᠳᠡᠭᠯᠡᠯ ᠢ᠋ ᠢᠨᠣ ᠬᠢᠨᠠᠨ ᠪᠠᠢᠴᠠᠭᠠᠬᠤᠢ ᠳ᠋ᠤᠷ ᠰᠠᠶᠢ ᠥᠨᠥᠬᠡᠨ ᠦ᠌ ᠲᠠᠩᠭᠤᠳ ᠤᠯᠤᠰ ᠤ᠋ᠨ ᠴᠡᠷᠢᠭ ᠦ᠋ᠨ ᠲᠡᠮᠳᠡᠭᠯᠡᠯ ᠪᠠ ᠪᠠᠶᠠᠷ ᠤ᠋ᠨ ᠪᠡᠯᠡᠭᠯᠡᠯ᠂ᠡᠵᠡᠨ ᠦ᠌ ᠵᠠᠷᠯᠢᠭ ᠢᠷᠦᠭᠡᠳ ᠡᠴᠡ ᠡᠬᠢᠯᠡᠨ᠂ ᠨᠠᠢ᠍ᠮᠠᠨᠴᠢ ᠭᠥᠭᠵᠦ ᠶ᠋ᠢᠨ ᠡᠪᠡᠰᠦᠨ᠎ᠡ ᠨᠢᠭᠤᠬᠤᠶᠠ ᠤᠯᠠᠭᠠᠨ ᠲᠤᠶᠠᠭ᠎ᠠ ᠲᠤᠶᠠᠭᠠᠯᠠᠭᠰᠠᠨ᠂ ᠵᠢᠴᠢ ᠰᠠᠢᠬᠠᠨ ᠰᠤᠷᠲᠠᠯᠲᠤ ᠶ᠋ᠢ ᠡᠳᠦᠷ ᠪᠢᠲᠡᠭᠡᠢ ᠤᠨᠲᠠ ᠬᠡᠮᠡᠭᠰᠡᠨ ᠬᠢᠭᠡᠳ ᠰᠠᠭ᠎ᠠ ᠶ᠋ᠢᠨ ᠡᠳᠦᠷ ᠰᠠᠢᠬᠠᠨ ᠵᠦᠯᠭᠡ ᠳ᠋ᠦ᠍ᠷ ᠰᠢᠭᠤᠢ ᠶ᠋ᠢᠨ ᠰᠡᠭᠦᠳᠡᠷᠡ ᠤᠨᠲᠠᠭᠠᠳ᠂ ᠣᠭᠣᠯᠢ ᠳᠣᠩᠭᠣᠳᠴᠤ ᠮᠣᠭᠠᠢ ᠤᠨᠠᠭᠰᠠᠨ ᠢ᠋ ᠠᠢᠯᠠᠳᠬᠠᠭᠰᠠᠨ ᠪᠠ ᠲᠠᠢᠽᠦ ᠶ᠋ᠢᠨ ᠬᠠᠷᠢᠭᠤ ᠵᠠᠬᠢᠶ᠎ᠠ ᠪᠠᠭᠤᠭᠰᠠᠨ ᠵᠠᠬᠢᠶᠠᠨ ᠤ᠋ ᠦᠭᠡᠰ ᠪᠦᠷᠢ ᠶ᠋ᠢ ᠤᠢᠯᠠᠨ ᠲᠡᠮᠳᠡᠭᠯᠡᠭᠰᠡᠨ ᠢᠨᠣ ᠦᠵᠦᠭ ᠪᠠᠷᠢᠭᠴᠢ ᠰᠡᠴᠡᠳ ᠰᠠᠢᠳ ᠤ᠋ᠳ ᠤ᠋ᠨ ᠣᠯᠠᠩᠬᠢᠨ ᠤ᠋ ᠰᠠᠮᠪᠠᠷ᠎ᠠ ᠪᠠ ᠰᠤᠳᠤᠷ ᠲᠤᠷ ᠲᠡᠮᠳᠡᠭᠯᠡᠨ ᠪᠢᠴᠢᠵᠦ ᠪᠠᠢᠬᠤ ᠶ᠋ᠢ ᠲᠠᠢᠽᠦ ᠥᠪᠡᠷᠦᠨ ᠨᠢᠳᠦᠨ ᠢ᠋ᠶ᠋ᠡᠷ ᠠᠢᠯᠠᠳᠤᠨ᠂ ᠰᠠᠢᠰᠢᠶᠠᠨ ᠪᠡᠶᠡᠰᠴᠦ ᠠᠯᠢᠪᠠ ᠤᠢᠯᠠᠨ ᠲᠡᠮᠳᠡᠭᠯᠡᠵᠦ᠂ ᠪᠢᠴᠢᠭᠰᠡᠨ ᠪᠦᠬᠦᠨ᠎ᠡ ᠳ᠋ᠦ᠍ᠷ ᠳᠠᠪᠬᠤᠷ ᠱᠠᠩ ᠬᠦᠷᠲᠡᠭᠡᠵᠦ᠂ ᠲᠡᠷᠢᠭᠦᠯᠡᠭᠰᠡᠨ ᠲᠠᠪᠤᠨ ᠰᠡᠴᠡᠳ ᠢ᠋ ᠰᠠᠢᠬᠠᠨ ᠵᠠᠬᠢᠷᠤᠨ ᠰᠠᠢᠬᠠᠨ ᠤᠯᠠᠮᠵᠢᠯᠠᠨ ᠰᠤᠷᠭᠠᠪᠠᠢ ᠭᠡᠮᠡᠨ ᠭᠤᠷᠪᠠᠨ ᠳᠠᠪᠬᠤᠷ ᠱᠠᠩ ᠱᠠᠩᠨᠠᠵᠤ ᠵᠠᠬᠢᠷᠤᠨ᠂ ᠤᠰᠤ ᠰᠢᠮᠡᠳᠴᠦ ᠠᠭᠤᠯᠠ ᠨᠤᠷᠠᠪᠠᠴᠤ᠂ ᠤᠯᠠᠮᠵᠢᠯᠠᠯ ᠥᠭᠦᠯᠡᠯ ᠦᠯᠦ ᠵᠣᠭᠰᠣᠬᠤ᠂ ᠲᠡᠮᠦᠷ ᠵᠢᠪᠴᠦ ᠴᠢᠯᠠᠭᠤ ᠬᠡᠮᠬᠡᠷᠡᠪᠡᠴᠦ ᠣᠢᠯᠠᠪᠤᠷᠢ ᠲᠡᠮᠳᠡᠭᠯᠡᠯ ᠲᠥᠭᠡ ᠢᠮᠠᠬᠤ ᠴᠤ᠌ ᠦᠯᠦ ᠠᠯᠵᠠᠬᠤ ᠪᠤᠶᠤ᠃
ᠣᠷᠴᠢᠯᠠᠩ ᠤ᠋ᠨ ᠬᠥᠮᠦᠨ ᠬᠡᠪᠡᠷᠡᠭ ᠪᠥᠭᠡᠲᠡᠯ᠎ᠡ
ᠤᠢᠯᠠᠭᠰᠠᠨ ᠲᠣᠭᠣᠵᠢ ᠪᠥᠬᠡ ᠳ᠋ᠦ᠍ᠷ ᠬᠣᠴᠣᠷᠤᠮᠤᠢ᠃
ᠶᠢᠷᠲᠢᠨᠴᠦ ᠶ᠋ᠢᠨ ᠬᠡᠷᠡᠭ ᠥᠩᠭᠡᠷᠡᠬᠦ ᠠᠲᠠᠯ᠎ᠠ
ᠶᠡᠷᠦᠳᠡ ᠶ᠋ᠢᠨ ᠰᠤᠳᠤᠷ ᠲᠤᠷ ᠤᠯᠠᠮᠵᠢᠯᠠᠨ ᠦᠯᠡᠳᠡᠬᠦ ᠪᠣᠯᠠᠢ᠃
ᠮᠢᠨᠦ ᠡᠷᠲᠡᠨ ᠦ᠌ ᠡᠨᠡᠳᠬᠡᠭ ᠦ᠋ᠨ ᠡᠪᠦᠭᠡ ᠮᠠᠾᠠᠰᠮᠠᠨᠳᠢ ᠬᠠᠭᠠᠨ ᠠ᠋ᠴᠠ ᠮᠢᠨᠦ ᠡᠨᠡ ᠪᠡᠶ᠎ᠡ ᠳ᠋ᠦ᠍ᠷ ᠬᠦᠷᠲᠡᠯ᠎ᠡ ᠲᠠᠪᠢᠨ ᠵᠢᠷᠭᠤᠭᠠᠨ ᠦᠶ᠎ᠡ ᠶ᠋ᠢᠨ ᠮᠢᠩᠭᠠᠨ ᠢᠯᠡᠭᠦᠦ ᠣᠨ ᠵᠢᠯ ᠦ᠋ᠨ ᠲᠠᠪᠢᠨ ᠳᠣᠯᠣᠭᠠᠨ ᠨᠡᠷ᠎ᠡ ᠶ᠋ᠢ ᠦᠰᠦᠭ ᠪᠢᠴᠢᠭ ᠡᠴᠡ ᠪᠤᠰᠤ ᠪᠣᠯᠪᠠᠰᠤ᠂ ᠬᠡᠨ ᠬᠥᠮᠦᠨ ᠡᠳᠦᠢ ᠬᠦᠷᠲᠡᠯ᠎ᠡ ᠦᠯᠡᠳᠡᠭᠡᠨ ᠠᠮᠢᠳᠤᠷᠠᠵᠤ ᠬᠡᠯᠡᠵᠦ ᠥᠭᠬᠦ ᠠᠵᠢ! ᠲᠡᠢᠮᠦ ᠶ᠋ᠢᠨ ᠲᠤᠯᠠ᠂ ᠤᠭ ᠬᠠᠭᠤᠴᠢᠨ ᠲᠡᠦᠬᠡ ᠶ᠋ᠢᠨ ᠬᠡᠳᠦᠨ ᠮᠢᠩᠭᠠᠨ ᠣᠨ ᠤ᠋ ᠳᠣᠲᠣᠷᠠᠬᠢ ᠲᠠᠪᠢᠨ ᠳᠣᠯᠣᠭᠠᠨ ᠦᠶ᠎ᠡ ᠶ᠋ᠢ ᠭᠤᠴᠢᠨ ᠵᠢᠷᠭᠤᠭᠠᠨ ᠰᠡᠴᠡᠳ ᠰᠠᠢᠳ ᠤ᠋ᠨ ᠰᠤᠳᠤᠷ ᠤ᠋ᠨ ᠲᠡᠷᠢᠭᠦᠨ᠎ᠡ ᠴᠥᠮ ᠬᠠᠳᠠᠮᠠᠯ ᠬᠠᠳᠠᠭᠤᠯ ᠬᠡᠮᠡᠵᠦ᠂ ᠲᠡᠷᠢᠭᠦᠯᠡᠭᠰᠡᠨ ᠲᠠᠪᠤᠨ ᠰᠡᠴᠡᠳ᠂ ᠲᠠᠪᠤᠨ ᠡᠳᠦᠷ ᠦ᠋ᠨ ᠳᠣᠲᠣᠷ᠎ᠠ ᠭᠤᠴᠢᠨ ᠵᠢᠷᠭᠤᠭᠠᠨ《ᠬᠥᠬᠡ ᠰᠤᠳᠤᠷ》 ᠤ᠋ᠨ ᠲᠡᠷᠢᠭᠦᠨ᠎ᠡ ᠴᠥᠮ ᠵᠢᠭᠰᠠᠭᠠᠨ ᠬᠠᠳᠠᠭᠤᠯᠤᠭᠰᠠᠨ ᠡᠬᠡ ᠪᠢᠴᠢᠭ ᠢ᠋ ᠡᠷᠭᠦᠪᠡ᠃
ᠡᠩ ᠲᠡᠷᠢᠭᠦᠯᠡᠭᠰᠡᠨ ᠡᠨᠡᠳᠬᠡᠭ ᠦ᠋ᠨ ᠣᠯᠠᠨ᠎ᠠ
ᠡᠷᠭᠦᠭᠳᠡᠭᠰᠡᠨ ᠮᠠᠾᠠᠰᠮᠠᠨᠳᠢ ᠬᠠᠭᠠᠨ᠂
ᠬᠣᠶᠠᠳᠤᠭᠠᠷ ᠤ᠋ᠨ ᠨᠡᠷ᠎ᠡ ᠦᠵᠡᠰᠬᠦᠯᠡᠩ ᠭᠡᠷᠡᠯᠲᠦ ᠬᠠᠭᠠᠨ᠂
ᠭᠤᠷᠪᠠᠳᠤᠭᠠᠷ ᠤ᠋ᠨ ᠨᠡᠷ᠎ᠡ ᠪᠤᠶᠠᠨᠲᠤ ᠮᠡᠷᠭᠡᠨ ᠬᠠᠭᠠᠨ᠂
ᠳᠥᠷᠪᠡᠳᠦᠭᠡᠷ ᠦ᠋ᠨ ᠨᠡᠷ᠎ᠡ ᠳᠡᠭᠡᠳᠦ ᠬᠥᠭᠯᠢᠭᠡᠲᠦ ᠬᠠᠭᠠᠨ᠂
ᠲᠠᠪᠤᠳᠤᠭᠠᠷ ᠤ᠋ᠨ ᠨᠡᠷ᠎ᠡ ᠣᠷᠣᠢ ᠠ᠋ᠴᠠ ᠮᠡᠨᠳᠦᠯᠡᠭᠰᠡᠨ ᠲᠡᠳᠬᠦᠨ ᠠᠰᠠᠷᠠᠭᠴᠢ ᠳᠡᠭᠡᠳᠦ ᠬᠤᠲᠤᠭᠲᠤ ᠨᠡᠷᠡᠲᠦ ᠬᠠᠭᠠᠨ᠂
ᠵᠢᠷᠭᠤᠳᠤᠭᠠᠷ ᠤ᠋ᠨ ᠨᠡᠷ᠎ᠡ ᠠᠮᠢ ᠬᠥᠬᠥᠲᠦ ᠬᠡᠮᠡᠬᠦ ᠬᠠᠭᠠᠨ ᠠᠯᠲᠠᠨ ᠬᠦᠷᠳᠦᠲᠦ᠂
ᠳᠣᠯᠣᠳᠤᠭᠠᠷ ᠤ᠋ᠨ ᠨᠡᠷ᠎ᠡ ᠶᠡᠬᠡ ᠦᠵᠡᠰᠬᠦᠯᠡᠩᠲᠦ ᠬᠠᠭᠠᠨ ᠮᠥᠩᠭᠥᠨ ᠬᠦᠷᠳᠦᠲᠦ᠂
ᠨᠠᠢ᠍ᠮᠠᠳᠤᠭᠠᠷ ᠤ᠋ᠨ ᠨᠡᠷ᠎ᠡ ᠮᠠᠰᠢ ᠦᠵᠡᠰᠬᠦᠯᠡᠩᠲᠦ ᠬᠠᠭᠠᠨ ᠵᠡᠰ ᠬᠦᠷᠳᠦᠲᠦ᠂
ᠶᠢᠰᠦᠳᠦᠭᠡᠷ ᠦ᠋ᠨ ᠨᠡᠷ᠎ᠡ ᠥᠨᠢᠷ ᠦᠵᠡᠰᠬᠦᠯᠡᠭᠲᠦ ᠬᠠᠭᠠᠨ ᠲᠡᠮᠦᠷ ᠬᠦᠷᠳᠦᠲᠦ᠂
ᠠᠷᠪᠠᠳᠤᠭᠠᠷ ᠤ᠋ᠨ ᠨᠡᠷ᠎ᠡ ᠲᠡᠭᠦᠰ ᠦᠵᠡᠰᠬᠦᠯᠡᠩᠲᠦ ᠬᠠᠭᠠᠨ ᠬᠦᠴᠦᠨ ᠬᠦᠷᠳᠦᠲᠦ᠂
ᠠᠷᠪᠠᠨ ᠨᠢᠭᠡᠳᠦᠭᠡᠷ ᠦ᠋ᠨ ᠨᠡᠷ᠎ᠡ ᠵᠠᠭᠤᠨᠲᠠ ᠲᠠᠯᠪᠢᠭᠴᠢ ᠬᠠᠭᠠᠨ᠂
ᠠᠷᠪᠠᠨ ᠬᠣᠶᠠᠳᠤᠭᠠᠷ ᠤ᠋ᠨ ᠨᠡᠷ᠎ᠡ ᠲᠠᠯᠪᠢᠨ ᠪᠠᠷᠢᠭᠴᠢ ᠬᠠᠭᠠᠨ᠂
ᠠᠷᠪᠠᠨ ᠭᠤᠷᠪᠠᠳᠤᠭᠠᠷ ᠤ᠋ᠨ ᠨᠡᠷ᠎ᠡ ᠰᠡᠭᠦᠨᠢ ᠮᠡᠷᠭᠡᠨ ᠬᠠᠭᠠᠨ᠂
ᠠᠷᠪᠠᠨ ᠳᠥᠷᠪᠡᠳᠦᠭᠡᠷ ᠦ᠋ᠨ ᠨᠡᠷ᠎ᠡ ᠳᠡᠭᠡᠳᠦ ᠭᠦᠦᠰᠢ ᠬᠠᠭᠠᠨ᠂
ᠠᠷᠪᠠᠨ ᠲᠠᠪᠤᠳᠤᠭᠠᠷ ᠤ᠋ᠨ ᠨᠡᠷ᠎ᠡ ᠶᠡᠬᠡᠳᠡ ᠭᠦᠦᠰᠢ ᠬᠠᠭᠠᠨ᠂
ᠠᠷᠪᠠᠨ ᠵᠢᠷᠭᠤᠳᠤᠭᠠᠷ ᠤ᠋ᠨ ᠨᠡᠷ᠎ᠡ ᠰᠠᠢᠨ ᠥᠭᠭᠦᠭᠴᠢ ᠬᠠᠭᠠᠨ᠂
ᠠᠷᠪᠠᠨ ᠳᠣᠯᠣᠳᠤᠭᠠᠷ ᠤ᠋ᠨ ᠨᠡᠷ᠎ᠡ ᠬᠡᠷᠬᠡ ᠮᠡᠷᠭᠡᠨ ᠬᠠᠭᠠᠨ᠂
ᠠᠷᠪᠠᠨ ᠨᠠᠢ᠍ᠮᠠᠳᠤᠭᠠᠷ ᠤ᠋ᠨ ᠨᠡᠷ᠎ᠡ ᠰᠠᠢᠨ ᠲᠥᠷᠥᠯᠲᠦ ᠬᠠᠭᠠᠨ᠂
ᠠᠷᠪᠠᠨ ᠶᠢᠰᠦᠳᠦᠭᠡᠷ ᠦ᠋ᠨ ᠨᠡᠷ᠎ᠡ ᠠᠷᠰᠯᠠᠨ ᠤᠭᠤᠴᠠᠲᠤ ᠰᠡᠺᠡᠷᠸᠡᠲᠢ ᠬᠠᠭᠠᠨ᠂
ᠬᠣᠷᠢᠳᠤᠭᠠᠷ ᠤ᠋ᠨ ᠨᠡᠷ᠎ᠡ ᠠᠷᠢᠭᠤᠨ ᠢᠳᠡᠭᠡᠲᠦ ᠬᠠᠭᠠᠨ
ᠬᠣᠷᠢᠨ ᠨᠢᠭᠡᠳᠦᠭᠡᠷ ᠦ᠋ᠨ ᠨᠡᠷ᠎ᠡ ᠴᠠᠭᠠᠨ ᠢᠳᠡᠭᠡᠲᠦ ᠬᠠᠭᠠᠨ᠂
ᠬᠣᠷᠢᠨ ᠬᠣᠶᠠᠳᠤᠭᠠᠷ ᠤ᠋ᠨ ᠨᠡᠷ᠎ᠡ ᠲᠠᠩᠰᠤᠭ ᠢᠳᠡᠭᠡᠲᠦ ᠬᠠᠭᠠᠨ᠂
ᠬᠣᠷᠢᠨ ᠭᠤᠷᠪᠠᠳᠤᠭᠠᠷ ᠤ᠋ᠨ ᠨᠡᠷ᠎ᠡ ᠷᠠᠰᠢᠶᠠᠨ ᠢᠳᠡᠭᠡᠲᠦ ᠬᠠᠭᠠᠨ᠂
ᠬᠣᠷᠢᠨ ᠳᠥᠷᠪᠡᠳᠦᠭᠡᠷ ᠦ᠋ᠨ ᠨᠡᠷ᠎ᠡ ᠲᠡᠭᠦᠯᠳᠡᠷ ᠢᠯᠠᠭᠤᠭᠴᠢ ᠬᠠᠭᠠᠨ᠂
ᠬᠣᠷᠢᠨ ᠲᠠᠪᠤᠳᠤᠭᠠᠷ ᠤ᠋ᠨ ᠨᠡᠷ᠎ᠡ ᠮᠡᠬᠡ ᠲᠦᠳᠡ ᠬᠡᠮᠡᠬᠦ ᠬᠠᠭᠠᠨ᠂
ᠬᠣᠷᠢᠨ ᠵᠢᠷᠭᠤᠳᠤᠭᠠᠷ ᠤ᠋ᠨ ᠨᠡᠷ᠎ᠡ ᠰᠡᠷᠡᠪ ᠨᠡᠷᠡᠲᠦ ᠬᠠᠭᠠᠨ᠂
ᠬᠣᠷᠢᠨ ᠳᠣᠯᠣᠳᠤᠭᠠᠷ ᠤ᠋ᠨ ᠨᠡᠷ᠎ᠡ ᠬᠦᠵᠦᠭᠦᠨ ᠰᠠᠨᠳᠠᠯᠢᠲᠤ ᠲᠥᠪᠡᠳ ᠦ᠋ᠨ ᠲᠥᠭᠡᠯ ᠡᠵᠡᠨ ᠬᠠᠭᠠᠨ᠂ ᠡᠨᠳᠡ ᠬᠦᠷᠲᠡᠯ᠎ᠡ ᠨᠡᠷ᠎ᠡ ᠪᠠᠢᠬᠤ ᠪᠣᠢ ᠶᠠ ᠦᠶ᠎ᠡ ᠭᠡᠮᠡᠨ ᠦᠭᠡᠢ᠃
ᠬᠣᠷᠢᠨ ᠨᠠᠢ᠍ᠮᠠᠳᠤᠭᠠᠷ ᠦᠶ᠎ᠡ ᠡᠷᠭᠢᠨ ᠳᠣᠯᠣᠭᠠᠨ ᠬᠥᠮᠦᠨ ᠰᠠᠨᠳᠠᠯᠢᠲᠤ ᠬᠠᠭᠠᠨ᠂ ᠦᠶ᠎ᠡ ᠲᠡᠢ ᠪᠣᠯᠪᠠᠢ᠃
ᠬᠣᠷᠢᠨ ᠶᠢᠰᠦᠳᠦᠭᠡᠷ ᠦᠶ᠎ᠡ ᠬᠡᠷᠢᠶ᠎ᠡ ᠵᠡᠷᠪᠦ ᠰᠢᠪᠠᠭᠤᠨ ᠰᠠᠨᠳᠠᠯᠢᠲᠤ ᠬᠠᠭᠠᠨ᠂
ᠭᠤᠴᠢᠳᠤᠭᠠᠷ ᠦᠶ᠎ᠡ ᠠᠢᠯᠠᠯᠭᠠ ᠡᠵᠡᠨ ᠠᠷᠪᠠᠢ ᠰᠠᠨᠳᠠᠯᠢᠲᠤ ᠬᠠᠭᠠᠨ᠂
ᠭᠤᠴᠢᠨ ᠨᠢᠭᠡᠳᠦᠭᠡᠷ ᠦᠶ᠎ᠡ ᠬᠦᠷᠢ ᠬᠦᠯᠦᠭ ᠬᠠᠭᠠᠨ᠂
ᠭᠤᠴᠢᠨ ᠬᠣᠶᠠᠳᠤᠭᠠᠷ ᠦᠶ᠎ᠡ ᠭᠦᠨ ᠰᠤᠬᠢᠨ ᠬᠠᠭᠠᠨ᠂
ᠭᠤᠴᠢᠨ ᠭᠤᠷᠪᠠᠳᠤᠭᠠᠷ ᠦᠶ᠎ᠡ ᠳᠠᠯᠠᠢ ᠰᠦᠪᠡᠨ ᠬᠠᠭᠠᠨ᠂
ᠭᠤᠴᠢᠨ ᠳᠥᠷᠪᠡᠳᠦᠭᠡᠷ ᠦᠶ᠎ᠡ ᠪᠥᠷᠲᠡ ᠴᠢᠨᠣ᠎ᠠ ᠬᠠᠭᠠᠨ᠂ ᠪᠧᠲ᠋ᠠ᠋ ᠤᠯᠤᠰ ᠲᠤᠷ ᠢᠷᠡᠭᠰᠡᠨ ᠬᠠᠭᠠᠨ᠂
ᠭᠤᠴᠢᠨ ᠲᠠᠪᠤᠳᠤᠭᠠᠷ ᠦᠶ᠎ᠡ ᠪᠠᠲᠤ ᠴᠠᠭᠠᠨ ᠬᠠᠭᠠᠨ᠂
ᠭᠤᠴᠢᠨ ᠵᠢᠷᠭᠤᠳᠤᠭᠠᠷ ᠦᠶ᠎ᠡ ᠲᠡᠮᠡᠭᠡᠴᠢᠨ ᠰᠦᠷᠲᠦ ᠬᠠᠭᠠᠨ᠂
ᠭᠤᠴᠢᠨ ᠳᠣᠯᠣᠳᠤᠭᠠᠷ ᠦᠶ᠎ᠡ ᠬᠤᠷᠢᠶᠡᠴᠡᠷ ᠮᠡᠷᠭᠡᠨ ᠬᠠᠭᠠᠨ᠂
ᠭᠤᠴᠢᠨ ᠨᠠᠢ᠍ᠮᠠᠳᠤᠭᠠᠷ ᠦᠶ᠎ᠡ ᠠᠭᠤᠵᠢᠮ ᠪᠣᠷᠭᠤᠤᠯ ᠡᠵᠡᠨ᠂
ᠭᠤᠴᠢᠨ ᠶᠢᠰᠦᠳᠦᠭᠡᠷ ᠦᠶ᠎ᠡ ᠰᠢᠯᠢ ᠭᠠᠯᠵᠠᠭᠤ ᠡᠵᠡᠨ᠂
ᠳᠥᠴᠢᠳᠦᠭᠡᠷ ᠦᠶ᠎ᠡ ᠶᠡᠬᠡ ᠨᠢᠳᠦᠲᠦ ᠡᠵᠡᠨ᠂
ᠳᠥᠴᠢᠨ ᠨᠢᠭᠡᠳᠦᠭᠡᠷ ᠦᠶ᠎ᠡ ᠰᠠᠮ ᠰᠠᠭᠤᠭᠴᠢ ᠡᠵᠡᠨ᠃
ᠳᠥᠴᠢᠨ ᠬᠣᠶᠠᠳᠤᠭᠠᠷ ᠦᠶ᠎ᠡ ᠭᠠᠯ ᠭᠠᠯᠵᠠᠭᠤ ᠡᠵᠡᠨ᠂
ᠳᠥᠴᠢᠨ ᠭᠤᠷᠪᠠᠳᠤᠭᠠᠷ ᠦᠶ᠎ᠡ ᠪᠣᠷᠵᠢᠭᠢᠳᠠᠢ ᠮᠡᠷᠭᠡᠨ ᠡᠵᠡᠨ᠂
ᠳᠥᠴᠢᠨ ᠳᠥᠷᠪᠡᠳᠦᠭᠡᠷ ᠦᠶ᠎ᠡ ᠲᠤᠷᠭᠠᠯᠵᠠᠨ ᠪᠠᠶᠠᠨ ᠡᠵᠡᠨ᠂
ᠳᠥᠴᠢᠨ ᠲᠠᠪᠤᠳᠤᠭᠠᠷ ᠦᠶ᠎ᠡ ᠳᠣᠪᠣ ᠮᠡᠷᠭᠡᠨ ᠡᠵᠡᠨ᠂
ᠳᠥᠴᠢᠨ ᠵᠢᠷᠭᠤᠳᠤᠭᠠᠷ ᠦᠶ᠎ᠡ ᠪᠤᠲᠠᠨᠴᠢᠷ ᠲᠡᠨᠡᠭ ᠶᠡᠬᠡ ᠬᠠᠭᠠᠨ᠂ ᠴᠠᠭᠠᠨ ᠭᠡᠷᠡᠯ ᠭᠠᠷᠴᠤ ᠣᠯᠤᠭᠰᠠᠨ ᠳᠡᠭᠷᠢᠯᠢᠭ
ᠳᠥᠴᠢᠨ ᠳᠣᠯᠣᠳᠤᠭᠠᠷ ᠦᠶ᠎ᠡ ᠬᠠᠪᠴᠢ ᠬᠦᠯᠦᠭ ᠪᠠᠭᠠᠲᠤᠷ ᠡᠵᠡᠨ᠂
ᠳᠥᠴᠢᠨ ᠨᠠᠢ᠍ᠮᠠᠳᠤᠭᠠᠷ ᠦᠶ᠎ᠡ ᠪᠢᠭᠡᠷ ᠪᠠᠭᠠᠲᠤᠷ ᠡᠵᠡᠨ᠂
ᠳᠥᠴᠢ ᠶᠢᠰᠦᠳᠦᠭᠡᠷ ᠦᠶ᠎ᠡ ᠮᠠᠭᠠᠳ ᠳ᠋ᠦᠲ᠋ᠤ ᠡᠵᠡᠨ᠂
ᠲᠠᠪᠢᠳᠤᠭᠠᠷ ᠦᠶ᠎ᠡ ᠭᠠᠭᠴᠢ ᠬᠦᠯᠦᠭ ᠡᠵᠡᠨ᠂
ᠲᠠᠪᠢᠨ ᠨᠢᠭᠡᠳᠦᠭᠡᠷ ᠦᠶ᠎ᠡ ᠬᠠᠢᠷᠰᠤᠲᠤ ᠡᠵᠡᠨ᠂
ᠲᠠᠪᠢᠨ ᠬᠣᠶᠠᠳᠤᠭᠠᠷ ᠦᠶ᠎ᠡ ᠪᠠᠷᠰ ᠱᠣᠩᠬᠣᠷ ᠳᠣᠭᠰᠢᠨ ᠡᠵᠡᠨ᠂
ᠲᠠᠪᠢᠨ ᠭᠤᠷᠪᠠᠳᠤᠭᠠᠷ ᠦᠶ᠎ᠡ ᠳᠣᠮᠪᠢᠬᠠᠢ ᠰᠡᠴᠡᠨ᠂
ᠲᠠᠪᠢᠨ ᠳᠥᠷᠪᠡᠳᠦᠭᠡᠷ ᠦᠶ᠎ᠡ ᠬᠠᠪᠤᠯ ᠶᠡᠬᠡ ᠬᠠᠭᠠᠨ᠂
ᠲᠠᠪᠢᠨ ᠲᠠᠪᠤᠳᠤᠭᠠᠷ ᠦᠶ᠎ᠡ ᠪᠠᠷᠳᠠᠮ ᠪᠠᠭᠠᠲᠤᠷ᠂
ᠲᠠᠪᠢᠨ ᠵᠢᠷᠭᠤᠳᠤᠭᠠᠷ ᠦᠶ᠎ᠡ ᠶᠢᠰᠦᠭᠡᠢ ᠪᠠᠭᠠᠲᠤᠷ ᠡᠵᠡᠨ᠂
ᠲᠠᠪᠢᠨ ᠳᠣᠯᠣᠳᠤᠭᠠᠷ ᠦᠶ᠎ᠡ ᠲᠡᠮᠦᠵᠢᠨ ᠳᠡᠭᠷᠢᠯᠢᠭ ᠡᠵᠡᠨ ᠬᠡᠮᠡᠵᠦᠬᠦᠢ᠃
ᠲᠠᠢᠽᠦ ᠳ᠋ᠦ᠍ᠷ ᠬᠢᠨᠠᠨ ᠨᠡᠢᠴᠡᠭᠦᠯᠦᠨ ᠠᠢᠯᠠᠳᠬᠠᠪᠠᠰᠤ᠂ ᠨᠡᠢᠲᠡ ᠳᠥᠷᠪᠡᠨ ᠬᠡᠯᠡᠨ ᠦ᠌ ᠦᠰᠦᠭ ᠄ ᠲᠡᠷᠢᠭᠦᠨ ᠳ᠋ᠦ᠍ᠷ ᠤᠢᠭᠤᠷ ᠤᠯᠤᠰ ᠤ᠋ᠨ ᠦᠰᠦᠭ᠂ ᠬᠣᠶᠠᠳᠤᠭᠠᠷ ᠲᠤᠷ ᠲᠥᠪᠡᠳ ᠤᠯᠤᠰ ᠤ᠋ᠨ ᠦᠰᠦᠭ᠂ ᠭᠤᠷᠪᠠᠳᠤᠭᠠᠷ ᠲᠤᠷ ᠲᠠᠩᠭᠤᠳ ᠤᠯᠤᠰ ᠤ᠋ᠨ ᠰᠢᠷ᠎ᠠ ᠪᠢᠴᠢᠭ ᠦ᠋ᠨ ᠦᠰᠦᠭ᠂ ᠳᠥᠷᠪᠡᠳᠦᠭᠡᠷ ᠲᠣᠷ ᠬᠢᠲᠠᠳ ᠤᠯᠤᠰ ᠤ᠋ᠨ ᠢᠷᠭᠡᠨ ᠦᠰᠦᠭ᠂ ᠲᠡᠢᠨ ᠬᠦ᠌ ᠡᠨᠡ ᠢᠷᠭᠡᠨ ᠦᠰᠦᠭ ᠢ᠋ᠶ᠋ᠡᠷ ᠪᠢᠴᠢᠭᠰᠡᠨ ᠢᠨᠤ ᠤᠢᠭᠤᠷ ᠤ᠋ᠨ ᠳ᠋ᠠᠳᠠᠲᠤᠩᠭ᠎ᠠ᠂ ᠠᠯᠲᠠᠨ ᠤ᠋ ᠯᠢᠦ ᠵᠦᠩ ᠯᠦ᠍᠂ ᠬᠣᠶᠠᠷ ᠬᠤᠪᠢ ᠪᠢᠴᠢᠭᠰᠡᠨ ᠢ᠋ ᠢᠨᠤ ᠤᠩᠰᠢᠭᠤᠯᠤᠨ ᠰᠣᠨᠣᠰᠴᠤ ᠰᠡᠭᠦᠷᠡᠰᠦᠨ ᠠᠯᠳᠠᠵᠤ ᠵᠠᠬᠢᠷᠤᠨ᠄
《 ᠡᠨᠡ ᠬᠢᠲᠠᠳ ᠤ᠋ᠨ ᠭᠠᠭᠴᠠ ᠦᠰᠦᠭ ᠢ᠋ᠶ᠋ᠡᠷ ᠮᠠᠨ ᠤ᠋ ᠡᠨᠡ ᠡᠨᠡᠳᠬᠡᠭ᠂ ᠲᠥᠪᠡᠳ᠂ ᠤᠢᠭᠤᠷ ᠰᠢᠷ᠎ᠠ ᠶ᠋ᠢᠨ ᠨᠡᠷᠡᠰ ᠪᠠ ᠦᠭᠡᠰ ᠢ᠋ ᠬᠡᠯᠡᠬᠦᠢ ᠳ᠋ᠦ᠍ᠷ ᠮᠠᠰᠢᠳᠠ ᠬᠥᠰᠢᠭᠦᠨ ᠪᠢᠳᠠᠭᠤᠯᠢᠭ ᠪᠠᠢᠨᠠᠮ᠃ ᠡᠷᠲᠡᠨ ᠦ᠌ ᠯᠢᠶᠣᠣ ᠤᠯᠤᠰ ᠮᠥᠨ ᠬᠦ᠌ ᠤᠢᠭᠤᠷ ᠤᠯᠤᠰ ᠤ᠋ᠨ ᠦᠰᠦᠭ ᠢ᠋ ᠡᠷᠬᠢᠯᠡᠨ ᠵᠠᠷᠤᠭᠠᠳ ᠬᠣᠢᠨ᠎ᠠ ᠰᠠᠶᠢ ᠲᠥᠪᠡᠳ᠂ ᠰᠢᠷ᠎ᠠ᠂ ᠬᠢᠲᠠᠳ ᠢ᠋ ᠬᠡᠷᠡᠭᠯᠡᠵᠦᠬᠦᠢ᠃ ᠡᠳᠦᠭᠡ ᠠᠯᠲᠠᠨ ᠤᠯᠤᠰ ᠤᠭ ᠲᠤᠷ ᠯᠢᠶᠣᠣ ᠶ᠋ᠢ ᠮᠥᠷᠳᠡᠭᠡᠳ ᠡᠳᠦᠭᠡ ᠳ᠋ᠡᠭᠡᠨ ᠬᠠᠷᠢᠨ ᠰᠥᠩ ᠢ᠋ ᠮᠥᠷᠳᠡᠨ ᠣᠯᠠᠩᠬᠢ ᠬᠢᠲᠠᠳ ᠦᠰᠦᠭ ᠢ᠋ ᠬᠡᠷᠡᠭᠯᠡᠵᠦᠬᠦᠢ᠃ ᠡᠳᠦᠭᠡ ᠦᠵᠡᠪᠡᠰᠦ ᠮᠠᠨ ᠤ᠋ ᠡᠨᠡ ᠠᠷᠤ ᠪᠡᠶ᠎ᠡ ᠪᠠ ᠪᠠᠷᠠᠭᠤᠨ ᠬᠢᠭᠡᠳ ᠤᠮᠠᠷᠠᠲᠤ ᠬᠡᠯᠡᠨ ᠦ᠌ ᠦᠭᠡᠰ ᠠᠶᠠᠰ ᠢ᠋ᠶ᠋ᠠᠷ ᠮᠠᠰᠢ ᠨᠡᠢᠴᠡᠬᠦ ᠡᠪ ᠠᠶᠠᠰᠲᠤ ᠦᠰᠦᠭ ᠡᠰᠡ ᠭᠠᠷᠪᠠᠰᠤ᠂ ᠡᠴᠦᠰᠲᠡᠯ᠎ᠡ ᠪᠢᠳᠡᠨ ᠦ᠌ ᠬᠡᠯᠡᠨ ᠦ᠌ ᠪᠢᠴᠢᠭ ᠦᠰᠦᠭ ᠦᠢᠯᠡᠳᠬᠦ ᠶ᠋ᠢ ᠲᠥᠯᠭᠡᠯᠡᠨ ᠦᠵᠡᠪᠡᠰᠦ᠂ ᠪᠠᠰᠠ ᠬᠦ᠌ ᠴᠠᠭ ᠪᠣᠯᠤᠭᠠᠳᠤᠢ᠃ ᠡᠨᠡ ᠬᠥᠬᠡᠭᠴᠢᠨ ᠦᠬᠡᠷ ᠵᠢᠯ ᠡᠴᠡ ᠡᠬᠢᠯᠡᠨ ᠳᠣᠷᠣᠭᠰᠢ ᠲᠣᠭᠠᠯᠠᠨ ᠲᠠᠪᠢᠨ ᠵᠢᠷᠭᠤᠳᠤᠭᠠᠷ ᠣᠨ ᠳᠡᠭᠡᠷ᠎ᠡ ᠯᠠᠪ ᠮᠠᠨ ᠤ᠋ ᠥᠪᠡᠷ ᠦ᠋ᠨ ᠬᠡᠯᠡᠨ ᠦ᠌ ᠲᠤᠬᠠᠢᠲᠤ ᠦᠰᠦᠭ ᠭᠠᠷᠤᠮᠤᠢ᠃
《ᠡᠨᠡ ᠵᠢᠯ ᠦ᠋ᠨ ᠬᠠᠪᠤᠷ ᠲᠠᠩᠭᠤᠳ ᠤᠯᠤᠰ ᠤ᠋ᠨ ᠵᠢᠷᠭᠠᠯᠠᠩᠲᠤ ᠵᠢᠷᠯᠤᠭ ᠬᠣᠲᠠ ᠳ᠋ᠤᠷ ᠪᠦᠬᠦᠢ ᠴᠠᠭ ᠲᠤᠷ ᠵᠠᠷᠴᠢᠭᠤᠲᠠᠢ ᠥᠲᠡᠭᠦᠰ ᠦ᠋ᠨ ᠰᠢᠷ᠎ᠠ ᠵᠢᠷᠤᠬᠠᠢ ᠪᠠ ᠬᠠᠳᠠᠮ ᠤ᠋ᠨ ᠨᠠᠭᠠᠴᠤ ᠨᠣᠶᠠᠨ ᠳ᠋ᠠᠢ ᠰᠡᠴᠡᠨ ᠦ᠌ ᠤᠯᠠᠭᠠᠨ ᠤᠲᠠᠰᠤᠨ ᠤ᠋ ᠲᠥᠯᠭᠡ᠂ ᠪᠠᠰᠠ ᠵᠢᠨᠦᠩ ᠮᠤᠬᠤᠯᠢ ᠶ᠋ᠢᠨ ᠨᠣᠮᠣᠨ ᠤ᠋ ᠬᠥᠪᠴᠢ ᠶ᠋ᠢᠨ ᠲᠥᠯᠭᠡ ᠪᠠᠰᠠ᠂ ᠪᠢᠴᠢᠭ ᠦ᠋ᠨ ᠪᠠᠭᠰᠢ ᠳ᠋ᠠᠳᠠᠳᠤᠩᠭ᠎ᠠ ᠶ᠋ᠢᠨ ᠠᠯᠲᠠᠨ ᠵᠣᠭᠣᠰ ᠤ᠋ᠨ ᠣᠷᠬᠢᠯᠲᠠ ᠲᠥᠯᠭᠡ᠂ ᠲᠠᠴᠢᠩᠬᠤᠷᠯᠤᠤ ᠶ᠋ᠢᠨ ᠵᠢᠷᠭᠤᠭᠠᠨ ᠰᠠᠵᠢᠯᠲᠠ ᠶ᠋ᠢᠨ ᠲᠥᠯᠭᠡ - ᠡᠳᠡᠭᠡᠷ ᠲᠥᠯᠭᠡ ᠶ᠋ᠢᠨ ᠣᠨᠣᠯᠲᠠ ᠴᠥᠮ ᠢ᠋ᠶ᠋ᠡᠷ ᠨᠢᠭᠡᠨ ᠠᠳᠠᠯᠢ ᠬᠤᠰᠤᠯᠳᠤᠭᠰᠠᠨ ᠪᠣᠯᠪᠠᠴᠤ᠂ ᠭᠠᠭᠴᠠ ᠡᠭᠦᠰᠬᠡᠯ ᠡᠬᠢᠯᠡᠯ ᠦ᠋ᠨ ᠬᠥᠮᠦᠨ ᠦ᠌ ᠨᠡᠷ᠎ᠡ ᠪᠡᠯᠭᠡ ᠲᠡᠮᠳᠡᠭ ᠢ᠋ ᠲᠥᠯᠥᠪᠯᠡᠨ ᠣᠯᠤᠭᠰᠠᠨ ᠦᠭᠡᠢ᠃ ᠮᠢᠨᠦ ᠥᠪᠡᠷᠦᠨ ᠬᠣᠨᠢᠨ ᠳᠠᠯᠤ ᠶ᠋ᠢᠨ ᠲᠥᠯᠭᠡ ᠪᠡᠷ ᠦᠵᠡᠪᠡᠰᠦ ᠡᠨᠡ ᠵᠢᠯ ᠡᠴᠡ ᠳᠣᠷᠣᠭᠰᠢ ᠲᠠᠪᠢᠨ ᠵᠢᠷᠭᠤᠳᠤᠭᠠᠷ ᠣᠨ ᠤ᠋ ᠴᠠᠭᠠᠨ ᠪᠡᠴᠢᠨ ᠵᠢᠯ᠂ ᠰᠠ ᠬᠡᠮᠡᠬᠦ ᠨᠢᠭᠡᠨ ᠦᠰᠦᠭ᠂ ᠴᠠ ᠬᠡᠮᠡᠬᠦ ᠨᠢᠭᠡᠨ ᠦᠰᠦᠭ ᠬᠣᠶᠠᠷ ᠢ᠋ ᠨᠡᠢᠯᠡᠭᠦᠯᠦᠭᠡᠳ᠂ ᠡᠭᠦᠨᠦ ᠠᠩᠭᠢᠳᠠ ᠪᠠᠰᠠ ᠫᠠ ᠬᠡᠮᠡᠬᠦ᠂ ᠪᠠ ᠬᠡᠮᠡᠬᠦ ᠬᠣᠶᠠᠷ ᠦᠰᠦᠭ ᠢ᠋ ᠨᠡᠢᠯᠡᠭᠦᠯᠦᠭᠡᠳ ᠡᠢᠮᠦ ᠳᠥᠷᠪᠡᠨ ᠦᠰᠦᠭ ᠡᠴᠡ ᠡᠭᠦᠰᠬᠡᠮᠦᠢ᠃ ᠪᠢ ᠪᠣᠳᠣᠪᠠᠰᠤ ᠳᠡᠭᠡᠷ᠎ᠡ ᠬᠣᠶᠠᠷ ᠦᠰᠦᠭ ᠢᠨᠤ ᠭᠠᠵᠠᠷ ᠤ᠋ᠨ ᠨᠡᠷ᠎ᠡ ᠪᠣᠯᠤᠭᠠᠳ᠂ ᠳᠣᠣᠷ᠎ᠠ ᠬᠣᠶᠠᠷ ᠦᠰᠦᠭ ᠢᠨᠦ ᠬᠥᠮᠦᠨ ᠤ ᠨᠡᠷ᠎ᠡ ᠪᠣᠯᠤᠮᠤᠢ᠃ ᠮᠠᠨ ᠤ᠋ ᠬᠡᠷᠡᠭᠯᠡᠬᠦ ᠤᠢᠭᠤᠷ ᠦᠰᠦᠭ ᠦ᠋ᠨ ᠪᠦᠬᠦᠯᠢ ᠦᠰᠦᠭ ᠪᠠ ᠤᠭᠲᠤᠬᠤ ᠦᠳᠡᠬᠦ ᠳᠦᠷᠢᠮ ᠢ᠋ᠶ᠋ᠡᠷ ᠬᠣᠯᠪᠣᠯᠳᠤᠪᠠᠴᠤ ᠭᠠᠭᠴᠠ ᠬᠥᠨᠳᠡᠯᠡᠨ ᠬᠡᠪ ᠦᠯᠦ ᠪᠣᠯᠤᠮᠤᠢ᠃ ᠲᠦᠯᠡᠭᠰᠡᠨ ᠳᠠᠯᠤ ᠶ᠋ᠢᠨ ᠦᠨᠡᠰᠦ ᠵᠢᠮᠢᠰᠯᠢᠭ ᠮᠣᠳᠣᠨ ᠤ᠋ ᠳᠦᠷᠢᠮ ᠢ᠋ᠶ᠋ᠡᠷ ᠥᠭᠡᠳᠡ ᠥᠨᠳᠥᠷ ᠦ᠋ᠨ ᠬᠡᠪ ᠲᠥᠯᠥᠪ ᠲᠡᠢ ᠭᠠᠷᠤᠮᠤᠢ᠃ ᠬᠠᠷᠢᠨᠴᠤ ᠤᠷᠲᠤᠯᠵᠢᠨ ᠳᠦᠷᠢᠮᠲᠦ ᠦᠰᠦᠭ ᠪᠣᠯᠤᠮᠤᠢ ᠶᠠ 》 ᠬᠡᠮᠡᠪᠡ᠃
ᠣᠯᠠᠨ ᠰᠤᠳᠤᠷᠴᠢ ᠨᠠᠷ ᠬᠠᠮᠲᠤ ᠮᠥᠷᠭᠥᠵᠦ᠂ ᠥᠪᠡᠷ ᠥᠪᠡᠷ ᠲᠡᠭᠡᠨ ᠰᠤᠳᠤᠷ ᠰᠤᠳᠤᠷ ᠲᠠᠭᠠᠨ ᠪᠢᠴᠢᠵᠦ ᠲᠡᠮᠳᠡᠭᠯᠡᠯᠴᠡᠪᠡ᠃ ᠬᠣᠢᠨ᠎ᠠ ᠦᠨᠡᠬᠡᠷ ᠡᠨᠡ ᠬᠥᠬᠡᠭᠴᠢᠨ ᠦᠬᠡᠷ ᠵᠢᠯ ᠡᠴᠡ ᠡᠬᠢᠯᠡᠨ ᠳᠣᠷᠣᠭᠰᠢ ᠲᠠᠪᠢᠨ ᠵᠢᠷᠭᠤᠳᠤᠭᠠᠷ ᠣᠨ ᠤ᠋ ᠴᠠᠭᠠᠨ ᠪᠡᠴᠢᠨ ᠵᠢᠯ ᠳ᠋ᠦ᠍ᠷ ᠡᠮᠦᠨ᠎ᠡ ᠶᠠᠨ ᠵᠢᠩ ᠦ᠋ᠨ ᠭᠠᠵᠠᠷ᠎ᠠ ᠴᠠᠭᠠᠨ ᠭᠡᠷᠡᠯ ᠲᠡᠭᠷᠢ ᠳ᠋ᠦ᠍ᠷ ᠲᠤᠯᠵᠤ ᠂ ᠭᠤᠷᠪᠠᠨ ᠰᠡᠷᠡᠳᠡ ᠡᠨᠡ ᠭᠡᠷᠡᠯ ᠢᠯᠡᠷᠡᠭᠡᠳ ᠂ ᠳᠥᠷᠪᠡᠨ ᠰᠡᠷᠡᠳᠡ ᠲᠠᠢᠽᠦ ᠶ᠋ᠢᠨ ᠠᠴᠢ ᠬᠥᠪᠡᠭᠦᠨ ᠬᠤᠪᠢᠯᠠᠢ ᠰᠡᠴᠡᠨ ᠱᠢᠽᠤ ᠬᠤᠸᠠᠩᠳᠢ ᠰᠠᠭᠤᠷᠢᠨ ᠢ᠋ ᠵᠠᠯᠭᠠᠮᠵᠢᠯᠠᠨ ᠂ ᠺᠠᠢ ᠫᠢᠩ ᠹᠦ ᠶ᠋ᠢᠨ ᠰᠢᠨ᠎ᠡ ᠴᠣᠭᠴᠠᠯᠠᠭᠰᠠᠨ ᠪᠠᠯᠭᠠᠰᠤᠨ᠎ᠠ ᠬᠠᠭᠠᠨ ᠰᠠᠭᠤᠵᠤ ᠂ ᠣᠨ ᠤ᠋ ᠨᠡᠷ᠎ᠡ ᠶ᠋ᠢ ᠳᠤᠮᠳᠠᠳᠤ ᠨᠡᠢᠭᠡᠮ – ᠵᠦᠩ ᠲᠦᠩ ᠦ᠋ᠨ ᠲᠡᠷᠢᠭᠦᠨ ᠣᠨ ᠬᠡᠮᠡᠭᠡᠳ ᠂ ᠮᠥᠨ ᠡᠨᠡ ᠴᠠᠭᠠᠨ ᠪᠡᠴᠢᠨ ᠵᠢᠯ ᠦ᠋ᠨ ᠠᠷᠪᠠᠨ ᠨᠢᠭᠡᠨ ᠰᠠᠷ᠎ᠠ ᠶ᠋ᠢᠨ ᠠᠷᠪᠠᠨ ᠲᠠᠪᠤᠨ᠎ᠠ ᠂ ᠪᠠᠷᠠᠭᠤᠨ ᠲᠥᠪᠡᠳ ᠦ᠋ᠨ ᠰᠡᠴᠡ ᠬᠡᠮᠡᠬᠦ ᠭᠠᠵᠠᠷ ᠠ᠋ᠴᠠ ᠢᠷᠡᠭᠰᠡᠨ ᠂ ᠪᠤᠷᠬᠠᠨ ᠤ᠋ ᠰᠤᠷᠭᠠᠭᠤᠯᠢ ᠶ᠋ᠢᠨ ᠫᠠᠭᠪᠠ ᠬᠡᠮᠡᠬᠦ ᠬᠤᠲᠤᠭᠲᠤ ᠳ᠋ᠤᠷ ᠵᠠᠷᠯᠢᠭ ᠪᠠᠭᠤᠯᠭᠠᠨ ᠂ ᠠᠷᠪᠠᠨ ᠵᠢᠷᠭᠤᠭᠠᠨ ᠤ᠋ ᠲᠡᠷᠭᠡᠯ ᠪᠣᠯᠤᠭᠰᠠᠨ ᠰᠠᠷᠠᠨ᠎ᠠ ᠂ ᠪᠢᠯᠢᠭ ᠨᠡᠭᠡᠭᠡᠭᠳᠡᠭᠦᠯᠬᠦᠢ ᠶ᠋ᠢ ᠵᠠᠯᠪᠠᠷᠢᠨ ᠬᠣᠨᠣᠭᠠᠳ᠂ ᠪᠡᠯᠭᠡ ᠲᠡᠮᠳᠡᠭ ᠢ᠋ ᠲᠣᠳᠣᠷᠬᠠᠢ ᠣᠯᠵᠤ ᠂ ᠵᠢᠴᠢ ᠥᠷᠯᠥᠭᠡ ᠶ᠋ᠢᠨ ᠪᠠᠷᠰ ᠴᠠᠭ ᠲᠤᠷ ᠡᠳᠦᠭᠡᠬᠢ ᠡᠨᠡ ᠮᠣᠩᠭᠣᠯ ᠦᠰᠦᠭ ᠢ᠋ ᠡᠩ ᠲᠡᠷᠢᠭᠦᠨ ᠵᠣᠬᠢᠶᠠᠨ ᠭᠠᠷᠭᠠᠪᠠᠢ᠃
ᠲᠡᠭᠦᠨ ᠢ᠋ ᠲᠡᠷᠡ ᠣᠨ ᠤ᠋ ᠲᠣᠪᠴᠢᠶ᠎ᠠ《ᠭᠠᠩ ᠮᠦ᠍ ᠪᠢᠴᠢᠭ 》 ᠲᠣᠷ ᠳᠡᠯᠭᠡᠷᠡᠩᠭᠦᠶᠡ ᠭᠠᠷᠭᠠᠵᠤ ᠪᠣᠢ ᠠᠮᠤᠢ᠃ ᠡᠳᠦᠭᠡ ᠭᠠᠭᠴᠠ ᠲᠠᠢᠽᠦ ᠶ᠋ᠢᠨ ᠲᠡᠦᠬᠡ ᠰᠤᠳᠤᠷ ᠢ᠋ ᠪᠠᠢᠴᠠᠭᠠᠬᠤᠶᠠ ᠂ ᠲᠠᠪᠢᠨ ᠵᠢᠷᠭᠤᠭᠠᠨ ᠣᠨ ᠠ᠋ᠴᠠ ᠤᠷᠢᠳᠠ ᠬᠣᠵᠢᠮ ᠤ᠋ᠨ ᠬᠡᠷᠡᠭ ᠦ᠋ᠨ ᠰᠡᠳᠦᠯᠬᠡᠷ ᠢ᠋ ᠠᠢᠯᠠᠳᠤᠨ ᠳᠥᠯᠭᠡᠳᠡᠵᠦ ᠲᠥᠰᠦᠭᠡᠯᠡᠭᠰᠡᠨ ᠲᠡᠮᠳᠡᠭᠯᠡᠯ ᠢ᠋ ᠣᠷᠣ ᠶ᠋ᠢᠨ ᠲᠡᠳᠦᠢ ᠲᠣᠪᠬᠢᠨ ᠭᠠᠷᠭᠠᠭᠰᠠᠨ ᠪᠤᠶᠤ ᠃ ᠬᠣᠵᠢᠮ ᠤ᠋ᠨ ᠲᠡᠷᠡ ᠮᠣᠩᠭᠣᠯ ᠦᠰᠦᠭ ᠵᠣᠬᠢᠶᠠᠬᠤ ᠲᠤᠬᠠᠢ ᠶ᠋ᠢᠨ ᠰᠤᠳᠤᠷ ᠤ᠋ᠨ ᠲᠦᠰᠢᠮᠡᠯ᠂ ᠤᠢᠭᠤᠷ ᠤ᠋ᠨ ᠶᠡᠬᠡ ᠴᠢᠩ ᠲᠦᠰᠢᠮᠡᠯ – ᠯᠢᠶᠠᠨ ᠮᠧᠩ ᠽᠢ ᠴᠣᠯᠠᠲᠤ ᠯᠢᠶᠠᠨ ᠰᠢ ᠰᠢᠶᠠᠨ ᠮᠥᠨ ᠡᠨᠡ ᠤᠴᠢᠷ ᠢ᠋ ᠢᠯᠡᠷᠬᠡᠢᠯᠡᠨ ᠠᠢᠯᠠᠳᠬᠠᠭᠰᠠᠨ ᠭᠠᠵᠠᠷ ᠪᠣᠢ ᠠᠮᠤᠢ᠃ ᠲᠡᠷᠡ ᠴᠦ᠍ ᠬᠣᠵᠢᠮ ᠤ᠋ᠨ ᠬᠡᠷᠡᠭ ᠲᠤᠯᠠ ᠡᠳᠦᠭᠡ ᠲᠡᠭᠦᠨ ᠢ᠋ ᠳᠤᠷᠠᠳᠬᠤ ᠶ᠋ᠢ ᠪᠠᠢᠵᠤ᠂ ᠪᠠᠰᠠ ᠬᠦ᠌ ᠲᠤᠬᠠᠢᠲᠤ《ᠬᠥᠬᠡ ᠰᠤᠳᠤᠷ 》 ᠢ ᠵᠠᠯᠭᠠᠵᠤ ᠪᠢᠴᠢᠬᠦ ᠢᠨᠤ᠄ ᠲᠠᠢᠽᠦ ᠶ᠋ᠢᠨ ᠵᠤᠨ ᠤ᠋ ᠬᠠᠯᠠᠭᠤᠨ ᠤ᠋ ᠵᠤᠰᠠᠯᠠᠩ ᠤ᠋ᠨ ᠭᠡᠭᠡᠬᠡᠨ ᠪᠤᠯᠠᠭ ᠤ᠋ᠨ ᠭᠡᠷ ᠬᠤᠷᠢᠮ ᠳ᠋ᠤᠷ ᠭᠡᠷᠦᠨ ᠪᠢᠴᠢᠮᠡᠯ ᠲᠡᠦᠬᠡ ᠶ᠋ᠢ ᠪᠠᠢᠴᠠᠭᠠᠨ᠂ ᠣᠯᠠᠨ ᠰᠡᠴᠡᠳ ᠰᠠᠢᠳ ᠤ᠋ᠳ ᠢ᠋ ᠰᠠᠢᠰᠢᠶᠠᠨ ᠬᠥᠬᠢᠭᠦᠯᠦᠭᠰᠡᠨ ᠢ᠋ᠶ᠋ᠡᠷ ᠡᠭᠦᠨᠴᠡ ᠡᠬᠢᠯᠡᠨ᠂ ᠣᠯᠠᠨ ᠪᠢᠴᠢᠭ ᠦ᠋ᠨ ᠰᠠᠢᠳ ᠤ᠋ᠳ ᠤᠯᠠᠮ ᠢ᠋ᠶ᠋ᠠᠷ ᠬᠢᠴᠢᠶᠡᠯᠴᠡᠨ᠂ ᠣᠷᠣᠭᠰᠢ ᠵᠢᠳᠬᠦᠵᠦ ᠡᠭᠦᠰᠬᠡᠭᠰᠡᠨ ᠢ᠋ᠶ᠋ᠡᠷ ᠬᠠᠭᠤᠴᠢᠨ《ᠬᠥᠬᠡ ᠰᠤᠳᠤᠷ》ᠭᠡᠭᠡᠬᠡᠨ ᠪᠤᠯᠠᠭ ᠤ᠋ᠨ ᠭᠡᠷ ᠬᠤᠷᠢᠮ ᠳ᠋ᠤᠷ ᠭᠡᠢᠭᠦᠯᠬᠦ ᠵᠠᠷᠯᠢᠭ ᠤᠯᠠᠮ ᠲᠣᠳᠣᠷᠠᠪᠠ ᠬᠡᠮᠡᠪᠡᠢ᠃
ᠲᠡᠳᠦᠢ ᠪᠧᠲ᠋ᠠ᠋ ᠤᠯᠤᠰ ᠤ᠋ᠨ ᠲᠥᠷᠥ ᠳ᠋ᠦ᠍ᠷ ᠠᠮᠤᠷ ᠲᠤᠩᠭᠠᠯᠠᠭ ᠠᠬᠤᠶ᠎ᠠ᠃ ᠲᠠᠢᠽᠦ ᠪᠠᠰᠠ ᠲᠡᠦᠬᠡ ᠶ᠋ᠢᠨ ᠳᠣᠲᠣᠷᠠᠬᠢ ᠠᠷᠢᠭᠤᠨ ᠴᠠᠭᠠᠨ ᠲᠠᠩᠰᠤᠭ ᠷᠠᠰᠢᠶᠠᠨ ᠳᠥᠷᠪᠡᠨ ᠢᠳᠡᠭᠡᠲᠦ ᠶ᠋ᠢᠨ ᠨᠢᠭᠡᠨ ᠦᠶ᠎ᠡ ᠶ᠋ᠢ ᠲᠣᠳᠣᠷᠬᠠᠢᠯᠠᠪᠠᠢ᠃ ᠲᠡᠢᠨ ᠬᠦ᠌ ᠰᠤᠯᠠ ᠠᠬᠤᠶ᠎ᠠ ᠠᠢᠯ ᠤ᠋ᠨ ᠤᠯᠤᠰ ᠲᠠᠩᠭᠤᠳ ᠤ᠋ᠨ ᠠᠬᠠᠢ ᠨᠣᠶᠠᠨ ᠤ᠋ ᠨᠠᠪᠲᠠᠷᠬᠠᠢ ᠳᠠᠬᠤ ᠶ᠋ᠢᠨ ᠨᠠᠷᠢᠨ ᠮᠡᠳᠡᠭᠡ ᠪᠠᠰᠠ ᠪᠤᠭᠤᠷᠵᠢ ᠨᠣᠶᠠᠨ ᠤ᠋ ᠵᠠᠬᠢᠷᠬᠤ ᠵᠢᠨᠦᠩ ᠦ᠋ᠨ ᠴᠠᠴᠠᠷ ᠲᠤᠷ ᠬᠦᠷᠴᠦ ᠢᠷᠡᠪᠡ᠃ ᠡᠭᠦᠨ ᠦ᠌ ᠤᠴᠢᠷ ᠠᠨᠤ ᠶᠠᠭᠤᠨ? ᠬᠡᠮᠡᠪᠡᠰᠦ ᠄ ᠠᠷᠭ᠎ᠠ ᠮᠡᠬᠡᠲᠦ ᠠᠬᠠᠢ ᠨᠣᠶᠠᠨ᠂ ᠠᠩᠬ᠎ᠠ ᠬᠠᠪᠤᠷᠤᠨ ᠯᠢ ᠵᠢᠢ ᠯᠢ ᠬᠣᠷᠣᠭ᠎ᠠ ᠶ᠋ᠢᠨ ᠶᠡᠬᠡ ᠪᠠᠢᠯᠳᠤᠭᠠᠨ᠎ᠠ᠂ ᠪᠧᠲ᠋ᠠ᠋ ᠤᠯᠤᠰ ᠤ᠋ᠨ ᠠᠶᠤᠮᠰᠢᠭᠲᠠᠢ ᠵᠢᠨᠦᠩ ᠮᠤᠬᠤᠯᠢ ᠶ᠋ᠢᠨ ᠤᠷᠪᠠᠭᠤᠯᠤᠨ ᠬᠡᠷᠡᠭᠯᠡᠬᠦ ᠠᠷᠭ᠎ᠠ ᠪᠠᠷ ᠶᠠᠪᠤᠨ᠂ ᠠᠯᠢᠪᠠ ᠴᠡᠷᠢᠭ ᠦ᠋ᠨ ᠡᠮᠦᠨ᠎ᠡ ᠠᠮᠢ ᠪᠠᠨ ᠲᠡᠪᠴᠢᠨ᠂ ᠠᠶᠤᠯᠲᠤ ᠵᠢᠨᠦᠩ ᠮᠤᠬᠤᠯᠢ ᠯᠤᠭ᠎ᠠ ᠠᠮᠢ ᠲᠡᠮᠡᠴᠡᠨ ᠠᠯᠠᠯᠳᠤᠷᠠ ᠭᠠᠷᠤᠭᠠᠳ᠂ ᠶᠡᠬᠡ ᠳᠠᠮ ᠢᠯᠳᠦ ᠪᠡᠨ ᠳᠠᠯᠠᠢᠨ ᠪᠠᠢᠯᠳᠤᠷ᠎ᠠ ᠣᠷᠣᠭᠠᠳ᠂ ᠠᠷᠤ ᠪᠠᠷ ᠲᠠᠪᠠᠷᠴᠠᠭᠯᠠᠨ ᠤᠨᠠᠲᠠᠯ᠎ᠠ ᠲᠠᠰᠢᠭᠤᠷᠳᠠᠭᠳᠠᠨ ᠪᠠᠷᠢᠭᠳᠠᠵᠤ ᠠᠪᠠᠴᠢᠭᠳᠠᠨ ᠭᠢᠨᠳᠠᠨᠡ ᠬᠣᠷᠢᠭᠳᠠᠭᠰᠠᠨ ᠠ᠋ᠴᠠ ᠪᠠᠰᠠ ᠭᠢᠨᠳᠠᠨ ᠤ᠋ ᠳᠠᠷᠤᠭ᠎ᠠ ᠯᠤᠭ᠎ᠠ ᠬᠠᠮᠲᠤ ᠤᠷᠭᠤᠨ ᠭᠠᠷᠴᠤ ᠪᠧᠲ᠋ᠠ᠋ ᠤᠯᠤᠰ ᠤ᠋ᠨ ᠶᠡᠬᠡ ᠵᠢᠪᠬᠤᠯᠠᠩᠲᠤ ᠵᠢᠨᠦᠩ ᠮᠤᠬᠤᠯᠢ ᠯᠤᠭ᠎ᠠ ᠬᠠᠭᠠᠰᠬᠠᠨ ᠤᠳᠠᠭ᠎ᠠ ᠵᠥᠷᠢᠴᠡᠯᠳᠦᠭᠰᠡᠨ ᠢ᠋ᠶ᠋ᠡᠨ ᠨᠢᠭᠡᠨ ᠶᠡᠬᠡ ᠰᠠᠬᠢᠭᠤᠯᠰᠤᠨ ᠯᠤᠭ᠎ᠠ ᠪᠠᠢᠯᠳᠤᠭᠰᠠᠨ ᠮᠡᠲᠦ ᠶᠡᠬᠡ ᠭᠠᠪᠢᠶ᠎ᠠ ᠪᠣᠯᠭᠠᠨ ᠭᠠᠢᠬᠠᠭᠤᠯᠤᠭᠰᠠᠭᠠᠷ ᠲᠠᠩᠭᠤᠳ ᠤᠯᠤᠰ ᠤ᠋ᠨ ᠴᠡᠷᠢᠭ ᠦ᠋ᠨ ᠵᠤᠷᠭᠠᠨ ᠳ᠋ᠠᠭᠠᠨ ᠬᠦᠷᠬᠦᠯ᠎ᠡ᠂ ᠬᠣᠲᠠ ᠶ᠋ᠢᠨ ᠳᠣᠲᠣᠷ᠎ᠠ ᠴᠡᠷᠢᠭ ᠦ᠋ᠨ ᠮᠡᠳᠡᠭᠡ ᠭᠡᠮᠡᠨ ᠬᠡᠯᠡᠯᠴᠡᠵᠦ ᠦᠢᠮᠡᠬᠦ ᠵᠦᠢᠯ ᠪᠠᠬᠠᠨ ᠴᠤ᠌ ᠦᠭᠡᠢ᠂ ᠢᠪ ᠴᠢᠪ ᠠᠪ ᠠᠮᠤᠭᠤᠯᠠᠩ ᠳ᠋ᠤᠷ ᠠᠬᠠᠢ ᠨᠣᠶᠠᠨ ᠠᠮᠠ ᠪᠠᠨ ᠪᠠᠷᠢᠨ ᠭᠠᠢᠬᠠᠵᠤ ᠂ ᠴᠡᠷᠢᠭ ᠦ᠋ᠨ ᠵᠤᠷᠭᠠᠨ ᠤ᠋ ᠪᠠᠭ᠎ᠠ ᠲᠦᠰᠢᠮᠡᠳ ᠠᠴᠠ᠄
《ᠡᠨᠡ ᠮᠡᠲᠦ ᠳᠥᠷᠪᠡᠨ ᠵᠦᠭ ᠦ᠋ᠨ ᠴᠡᠷᠢᠭ ᠲᠡᠢᠨ ᠦ᠌ ᠶᠡᠬᠡ ᠦᠢᠮᠡᠭᠡᠨ ᠬᠠᠭᠠᠨ ᠡᠵᠡᠨ ᠦ᠌ ᠴᠢᠬᠢ ᠳ᠋ᠦ᠍ᠷ ᠣᠭᠲᠣ ᠬᠦᠷᠦᠭᠡᠳᠦᠢ ᠤᠤ ? 》ᠭᠡᠮᠡᠨ ᠠᠰᠠᠭᠤᠪᠠᠰᠤ᠂ ᠲᠡᠳᠡᠭᠡᠷ ᠲᠦᠰᠢᠮᠡᠳ᠂ ᠨᠢᠳᠦᠨ ᠢ᠋ᠶ᠋ᠡᠨ ᠠᠨᠢᠵᠤ᠂ ᠲᠣᠯᠣᠭᠠᠢ ᠪᠠᠨ ᠰᠠᠵᠢᠨ᠂ ᠴᠢᠬᠢ ᠶᠦ᠍ᠭᠡᠨ ᠭᠦᠪᠢᠵᠦ᠂ ᠭᠠᠷ ᠢ᠋ᠶ᠋ᠠᠷ ᠭᠠᠳᠠᠭᠰᠢ ᠳᠣᠬᠢᠵᠤ ᠵᠠᠯᠠᠷ᠎ᠠ ᠬᠡᠮᠡᠮᠦᠢ᠃ ᠡᠭᠦᠨ ᠳ᠋ᠦ᠍ᠷ ᠠᠬᠠᠢ ᠨᠣᠶᠠᠨ ᠠᠷᠭ᠎ᠠ ᠦᠭᠡᠢ᠂ ᠬᠠᠭᠠᠰ ᠰᠠᠷ᠎ᠠ ᠢᠯᠡᠭᠦᠦ ᠵᠣᠣ᠂ ᠯᠢ ᠬᠣᠶᠠᠷ ᠲᠠᠢᠭᠠᠨ ᠤ᠋ ᠬᠡᠷᠲᠡ ᠰᠥᠨᠢ ᠪᠦᠷᠢ ᠭᠦᠶᠦᠭᠰᠡᠭᠡᠷ ᠠᠷᠠᠢᠬᠠᠨ ᠭᠡᠵᠦ᠂ ᠵᠣᠣ ᠲᠠᠢᠭᠠᠨ ᠰᠥᠨᠢ ᠪᠠᠭᠤᠳᠠᠯ ᠳ᠋ᠠᠭᠠᠨ ᠢᠷᠡᠬᠦᠢ ᠳ᠋ᠦ᠍ᠷ ᠡᠭᠦᠳᠡᠨ ᠦ᠌ ᠭᠠᠳᠠᠨ᠎ᠠ ᠲᠣᠰᠴᠤ ᠵᠣᠯᠭᠠᠲᠠᠯᠠ ᠵᠣᠣ ᠲᠠᠢᠭᠠᠨ᠄
《ᠡᠨᠡ ᠰᠥᠨᠢ ᠪᠢ ᠡᠨᠳᠡ ᠥᠪᠡᠷ᠎ᠡ ᠬᠡᠷᠡᠭ ᠪᠣᠢ᠃ ᠴᠢ ᠳᠠᠬᠢᠵᠤ ᠲᠠᠪᠤᠨ ᠬᠣᠨᠣᠭ ᠤ᠋ᠨ ᠵᠢᠰᠢᠶ᠎ᠠ ᠪᠠᠭᠤᠬᠤ ᠰᠥᠨᠢ ᠵᠢᠴᠢ ᠢᠷ᠎ᠡ !》 ᠭᠡᠮᠡᠨ ᠡᠭᠡᠭᠦᠯᠦᠭᠡᠳ᠂ ᠲᠠᠪᠤᠳᠤᠭᠠᠷ ᠡᠳᠦᠷ ᠦ᠋ᠨ ᠪᠣᠯᠵᠣᠭ᠎ᠠ ᠳ᠋ᠤᠷ ᠠᠬᠠᠢ ᠨᠣᠶᠠᠨ ᠢᠷᠡᠪᠡᠰᠦ ᠪᠠᠰᠠ ᠬᠦ᠌ ᠥᠪᠡᠷ᠎ᠡ ᠨᠢᠭᠡᠨ ᠴᠢᠬᠤᠯᠠ ᠬᠥᠮᠦᠨ ᠢᠷᠡᠵᠦ ᠡᠨᠡ ᠪᠣᠯᠵᠣᠭ᠎ᠠ ᠳ᠋ᠤᠷ ᠪᠠᠰᠠ ᠣᠯᠵᠤ ᠵᠣᠯᠭᠠᠨ ᠴᠢᠳᠠᠭᠰᠠᠨ ᠦᠭᠡᠢ᠃ ᠡᠢᠨ ᠬᠦ᠌ ᠳᠥᠷᠪᠡ ᠲᠠᠪᠤᠨ ᠪᠣᠯᠵᠣᠭ᠎ᠠ ᠶ᠋ᠢ ᠥᠩᠭᠡᠷᠡᠭᠦᠯᠦᠨ᠂ ᠡᠴᠦᠰ ᠲᠦ᠍ᠷ ᠬᠣᠷᠢᠨ ᠯᠠᠩ ᠮᠥᠩᠭᠥᠨ ᠦ᠌ ᠪᠡᠯᠡᠭ ᠡᠷᠭᠦᠭᠰᠡᠨ ᠬᠣᠢᠨ᠎ᠠ ᠰᠠᠶᠢ ᠨᠢᠭᠡᠨ ᠰᠥᠨᠢ ᠶ᠋ᠢᠨ ᠳᠥᠷᠪᠡᠨ ᠵᠢᠩ ᠦ᠋ᠨ ᠦᠶ᠎ᠡ ᠳ᠋ᠦ᠍ᠷ ᠬᠥᠮᠦᠨ ᠦᠭᠡᠢ ᠭᠠᠵᠠᠷ ᠲᠤᠷ ᠵᠣᠯᠭᠠᠵᠤ᠂ ᠵᠣᠣ ᠲᠠᠢᠭᠠᠨ ᠠᠬᠠᠢ ᠨᠣᠶᠠᠨ ᠤ᠋ ᠤᠴᠢᠷ ᠶᠠᠪᠤᠳᠠᠯ ᠤ᠋ᠨ ᠶᠡᠬᠡ ᠪᠠᠷᠤᠭ ᠢ᠋ ᠰᠣᠨᠣᠰᠤᠮᠠᠭᠴᠠ ᠳᠡᠭᠦᠨᠦ ᠦᠭᠡ ᠬᠡᠯᠡᠵᠦ ᠪᠠᠷᠠᠬᠤ ᠶ᠋ᠢ ᠬᠦᠯᠢᠶᠡᠬᠦ ᠦᠭᠡᠢ᠂ ᠠᠬᠠᠢ ᠨᠣᠶᠠᠨ ᠤ᠋ ᠮᠥᠷᠥ ᠶ᠋ᠢ ᠳᠠᠪᠰᠢᠵᠤ ᠥᠭᠦᠯᠡᠷᠦᠨ᠄《 ᠪᠢ ᠴᠢᠮᠠᠶᠢ ᠦᠵᠡᠪᠡᠰᠦ ᠨᠢᠭᠡᠨ ᠮᠠᠰᠢ ᠰᠢᠳᠤᠷᠭᠤ ᠨᠣᠮᠣᠬᠠᠨ ᠰᠢᠯᠤᠭᠤᠨ ᠰᠢᠭᠤᠳᠬᠠᠨ ᠬᠥᠮᠦᠨ ᠪᠠᠢᠨᠠᠮ᠃ ᠲᠡᠢᠨ ᠬᠦ᠌ ᠪᠢ ᠴᠢᠮᠠᠶ᠋ᠢ ᠡᠨᠡ ᠨᠢᠭᠡᠨ ᠥᠪᠡᠷ ᠢ᠋ᠶ᠋ᠡᠨ ᠡᠷᠢᠭᠰᠡᠨ ᠦᠬᠦᠯ ᠦ᠋ᠨ ᠵᠣᠪᠠᠯᠠᠩ ᠠ᠋ᠴᠠ ᠴᠢᠨᠢ ᠠᠪᠤᠷᠠᠰᠤᠭᠠᠢ᠃ ᠡᠳᠦᠭᠡ ᠮᠠᠨ ᠤ᠋ ᠬᠠᠭᠠᠨ ᠡᠵᠡᠨ ᠨᠢᠭᠡᠨᠲᠡ ᠨᠠᠢ᠍ᠮᠠᠨ ᠤ᠋ ᠬᠤᠪᠢᠯᠭᠠᠨ ᠵᠢᠰᠦᠲᠦ ᠶ᠋ᠢᠨ᠂ ᠪᠢᠩ ᠬᠣᠶᠠᠷ ᠹᠧᠢ ᠳ᠋ᠦ᠍ᠷ ᠤᠨᠠᠵᠤ᠂ ᠬᠤᠷᠮᠤᠰᠲᠠ ᠲᠡᠭᠷᠢ ᠶ᠋ᠢᠨ ᠵᠠᠷᠯᠢᠭ ᠢᠷᠡᠪᠡᠴᠦ ᠰᠣᠨᠣᠰᠬᠤ ᠦᠭᠡᠢ ᠳ᠋ᠦ᠍ᠷ ᠬᠦᠷᠴᠦᠬᠦᠢ᠃ ᠡᠳᠦᠭᠡ ᠬᠠᠷᠠᠬᠠᠨ ᠵᠢᠨ᠂ ᠪᠢᠩ ᠬᠣᠶᠠᠷ ᠹᠧᠢ ᠲᠡᠷᠢᠭᠦᠯᠡᠨ ᠣᠷᠳᠣᠨ ᠤ᠋ ᠬᠡᠳᠦᠨ ᠵᠠᠭᠤᠨ ᠥᠬᠢᠳ ᠲᠦ᠍ᠷ ᠴᠥᠮ ᠮᠥᠩᠭᠥᠨ ᠬᠣᠩᠬᠣ᠂ ᠬᠠᠰ ᠤ᠋ᠨ ᠬᠠᠩᠭᠢᠯᠵᠠᠭᠤᠷᠲᠤ ᠴᠢᠮᠡᠭ ᠪᠦᠴᠡ᠂ ᠤᠨᠵᠢᠯᠭ᠎ᠠ ᠰᠠᠨᠵᠢᠯᠭᠠᠲᠤ ᠴᠢᠮᠡᠭ ᠤᠷᠢᠶᠠᠮᠳᠠᠰᠤ ᠪᠠᠷ ᠬᠤᠪᠴᠠᠯᠠᠨ ᠂ ᠣᠷᠳᠣᠨ ᠤ᠋ ᠳᠣᠲᠣᠷᠠᠬᠢ ᠰᠢᠶᠠ ᠨᠢᠩ ᡂᠢ ᠬᠡᠮᠡᠬᠦ ᠨᠠᠢ᠍ᠮᠠᠨ ᠭᠠᠵᠠᠷ ᠤ᠋ᠨ ᠶᠡᠬᠡ ᠲᠣᠭᠣᠮᠠᠯ ᠨᠠᠭᠤᠷ ᠲᠤᠷ ᠬᠣᠷᠢᠨ ᠨᠠᠢ᠍ᠮᠠᠨ ᠣᠳᠣᠨ ᠬᠦᠷᠢᠶᠡᠨ ᠦ᠌ ᠶᠡᠬᠡ ᠠᠭᠤᠳᠠᠮ ᠮᠣᠳᠣᠨ ᠤ᠋ ᠰᠠᠯ ᠤᠶᠠᠭᠤᠯᠵᠤ᠂ ᠳᠡᠭᠡᠷ᠎ᠡ ᠢᠨᠤ ᠬᠤᠯᠤᠰᠤ᠂ ᠡᠪᠡᠰᠦᠨ ᠦ᠌ ᠪᠣᠭᠣᠳᠠᠯ ᠢ᠋ ᠨᠢᠭᠡᠨ ᠲᠣᠬᠣᠢ ᠢᠯᠡᠭᠦᠦ ᠵᠤᠵᠠᠭᠠᠨ ᠳᠡᠪᠢᠰᠦᠭᠡᠳ ᠂ ᠬᠣᠷᠢᠨ ᠨᠠᠢ᠍ᠮᠠᠨ ᠣᠳᠣᠳ ᠤ᠋ᠨ ᠬᠦᠷᠢᠶᠡᠨ ᠦ᠌ ᠵᠢᠷᠤᠭ ᠬᠥᠷᠥᠭ ᠢ᠋ᠶ᠋ᠡᠷ ᠮᠣᠳᠣ ᠬᠤᠯᠤᠰᠤ ᠲᠡᠮᠦᠷ ᠤᠲᠠᠰᠤ ᠪᠠ ᠣᠷᠢᠶᠠᠩᠭᠤ ᠪᠠᠷ ᠭᠡᠷ ᠬᠦᠷᠢᠶ᠎ᠡ ᠂ ᠠᠰᠠᠷ ᠲᠠᠭᠲᠤ ᠂ ᠡᠷᠭᠢᠭᠦᠦ ᠭᠡᠷ ᠂ ᠨᠢᠰᠦᠮᠡᠯ ᠰᠠᠷᠠᠪᠴᠢ᠂ ᠵᠢᠷᠤᠭᠲᠤ ᠬᠡᠷᠡᠮ ᠂ ᠵᠣᠯᠠᠲᠤ ᠲᠤᠭᠤᠷᠭ᠎ᠠ ᠡᠭᠦᠳᠴᠦ ᠂ ᠭᠠᠳᠠᠭᠤᠷ ᠠᠨᠤ ᠵᠣᠳᠣᠩ ᠂ ᠪᠥᠰ ᠂ ᠲᠣᠷᠭ᠎ᠠ ᠲᠣᠷᠭᠠᠮᠰᠤᠭ ᠂ ᠱᠠ ᠱᠤ᠌ ᠂ ᠯᠢᠩ ᠨᠣᠯᠣᠮ ᠤ᠋ᠨ ᠵᠦᠢᠯ ᠢ᠋ᠶ᠋ᠡᠷ ᠪᠦᠷᠬᠦᠵᠦ᠂ ᠲᠡᠭᠷᠢ ᠶ᠋ᠢᠨ ᠤᠷᠲᠤ ᠂ ᠣᠳᠣᠨ ᠤ᠋ ᠬᠦᠷᠢᠶᠡᠯᠡᠩ᠂ ᠰᠠᠷᠠᠨ ᠤ᠋ ᠮᠠᠨᠳᠠᠯ᠂ ᠣᠭᠲᠠᠷᠭᠤᠢ ᠶ᠋ᠢᠨ ᠬᠥᠭᠥᠷᠭᠡ ᠦᠢᠯᠡᠳᠴᠦ᠂ ᠪᠠᠰᠠ ᠥᠩᠭᠡᠲᠦ ᠲᠣᠷᠭ᠎ᠠ᠂ ᠬᠢᠯᠠᠪᠠᠯᠵᠠᠬᠤ ᠨᠣᠯᠣᠮ ᠢ᠋ᠶ᠋ᠠᠷ ᠴᠡᠴᠡᠭ ᠮᠣᠳᠣ ᠂ ᠰᠢᠭᠤᠢ ᠬᠤᠯᠤᠰᠤ ᠂ ᠪᠣᠯᠵᠣᠮᠣᠷ ᠵᠢᠭᠦᠷᠲᠡᠨ ᠂ ᠵᠢᠮᠢᠰ ᠦ᠋ᠨ ᠣᠢ ᠂ ᠦᠵᠦᠮ ᠦ᠋ᠨ ᠰᠥᠷᠥ ᠶ᠋ᠢ ᠠᠮᠢᠳᠤ ᠠᠳᠠᠯᠢ ᠦᠢᠯᠡᠳᠴᠦ᠂ ᠰᠥᠨᠢ ᠪᠣᠯᠪᠠᠰᠤ ᠥᠨᠳᠥᠷ ᠪᠣᠭᠣᠨᠢ ᠲᠦᠭ ᠲᠦᠮᠡᠨ ᠲᠠᠪᠤᠨ ᠥᠩᠭᠡ ᠶ᠋ᠢᠨ ᠵᠤᠯᠠ ᠳᠡᠭᠡᠷ᠎ᠡ ᠳᠤᠮᠳᠠ ᠳᠣᠣᠷ᠎ᠠ ᠤᠰᠤᠨ ᠤ᠋ ᠬᠥᠷᠥᠰᠥ ᠳ᠋ᠦ᠍ᠷ ᠬᠦᠷᠲᠡᠯ᠎ᠡ ᠬᠢᠯᠠᠪᠠᠯᠵᠠᠨ ᠭᠡᠢᠭᠦᠯᠵᠦ᠂ ᠲᠡᠭᠷᠢ ᠶ᠋ᠢᠨ ᠣᠳᠣᠨ ᠠ᠋ᠴᠠ ᠴᠤ᠌ ᠣᠯᠠᠨ ᠵᠤᠯᠠ ᠶ᠋ᠢᠨ ᠭᠡᠷᠡᠯ ᠣᠰᠤᠨ᠎ᠠ ᠲᠣᠰᠴᠤ᠂ ᠤᠰᠤᠨ ᠤ᠋ ᠭᠡᠷᠡᠯ ᠳᠡᠭᠡᠭᠰᠢ ᠲᠤᠶᠠᠭᠠᠯᠠᠨ᠂ ᠣᠷᠳᠣᠨ ᠬᠦᠷᠢᠶᠡᠯᠡᠭ ᠦ᠋ᠨ ᠳᠣᠲᠣᠷᠠᠬᠢ᠂ ᠤᠷᠲᠤ ᠬᠠᠷᠰᠢ ᠠᠰᠠᠷ ᠲᠠᠭᠲᠤ ᠴᠥᠮ ᠭᠡᠢᠭᠡᠨ ᠦᠵᠡᠭᠳᠡᠮᠦᠢ᠃ ᠡᠨᠡ ᠬᠣᠷᠢᠨ ᠨᠠᠢ᠍ᠮᠠᠨ ᠣᠳᠣᠨ ᠬᠦᠷᠢᠶᠡᠯᠡᠩ ᠢ᠋ ᠰᠠᠯᠭᠠᠪᠠᠰᠤ ᠠᠷᠪᠠᠨ ᠭᠠᠵᠠᠷ ᠤ᠋ᠨ ᠲᠤᠩᠭᠠᠯᠠᠭ ᠨᠠᠭᠤᠷ ᠲᠤᠷ ᠤᠷᠲᠤ ᠬᠠᠷᠰᠢ᠂ ᠠᠰᠠᠷ ᠲᠠᠭᠲᠤ᠂ ᠭᠡᠷ ᠬᠦᠷᠢᠶ᠎ᠡ᠂ ᠬᠥᠭᠥᠷᠭᠡ ᠬᠡᠷᠡᠰᠬᠡ ᠲᠥᠪ ᠳᠦᠭᠦᠷᠡᠩ ᠵᠠᠯᠭᠠᠯᠳᠤᠨ᠂ ᠬᠣᠷᠢᠨ ᠨᠠᠢ᠍ᠮᠠᠨ ᠠᠩᠭᠢ ᠣᠷᠴᠢᠯᠠᠩ ᠳᠡᠯᠡᠬᠡᠢ ᠪᠣᠯᠤᠮᠤᠢ᠃ ᠬᠡᠷᠪᠡ ᠲᠣᠭᠣᠷᠢᠭᠤᠯᠤᠨ ᠬᠦᠷᠢᠶᠡᠯᠡᠭᠦᠯᠪᠡᠰᠦ ᠳᠣᠲᠣᠷ᠎ᠠ ᠠᠨᠤ ᠬᠥᠨᠳᠡᠯᠡᠨ ᠭᠤᠯᠳᠤ ᠭᠠᠵᠠᠷ ᠢᠯᠡᠭᠦᠦ ᠠᠭᠤᠳᠠᠮ ᠰᠠᠷᠠᠨ ᠤ᠋ ᠮᠠᠨᠳᠠᠯ ᠤ᠋ᠨ ᠶᠡᠬᠡ ᠲᠥᠭᠥᠷᠢᠭ ᠠᠰᠠᠷ ᠲᠠᠭᠲᠤ ᠶ᠋ᠢᠨ ᠬᠦᠷᠢᠶᠡᠯᠡᠩ ᠬᠣᠲᠠ ᠪᠣᠯᠵᠤ᠂ ᠬᠡᠷᠪᠡ ᠰᠠᠯᠭᠠᠵᠤ ᠳᠠᠩ ᠢ᠋ᠶ᠋ᠠᠷ ᠨᠢᠮᠭᠡᠯᠡᠪᠡᠰᠦ ᠳᠥᠷᠪᠡ ᠲᠠᠪᠤᠨ ᠭᠠᠵᠠᠷ ᠵᠠᠯᠭᠠᠯᠳᠤᠨ ᠨᠡᠢᠯᠡᠵᠦ ᠡᠮᠦᠨᠡᠲᠦ ᠰᠥᠩ ᠦ᠋ᠨ ᠤᠯᠤᠰ ᠤ᠋ᠨ ᠨᠡᠢᠰᠯᠡᠯ ᠯᠢᠨ ᠠᠨ ᠬᠣᠲᠠ ᠶ᠋ᠢᠨ ᠪᠠᠷᠠᠭᠤᠨ ᠳ᠋ᠤᠷ ᠪᠠᠢᠬᠤ ᠬᠠᠩ ᠵᠧᠦ ᠶ᠋ᠢᠨ ᠰᠢ ᠬᠣ ᠬᠡᠮᠡᠬᠦ ᠨᠠᠭᠤᠷ ᠲᠠᠩᠭᠢᠰ ᠤ᠋ᠨ ᠳᠣᠲᠣᠷ᠎ᠠ ᠪᠠᠢᠬᠤ᠂ ᠡᠷᠲᠡᠨ ᠦ᠌ ᠬᠣᠢᠲᠤ ᠰᠥᠩ ᠤᠯᠤᠰ ᠤ᠋ᠨ ᠰᠦ᠍ ᠳ᠋ᠦᠩ ᠫᠦᠸᠧ ᠬᠡᠮᠡᠬᠦ ᠨᠣᠶᠠᠨ᠂ ᠣᠯᠠᠨ ᠢᠷᠭᠡᠨ ᠦ᠌ ᠢᠳᠡᠬᠦ ᠤᠰᠤᠨ ᠤ᠋ ᠨᠠᠭᠤᠷ ᠬᠤᠳᠳᠤᠭ ᠢ᠋ ᠠᠷᠢᠯᠭᠠᠨ ᠯᠠᠢᠳᠠᠬᠤᠢ ᠳ᠋ᠤᠷ ᠭᠠᠷᠤᠭᠰᠠᠨ ᠰᠢᠷᠣᠢ ᠪᠠᠷ ᠵᠠᠯᠭᠠᠯᠳᠤᠭᠤᠯᠤᠨ ᠳᠡᠪᠢᠰᠴᠦ ᠂ ᠵᠢᠷᠭᠤᠭᠠᠨ ᠬᠥᠭᠥᠷᠭᠡ ᠴᠣᠭᠴᠠᠯᠠᠨ ᠵᠠᠭᠤᠨ ᠣᠪᠣᠭᠲᠠᠨ ᠤ᠋ ᠲᠦᠳᠡ ᠵᠠᠮ ᠪᠣᠯᠭᠠᠭᠰᠠᠨ ᠰᠦ᠍ ᠲᠢ ᠬᠡᠮᠡᠬᠦ ᠳᠠᠯᠠᠩ ᠮᠡᠲᠦ᠂ ᠵᠠᠭᠤᠨ ᠵᠦᠢᠯ ᠦ᠋ᠨ ᠦᠵᠡᠮᠵᠢ ᠵᠡᠷᠭᠡᠯᠭᠡᠨ ᠢᠨᠤ ᠲᠡᠭᠦᠨᠴᠡ ᠴᠦ᠍ ᠬᠡᠲᠦᠷᠡᠵᠦᠬᠦᠢ ᠃ ᠬᠣᠷᠢᠨ ᠨᠠᠢ᠍ᠮᠠᠨ ᠬᠦᠷᠢᠶᠡᠨ ᠦ᠌ ᠨᠢᠭᠡᠨ ᠬᠦᠷᠢᠶ᠎ᠡ ᠳ᠋ᠦ᠍ᠷ ᠲᠡᠭᠷᠢ ᠶ᠋ᠢᠨ ᠥᠬᠢᠳ ᠬᠤᠪᠴᠠᠳ ᠴᠢᠮᠡᠭ ᠢ᠋ᠶ᠋ᠡᠷ ᠴᠢᠮᠡᠭᠯᠡᠭᠰᠡᠨ ᠲᠡᠭᠷᠢ ᠶ᠋ᠢᠨ ᠨᠠᠷᠢᠨ ᠬᠥᠭᠵᠢᠮ ᠦ᠋ᠨ ᠠᠷᠪᠠᠨ ᠵᠢᠷᠭᠤᠭᠠᠨ ᠥᠬᠢᠨ ᠪᠣᠢ᠃ ᠬᠠᠭᠠᠨ ᠬᠢᠭᠡᠳ ᠬᠤᠪᠢᠯᠭᠠᠨ ᠵᠢᠰᠦᠲᠦ ᠬᠣᠶᠠᠷ ᠦᠵᠡᠰᠬᠦᠯᠡᠩ ᠹᠧᠢ᠂ ᠰᠢᠳᠠᠷ ᠬᠦᠩ ᠬᠦᠩ᠂ ᠬᠦᠩ ᠨᠢᠦᠢ ᠶ᠋ᠢᠨ ᠨᠢᠭᠡᠨ ᠶᠡᠬᠡ ᠰᠠᠷᠠᠨ ᠤ᠋ ᠮᠠᠨᠳᠠᠯ ᠤ᠋ᠨ ᠬᠦᠷᠢᠶ᠎ᠡ ᠶ᠋ᠢ ᠲᠣᠭᠣᠷᠢᠨ ᠤᠷᠪᠠᠬᠤ ᠬᠤᠪᠢᠯᠬᠤ ᠠᠨᠤ ᠮᠣᠬᠣᠰᠢ ᠦᠭᠡᠢ᠂ ᠤᠯᠠᠷᠢᠬᠤ ᠳᠡᠭᠳᠡᠬᠦ ᠢᠨᠤ ᠬᠡᠮᠵᠢᠰᠢ ᠦᠭᠡᠢ ᠃ ᠬᠠᠷᠠᠬᠠᠨ ᠨᠢᠳᠤᠨᠤᠨ ᠤ᠋ ᠂ ᠪᠢᠩ ᠬᠣᠶᠠᠷ ᠹᠧᠢ ᠶ᠋ᠢ ᠣᠯᠤᠭᠰᠠᠨ ᠠ᠋ᠴᠠ ᠡᠨᠡ ᠦᠢᠯᠡᠳᠬᠡᠯ ᠢ᠋ ᠡᠬᠢᠯᠡᠨ ᠨᠢᠭᠡᠨ ᠨᠠᠮᠤᠷ᠂ ᠨᠢᠭᠡᠨ ᠡᠪᠦᠯ᠂ ᠨᠢᠭᠡᠨ ᠬᠠᠪᠤᠷ ᠡᠭᠦᠳᠴᠦ᠂ ᠡᠨᠡ ᠵᠢᠯ ᠦ᠋ᠨ ᠭᠤᠷᠪᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ᠎ᠠ ᠰᠠᠶᠢ ᠤᠰᠤ ᠣᠷᠣᠭᠤᠯᠤᠨ ᠵᠢᠭᠰᠠᠭᠠᠨ ᠲᠡᠭᠦᠰᠴᠦ᠂ ᠶᠣᠣ ᡂᠢ ᠬᠡᠮᠡᠬᠦ ᠨᠠᠭᠤᠷ ᠤ᠋ᠨ ᠬᠤᠪᠢᠯᠭᠠᠨ ᠰᠢᠳᠢᠲᠡᠨ ᠦ᠌ ᠬᠤᠷᠠᠯ ᠢ᠋ ᠳᠠᠭᠤᠷᠢᠶᠠᠨ᠂ ᠲᠡᠷᠡ ᠬᠤᠷᠢᠮ ᠡᠬᠢᠯᠡᠭᠰᠡᠨ ᠡᠴᠡ ᠡᠳᠦᠭᠡ ᠳᠥᠷᠪᠡᠨ ᠰᠠᠷ᠎ᠠ ᠳᠤᠮᠳᠠᠯᠠᠲᠠᠯᠠ᠂ ᠨᠠᠭᠤᠷ ᠤ᠋ᠨ ᠣᠷᠳᠣᠨ ᠬᠦᠷᠢᠶᠡᠯᠡᠩ ᠡᠴᠡ ᠳᠣᠲᠣᠭᠠᠳᠤ ᠣᠷᠳᠣᠨ ᠳ᠋ᠤᠷ ᠡᠭᠡᠭᠡᠳᠦᠢ ᠳ᠋ᠦ᠍ᠷ ᠲᠥᠷᠥ ᠶ᠋ᠢᠨ ᠬᠠᠷᠰᠢ ᠶ᠋ᠢᠨ ᠶᠣᠰᠣ ᠪᠤᠶᠤ ᠳᠥᠷᠪᠡᠨ ᠵᠦᠭ ᠡᠴᠡ ᠠᠢᠯᠠᠳᠬᠠᠵᠤ ᠢᠷᠡᠭᠰᠡᠨ ᠡᠪᠬᠡᠮᠡᠯ ᠨᠤᠭᠤᠯᠪᠤᠷᠢ ᠬᠡᠮᠡᠭᠴᠢ ᠲᠥᠷᠥ ᠬᠠᠷᠰᠢ ᠶ᠋ᠢᠨ ᠰᠢᠷᠡᠭᠡᠨ᠎ᠡ ᠠᠭᠤᠯᠠ ᠮᠡᠲᠦ ᠣᠪᠣᠭᠠᠯᠠᠵᠤᠬᠤᠢ᠃ ᠪᠧᠲ᠋ᠠ᠋ ᠤᠯᠤᠰ ᠤ᠋ᠨ ᠴᠡᠷᠢᠭ ᠤᠯᠤᠰ ᠲᠤᠷ ᠭᠤᠷᠪᠠᠨ ᠰᠠᠷ᠎ᠠ ᠢᠯᠡᠭᠦᠦ ᠬᠥᠨᠳᠡᠯᠡᠨ ᠭᠤᠯᠳᠤ ᠲᠦᠢᠪᠡᠭᠡᠲᠡᠯᠡ ᠨᠢᠭᠡᠬᠡᠨ ᠲᠦᠰᠢᠮᠡᠯ ᠴᠦ᠍ ᠴᠣᠭᠣᠷᠣᠨ ᠭᠠᠷᠴᠤ ᠳᠡᠭᠡᠭᠰᠢ ᠠᠢᠯᠠᠳᠬᠠᠭᠰᠠᠨ ᠦᠭᠡᠢ ᠪᠥᠭᠡᠲᠡᠯ᠎ᠡ ᠡᠳᠦᠭᠡ ᠴᠢᠨᠦ ᠡᠨᠡ ᠰᠠᠬᠢᠭᠰᠠᠨ ᠭᠠᠵᠠᠷ ᠢ᠋ᠶ᠋ᠠᠨ ᠠᠯᠳᠠᠵᠤ᠂ ᠪᠡᠶ᠎ᠡ ᠪᠠᠷᠢᠭᠳᠠᠨ ᠤᠷᠭᠤᠵᠤ ᠢᠷᠡᠭᠰᠡᠨ ᠲᠦᠰᠢᠮᠡᠯ ᠢ᠋ ᠡᠨᠡ ᠮᠡᠲᠦ ᠬᠠᠷᠠᠩᠭᠤᠢ ᠪᠤᠷᠤᠩᠬᠤᠢ ᠪᠣᠯᠤᠭᠰᠠᠨ ᠲᠥᠷᠥ ᠶ᠋ᠢᠨ ᠬᠠᠭᠠᠨ ᠡᠵᠡᠨ ᠪᠠᠢᠲᠤᠭᠠᠢ᠂ ᠤᠯᠤᠰ ᠲᠥᠷᠥ ᠶ᠋ᠢᠨ ᠬᠡᠷᠡᠭ ᠢ᠋ᠶ᠋ᠡᠷ ᠴᠢᠬᠤᠯᠠ ᠪᠣᠯᠭᠠᠨ ᠦᠢᠯᠡᠳᠦᠭᠴᠢ ᠭᠡᠭᠡᠨ ᠲᠣᠳᠣᠷᠬᠠᠢ ᠬᠠᠭᠠᠨ ᠪᠣᠯᠪᠠᠴᠤ᠂ ᠨᠢᠭᠡᠨ ᠭᠠᠵᠠᠷ ᠢ᠋ᠶ᠋ᠠᠨ ᠠᠯᠳᠠᠵᠤ ᠴᠡᠷᠢᠭ ᠳᠠᠷᠤᠭᠳᠠᠨ᠂ ᠪᠡᠶ᠎ᠡ ᠪᠠᠷᠢᠭᠳᠠᠭᠠᠳ ᠤᠷᠭᠤᠨ ᠢᠷᠡᠭᠰᠡᠨ ᠬᠥᠮᠦᠨ ᠢ᠋ ᠬᠦᠨᠳᠦ ᠶᠠᠯ᠎ᠠ ᠠ᠋ᠴᠠ ᠬᠡᠯᠲᠦᠷᠢᠭᠦᠯᠬᠦᠶᠡ ᠪᠡᠷᠬᠡ ᠪᠥᠭᠡᠲᠡᠯ᠎ᠡ᠂ ᠡᠳᠦᠭᠡ ᠴᠢ ᠬᠠᠷᠢᠨ ᠪᠧᠲ᠋ᠠ᠋ ᠤᠯᠤᠰ ᠤ᠋ᠨ ᠶᠡᠬᠡ ᠵᠢᠨᠦᠩ ᠯᠦ᠍ᠭᠡ ᠠᠮᠢ ᠲᠡᠪᠴᠢᠨ ᠪᠠᠢᠯᠳᠤᠭᠰᠠᠨ ᠢ᠋ᠶ᠋ᠠᠨ ᠭᠠᠢᠬᠠᠮᠰᠢᠭᠲᠤ ᠭᠠᠪᠢᠶ᠎ᠠ ᠪᠣᠯᠭᠠᠨ ᠰᠠᠨᠠᠬᠤ ᠠᠨᠤ ᠦᠨᠡᠬᠡᠷ ᠬᠥᠳᠡᠭᠡᠪᠦᠷᠢ ᠲᠡᠨᠡᠭ ᠦ᠋ᠨ ᠲᠤᠢᠯ ᠪᠣᠯᠤᠭᠰᠠᠨ ᠪᠢᠰᠢᠦ ? ᠮᠤᠨᠳᠠᠴᠤ ᠨᠠᠳᠤᠷ ᠤᠴᠠᠷᠠᠵᠤ ᠡᠳᠡᠭᠡᠷ ᠤᠴᠢᠷ ᠢ᠋ᠶ᠋ᠠᠨ ᠰᠣᠨᠣᠰᠬᠠᠪᠠ᠃ ᠬᠡᠷᠪᠡ ᠪᠤᠰᠤ ᠬᠥᠮᠥᠨ᠎ᠡ ᠤᠴᠠᠷᠠᠵᠤ᠂ ᠠᠯᠪᠠᠨ ᠤ᠋ ᠶᠣᠰᠣᠭᠠᠷ ᠱᠠᠭᠠᠷᠳᠠᠭᠰᠠᠭᠠᠷ ᠬᠠᠭᠠᠨ ᠤ᠋ ᠴᠡᠩᠭᠡᠯ ᠢ᠋ ᠬᠤᠭᠤᠯᠤᠨ ᠬᠢᠯᠢᠩᠯᠡᠭᠦᠯᠪᠡᠰᠦ ᠴᠢᠨᠦ ᠨᠢᠭᠡᠨ ᠠᠮᠢ ᠴᠤ᠌ ᠪᠠᠢᠲᠤᠭᠠᠢ ᠨᠢᠭᠡᠨ ᠭᠡᠷᠦᠨ ᠬᠣᠲᠠᠯᠠᠭᠠᠷ ᠤ᠋ᠨ ᠬᠤᠪᠢ ᠵᠠᠶᠠᠭ᠎ᠠ ᠴᠤ᠌ ᠬᠠᠮᠢᠭᠠᠰᠢ ᠪᠣᠯᠬᠤ ᠶ᠋ᠢ ᠪᠣᠯᠵᠣᠪᠠᠰᠤ ᠪᠣᠯᠬᠤ ᠦᠭᠡᠢ ᠪᠣᠯᠠᠢ᠃ ᠨᠡᠩ ᠪᠠᠰᠠ ᠤᠷᠢᠳᠤ ᠤᠳᠠᠭ᠎ᠠ ᠬᠣᠲᠠ ᠬᠣᠷᠣᠭ᠎ᠠ ᠪᠠᠨ ᠠᠪᠲᠠᠭᠰᠠᠨᠠ ᠪᠤᠰᠤᠳ ᠢ᠋ ᠴᠥᠮ ᠶᠠᠯᠠᠯᠠᠭᠰᠠᠨ ᠪᠥᠭᠡᠳ ᠭᠠᠭᠴᠠ ᠴᠢᠮᠠᠶᠢ ᠡᠰᠡ ᠶᠠᠯᠠᠯᠠᠭᠰᠠᠨ ᠪᠠᠢᠬᠤᠢ ᠳ᠋ᠤᠷ ᠡᠳᠦᠭᠡ ᠬᠠᠷᠢᠨ ᠶᠠᠯᠠᠲᠤ ᠲᠡᠷᠢᠭᠦᠨ ᠢ᠋ᠶ᠋ᠡᠨ ᠥᠪᠡᠷ ᠢ᠋ᠶ᠋ᠡᠨ ᠡᠷᠭᠦᠨ ᠢᠷᠡᠵᠦ ᠦᠬᠦᠯ ᠢ᠋ᠶ᠋ᠡᠨ ᠡᠷᠢᠬᠦ ᠴᠢᠨᠦ ᠶᠠᠭᠤᠪᠠᠢ ?》 ᠬᠡᠮᠡᠭᠰᠡᠨ ᠨᠢᠭᠡᠨ ᠵᠡᠷᠭᠡ ᠶ᠋ᠢᠨ ᠦᠭᠡᠰ ᠢ᠋ ᠠᠬᠠᠢ ᠨᠣᠶᠠᠨ ᠠᠮᠠ ᠪᠠᠨ ᠳᠠᠷᠪᠠᠢᠨ ᠰᠣᠨᠣᠰᠤᠭᠰᠠᠭᠠᠷ᠂ ᠠᠷᠤ ᠳ᠋ᠤᠷ ᠬᠦᠢᠲᠡᠨ ᠬᠥᠯᠥᠰᠥ ᠨᠡᠪᠲᠡᠷᠡᠨ ᠶᠡᠬᠡᠯ᠎ᠡ ᠠᠶᠤᠵᠤ᠂《ᠠᠶ᠎ᠠ! ᠠᠪᠤ ᠬᠦᠩ ᠬᠦᠩ ᠠᠮᠢᠨ ᠢ᠋ ᠮᠢᠨᠢ ᠠᠪᠤᠷᠠᠪᠠ!》 ᠭᠡᠮᠡᠨ ᠠᠯᠴᠠᠢᠨ ᠬᠡᠪᠲᠡᠵᠦ ᠠᠷᠪᠠᠨ ᠬᠡᠳᠦᠨᠲᠡ ᠮᠥᠷᠭᠥᠵᠦ《ᠠᠯᠢ ᠳᠠᠰᠢ ᠠᠪᠤᠷᠠᠬᠤ ᠶ᠋ᠢ ᠨᠢᠭᠡᠨ ᠵᠠᠮ ᠵᠢᠭᠠᠮᠤ 》ᠬᠡᠮᠡᠭᠰᠡᠨ ᠳ᠋ᠦ᠍ᠷ ᠵᠣᠣ ᠲᠠᠢᠭᠠᠨ ᠢᠨᠢᠶᠡᠳᠦ ᠠᠯᠳᠠᠵᠤ᠂ ᠲᠦᠰᠢᠨ ᠪᠣᠰᠬᠠᠵᠤ ᠰᠠᠭᠤᠯᠭᠠᠭᠠᠳ᠂ ᠠᠯᠭᠤᠷ ᠠᠭᠠᠵᠢᠮ ᠥᠭᠦᠯᠡᠷᠦᠨ᠄
《ᠡᠵᠡᠨ ᠬᠠᠭᠠᠨ ᠡᠳᠦᠭᠡ ᠬᠠᠷᠠᠬᠠᠨ ᠵᠢᠨ᠂ ᠪᠢᠩ ᠬᠣᠶᠠᠷ ᠬᠤᠪᠢᠯᠭᠠᠨ ᠥᠩᠭᠡᠲᠦ ᠹᠧᠢ ᠯᠦ᠍ᠭᠡ ᠪᠣᠯᠣᠷ ᠳᠠᠯᠠᠢ ᠶ᠋ᠢᠨ ᠳᠡᠭᠳᠡᠮᠡᠯ ᠬᠦᠪᠭᠡᠮᠡᠯ ᠲᠣᠷᠭ᠎ᠠ ᠲᠣᠷᠭᠠᠮᠰᠤᠭ ᠤ᠋ᠨ ᠤᠷᠲᠤ ᠬᠠᠷᠰᠢ ᠳ᠋ᠤᠷ ᠪᠢᠴᠢᠬᠠᠨ ᠯᠤᠤ ᠶ᠋ᠢᠨ ᠰᠤᠮᠤᠨ ᠤ᠋ ᠣᠩᠭᠣᠴᠠ ᠬᠣᠷᠢ ᠭᠤᠴᠢ ᠬᠢᠯᠭᠡᠵᠦ᠂ ᠪᠢᠴᠢᠬᠠᠨ ᠬᠠᠲᠠᠭᠤ ᠨᠤᠮᠤ᠂ ᠨᠠᠷᠢᠨ ᠬᠥᠩᠭᠡᠨ ᠬᠤᠯᠤᠰᠤᠨ ᠤ᠋ ᠵᠡᠪᠡ ᠪᠡᠷ ᠨᠤᠭᠤᠰᠤ ᠬᠠᠷᠪᠤᠯᠴᠠᠨ᠂ ᠬᠠᠷᠠᠬᠠᠨ ᠬᠥᠷ ᠨᠠᠢᠷ ᠲᠠᠢ ᠪᠠᠶᠠᠰᠤᠯᠳᠤᠨ ᠨᠠᠭᠠᠳᠤᠯᠴᠠᠬᠤ ᠴᠠᠭ᠂ ᠥᠪᠡᠷ᠎ᠡ ᠶ᠋ᠢ ᠴᠥᠮ ᠬᠡᠯᠡᠬᠦ ᠶ᠋ᠢ ᠪᠠᠢᠰᠤᠭᠠᠢ᠂ ᠮᠥᠨ ᠬᠦ᠌ ᠶ᠋ᠢᠨ᠂ ᠪᠢᠩ ᠬᠣᠶᠠᠷ ᠹᠧᠢ ᠶ᠋ᠢᠨ ᠲᠥᠷᠥᠭᠰᠡᠨ ᠡᠴᠢᠭᠡ ᠪᠠ ᠡᠪᠦᠭᠡ ᠶ᠋ᠢᠨ ᠬᠡᠷᠡᠭ – ᠪᠤᠯᠤ ᠸᠠᠩ᠂ ᠴᠢᠦᠢ ᠴᠦ ᠯᠢᠦᠢ ᠶ᠋ᠢᠨ ᠬᠡᠷᠡᠭ ᠦᠢᠯᠡ ᠶ᠋ᠢ ᠪᠣᠯᠪᠠᠴᠤ ᠬᠣᠶᠠᠷ ᠹᠧᠢ᠂ ᠬᠠᠭᠠᠨ ᠢ᠋ ᠠᠮᠤᠷ ᠦᠭᠡᠢ ᠪᠣᠯᠭᠠᠨ ᠤᠨᠲᠤᠭᠤᠴᠠᠭᠤᠯᠬᠤ ᠦᠭᠡᠢ ᠭᠡᠮᠡᠨ ᠨᠢᠭᠡᠨ ᠦᠭᠡᠰ ᠴᠦ᠍ ᠰᠣᠨᠣᠰᠬᠠᠭᠰᠠᠨ ᠦᠭᠡᠢ᠂ ᠬᠠᠷᠢᠨ ᠳᠠᠯᠳᠠᠭᠤᠷ ᠬᠡᠳᠦᠢ ᠬᠡᠳᠦᠢᠴᠢᠨᠡᠭᠡᠨ ᠮᠥᠩᠭᠥ ᠥᠭᠴᠦ᠂ ᠶᠦᠸᠡᠢ ᠸᠠᠩ – ᠯᠢ ᠠᠨ ᠴᠢᠤᠸᠠᠨ ᠢ᠋ ᠡᠷᠢᠭᠦᠯᠡᠷᠡ ᠢᠯᠡᠭᠡᠪᠡ᠃ ᠬᠠᠷᠠᠬᠠᠨ ᠨᠢᠳᠤᠨᠤᠨ ᠤ᠋ ᠲᠠᠮᠠᠭ᠎ᠠ ᠶ᠋ᠢ ᠲᠠᠶᠠᠭᠳᠠᠨ᠂ ᠮᠠᠯᠠᠭ᠎ᠠ ᠶ᠋ᠢ ᠴᠣᠬᠢᠭᠰᠠᠨ ᠠ᠋ᠴᠠ ᠬᠣᠢᠨ᠎ᠠ ᠬᠣᠶᠠᠷ ᠹᠧᠢ᠂ ᠣᠷᠳᠣᠨ ᠤ᠋ ᠳᠣᠲᠣᠷ᠎ᠠ ᠂ ᠬᠡᠨ ᠬᠥᠮᠦᠨ ᠬᠠᠭᠠᠨ ᠡᠵᠡᠨ ᠢ᠋ ᠤᠨᠲᠤᠭᠤᠴᠠᠭᠤᠯᠤᠨ ᠬᠢᠯᠢᠩᠯᠡᠭᠦᠯᠪᠡᠰᠦ ᠴᠠᠪᠴᠢᠨ ᠠᠯᠠᠬᠤ ᠲᠤᠩᠬᠠᠭ ᠨᠠᠭᠠᠵᠤᠬᠤᠢ᠃ ᠴᠢ ᠪᠣᠳᠣᠵᠤ ᠦᠵᠡ᠂ ᠲᠡᠷᠡ ᠬᠣᠶᠠᠷ ᠠᠮᠠᠷᠠᠭ ᠹᠧᠢ ᠶ᠋ᠢᠨ ᠬᠡᠷᠡᠭ ᠴᠦ᠍ ᠡᠨᠡ ᠮᠡᠲᠦ ᠪᠥᠭᠡᠲᠡᠯ᠎ᠡ ᠂ ᠣᠳᠣ ᠪᠤᠰᠤ ᠬᠡᠷᠡᠭ ᠢ᠋ ᠬᠡᠨ ᠶᠠᠮᠪᠠᠷ ᠠᠶᠤᠮᠰᠢᠭ ᠦᠭᠡᠢ ᠲᠣᠯᠣᠭᠠᠢ ᠪᠠᠷ ᠢ᠋ᠶ᠋ᠠᠨ ᠨᠠᠭᠠᠳᠬᠤ ᠪᠣᠢ ! ᠡᠨᠡ ᠢᠨᠦ ᠮᠠᠨ ᠤ᠋ ᠳᠣᠲᠣᠭᠠᠳᠤ ᠴᠠᠭᠠᠵᠠ᠃ ᠵᠢᠴᠢ ᠣᠳᠣ ᠭᠠᠳᠠᠭᠠᠳᠤ ᠴᠠᠭᠠᠵᠠ ᠶ᠋ᠢ ᠬᠡᠯᠡᠪᠡᠰᠦ ᠨᠡᠩ ᠢᠯᠡᠭᠦᠦ ᠠᠶᠤᠮᠰᠢᠭ ᠲᠠᠢ᠃ ᠡᠳᠦᠭᠡ ᠮᠠᠨ ᠤ᠋ ᠡᠵᠡᠨ ᠬᠠᠭᠠᠨ ᠤ᠋ ᠡᠨᠡ ᠮᠡᠲᠦ ᠰᠣᠭᠲᠣᠭᠤᠷᠠᠨ ᠪᠠᠯᠠᠷᠠᠭᠰᠠᠨ ᠪᠡᠯᠡᠬᠡᠨ ᠲᠠᠰᠢᠷᠠᠮ ᠳ᠋ᠤᠷ ᠨᠡᠢᠴᠡᠭᠦᠯᠦᠨ᠂ ᠡᠵᠡᠨ ᠦ᠌ ᠦᠶᠡᠯᠢᠳ ᠬᠥᠪᠡᠭᠦᠨ ᠶᠦᠸᠠᠢ ᠸᠠᠩ – ᠯᠢ ᠠᠨ ᠴᠢᠤᠸᠠᠨ ᠰᠠᠯᠬᠢᠨ ᠤᠷᠤᠭᠤ ᠤᠲᠤᠭ᠎ᠠ ᠲᠠᠯᠪᠢᠨ᠂ ᠤᠰᠤ ᠤᠷᠤᠭᠤᠳᠠᠨ ᠣᠩᠭᠣᠴᠠ ᠰᠡᠯᠪᠢᠵᠦ᠂ ᠲᠥᠷᠥ ᠶ᠋ᠢᠨ ᠶᠡᠬᠡ ᠪᠠᠭ᠎ᠠ ᠨᠣᠶᠠᠳ ᠲᠦᠰᠢᠮᠡᠯ ᠯᠦ᠍ᠭᠡ ᠰᠡᠮᠡᠬᠡᠷ ᠰᠦᠯᠪᠡᠭᠡ ᠨᠢᠭᠡᠳᠴᠦ᠂ ᠠᠯᠢᠪᠠ ᠤᠯᠤᠰ ᠲᠥᠷᠥ ᠶ᠋ᠢᠨ ᠴᠡᠷᠢᠭ ᠲᠡᠢᠨ ᠦ᠌ ᠴᠢᠬᠤᠯᠠ ᠬᠡᠪᠴᠢᠶᠡᠲᠦ ᠬᠡᠷᠡᠭ ᠦ᠋ᠨ ᠲᠣᠪᠴᠢᠶ᠎ᠠ ᠣᠨᠢᠰᠣᠨ ᠢ᠋ ᠠᠨᠤ ᠨᠡᠪᠲᠡᠷᠡᠭᠦᠯᠪᠡᠰᠦ᠂ ᠲᠡᠷᠡ ᠬᠥᠮᠦᠨ ᠢ᠋ ᠣᠯᠠᠨ ᠢ᠋ᠶ᠋ᠠᠷ ᠨᠡᠢᠯᠡᠨ ᠭᠡᠷᠦᠨ ᠬᠣᠲᠠᠯᠠᠭᠠᠷ ᠢ᠋ ᠬᠣᠣᠷᠯᠠᠮᠤᠢ ᠭᠡᠮᠡᠨ ᠬᠣᠶᠠᠷ ᠬᠦᠩ᠂ ᠬᠣᠶᠠᠷ ᠰᠢᠶᠠᠩ ᠠ᠋ᠴᠠ ᠲᠡᠷᠢᠭᠦᠯᠡᠨ ᠴᠥᠮ ᠲᠡᠭᠦᠨ ᠯᠦ᠍ᠭᠡ ᠨᠢᠭᠡᠨ ᠠᠮᠢᠰᠬᠤᠯ ᠪᠣᠯᠵᠤᠬᠤᠢ᠃ ᠴᠢ ᠣᠳᠣ ᠡᠷᠲᠡᠬᠡᠨ ᠶᠦᠸᠡᠢ ᠸᠠᠩ ᠢ᠋ ᠡᠷᠢᠨ ᠡᠴᠢᠪᠡᠰᠦ ᠬᠠᠷᠢᠨᠴᠤ ᠨᠢᠭᠡᠨ ᠵᠠᠮ ᠭᠠᠷᠤᠮᠤᠢ ᠶᠠ᠂ ᠡᠳᠦᠭᠡ ᠶᠦᠸᠡᠢ ᠸᠠᠩ ᠨᠢᠭᠡᠨ ᠲᠦᠮᠡᠨ ᠯᠠᠩ ᠮᠥᠩᠭᠥ ᠥᠭᠴᠦ᠂ ᠪᠤᠯᠤ ᠸᠠᠩ ᠡᠴᠢᠭᠡ ᠬᠥᠪᠡᠭᠦᠨ ᠬᠣᠶᠠᠭᠤᠯᠠ ᠶ᠋ᠢ ᠴᠥᠮ ᠲᠦᠷ ᠲᠡᠭᠦᠨᠦ ᠦᠷᠦᠮᠴᠢ ᠭᠣᠣᠯ ᠤ᠋ᠨ ᠦᠷᠢᠯᠲᠦ ᠶ᠋ᠢᠨ ᠨᠤᠲᠤᠭ ᠲᠤᠷ ᠡᠭᠡᠭᠦᠯᠪᠡ᠃ ᠡᠭᠦᠨᠦ ᠳᠣᠲᠣᠷ᠎ᠠ ᠨᠠᠷᠢᠨ ᠤᠬᠠᠭᠠᠨ ᠪᠣᠢ ᠪᠢᠰᠢᠦ ? ᠲᠡᠷᠡ ᠬᠡᠷᠪᠡ ᠡᠨᠳᠡ ᠪᠠᠢᠪᠠᠰᠤ ᠭᠡᠨᠡᠳᠲᠡ ᠨᠢᠭᠡᠨ ᠡᠳᠦᠷ ᠡᠵᠡᠨ ᠦ᠌ ᠰᠡᠷᠭᠦᠬᠦ ᠦᠶ᠎ᠡ ᠳ᠋ᠦ᠍ᠷ ᠡᠢᠮᠦ ᠲᠡᠢᠮᠦ ᠬᠡᠯᠡᠵᠦ ᠪᠠᠢᠭᠰᠠᠭᠠᠷ ᠡᠵᠡᠨ ᠬᠠᠭᠠᠨ ᠭᠡᠨᠡᠳᠲᠡ ᠰᠡᠷᠡᠵᠦ ᠮᠡᠳᠡᠭᠡᠳ ᠰᠡᠷᠡᠮᠵᠢᠯᠡᠨ ᠪᠡᠯᠡᠳᠬᠡᠬᠦ ᠪᠥᠭᠡᠰᠦ ᠬᠡᠨ ᠬᠥᠮᠦᠨ ᠬᠠᠯᠳᠠᠨ ᠴᠢᠳᠠᠬᠤ ᠪᠣᠢ? ᠡᠳᠦᠭᠡ ᠬᠢᠷᠢ ᠳ᠋ᠦ᠍ᠷ ᠪᠢᠳᠡ ᠪᠣᠯᠪᠠᠴᠤ ᠨᠢᠳᠦᠨ ᠢ᠋ᠶ᠋ᠡᠨ ᠠᠨᠢᠵᠤ ᠴᠢᠬᠢ ᠶᠦ᠍ᠭᠡᠨ ᠪᠥᠭᠯᠡᠵᠦ ᠠᠮᠠ ᠪᠠᠨ ᠳᠠᠷᠤᠨ᠂ ᠨᠢᠭᠡᠨ ᠡᠳᠦᠷ ᠪᠣᠯᠪᠠᠰᠤ ᠨᠢᠭᠡᠨ ᠡᠳᠦᠷ ᠦ᠋ᠨ ᠵᠦᠩ ᠢ᠋ᠶ᠋ᠡᠨ ᠴᠣᠬᠢᠵᠤ᠂ ᠠᠯᠪᠠ ᠪᠠᠨ ᠬᠠᠰᠢᠵᠤ᠂ ᠡᠳᠦᠷ ᠴᠠᠭ ᠢ᠋ ᠥᠩᠭᠡᠷᠡᠭᠦᠯᠬᠦ ᠪᠣᠯᠠᠢ᠃ ᠬᠡᠨ ᠬᠥᠮᠦᠨ ᠵᠥᠪ ᠵᠦᠭᠡᠷ ᠪᠠᠢᠭᠰᠠᠭᠠᠷ ᠤᠭᠰᠠᠭ᠎ᠠ ᠲᠥᠷᠥᠯ ᠢ᠋ᠶ᠋ᠡᠨ ᠤᠷᠤᠭᠤᠯ ᠬᠡᠯᠡᠨ ᠢ᠋ᠶ᠋ᠡᠷ ᠲᠠᠰᠤᠯᠬᠤ ᠵᠣᠪᠠᠯᠠᠩ ᠭᠠᠮᠰᠢᠭ ᠢ᠋ ᠡᠳᠦᠬᠦ ᠠᠵᠠᠢ! ᠴᠢᠮᠠᠳᠤᠷ ᠰᠢᠭᠤᠳ ᠬᠡᠯᠡᠵᠦ ᠥᠭᠰᠦᠭᠡᠢ ᠄ ᠡᠴᠦᠰ ᠲᠦ᠍ᠷ ᠶᠦᠸᠡᠢ ᠸᠠᠩ ᠤ᠋ᠨ ᠲᠥᠷᠥ ᠪᠣᠯᠬᠤ ᠪᠠᠢᠳᠠᠯ ᠨᠢᠭᠡᠨᠲᠡ ᠢᠯᠡᠷᠡᠭᠰᠡᠨ ᠢ᠋ ᠴᠢ ᠭᠠᠳᠠᠭᠠᠳᠤ ᠬᠣᠲᠠ ᠵᠡᠭᠡᠯᠢ ᠶ᠋ᠢᠨ ᠣᠯᠠᠨ ᠤ᠋ ᠢᠮ ᠵᠢᠮ ᠦᠭᠡᠢ ᠪᠣᠯᠤᠭᠰᠠᠨ ᠢ᠋ᠶ᠋ᠠᠷ ᠦᠵᠡᠵᠦ ᠡᠰᠡ ᠭᠠᠷᠪᠠ ᠤᠤ ? ᠡᠭᠦᠨᠴᠡ ᠲᠡᠭᠷᠢ ᠶ᠋ᠢᠨ ᠰᠠᠨᠠᠭᠠᠨ ᠢ᠋ ᠮᠡᠳᠡᠪᠡᠰᠦ ᠪᠣᠯᠬᠤ ᠦᠭᠡᠢ ᠤᠤ ?》ᠬᠡᠮᠡᠭᠰᠡᠨ ᠳ᠋ᠦ᠍ᠷ ᠠᠬᠠᠢ ᠨᠣᠶᠠᠨ ᠤ᠋ ᠠᠮᠢᠰᠬᠤᠯ ᠳᠠᠪᠬᠤᠴᠠᠵᠤ᠂ ᠠᠷᠤ ᠶ᠋ᠢᠨ ᠬᠥᠯᠥᠰᠥ ᠳᠡᠪᠡᠯ ᠢ᠋ ᠢᠨᠤ ᠨᠡᠪᠲᠡᠷᠡᠨ᠂ ᠵᠣᠣ ᠲᠠᠢᠭᠠᠨ ᠳ᠋ᠤᠷ ᠠᠪᠤᠨ ᠠᠪᠤᠨ ᠲᠠᠯ᠎ᠠ ᠥᠭᠴᠦ ᠮᠥᠷᠭᠥᠨ ᠰᠠᠯᠤᠭᠠᠳ᠂ ᠵᠢᠴᠢ ᠡᠳᠦᠷ ᠠᠴᠢᠶ᠎ᠠ ᠬᠥᠰᠬᠡ ᠪᠡᠨ ᠵᠠᠰᠠᠵᠤ᠂ ᠡᠮᠦᠨ᠎ᠡ ᠵᠦᠭ᠂ ᠶᠦᠸᠠᠢ ᠸᠠᠩ – ᠯᠢ ᠠᠨ ᠴᠢᠤᠸᠠᠨ ᠢ᠋ ᠡᠷᠢᠨ ᠮᠥᠷᠭᠥᠨ ᠵᠣᠯᠭᠠᠷ᠎ᠠ ᠡᠴᠢᠪᠡ᠃ ᠠᠷᠪᠠᠯᠵᠠᠨ ᠰᠠᠷᠪᠠᠯᠵᠠᠭᠴᠢ ᠠᠬᠠᠢ ᠨᠣᠶᠠᠨ ᠤ᠋ ᠠᠯᠠᠮᠠᠢᠲᠠᠨ ᠶᠠᠪᠤᠬᠤ ᠡᠨᠡ ᠵᠠᠪᠰᠡᠷᠠ᠂ ᠠᠯᠭᠤᠷ ᠬᠢᠴᠢᠶᠡᠭᠴᠢ ᠶᠦᠸᠠᠢ ᠸᠠᠩ – ᠯᠢ ᠠᠨ ᠴᠢᠤᠸᠠᠨ ᠠᠷᠭ᠎ᠠ ᠮᠡᠬᠡ ᠬᠡᠷᠡᠭᠯᠡᠨ᠂ ᠤᠯᠤᠰ ᠲᠥᠷᠥ ᠶ᠋ᠢ ᠡᠵᠡᠯᠡᠬᠦ ᠪᠡᠨ ᠬᠢᠴᠢᠶᠡᠬᠦ ᠶ᠋ᠢ ᠬᠡᠳᠦᠨ ᠦᠭᠡᠰ ᠲᠣᠪᠴᠢᠶᠠᠯᠠᠨ ᠭᠠᠷᠭᠠᠵᠤ᠂ ᠮᠡᠳᠡᠬᠦᠢ ᠳ᠋ᠦ᠍ᠷ ᠬᠢᠯᠪᠠᠷ ᠪᠣᠯᠭᠠᠭᠰᠠᠨ ᠠᠨᠤ᠄
ᠡᠨᠡ ᠯᠢ ᠠᠨ ᠴᠢᠤᠸᠠᠨ᠂ ᠡᠨᠡ ᠵᠢᠯ ᠦ᠋ᠨ ᠬᠠᠪᠤᠷ᠂ ᠲᠠᠩᠭᠤᠳ ᠤᠯᠤᠰ ᠤ᠋ᠨ ᠨᠡᠢᠰᠯᠡᠯ ᠬᠣᠲᠠ ᠳ᠋ᠠᠭᠠᠨ ᠰᠡᠮᠡᠬᠡᠷ ᠣᠷᠣᠵᠤ᠂ ᠸᠠᠩ ᠤ᠋ᠨ ᠣᠷᠳᠣᠨ ᠳ᠋ᠠᠭᠠᠨ ᠡᠴᠢᠬᠦ ᠦᠭᠡᠢ᠂ ᠳᠡᠭᠦᠨᠦ ᠡᠪᠦᠭᠡ ᠯᠢ ᠿᠧᠨ ᠰᠢᠶᠣᠤ᠂ ᠿᠸᠨᠽᠥ᠋ᠩ ᠬᠠᠭᠠᠨ ᠤ᠋ ᠪᠠᠢᠭᠤᠯᠤᠭᠰᠠᠨ ᠪᠢᠴᠢᠭ ᠰᠢᠯᠭᠠᠬᠤ ᠴᠠ ᠶᠤᠸᠠᠨ ᠶᠠᠮᠤᠨ᠎ᠠ ᠬᠤᠷᠢᠮ ᠪᠡᠯᠡᠳᠬᠡᠨ ᠳᠠᠷᠠᠭ᠎ᠠ ᠪᠠᠷ ᠭᠤᠷᠪᠠᠨ ᠰᠥᠨᠢ ᠬᠤᠷᠢᠮᠯᠠᠵᠤ᠂ ᠰᠡᠭᠦᠯ ᠦ᠋ᠨ ᠰᠥᠨᠢ ᠲᠥᠷᠥ ᠶ᠋ᠢᠨ ᠶᠡᠬᠡ ᠬᠦᠩ ᠂ ᠰᠢᠶᠠᠩ ᠂ ᠽᠠᠢ ᠂ ᠴᠢᠩ ᠦ᠋ᠨ ᠵᠡᠷᠭᠡ ᠶ᠋ᠢᠨ ᠡᠷᠬᠡ ᠲᠣᠪᠴᠢ ᠶ᠋ᠢ ᠪᠠᠷᠢᠭᠴᠢ ᠣᠯᠠᠨ ᠰᠠᠢᠳ ᠲᠦᠰᠢᠮᠡᠯ ᠴᠥᠮ ᠪᠦᠷᠢᠳᠦᠭᠰᠡᠨ ᠬᠣᠢᠨ᠎ᠠ᠂ ᠲᠠᠩᠭᠤᠳ ᠤᠯᠤᠰ ᠤ᠋ᠨ ᠡᠬᠢᠯᠡᠵᠦ ᠬᠠᠭᠠᠨ ᠰᠠᠭᠤᠵᠤ᠂ ᠱᠧ ᠵᠢᠢ ᠲᠡᠢ ᠮᠢᠶᠣᠤ ᠰᠦᠮ᠎ᠡ ᠶ᠋ᠢ ᠲᠣᠭᠲᠠᠭᠠᠨ ᠪᠠᠢᠭᠤᠯᠤᠭᠰᠠᠨ ᠯᠢ ᠶᠤᠸᠠᠨ ᠬᠣᠣ ᠶ᠋ᠢᠨ ᠬᠥᠷᠥᠭ ᠢ᠋ ᠡᠯᠭᠦᠨ᠂ ᠳᠠᠬᠢᠵᠤ ᠲᠠᠪᠢᠭᠯᠠᠨ᠂ ᠬᠦᠵᠢ ᠡᠷᠭᠦᠨ ᠠᠷᠢᠬᠢ ᠳᠤᠰᠤᠭᠠᠨ ᠮᠥᠷᠭᠥᠵᠦ ᠪᠠᠷᠠᠭᠤᠨ ᠡᠮᠦᠨ᠎ᠡ ᠢᠨᠤ ᠰᠥᠭᠥᠳᠴᠦ ᠤᠬᠢᠯᠠᠨ ᠥᠭᠦᠯᠡᠷᠦᠨ᠄
《ᠳᠡᠭᠡᠳᠦ ᠡᠵᠡᠨ ᠡᠪᠦᠭᠡᠳ ᠠᠷᠪᠠᠨ ᠵᠡᠷᠭᠡ ᠰᠠᠭᠤᠷᠢᠨ ᠢ᠋ ᠵᠠᠯᠭᠠᠮᠵᠢᠯᠠᠨ ᠶᠠᠪᠤᠪᠠᠴᠤ᠂ ᠡᠭᠡᠨᠡᠭᠲᠡ ᠳᠠᠩ ᠤᠯᠤᠰ᠂ ᠰᠥᠩ ᠤᠯᠤᠰ ᠤ᠋ᠨ ᠵᠢᠶᠧ ᠳᠦ ᠱᠢ ᠲᠦᠰᠢᠮᠡᠯ ᠦ᠋ᠨ ᠲᠠᠮᠠᠭ᠎ᠠ ᠴᠠᠴᠤᠭ ᠢ᠋ᠶ᠋ᠠᠷ ᠶᠠᠪᠤᠨ ᠬᠠᠰ ᠲᠣᠷᠭ᠎ᠠ᠂ ᠲᠠᠵᠢ ᠮᠠᠩᠨᠤᠭ ᠲᠤᠷ ᠰᠢᠨᠤᠬᠠᠢᠷᠠᠨ᠂ ᠬᠢᠲᠠᠳ ᠤ᠋ᠨ ᠬᠠᠳ ᠤ᠋ᠨ ᠰᠠᠢᠳ ᠬᠡᠮᠡᠭᠳᠡᠨ ᠶᠠᠪᠤᠭᠰᠠᠨ ᠢ᠋ ᠲᠠᠢᠽᠦ ᠴᠢᠨᠦ ᠦᠶ᠎ᠡ ᠳ᠋ᠦ᠍ᠷ ᠰᠠᠶᠢ ᠬᠢᠲᠠᠳ ᠡᠵᠡᠳ ᠦ᠋ᠨ ᠰᠠᠢᠳ ᠠ᠋ᠴᠠ ᠭᠠᠷᠴᠤ ᠬᠠᠰ ᠰᠤᠪᠤᠳ ᠢ᠋ ᠬᠡᠮᠬᠡᠴᠢᠨ᠂ ᠲᠠᠵᠢ ᠮᠠᠩᠨᠤᠭ ᠢ᠋ ᠬᠤᠢᠬᠠᠯᠠᠵᠤ᠂ ᠠᠷᠤ ᠭᠠᠵᠠᠷ ᠤ᠋ᠨ ᠠᠷᠠᠰᠤ ᠬᠥᠷᠥᠰᠥ ᠪᠡᠨ ᠡᠮᠦᠰᠴᠦ᠂ ᠠᠯᠠᠰᠢ ᠮᠢᠬ᠎ᠠ ᠪᠠᠨ ᠢᠳᠡᠵᠦ᠂ ᠠᠤᠭ᠎ᠠ ᠬᠦᠴᠦᠨ ᠢ᠋ᠶ᠋ᠡᠨ ᠲᠡᠵᠢᠭᠡᠨ ᠠᠯᠢᠪᠠ ᠪᠦᠬᠦᠨ ᠦ᠌ ᠰᠡᠳᠬᠢᠯ ᠢ᠋ ᠠᠪᠴᠤ᠂ ᠠᠯᠲᠠᠨ ᠲᠥᠷᠥ ᠬᠠᠭᠠᠨ ᠰᠠᠭᠤᠷᠢᠨ ᠢ᠋ᠶ᠋ᠠᠨ ᠪᠠᠢᠭᠤᠯᠵᠤ᠂ ᠬᠠᠭᠤᠴᠢᠨ ᠳᠠᠩ ᠲᠠᠢᠽᠥ᠋ᠩ ᠬᠠᠭᠠᠨ ᠤ᠋ ᠬᠠᠢᠷᠠᠯᠠᠭᠰᠠᠨ ᠳᠡᠪᠡᠯ ᠮᠠᠯᠠᠭ᠎ᠠ ᠶ᠋ᠢ ᠬᠠᠶᠠᠵᠤ᠂ ᠶᠡᠬᠡ ᠤᠯᠤᠰ ᠪᠣᠯᠤᠭᠰᠠᠭᠠᠷ ᠵᠢᠷᠭᠤᠭᠠᠨ ᠦᠶ᠎ᠡ ᠪᠣᠯᠪᠠ᠃ ᠡᠳᠦᠭᠡ ᠡᠵᠡᠨ ᠬᠠᠭᠠᠨ ᠡᠬᠡᠨᠡᠷ ᠦ᠋ᠨ ᠥᠩᠭᠡ ᠳ᠋ᠦ᠍ᠷ ᠪᠠᠴᠢᠯᠠᠭᠳᠠᠨ᠂ ᠡᠪᠳᠡᠷᠡᠯᠳᠦ ᠵᠢᠷᠭᠠᠯ ᠳ᠋ᠤᠷ ᠪᠠᠯᠠᠷᠠᠭᠠᠳ᠂ ᠡᠷᠲᠡᠨ ᠦ᠌ ᠡᠪᠦᠭᠡᠳ ᠦ᠋ᠨ ᠰᠠᠩ ᠬᠥᠮᠥᠷᠭᠡ ᠶ᠋ᠢ ᠬᠣᠭᠣᠰᠣᠷᠠᠲᠠᠯ᠎ᠠ ᠣᠰᠤᠨ᠎ᠠ ᠳᠡᠪᠲᠦᠭᠡᠨ ᠵᠤᠯᠠ ᠳ᠋ᠤᠷ ᠰᠢᠲᠠᠭᠠᠵᠤ᠂ ᠲᠠᠵᠢ ᠮᠠᠩᠨᠤᠭ ᠢ᠋ ᠨᠡᠷᠡᠨ᠎ᠡ ᠰᠢᠷᠠᠨ᠂ ᠰᠠᠯᠬᠢᠨ᠎ᠠ ᠬᠡᠢᠰᠬᠡᠵᠦ᠂ ᠠᠯᠲᠠᠨ ᠮᠥᠩᠭᠥᠨ ᠥᠩᠭᠡ ᠭᠡᠷᠡᠯ ᠪᠣᠯᠤᠨ ᠬᠤᠪᠢᠯᠤᠨ ᠰᠦᠢᠳᠴᠦ᠂ ᠤᠯᠤᠰ ᠲᠥᠷᠥ ᠶ᠋ᠢᠨ ᠤᠷᠲᠤ ᠬᠠᠷᠰᠢ ᠶ᠋ᠢᠨ ᠬᠣᠷᠭᠣ ᠰᠢᠷᠡᠭᠡᠨ᠎ᠡ᠂ ᠨᠤᠭᠤᠯᠪᠤᠷᠢ ᠡᠪᠬᠡᠮᠡᠯ ᠠᠭᠤᠯᠠ ᠮᠡᠲᠦ ᠣᠪᠣᠭᠠᠯᠠᠨ᠂ ᠤᠯᠤᠰ ᠤ᠋ᠨ ᠲᠠᠮᠠᠭ᠎ᠠ ᠶ᠋ᠢ ᠲᠠᠶᠠᠭᠳᠠᠨ ᠣᠷᠬᠢᠵᠤ ᠬᠡᠷᠡᠭᠯᠡᠬᠦ ᠦᠭᠡᠢ᠂ ᠬᠠᠭᠠᠨ ᠤ᠋ ᠮᠠᠯᠠᠭ᠎ᠠ ᠶ᠋ᠢ ᠬᠠᠶᠠᠵᠤ ᠥᠩᠬᠦᠷᠢᠳᠦᠭᠦᠯᠦᠨ ᠡᠮᠦᠰᠬᠦ ᠦᠭᠡᠢ ᠳ᠋ᠦ᠍ᠷ ᠯᠢ ᠠᠨ ᠴᠢᠤᠸᠠᠨ ᠬᠣᠷᠢᠭᠯᠠᠨ ᠰᠡᠷᠭᠦᠭᠡᠵᠦ ᠴᠢᠳᠠᠬᠤ ᠦᠭᠡᠢ ᠪᠡᠷ ᠦᠯᠦ ᠪᠠᠷᠠᠨ᠂ ᠲᠠᠯᠠᠭᠠᠷ ᠠᠯᠠᠭᠳᠠᠪᠠᠰᠤ ᠬᠠᠭᠠᠨ ᠡᠵᠡᠨ ᠳ᠋ᠦ᠍ᠷ ᠪᠠᠰᠠ ᠲᠥᠷᠥᠭᠰᠡᠨ ᠢ᠋ᠶ᠋ᠡᠨ ᠠᠯᠠᠭᠰᠠᠨ ᠮᠠᠭᠤ ᠨᠡᠷ᠎ᠡ ᠶ᠋ᠢ ᠨᠥᠮᠥᠷᠦᠭᠦᠯᠬᠦ ᠪᠥᠭᠡᠳ ᠤᠯᠤᠰ ᠲᠥᠷᠥ ᠪᠠᠰᠠ ᠬᠦ᠌ ᠲᠦᠪᠰᠢᠷᠡᠬᠦ ᠦᠭᠡᠢ᠃ ᠵᠡᠭᠦᠨ ᠬᠣᠢᠲᠤ ᠵᠣᠪᠬᠢᠰ ᠨᠢᠭᠡᠨᠲᠡ ᠪᠧᠲ᠋ᠠ᠋ ᠤᠯᠤᠰ ᠲᠤᠷ ᠭᠢᠰᠬᠢᠯᠡᠭᠳᠡᠨ ᠲᠠᠮᠲᠤᠭᠯᠠᠭᠤᠯᠪᠠ᠃ ᠤᠯᠤᠰ ᠲᠥᠷᠥ ᠶ᠋ᠢᠨ ᠡᠪᠳᠡᠷᠡᠨ ᠰᠥᠨᠥᠬᠦ ᠪᠠ ᠲᠠᠬᠢᠯᠭ᠎ᠠ ᠶ᠋ᠢᠨ ᠰᠦᠮ᠎ᠡ ᠶ᠋ᠢᠨ ᠮᠥᠬᠥᠵᠦ ᠲᠠᠰᠤᠷᠠᠬᠤ ᠶ᠋ᠢ ᠨᠢᠳᠦᠨ ᠢ᠋ᠶ᠋ᠡᠷ ᠦᠵᠡᠭᠰᠡᠭᠡᠷ ᠲᠦᠪᠳᠡᠬᠦ ᠦᠭᠡᠢ᠃ ᠬᠠᠭᠠᠨ ᠡᠵᠡᠨ ᠬᠠᠷᠠᠩᠭᠤᠢᠳᠠᠨ ᠪᠠᠯᠠᠷᠠᠵᠤ᠂ ᠬᠠᠮᠤᠭ ᠢᠷᠭᠡᠨ ᠵᠠᠭᠤᠨ ᠣᠪᠣᠭᠲᠠᠨ ᠦᠨᠡᠰᠦ ᠰᠢᠷᠣᠢ ᠪᠣᠯᠬᠤ ᠵᠣᠪᠠᠯᠠᠩ ᠠ᠋ᠴᠠ ᠭᠡᠲᠦᠯᠭᠡᠨ᠂ ᠭᠠᠳᠠᠭᠤᠷ ᠬᠠᠮᠠᠭᠠᠯᠠᠨ᠂ ᠳᠠᠯᠳᠠᠭᠤᠷ ᠲᠤᠰᠠᠯᠠᠰᠤᠭᠠᠢ ᠬᠡᠮᠡᠬᠦᠯ᠎ᠡ᠂ ᠤᠯᠤᠰ ᠤ᠋ᠨ ᠬᠣᠲᠠᠯᠠᠭᠠᠷ ᠪᠠᠰᠠ ᠯᠢ ᠠᠨ ᠴᠢᠤᠸᠠᠨ ᠨᠠᠮᠠᠶᠢ ᠵᠠᠢ ᠶ᠋ᠢ ᠵᠠᠪᠰᠢᠨ ᠵᠠᠪᠰᠠᠷ ᠢ᠋ ᠴᠢᠯᠦᠭᠡᠳᠡᠵᠦ᠂ ᠡᠵᠡᠨ ᠢ᠋ ᠳᠠᠷᠤᠯᠠᠬᠤ ᠲᠡᠷᠰ ᠰᠡᠳᠬᠢᠯ ᠢ᠋ ᠡᠪᠦᠷᠯᠡᠪᠡ ᠭᠡᠮᠡᠨ ᠪᠤᠷᠤᠭᠤᠰᠢᠶᠠᠬᠤ ᠲᠤᠯᠠ ᠡᠨᠡ ᠡᠪᠳᠡᠷᠡᠨ ᠮᠥᠬᠥᠵᠦ ᠂ ᠰᠥᠨᠥᠨ ᠲᠠᠰᠤᠷᠠᠬᠤᠢ ᠶ᠋ᠢᠨ ᠤᠷᠢᠳ ᠵᠠᠭᠤᠨ ᠲᠦᠰᠢᠮᠡᠳ ᠦ᠋ᠨ ᠡᠮᠦᠨ᠎ᠡ ᠦᠨᠡᠨ ᠢ᠋ᠶ᠋ᠡᠨ ᠮᠡᠳᠡᠭᠳᠡᠭᠡᠳ᠂ ᠲᠠᠢᠽᠦ ᠡᠪᠦᠭᠡ ᠬᠠᠭᠠᠨ ᠤ᠋ ᠰᠦᠯᠳᠡ ᠶ᠋ᠢᠨ ᠡᠮᠦᠨ᠎ᠡ ᠶᠠᠯ᠎ᠠ ᠪᠠᠨ ᠬᠦᠯᠢᠶᠡᠵᠦ ᠦᠬᠦᠭᠡᠳ᠂ ᠵᠠᠭᠤᠨ ᠲᠦᠰᠢᠮᠡᠳ ᠠᠷᠭ᠎ᠠ ᠭᠠᠷᠭᠠᠨ ᠲᠠᠩᠭᠤᠳ ᠤᠯᠤᠰ ᠤ᠋ᠨ ᠱᠧ ᠵᠢᠢ ᠲᠡᠢ ᠮᠢᠶᠣᠤ ᠶ᠋ᠢ ᠠᠪᠤᠷᠠᠨ᠂ ᠵᠠᠭᠤᠨ ᠣᠪᠣᠭᠲᠠᠨ ᠤ᠋ ᠪᠤᠰᠠᠨᠢᠨ ᠶᠡᠭᠦᠳᠬᠡᠬᠦ ᠵᠣᠪᠠᠯᠠᠩ ᠠ᠋ᠴᠠ ᠭᠡᠲᠦᠯᠭᠡᠨ ᠲᠡᠩᠬᠡᠷᠡᠭᠦᠯᠦᠭᠲᠦᠨ !》ᠬᠡᠮᠡᠭᠡᠳ ᠰᠡᠭᠦᠵᠢᠨ ᠳ᠋ᠡᠭᠡᠨ ᠵᠡᠭᠦᠭᠰᠡᠨ ᠶᠢᠰᠦᠨ ᠡᠷᠳᠡᠨᠢ ᠶ᠋ᠢᠨ ᠰᠢᠭᠢᠳᠭᠡᠷᠲᠦ ᠡᠷᠳᠡᠨᠢ ᠶ᠋ᠢᠨ ᠰᠡᠯᠡᠮ᠎ᠡ ᠪᠡᠨ ᠰᠤᠭᠤ ᠲᠡᠳᠡᠨ ᠠᠪᠴᠤ᠂ ᠬᠦᠵᠦᠭᠦᠦ ᠪᠡᠨ ᠣᠭᠲᠣᠯᠵᠤ ᠦᠬᠦᠰᠦᠭᠡᠢ ᠬᠡᠮᠡᠲᠡᠯ᠎ᠡ᠂ ᠤᠯᠤᠰ ᠤ᠋ᠨ ᠬᠣᠶᠠᠷ ᠶᠡᠬᠡ ᠬᠦᠩ᠂ ᠬᠣᠶᠠᠷ ᠶᠡᠬᠡ ᠰᠢᠶᠠᠩ ᠶᠠᠭᠠᠷᠠᠨ ᠣᠷᠣᠭᠰᠢ ᠳᠠᠪᠰᠢᠨ ᠮᠥᠯᠬᠥᠵᠦ᠂ ᠰᠡᠯᠡᠮ᠎ᠡ ᠶ᠋ᠢ ᠪᠤᠯᠢᠶᠠᠬᠤ ᠠᠨᠤ ᠪᠤᠯᠢᠶᠠᠨ᠂ ᠭᠠᠷ ᠢ᠋ ᠪᠠᠷᠢᠬᠤ ᠠᠨᠤ ᠪᠠᠷᠢᠨ᠂ ᠬᠦᠵᠦᠭᠦᠨ ᠢ᠋ ᠲᠡᠪᠡᠷᠢᠬᠦ ᠢᠨᠤ ᠲᠡᠪᠡᠷᠢᠨ᠂ ᠪᠦᠭᠦᠳᠡᠭᠡᠷ ᠬᠥᠰᠡᠷ ᠳᠦᠭᠦᠷᠡᠩ ᠰᠥᠭᠥᠳᠴᠦ᠄
《ᠶᠡᠬᠡ ᠸᠠᠩ ᠤᠬᠤᠷᠴᠠᠯᠠᠯ ᠢ᠋ ᠰᠤᠯᠠᠳᠬᠠᠨ᠂ ᠤᠯᠤᠰ ᠲᠥᠷᠥ ᠲᠡᠷᠢᠭᠦᠯᠡᠨ ᠤᠷᠢᠳᠤ ᠡᠪᠦᠭᠡᠳ ᠬᠢᠭᠡᠳ ᠣᠯᠠᠨ ᠢᠷᠭᠡᠨ ᠵᠠᠭᠤᠨ ᠣᠪᠣᠭᠲᠠᠨ ᠢ᠋ᠶ᠋ᠠᠨ ᠰᠠᠨᠠᠭᠲᠤᠨ᠃ ᠵᠠᠭᠤᠨ ᠲᠦᠰᠢᠮᠡᠳ ᠮᠢᠩᠭᠠᠨ ᠰᠠᠢᠳ ᠪᠢᠳᠡ ᠨᠢᠭᠡᠨ ᠰᠡᠳᠬᠢᠯ ᠨᠡᠢᠲᠡ ᠶ᠋ᠢᠨ ᠬᠦᠴᠦᠨ ᠢ᠋ᠶ᠋ᠡᠷ ᠸᠠᠩ ᠳ᠋ᠤᠷ ᠦᠬᠦᠨ ᠵᠢᠳᠬᠦᠵᠦ᠂ ᠤᠯᠤᠰ ᠲᠥᠷᠥ ᠶ᠋ᠢᠨ ᠱᠧ ᠵᠢᠢ ᠲᠡᠢ ᠮᠢᠶᠣᠤ ᠶ᠋ᠢ ᠢᠯᠡ ᠳᠠᠯᠳᠠ ᠪᠠᠷ ᠬᠠᠮᠠᠭᠠᠯᠠᠨ ᠰᠠᠬᠢᠯᠴᠠᠵᠤ᠂ ᠬᠡᠵᠢᠶ᠎ᠡ ᠡᠨᠡ ᠨᠢᠭᠡᠨ ᠠᠮᠢᠰᠬᠤᠯ ᠲᠠᠰᠤᠷᠠᠨ ᠲᠠᠰᠤᠷᠠᠲᠠᠯ᠎ᠠ ᠸᠠᠩ ᠯᠤᠭ᠎ᠠ ᠬᠠᠮᠲᠤ ᠵᠢᠳᠬᠦᠯᠴᠡᠰᠦᠭᠡᠢ !》 ᠭᠡᠮᠡᠨ ᠵᠠᠭᠤᠨ ᠲᠦᠰᠢᠮᠡᠳ ᠮᠢᠩᠭᠠᠨ ᠰᠠᠢᠳ ᠨᠢᠭᠡᠨ ᠳᠠᠭᠤᠨ ᠨᠢᠭᠡᠨ ᠠᠶᠠᠰ ᠢ᠋ᠶ᠋ᠠᠷ ᠠᠷᠢᠬᠢ ᠰᠠᠴᠤᠨ᠂ ᠯᠢ ᠶᠤᠸᠠᠨ ᠬᠣᠣ ᠶ᠋ᠢᠨ ᠬᠥᠷᠥᠭ ᠦ᠋ᠨ ᠡᠮᠦᠨ᠎ᠡ ᠮᠥᠷᠭᠥᠨ ᠲᠠᠩᠭᠠᠷᠢᠭᠯᠠᠵᠤ᠂ ᠵᠢᠶᠧ ᠪᠢᠴᠢᠭ ᠬᠤᠢᠬᠠᠯᠠᠨ ᠮᠥᠷᠭᠥᠵᠦ᠂ ᠪᠦᠭᠦᠳᠡᠭᠡᠷ ᠯᠢ ᠠᠨ ᠴᠢᠤᠸᠠᠨ ᠢ᠋ ᠬᠥᠷᠥᠭ ᠦ᠋ᠨ ᠡᠮᠦᠨ᠎ᠡ ᠵᠠᠯᠠᠨ ᠲᠥᠪᠯᠡᠨ ᠰᠠᠭᠤᠯᠭᠠᠵᠤ᠂ ᠣᠯᠠᠨ ᠢ᠋ᠶ᠋ᠠᠷ ᠮᠢᠩᠭᠠᠨ ᠨᠠᠰᠤᠲᠤ《 ᠴᠢᠶᠠᠨ ᠰᠦᠢ ᠸᠠᠩ ᠶᠧ 》 ᠭᠡᠮᠡᠨ ᠮᠥᠷᠭᠥᠵᠦ᠂ ᠡᠭᠦᠨᠴᠡ ᠬᠠᠭᠠᠨ ᠤ᠋ ᠲᠡᠨᠳᠡᠬᠢ ᠶ᠋ᠢ ᠬᠠᠷᠢᠨ ᠬᠢᠴᠢᠶᠡᠬᠦ ᠦᠭᠡᠢ᠂ ᠬᠠᠮᠤᠭ ᠬᠡᠷᠡᠭ ᠪᠦᠬᠦᠨ ᠦ᠌ ᠶᠡᠬᠡ ᠡᠷᠬᠡ ᠲᠣᠪᠴᠢ ᠶ᠋ᠢ ᠴᠥᠮ ᠯᠢ ᠠᠨ ᠴᠢᠤᠸᠠᠨ ᠳ᠋ᠤᠷ ᠮᠡᠳᠡᠭᠦᠯᠵᠦ ᠶᠠᠪᠤᠬᠤ ᠪᠣᠯᠪᠠᠢ᠃ ᠬᠠᠭᠠᠨ ᠤ᠋ ᠲᠡᠨᠳᠡ ᠪᠣᠯᠪᠠᠰᠤ ᠡᠪᠬᠡᠮᠡᠯ ᠨᠤᠭᠤᠯᠪᠤᠷᠢ ᠶ᠋ᠢ ᠵᠦᠭᠡᠷ ᠨᠢᠭᠡᠨ ᠦᠭᠡ ᠶ᠋ᠢᠨ ᠳᠡᠭᠡᠵᠢ ᠪᠣᠯᠭᠠᠨ᠂ ᠶᠣᠰᠣᠨ ᠤ᠋ ᠲᠡᠳᠦᠢ ᠪᠣᠯᠢᠮᠰᠤᠨ ᠮᠡᠳᠡᠭᠦᠯᠵᠦ ᠲᠠᠯᠪᠢᠭᠠᠳ᠂ ᠭᠡᠨᠡᠳᠲᠡ ᠰᠡᠩᠬᠡᠷᠡᠨ ᠰᠡᠷᠭᠦᠵᠦ ᠠᠰᠠᠭᠤᠬᠤᠢ ᠳ᠋ᠤᠷ ᠪᠡᠯᠡᠳᠬᠡᠬᠦᠢ ᠶ᠋ᠢᠨ ᠲᠡᠳᠦᠢᠯᠡ ᠪᠣᠢ ᠶᠠ᠂ ᠶᠡᠷᠦ ᠠᠶᠤᠨ ᠡᠮᠢᠶᠡᠨ ᠨᠢᠭᠲᠠᠯᠠᠨ ᠨᠠᠷᠢᠪᠴᠢᠯᠠᠬᠤ ᠦᠭᠡᠢ ᠪᠣᠯᠤᠭᠠᠳ ᠪᠦᠭᠦᠳᠡᠭᠡᠷ ᠢᠪ ᠴᠢᠪ ᠭᠠᠭᠴᠠ ᠨᠢᠭᠡᠨ ᠯᠢ ᠠᠨ ᠴᠢᠤᠸᠠᠨ ᠰᠠᠭᠤᠷᠢᠨ ᠢ᠋ ᠣᠯᠬᠤ ᠶ᠋ᠢ ᠪᠠᠷᠠᠭᠠᠳᠠᠯᠴᠠᠨ᠂ ᠲᠡᠷᠡ ᠬᠦ᠌ ᠬᠣᠲᠠ ᠶ᠋ᠢᠨ ᠳᠣᠲᠣᠷ᠎ᠠ ᠴᠡᠷᠢᠭ ᠢᠷᠭᠡᠨ ᠳ᠋ᠦ᠍ᠷ ᠬᠦᠷᠲᠡᠯ᠎ᠡ ᠠᠮᠠ ᠪᠠᠨ ᠵᠢᠮᠢᠢᠨ ᠨᠢᠳᠦ ᠪᠡᠨ ᠠᠨᠢᠵᠤ᠂ ᠴᠢᠬᠢ ᠪᠡᠨ ᠪᠥᠭᠯᠡᠨ ᠶᠠᠭ ᠲᠠᠭ ᠦᠯᠦ ᠮᠡᠳᠡᠭᠴᠢ ᠪᠣᠯᠤᠨ ᠮᠡᠯᠴᠡᠢᠯᠴᠡᠮᠦᠢ᠃ ᠡᠨᠡ ᠦᠨᠡᠬᠡᠷ᠄
ᠬᠤᠯᠤᠭᠠᠨ᠎ᠠ ᠮᠡᠲᠦ ᠥᠬᠢᠨ ᠲᠦᠷᠦᠪᠡᠴᠦ ᠬᠣᠵᠢᠮ ᠤ᠋ᠨ ᠳᠣᠭᠰᠢᠷᠠᠬᠤ ᠠ᠋ᠴᠠ ᠠᠨᠤ ᠡᠮᠢᠶᠡᠮᠦᠢ
ᠴᠢᠨᠣ᠎ᠠ ᠠᠳᠠᠯᠢ ᠬᠥᠪᠡᠭᠦᠨ ᠪᠣᠯᠪᠠᠴᠤ ᠬᠣᠢᠨ᠎ᠠ ᠪᠠᠰᠠ ᠲᠣᠳᠬᠠᠷᠯᠠᠬᠤ ᠠ᠋ᠴᠠ ᠵᠣᠪᠠᠨᠢᠮᠤᠢ ᠬᠡᠮᠡᠵᠦᠬᠦᠢ᠃
ᠬᠥᠭᠡᠷᠦᠬᠦᠢ ᠬᠤᠸᠠᠨᠽᠥ᠋ᠩ ᠯᠢ ᠼᠦᠨ ᠢᠦ᠂ ᠲᠥᠷᠥᠯᠬᠢ ᠮᠤᠩᠬᠠᠭ ᠪᠠᠭᠤᠷᠠᠢ ᠲᠤᠯᠠ ᠬᠣᠶᠠᠷᠬᠠᠨ ᠹᠧᠢ ᠨᠢᠭᠡᠬᠡᠨ ᠨᠠᠭᠠᠳᠤᠮ ᠳ᠋ᠤᠷ ᠳᠠᠷᠤᠢ ᠲᠥᠷᠥ ᠰᠠᠭᠤᠷᠢᠨ ᠢ᠋ᠶ᠋ᠠᠨ ᠠᠪᠲᠠᠬᠤᠢ ᠳ᠋ᠤᠷ ᠬᠦᠷᠴᠦᠬᠦᠢ᠃ ᠡᠷᠲᠡᠨ ᠦ᠌ ᠴᠢᠨ ᠱᠢ ᠬᠤᠸᠠᠩ᠂ ᠮᠢᠩᠭᠠᠨ ᠡᠬᠡᠨᠡᠷ ᠢ᠋ ᠴᠤᠭᠯᠠᠭᠤᠯᠤᠨ᠂ ᠲᠦᠮᠡᠨ ᠭᠠᠵᠠᠷ ᠤ᠋ᠨ ᠬᠣᠲᠠ ᠴᠣᠭᠴᠠᠯᠠᠲᠠᠯᠠ᠂ ᠳᠡᠭᠦᠨᠦ ᠪᠡᠶ᠎ᠡ ᠶ᠋ᠢ ᠬᠡᠨ ᠵᠠᠢᠯᠠᠭᠤᠯᠵᠤ᠂ ᠲᠡᠭᠦᠨᠦ ᠰᠠᠭᠤᠷᠢᠨ ᠢ᠋ ᠬᠡᠨ ᠪᠤᠯᠢᠶᠠᠨ ᠴᠢᠳᠠᠪᠠ? ᠢᠨᠢᠶᠡᠯᠲᠡᠢ ᠪᠢᠰᠢᠦ ?
ᠲᠡᠨᠳᠡᠴᠡ ᠯᠢ ᠠᠨ ᠴᠢᠤᠸᠠᠨ ᠤ᠋ ᠪᠡᠶ᠎ᠡ ᠬᠡᠳᠦᠢ ᠭᠠᠳᠠᠨ᠎ᠠ ᠪᠠᠢᠪᠠᠴᠤ᠂ ᠰᠡᠳᠬᠢᠯ ᠡᠭᠡᠨᠡᠭᠲᠡ ᠨᠡᠢᠰᠯᠡᠯ ᠳ᠋ᠦ᠍ᠷ ᠠᠵᠤ᠂ ᠠᠪᠤᠨ ᠳᠠᠷᠤᠢ ᠪᠧᠲ᠋ᠠ᠋ ᠤᠯᠤᠰ ᠲᠤᠷ ᠬᠠᠯᠳᠠᠬᠤ ᠦᠭᠡᠢ ᠪᠡᠷ ᠠᠶᠠᠳᠠᠭᠤᠯᠤᠨ ᠪᠠᠢᠵᠤ᠂ ᠬᠡᠵᠢᠶ᠎ᠡ ᠲᠠᠩᠭᠤᠳ ᠤᠯᠤᠰ ᠤ᠋ᠨ ᠲᠥᠷᠥ ᠶ᠋ᠢ ᠣᠯᠵᠤ ᠬᠠᠭᠠᠨ ᠰᠠᠭᠤᠭᠰᠠᠨ ᠬᠣᠢᠨ᠎ᠠ ᠵᠢᠴᠢ ᠮᠡᠳᠡᠰᠦᠭᠡᠢ ᠭᠡᠮᠡᠨ ᠪᠧᠲ᠋ᠠ᠋ ᠤᠯᠤᠰ ᠤ᠋ᠨ ᠵᠦᠭ ᠪᠠᠢᠯᠳᠤᠬᠤ ᠳᠠᠢᠯᠠᠬᠤ ᠶ᠋ᠢ ᠪᠠᠬᠠᠨ ᠴᠤ᠌ ᠡᠭᠦᠰᠬᠡᠯᠭᠡᠬᠦ ᠦᠭᠡᠢ᠃ ᠬᠠᠭᠠᠨ ᠰᠠᠭᠤᠬᠤ ᠰᠡᠳᠬᠢᠯ ᠨᠢᠭᠡᠨᠲᠡ ᠬᠠᠯᠠᠭᠤᠨ ᠲᠣᠭᠣᠭ᠎ᠠ ᠪᠤᠴᠠᠯᠬᠤ ᠮᠡᠲᠦ ᠶᠠᠭᠠᠷᠠᠨ ᠭᠠᠵᠠᠷ ᠭᠠᠵᠠᠷ ᠤ᠋ᠨ ᠵᠠᠩᠵᠤᠨ ᠴᠡᠷᠢᠭ ᠢ᠋ ᠬᠠᠭᠠᠨ ᠤ᠋ ᠵᠠᠷᠯᠢᠭ ᠤ᠋ᠨ ᠨᠡᠷ᠎ᠡ ᠪᠡᠷ ᠵᠠᠬᠢᠷᠤᠨ ᠪᠠᠢᠴᠠᠭᠠᠵᠤ ᠪᠠᠢᠬᠤᠢ ᠳ᠋ᠤᠷ ᠡᠭᠦᠨᠦ ᠡᠪᠦᠷᠯᠡᠬᠦ ᠰᠠᠨᠠᠭᠠᠨ ᠢ᠋ ᠬᠠᠷᠢᠨ ᠰᠠᠨᠠᠭᠠᠨ ᠤ᠋ ᠭᠠᠳᠠᠨᠠᠬᠢ ᠬᠥᠮᠦᠨ ᠰᠡᠷᠡᠵᠦ ᠮᠡᠳᠡᠭᠡᠳ᠂ ᠬᠠᠭᠠᠨ ᠢ᠋ ᠬᠠᠳᠬᠤᠨ ᠰᠡᠷᠭᠦᠭᠡᠵᠦ ᠡᠷᠳᠡᠰᠡ ᠰᠡᠷᠡᠮᠵᠢᠯᠡᠨ ᠪᠡᠯᠡᠳᠬᠡᠭᠦᠵᠡᠢ ᠭᠡᠮᠡᠨ ᠰᠢᠳᠠᠷ ᠲᠠᠢᠭᠠᠨᠴᠤᠳ ᠪᠠ ᠣᠷᠳᠣᠨ ᠤ᠋ ᠲᠣᠮᠣᠭᠠᠲᠠᠢᠬᠠᠨ ᠥᠬᠢᠳ ᠲᠦ᠍ᠷ ᠡᠳ᠋ ᠠᠰᠢᠭ ᠪᠡᠯᠡᠭ ᠰᠡᠯᠡᠭ ᠦ᠋ᠨ ᠵᠦᠢᠯ ᠢ᠋ ᠦᠯᠡᠮᠵᠢᠬᠡᠨ ᠥᠭᠴᠦ᠂ ᠨᠡᠩ ᠪᠠᠰᠠ ᠪᠤᠯᠤ ᠸᠠᠩ ᠬᠢᠭᠡᠳ ᠳᠡᠭᠦᠨᠦ ᠬᠠᠷᠢᠶᠠᠲᠤ ᠨᠢᠭᠡᠨ ᠠᠢᠮᠠᠭ ᠤ᠋ᠨ ᠴᠢᠦᠢ ᠴᠦ ᠯᠢᠦᠢ᠂ ᠲᠣᠳᠣ ᠨᠠᠷ ᠤ᠋ᠨ ᠵᠢᠰᠤᠷ ᠬᠣᠯᠴᠢᠷᠭᠠᠨ ᠢ᠋ ᠶᠡᠬᠡ ᠰᠡᠵᠢᠭᠯᠡᠳᠡᠭ ᠲᠤᠯᠠ᠂ ᠲᠡᠳᠡᠨ ᠦ᠌ ᠰᠠᠨᠠᠭᠠᠨ ᠠ᠋ᠴᠠ ᠳᠠᠪᠠᠲᠠᠯ᠎ᠠ ᠲᠦᠮᠡᠨ ᠯᠠᠩ ᠮᠥᠩᠭᠥᠨ ᠥᠭᠭᠦᠭᠰᠡᠨ᠎ᠡ ᠂ ᠪᠤᠯᠤ ᠸᠠᠩ ᠬᠡᠳᠦᠢ ᠶᠡᠬᠡ ᠪᠠᠶᠠᠷᠯᠠᠪᠠᠴᠤ ᠂ ᠴᠢᠦᠢ ᠴᠦ ᠯᠢᠦᠢ ᠂ ᠲᠣᠳᠣ ᠬᠣᠶᠠᠭᠤᠯᠠ ᠶ᠋ᠢᠨ ᠳᠣᠲᠣᠷ᠎ᠠ ᠡᠭᠡᠨᠡᠭᠲᠡ ᠪᠠᠬᠠᠨ ᠪᠣᠳᠣᠯᠭ᠎ᠠ ᠲᠠᠢ ᠲᠤᠯᠠ ᠣᠷᠳᠣᠨ ᠤ᠋ ᠳᠣᠲᠣᠷᠠᠬᠢ ᠬᠣᠶᠠᠷ ᠹᠧᠢ ᠂ ᠬᠠᠭᠠᠨ ᠢ᠋ ᠠᠮᠤᠷ ᠦᠭᠡᠢ ᠪᠣᠯᠭᠠᠬᠤ ᠬᠡᠷᠡᠭ ᠢ᠋ ᠬᠡᠷᠬᠢᠪᠡᠴᠦ ᠠᠢᠯᠠᠳᠬᠠᠵᠤ ᠪᠣᠯᠬᠤ ᠦᠭᠡᠢ ᠭᠡᠮᠡᠨ ᠴᠢᠩᠳᠠ ᠴᠠᠭᠠᠵᠠᠯᠠᠭᠰᠠᠨ ᠳ᠋ᠤᠷ ᠠᠷᠭ᠎ᠠ ᠦᠭᠡᠢ ᠡᠨᠡ ᠲᠦᠮᠡᠨ ᠯᠠᠩ ᠮᠥᠩᠭᠥᠨ ᠢ᠋ᠶ᠋ᠡᠷ ᠠᠷᠭᠠᠴᠠᠭᠠᠭᠰᠠᠨ ᠨᠢᠭᠡᠨ ᠰᠠᠯᠠᠭᠠᠨ ᠤ᠋ ᠴᠡᠷᠢᠭ ᠪᠠᠢᠭᠤᠯᠵᠤ ᠂ ᠲᠠᠩᠭᠤᠳ ᠤᠯᠤᠰ ᠤ᠋ᠨ ᠬᠠᠭᠠᠨ ᠯᠢ ᠼᠦᠨ ᠢᠦ ᠶ᠋ᠢᠨ ᠰᠡᠩᠬᠡᠷᠡᠨ ᠰᠡᠷᠭᠦᠬᠦ ᠶ᠋ᠢ ᠲᠦᠷ ᠬᠦᠯᠢᠶᠡᠰᠦᠭᠡᠢ ᠭᠡᠮᠡᠨ ᠢᠯᠳᠡᠰᠢ ᠭᠣᠣᠯ ᠤ᠋ᠨ ᠨᠤᠲᠤᠭ ᠲᠤᠷ ᠡᠭᠡᠭᠰᠡᠨᠡ ᠂ ᠯᠢ ᠠᠨ ᠴᠢᠤᠸᠠᠨ ᠤ᠋ ᠰᠡᠳᠬᠢᠯ ᠰᠠᠶᠢ ᠪᠠᠬᠠᠨ ᠰᠤᠯᠠ ᠪᠣᠯᠵᠤ᠂ ᠣᠳᠣ ᠭᠠᠭᠴᠠ ᠪᠧᠲ᠋ᠠ᠋ ᠤᠯᠤᠰ ᠠ᠋ᠴᠠ ᠳᠠᠬᠢᠨ ᠪᠠᠢᠯᠳᠤᠨ ᠢᠷᠡᠬᠦ ᠶ᠋ᠢ ᠪᠣᠳᠣᠯᠬᠢᠯᠠᠨ ᠪᠥᠬᠥᠶ᠎ᠡ ᠂ ᠥᠬᠢᠨ ᠢᠨᠤ ᠯᠢ ᠼᠦᠨ ᠵᠤ᠌ ᠡᠴᠢᠭᠡ ᠶ᠋ᠢᠨ ᠳᠣᠲᠣᠷ᠎ᠠ ᠪᠧᠲ᠋ᠠ᠋ ᠤᠯᠤᠰ ᠤ᠋ᠨ ᠵᠦᠭ ᠰᠡᠵᠢᠭᠯᠡᠬᠦ ᠪᠣᠳᠣᠯᠭ᠎ᠠ ᠪᠠᠢᠬᠤ ᠶ᠋ᠢ ᠦᠵᠡᠵᠦ ᠭᠠᠷᠤᠭᠠᠳ᠂ ᠦᠭᠡ ᠪᠡᠷ ᠤᠳᠤᠷᠢᠳᠤᠨ ᠬᠡᠯᠡᠭᠰᠡᠨ᠎ᠡ ᠂ ᠯᠢ ᠠᠨ ᠴᠢᠤᠸᠠᠨ ᠥᠪᠡᠷ ᠦ᠋ᠨ ᠰᠡᠵᠢᠭ ᠳᠠᠭᠠᠪᠤᠷᠢ ᠪᠠᠨ ᠪᠦᠷᠢᠳᠬᠡᠨ ᠬᠡᠯᠡᠭᠰᠡᠨ ᠳ᠋ᠦ᠍ᠷ᠂ ᠯᠢ ᠼᠦᠨ ᠵᠤ᠌ ᠥᠴᠢᠷᠦᠨ᠄
《ᠥᠬᠢᠨ ᠪᠢ ᠮᠥᠨ ᠲᠡᠢᠨ ᠬᠦ᠌ ᠰᠠᠨᠠᠵᠤ ᠡᠨᠡ ᠨᠠᠮᠤᠷ ᠡᠷᠬᠡᠪᠰᠢ ᠨᠢᠭᠡᠨ ᠯᠠᠪ ᠮᠡᠳᠡᠭᠡ ᠣᠯᠬᠤ ᠶ᠋ᠢ ᠰᠡᠳᠬᠢᠵᠦ ᠪᠠᠢᠭᠰᠠᠨ ᠪᠥᠯᠥᠭᠡ᠃ ᠡᠳᠦᠭᠡ ᠰᠣᠨᠣᠰᠬᠤᠯ᠎ᠠ ᠪᠧᠲ᠋ᠠ᠋ ᠤᠯᠤᠰ ᠤᠨᠤᠨ ᠮᠥᠷᠡᠨ ᠦ᠌ ᠡᠬᠢ᠂ ᠮᠤᠩ ᠭᠣᠣᠯ ᠤ᠋ᠨ ᠠᠮᠠᠨ᠎ᠠ ᠶᠡᠬᠡ ᠬᠣᠲᠠ ᠮᠠᠨᠳᠠᠯ ᠤᠨᠢᠭᠤᠯ ᠬᠦᠷᠢᠶ᠎ᠡ ᠴᠣᠭᠴᠠᠯᠠᠬᠤ ᠠᠨᠤ᠂ ᠪᠧᠲ᠋ᠠ᠋ ᠤᠯᠤᠰ ᠤ᠋ᠨ ᠴᠡᠷᠢᠭ ᠦ᠋ᠨ ᠵᠢᠨᠦᠩ ᠮᠤᠬᠤᠯᠢ ᠪᠡᠶ᠎ᠡ ᠪᠡᠷ ᠶᠢᠰᠦᠨ ᠡᠩ ᠦ᠋ᠨ ᠲᠡᠷᠢᠭᠦᠯᠡᠭᠴᠢᠳ ᠢ᠋ᠶ᠋ᠡᠨ ᠴᠥᠮ ᠠᠪᠴᠤ ᠳᠠᠯ᠎ᠠ ᠨᠠᠶᠠᠨ ᠠᠢᠮᠠᠭ ᠤᠯᠤᠰ ᠢ᠋ ᠲᠦᠷᠭᠡᠯᠡᠭᠦᠯᠦᠨ ᠶᠡᠬᠡ ᠦᠢᠯᠡᠳᠬᠡᠯ ᠢ᠋ ᠦᠢᠯᠡᠳᠦᠭᠦᠯᠬᠦ ᠢᠨᠤ ᠯᠠᠪ ᠬᠣᠢᠲᠤ ᠵᠢᠯ ᠨᠢᠭᠡᠨ ᠶᠡᠬᠡ ᠦᠢᠯᠡ ᠶ᠋ᠢᠨ ᠰᠡᠳᠦᠯᠬᠡᠷ ᠪᠣᠢ᠃ ᠥᠬᠢᠨ ᠮᠢᠨᠦ ᠮᠠᠰᠢ ᠶᠡᠬᠡᠳᠡ ᠠᠶᠤᠨ ᠰᠡᠵᠢᠭᠯᠡᠬᠦ ᠢᠨᠦ᠂ ᠪᠧᠲ᠋ᠠ᠋ ᠤᠯᠤᠰ ᠤ᠋ᠨ ᠡᠵᠡᠨ ᠪᠣᠯᠪᠠᠰᠤ ᠡᠲᠡᠭᠡᠳ ᠰᠣᠨᠢᠨ ᠨᠢᠭᠡᠨ ᠰᠦᠷ ᠵᠢᠪᠬᠤᠯᠠᠩᠲᠤ ᠬᠤᠪᠢᠯᠭᠠᠨ ᠰᠠᠬᠢᠭᠤᠯᠰᠤᠨ ᠮᠡᠲᠦ᠃ ᠲᠡᠷᠡ ᠬᠡᠷᠪᠡ ᠬᠠᠭᠠᠨ ᠰᠠᠭᠤᠵᠤ ᠳᠥᠷᠪᠡᠨ ᠵᠦᠭ ᠢ᠋ ᠬᠢᠴᠢᠶᠡᠪᠡᠰᠦ᠂ ᠣᠳᠣ ᠴᠤᠬᠤᠮᠬᠠᠨ ᠭᠡᠲᠦᠯᠦᠰᠢ ᠦᠭᠡᠢ ᠶᠡᠬᠡ ᠵᠣᠪᠠᠯᠠᠩ ᠪᠣᠯᠵᠤ᠂ ᠪᠢᠳᠡᠨ ᠦ᠌ ᠡᠳᠡᠭᠡᠷ ᠤᠯᠤᠰ ᠲᠥᠷᠥ ᠴᠥᠮ ᠳᠡᠭᠦᠨᠦ ᠲᠣᠭᠣᠭᠠᠨ ᠤ᠋ ᠳᠣᠲᠣᠷᠠᠬᠢ ᠬᠣᠨᠢ ᠪᠣᠯᠬᠤ ᠪᠣᠯᠭᠤᠵᠠᠢ ᠭᠡᠮᠡᠨ ᠡᠮᠢᠶᠡᠮᠦᠢ 》ᠬᠡᠮᠡᠭᠰᠡᠨ᠎ᠡ ᠯᠢ ᠠᠨ ᠴᠢᠤᠸᠠᠨ ᠮᠥᠨ ᠲᠣᠰᠴᠤ ᠥᠭᠦᠯᠡᠷᠦᠨ᠄
《ᠡᠨᠡ ᠪᠧᠲ᠋ᠠ᠋ ᠤᠯᠤᠰ ᠤ᠋ᠨ ᠡᠵᠡᠨ ᠢ᠋ ᠣᠯᠠᠨ ᠨᠡᠢᠳᠡᠪᠡᠷ ᠪᠠᠭ᠎ᠠ ᠠ᠋ᠴᠠ ᠢᠨᠤ ᠲᠡᠢᠨ ᠬᠦ᠌ ᠬᠡᠯᠡᠯᠴᠡᠬᠦ ᠶ᠋ᠢ ᠪᠢ ᠤᠷᠲᠤᠳᠠ ᠰᠣᠨᠣᠰᠤᠯᠤᠭᠠ᠃ ᠪᠢ ᠲᠡᠳᠡᠭᠡᠷ ᠪᠡᠯᠡᠩᠴᠢ ᠤᠤᠯᠢᠬᠠᠢ ᠡᠩ ᠥᠲᠡᠯ᠎ᠡ ᠶᠡᠷᠦ ᠶ᠋ᠢᠨ ᠠᠷᠠᠳ ᠂ ᠦᠢᠮᠡᠯᠳᠦᠨ ᠳᠠᠭᠤᠷᠢᠶᠠᠨ ᠲᠡᠢᠨ ᠬᠦ᠌ ᠬᠡᠯᠡᠯᠴᠡᠮᠦᠢ ᠢ᠎ᠠ ᠬᠡᠮᠡᠯᠦᠭᠡ᠂ ᠥᠬᠢᠨ ᠴᠢᠨᠦ ᠠᠮᠠᠨ ᠠ᠋ᠴᠠ ᠪᠠᠰᠠ ᠬᠡᠳᠦ ᠬᠡᠳᠦᠨ ᠵᠡᠷᠭᠡ ᠰᠣᠨᠣᠰᠪᠠ᠃ ᠥᠬᠢᠨ ᠴᠢ ᠲᠡᠭᠦᠨ ᠦ᠌ ᠲᠤᠢᠯ ᠤ᠋ᠨ ᠭᠠᠢᠬᠠᠮᠰᠢᠭ ᠥᠪᠡᠷ᠎ᠡ ᠬᠥᠮᠦᠨ ᠡᠴᠡ ᠡᠲᠡᠭᠡᠳ ᠢ᠋ ᠦᠵᠡᠵᠦ ᠭᠠᠷᠤᠭᠰᠠᠨ ᠭᠠᠵᠠᠷ ᠪᠣᠢ ᠤᠤ ? 》
ᠯᠢ ᠼᠦᠨ ᠵᠤ᠌ ᠢᠨᠢᠶᠡᠨ ᠥᠴᠢᠷᠦᠨ᠄
《ᠲᠡᠭᠦᠨ ᠦ᠌ ᠡᠯ᠎ᠡ ᠵᠦᠢᠯ ᠬᠥᠮᠦᠨ ᠡᠴᠡ ᠥᠪᠡᠷ᠎ᠡ ᠵᠦᠢᠯ ᠣᠭᠲᠣ ᠦᠭᠡᠢ᠂ ᠠᠪᠤᠨ ᠦᠵᠡᠪᠡᠰᠦ᠂ ᠵᠦᠭᠡᠷ ᠨᠢᠭᠡᠨ ᠭᠡᠷᠡᠯᠲᠦ ᠴᠢᠷᠠᠢᠲᠤ ᠲᠡᠭᠰᠢ ᠳᠦᠭᠦᠷᠡᠩ ᠪᠤᠶᠠᠨ ᠬᠡᠰᠢᠭᠲᠦ ᠬᠥᠮᠦᠨ ᠦ᠌ ᠳᠦᠷᠢ ᠲᠡᠳᠦᠢᠯᠡ ᠪᠥᠭᠡᠲᠡᠯ᠎ᠡ᠂ ᠬᠥᠮᠦᠨ ᠲᠡᠭᠦᠨ ᠢ᠋ ᠦᠵᠡᠮᠡᠭᠴᠡ ᠳᠤᠷᠠᠲᠠᠶ᠎ᠠ ᠡᠷᠭᠢᠮᠨᠡᠨ ᠬᠦᠨᠳᠦᠯᠡᠬᠦ ᠰᠠᠨᠠᠭᠠᠨ ᠲᠥᠷᠥᠭᠳᠡᠵᠦ᠂ ᠪᠡᠶᠡᠰᠦᠨ ᠳᠠᠭᠠᠬᠤ ᠰᠡᠳᠬᠢᠯ ᠡᠭᠦᠰᠦᠨ᠂ ᠲᠡᠭᠦᠨ ᠦ᠌ ᠳᠠᠭᠤᠨ ᠤ᠋ ᠥᠩᠭᠡ ᠵᠦᠩ ᠬᠡᠩᠭᠡᠷᠭᠡ ᠮᠡᠲᠦ᠂ ᠦᠭᠡ ᠵᠣᠭᠰᠣᠪᠠᠴᠤ ᠳᠠᠭᠤᠨ ᠤ᠋ ᠳᠠᠭᠤᠷᠢᠰᠬᠠᠯ ᠲᠠᠰᠤᠷᠠᠬᠤ ᠦᠭᠡᠢ᠂ ᠬᠥᠮᠦᠨ ᠦ᠌ ᠪᠡᠶ᠎ᠡ ᠰᠢᠷᠴᠢᠭᠢᠨᠡᠨ᠂ ᠵᠢᠷᠦᠬᠡ ᠳᠣᠯᠭᠢᠰᠤᠨ ᠬᠥᠳᠡᠯᠦᠮᠦᠢ᠃ ᠲᠡᠭᠦᠨ ᠢ᠋ ᠯᠠᠪ ᠳᠠᠭᠤᠨ ᠥᠩᠭᠡ ᠶ᠋ᠢᠨ ᠰᠦᠷ ᠬᠡᠮᠡᠮᠦᠢ ᠢ᠎ᠠ᠃ ᠲᠡᠭᠦᠨ ᠦ᠌ ᠢᠯᠡᠷᠬᠡᠢ ᠨᠢᠭᠡᠨ ᠵᠢᠪᠬᠤᠯᠠᠩ ᠠᠨᠤ᠂ ᠬᠥᠮᠦᠨ ᠲᠡᠭᠦᠨᠦ ᠨᠢᠳᠦᠨ ᠦ᠌ ᠴᠢᠬᠡ ᠡᠰᠡᠷᠭᠦ ᠬᠠᠷᠠᠵᠤ ᠦᠭᠡ ᠥᠴᠢᠨ ᠴᠢᠳᠠᠬᠤ ᠦᠭᠡᠢ᠃ ᠥᠬᠢᠨ ᠪᠢ ᠭᠤᠷᠪᠠᠨ ᠵᠡᠷᠭᠡ ᠴᠢᠬᠡ ᠬᠠᠷᠠᠵᠤ ᠭᠤᠷᠪᠠᠨ ᠵᠡᠷᠭᠡ ᠮᠢᠲᠠᠷᠠᠨ ᠰᠦᠷᠳᠡᠵᠦ᠂ ᠦᠭᠡ ᠪᠡᠨ ᠬᠡᠯᠡᠵᠦ ᠪᠠᠷᠠᠨ ᠴᠢᠳᠠᠭᠰᠠᠨ ᠦᠭᠡᠢ ᠪᠡᠨ ᠲᠣᠪ ᠲᠤᠳᠤᠷᠬᠠᠶᠠ ᠮᠡᠳᠡᠪᠡᠢ᠃ ᠮᠠᠭᠤᠬᠠᠢ ᠰᠦᠷᠡᠬᠡᠢ ᠨᠢᠳᠦᠨ ᠡᠴᠡ ᠠᠶᠤᠨ ᠰᠦᠷᠳᠡᠵᠦ ᠴᠢᠬᠡ ᠦᠯᠦ ᠬᠠᠷᠠᠵᠤ ᠴᠢᠳᠠᠭᠰᠠᠨ ᠪᠤᠰᠤ᠂ ᠳᠡᠭᠦᠨᠦ ᠠᠮᠤᠷᠯᠢᠩᠭᠤᠢ ᠰᠠᠢᠬᠠᠨ ᠥᠷᠥᠰᠢᠶᠡᠩᠭᠦᠢ ᠨᠢᠳᠦᠨ᠎ᠡ ᠴᠢᠬᠡ ᠬᠠᠨᠳᠤᠵᠤ ᠪᠣᠯᠣᠰᠢ ᠦᠭᠡᠢ ᠳ᠋ᠦ᠍ᠷ ᠢ᠋ᠶ᠋ᠡᠨ ᠭᠠᠢᠬᠠᠬᠤ ᠠᠨᠤ ᠪᠣᠯᠠᠢ᠃ ᠮᠠᠨ ᠤ᠋ ᠬᠠᠭᠠᠨ ᠡᠵᠡᠨ᠂ ᠴᠤᠬᠤᠮᠬᠠᠨ ᠶᠡᠬᠡ ᠬᠠᠭᠠᠨ ᠪᠥᠭᠡᠳ ᠪᠠᠰᠠ ᠲᠡᠢᠮᠦ ᠶᠡᠬᠡ ᠤᠷᠲᠤ ᠬᠠᠷᠰᠢ᠂ ᠰᠢᠬᠦᠷ ᠬᠢᠭᠢᠷᠢ᠂ ᠲᠣᠭᠣᠰ ᠤ᠋ᠨ ᠥᠲᠥᠨ ᠨᠠᠷᠠᠨ ᠤ᠋ ᠬᠠᠯᠠᠬᠠᠪᠴᠢ ᠲᠠᠢ ᠪᠣᠯᠪᠠᠴᠤ ᠣᠭᠲᠣ ᠲᠡᠢᠮᠦ ᠪᠠᠶᠠᠷᠯᠠᠬᠤ ᠬᠦᠨᠳᠦᠯᠡᠬᠦ ᠰᠡᠳᠬᠢᠯ ᠲᠥᠷᠥᠭᠦᠯᠬᠦ ᠦᠭᠡᠢ ᠪᠥᠭᠡᠳ ᠦᠭᠡ ᠠᠢᠯᠠᠳᠬᠠᠨ ᠦᠭᠡᠰ ᠬᠡᠯᠡᠯᠴᠡᠬᠦᠢ ᠳ᠋ᠦ᠍ᠷ ᠡᠰᠡᠷᠭᠦ ᠢᠨᠤ ᠬᠠᠨᠳᠤᠰᠢ ᠦᠭᠡᠢ ᠭᠠᠵᠠᠷ ᠣᠭᠲᠣ ᠦᠭᠡᠢ ᠪᠢᠰᠢᠦ ?》 ᠬᠡᠮᠡᠭᠰᠡᠨ᠎ᠡ ᠯᠢ ᠠᠨ ᠴᠢᠤᠸᠠᠨ ᠬᠠᠭᠠᠰ ᠢᠨᠢᠶᠡᠳᠦ ᠲᠥᠷᠥᠵᠦ ᠪᠠᠰᠠ ᠬᠠᠭᠠᠰ ᠠᠮᠤᠷ ᠦᠭᠡᠢ ᠪᠣᠯᠵᠤ ᠰᠡᠭᠦᠷᠡᠰᠦᠨ ᠠᠯᠳᠠᠵᠤ ᠥᠭᠦᠯᠡᠷᠦᠨ᠄
《ᠮᠠᠨ ᠤ᠋ ᠬᠠᠭᠠᠨ ᠦᠨᠡᠬᠡᠷ ᠪᠠᠷᠠᠭᠤᠨ ᠱᠤ᠌ ᠤᠯᠤᠰ ᠤ᠋ᠨ ᠪᠤᠯᠢᠶᠠᠯᠳᠤᠭᠰᠠᠨ ᠵᠢᠩ ᠵᠧᠦ ᠪᠤᠰᠤ ᠪᠤᠶᠤ᠃ ᠲᠡᠷᠡ ᠵᠢᠩ ᠵᠧᠦ ᠪᠥᠭᠡᠰᠦ ᠵᠢᠶᠠᠩ ᠨᠠᠨ ᠤ᠋ ᠵᠢᠩ ᠵᠧᠦ᠂ ᠡᠨᠡ ᠵᠢᠩ ᠵᠧᠦ ᠪᠥᠭᠡᠰᠦ ᠲᠠᠩᠭᠤᠳ ᠤ᠋ᠨ ᠵᠢᠩ ᠵᠧᠦ᠂ ᠬᠢᠲᠠᠳ ᠤ᠋ᠨ ᠦᠰᠦᠭ ᠢ᠋ᠶ᠋ᠡᠷ ᠬᠣᠶᠠᠷ ᠥᠪᠡᠷ᠎ᠡ ᠵᠢᠩ ᠦᠰᠦᠭ ᠪᠣᠯᠠᠢ᠃ ᠭᠤᠷᠪᠠᠨ ᠤᠯᠤᠰ ᠤ᠋ᠨ ᠲᠡᠷᠡ ᠵᠢᠩ ᠵᠧᠦ ᠶ᠋ᠢ ᠡᠨᠡ ᠬᠢᠷᠢ ᠳ᠋ᠦ᠍ᠷ ᠡᠮᠦᠨᠡᠲᠦ ᠰᠥᠩ ᠤᠯᠤᠰ ᠤ᠋ᠨ ᠬᠠᠷᠢᠶᠠᠲᠤ ᠭᠠᠵᠠᠷ ᠠᠮᠤᠢ᠃ ᠡᠨᠡ ᠵᠢᠩ ᠵᠧᠦ ᠡᠴᠡ ᠵᠡᠭᠦᠨ ᠡᠮᠦᠨ᠎ᠡ ᠬᠡᠳᠦᠨ ᠮᠢᠩᠭᠠᠨ ᠭᠠᠵᠠᠷ ᠬᠣᠯᠠ ᠪᠤᠶᠤ᠃ ᠪᠢᠲᠡᠭᠡᠢ ᠡᠨᠳᠡᠭᠦᠷᠡᠭᠲᠦᠨ》 ᠬᠡᠮᠡᠪᠡᠢ᠃
ᠡᠳᠦᠭᠡ ᠠᠬᠠᠢ ᠨᠣᠶᠠᠨ ᠦᠵᠡᠪᠡᠰᠦ᠂ ᠲᠠᠪᠤᠨ ᠵᠧᠦ᠂ ᠨᠠᠢ᠍ᠮᠠᠨ ᠰᠢᠶᠠᠨ ᠤ᠋ ᠲᠡᠷᠢᠭᠦᠯᠡᠭᠴᠢᠳ ᠴᠥᠮ ᠡᠨᠳᠡ ᠴᠤᠭᠯᠠᠵᠤ᠂ ᠯᠢ ᠠᠨ ᠴᠢᠤᠸᠠᠨ ᠤ᠋ ᠬᠥᠪᠡᠭᠦᠨ ᠯᠢ ᠼᠦᠨ ᠰᠢᠦᠢ ᠬᠡᠳᠦᠢ ᠨᠠᠰᠤᠨ ᠪᠠᠭ᠎ᠠ ᠪᠣᠯᠪᠠᠴᠤ ᠪᠡᠶ᠎ᠡ ᠬᠠᠷᠢᠨ ᠮᠠᠰᠢ ᠥᠨᠳᠥᠷ᠃ ᠣᠯᠠᠨ ᠢ᠋ᠶ᠋ᠠᠷ ᠯᠢ ᠼᠦᠨ ᠰᠢᠦᠢ ᠶ᠋ᠢ ᠠᠪᠤᠨ ᠡᠳᠦᠷ ᠰᠥᠨᠢ ᠦᠭᠡᠢ ᠶᠠᠪᠤᠵᠤ ᠭᠠᠵᠠᠷ ᠭᠠᠵᠠᠷ ᠤ᠋ᠨ ᠴᠡᠷᠢᠭ ᠦ᠋ᠨ ᠬᠦᠷᠢᠶ᠎ᠡ ᠶ᠋ᠢ ᠲᠣᠭᠣᠷᠢᠨ ᠪᠠᠢᠴᠠᠭᠠᠵᠤ ᠦᠨᠡᠬᠡᠷ ᠶᠡᠬᠡ ᠦᠢᠮᠡᠭᠡᠨ ᠬᠥᠭᠵᠢᠯᠲᠡᠢ᠃
ᠲᠡᠳᠦᠢ ᠯᠢ ᠼᠦᠨ ᠵᠣ᠂ ᠠᠬᠠᠢ ᠨᠣᠶᠠᠨ ᠯᠤᠭ᠎ᠠ ᠮᠠᠰᠢ ᠰᠠᠢᠬᠠᠨ ᠲᠠᠨᠢᠯᠴᠠᠬᠤ ᠲᠤᠯᠠ᠂ ᠰᠢᠭᠤᠳ ᠳᠠᠭᠤᠳᠠᠨ ᠨᠢᠭᠤᠷ ᠤᠴᠠᠷᠠᠨ᠂ ᠲᠡᠨᠳᠡᠬᠢ ᠤᠷᠢᠳᠠ ᠶ᠋ᠢᠨ ᠤᠴᠢᠷ ᠢ᠋ ᠴᠥᠮ ᠰᠣᠨᠣᠰᠴᠤ᠂ ᠱᠠᠩ ᠬᠤᠷᠢᠮ ᠬᠦᠨᠳᠦᠳᠡ ᠥᠭᠴᠦ᠂ ᠭᠢᠨᠳᠠᠨᠴᠢ ᠳᠠ ᠵᠣ ᠬᠡᠮᠡᠭᠴᠢ ᠳ᠋ᠦ᠍ᠷ ᠵᠠᠭᠤᠨ ᠯᠠᠩ ᠤ᠋ᠨ ᠮᠥᠩᠭᠥᠨ ᠥᠯᠥᠭᠡᠢ ᠱᠠᠩᠨᠠᠨ ᠬᠡᠳᠦᠨ ᠡᠳᠦᠷ ᠠᠮᠠᠷᠠᠭᠤᠯᠤᠨ᠂ ᠤᠨᠤᠭ᠎ᠠ ᠬᠦᠯᠦᠭ ᠬᠠᠯᠠᠨ ᠤᠨᠤᠭᠤᠯᠵᠤ ᠳᠠᠬᠢᠨ ᠡᠭᠡᠭᠦᠯᠦᠨ ᠢᠯᠡᠭᠡᠵᠦ᠂ ᠪᠧᠲ᠋ᠠ᠋ ᠤᠯᠤᠰ ᠤ᠋ᠨ ᠴᠡᠷᠢᠭ ᠡᠭᠡᠵᠦ ᠬᠥᠳᠡᠯᠬᠦ ᠯᠠᠪ ᠡᠳᠦᠷ ᠢ᠋ ᠣᠯᠵᠤ ᠢᠷᠡᠭᠦᠯᠪᠡ᠃ ᠯᠢ ᠠᠨ ᠴᠢᠣᠸᠠᠨ᠂ ᠥᠪᠡᠷᠦᠨ ᠪᠡᠶ᠎ᠡ ᠲᠡᠷᠢᠭᠦᠯᠡᠨ ᠥᠬᠢᠨ ᠬᠥᠪᠡᠭᠦᠨ ᠪᠠ ᠭᠤᠷᠪᠠᠨ ᠬᠦᠷᠢᠶ᠎ᠡ ᠠᠪᠠ ᠶ᠋ᠢᠨ ᠴᠡᠷᠢᠭ ᠠᠪᠴᠤ᠂ ᠪᠧᠲ᠋ᠠ᠋ ᠤᠯᠤᠰ ᠤ᠋ᠨ ᠴᠡᠷᠢᠭ ᠡᠭᠡᠮᠡᠭᠴᠡ ᠳᠠᠷᠤᠢ ᠵᠢᠷᠯᠤᠭ ᠬᠣᠲᠠ ᠳ᠋ᠤᠷ ᠣᠷᠣᠵᠤ ᠰᠠᠭᠤᠭᠠᠳ᠂ ᠮᠥᠨ ᠬᠦ᠌ ᠠᠬᠠᠢ ᠨᠣᠶᠠᠨ ᠤ᠋ ᠬᠥᠪᠡᠭᠦᠨ ᠢ᠋ᠶ᠋ᠡᠷ ᠪᠠᠰᠠ ᠲᠠᠪᠤᠨ ᠮᠢᠩᠭᠠᠨ ᠯᠠᠩ ᠮᠥᠩᠭᠥ ᠪᠠᠷᠢᠭᠤᠯᠤᠨ ᠵᠢᠨᠦᠩ ᠮᠤᠬᠤᠯᠢ ᠳ᠋ᠤᠷ ᠬᠥᠷᠭᠡᠭᠦᠯᠦᠨ᠄《ᠯᠢ ᠠᠨ ᠴᠢᠤᠸᠠᠨ ᠨᠡᠷ᠎ᠡ ᠶ᠋ᠢᠨ ᠲᠡᠳᠦᠢ ᠶ᠋ᠢ ᠠᠪᠬᠤᠢ ᠶ᠋ᠢᠨ ᠲᠤᠯᠠ ᠢᠷᠡᠭᠰᠡᠨ ᠪᠣᠢ ᠶᠠ᠂ ᠪᠠᠢᠯᠳᠤᠬᠤᠢ ᠶ᠋ᠢᠨ ᠲᠤᠯᠠᠳᠠ ᠢᠷᠡᠭᠰᠡᠨ ᠦᠭᠡᠢ 》ᠬᠡᠮᠡᠬᠦ ᠦᠨᠡᠨ ᠤᠴᠢᠷ ᠢ᠋ᠶ᠋ᠠᠨ ᠢᠯᠡᠳᠬᠡᠨ ᠬᠡᠯᠡᠭᠦᠯᠵᠦᠬᠦᠢ᠃
ᠡᠨᠳᠡᠭᠡ ᠲᠠᠩᠭᠤᠳ ᠤᠯᠤᠰ ᠤ᠋ᠨ ᠲᠥᠷᠥ ᠳ᠋ᠦ᠍ᠷ ᠶᠦᠸᠠᠢ ᠸᠠᠩ – ᠯᠢ ᠠᠨ ᠴᠢᠣᠸᠠᠨ᠂ ᠯᠢ ᠼᠦᠨ ᠢᠣ ᠭᠡᠨᠡᠳᠲᠡ ᠰᠡᠬᠡᠰᠬᠢᠵᠦ ᠪᠠᠢᠴᠠᠭᠠᠬᠤᠢ ᠳ᠋ᠤᠷ ᠪᠡᠯᠡᠳᠬᠡᠵᠦ᠂ 《ᠪᠧᠲ᠋ᠠ᠋ ᠤᠯᠤᠰ ᠲᠤᠷ ᠠᠪᠲᠠᠭᠰᠠᠨ ᠵᠢᠷᠯᠤᠭ ᠬᠣᠲᠠ᠂ ᠯᠢ ᠵᠢᠢ ᠯᠢ ᠬᠣᠷᠣᠭ᠎ᠠ ᠶ᠋ᠢ ᠡᠭᠡᠭᠦᠯᠦᠨ ᠠᠪᠤᠪᠠ 》ᠭᠡᠮᠡᠨ ᠨᠤᠭᠤᠯᠪᠤᠷᠢ ᠶᠠᠪᠤᠭᠤᠯᠤᠨ ᠰᠡᠵᠢᠭᠯᠡᠭᠦᠯᠬᠦ ᠦᠭᠡᠢ ᠪᠣᠯᠭᠠᠭᠠᠳ ᠂ ᠲᠠᠩᠭᠤᠳ ᠤᠯᠤᠰ ᠤ᠋ᠨ ᠲᠦᠰᠢᠮᠡᠯ ᠴᠡᠷᠢᠭ ᠪᠠ ᠵᠠᠭᠤᠨ ᠣᠪᠣᠭᠲᠠᠨ ᠤ᠋ ᠰᠡᠳᠬᠢᠯ ᠢ᠋ ᠠᠮᠤᠷ ᠪᠣᠯᠭᠠᠨ᠂ ᠤᠯᠤᠰ ᠤ᠋ᠨ ᠡᠷᠬᠡ ᠶ᠋ᠢ ᠠᠳᠬᠤᠬᠤ ᠶ᠋ᠢ ᠲᠤᠭᠤᠷᠪᠢᠮᠤᠢ᠃ ᠡᠨᠡ ᠢᠨᠣ 《ᠠᠰᠤᠷᠤ ᠰᠡᠴᠡᠨ ᠵᠢᠶᠦ᠋ᠨ ᠵᠣ ᠠᠬᠠᠢ ᠨᠣᠶᠠᠨ ᠢ᠋ ᠦᠵᠡᠮᠡᠭᠴᠡ᠂ ᠠᠪᠤ ᠸᠠᠩ ᠢ᠋ᠶ᠋ᠠᠨ ᠠᠷᠭ᠎ᠠ ᠪᠠᠷ ᠠᠳᠬᠤᠬᠤ ᠠᠷᠭ᠎ᠠ ᠶ᠋ᠢ ᠪᠣᠳᠣᠵᠤ ᠭᠠᠷᠭᠠᠪᠠ 》 ᠭᠡᠮᠡᠨ《ᠬᠥᠬᠡ ᠰᠤᠳᠤᠷ 》 ᠲᠡᠮᠳᠡᠭᠯᠡᠵᠦᠬᠦᠢ᠃
ᠡᠨᠡ ᠤᠳᠠᠭ᠎ᠠ ᠶ᠋ᠢᠨ ᠠᠬᠠᠢ ᠨᠣᠶᠠᠨ ᠤ᠋ ᠨᠠᠪᠲᠠᠷᠬᠠᠢ ᠳᠠᠬᠤ ᠶ᠋ᠢᠨ ᠮᠡᠳᠡᠭᠡ ᠬᠡᠮᠡᠭᠴᠢ ᠳᠠᠷᠤᠢ ᠡᠨᠡ ᠲᠠᠪᠤᠨ ᠮᠢᠩᠭᠠᠨ ᠯᠠᠩ ᠮᠥᠩᠭᠥᠨ ᠦ᠌ ᠤᠴᠢᠷ ᠢ᠋ ᠵᠢᠨᠦᠩ ᠮᠤᠬᠤᠯᠢ ᠲᠠᠢᠽᠦ ᠳ᠋ᠦ᠍ᠷ ᠲᠣᠳᠣᠷᠬᠠᠢᠯᠠᠨ ᠮᠡᠳᠡᠭᠦᠯᠪᠡ ᠤᠤ᠂ ᠦᠭᠡᠢ ᠤᠤ ᠶ᠋ᠢ ᠮᠡᠳᠡᠭᠡ ᠠᠪᠤᠷᠠ ᠢᠷᠡᠭᠰᠡᠨ ᠮᠡᠳᠡᠭᠡ ᠪᠥᠭᠡᠳ ᠪᠠᠰᠠ ᠳᠡᠭᠦᠨᠦ ᠲᠠᠩᠭᠤᠳ ᠤᠯᠤᠰ ᠤ᠋ᠨ ᠬᠠᠭᠠᠨ ᠡᠵᠡᠨ ᠢ᠋ᠶ᠋ᠡᠨ ᠤᠰᠤᠲᠤ ᠨᠠᠭᠤᠷ ᠲᠤᠷ ᠳᠡᠭᠳᠡᠮᠡᠯ ᠬᠥᠪᠭᠡᠮᠡᠯ ᠬᠦᠷᠢᠶᠡᠯᠡᠩ ᠪᠠᠢᠭᠤᠯᠤᠨ ᠬᠡᠳᠦᠨ ᠵᠠᠭᠤᠨ ᠲᠦᠮᠡᠨ ᠯᠠᠩ ᠤ᠋ᠨ ᠨᠠᠭᠠᠳᠤᠮ ᠢ᠋ᠶ᠋ᠠᠷ ᠨᠠᠭᠠᠳᠤᠯᠴᠠᠨ ᠵᠢᠷᠭᠠᠵᠤ ᠪᠠᠢᠬᠤ ᠮᠡᠳᠡᠭᠡ ᠯᠦ᠍ᠭᠡ ᠬᠠᠮᠲᠤ ᠬᠦᠷᠭᠡᠵᠦ ᠢᠷᠡᠭᠰᠡᠨ ᠠᠵᠤᠭᠤ᠃
ᠲᠡᠳᠦᠢ ᠲᠠᠢᠽᠦ ᠡᠳᠡᠭᠡᠷ ᠤᠴᠢᠷ ᠤᠴᠢᠷ ᠢ᠋ ᠪᠤᠭᠤᠷᠵᠢ ᠶ᠋ᠢᠨ ᠮᠡᠳᠡᠭᠦᠯᠬᠦᠢ ᠳ᠋ᠦ᠍ᠷ ᠴᠥᠮ ᠣᠯᠵᠤ ᠰᠣᠨᠣᠰᠤᠭᠠᠳ ᠥᠴᠦᠬᠡᠨ ᠮᠦᠰᠢᠶᠡᠵᠦ ᠵᠠᠬᠢᠭᠰᠠᠨ ᠠᠨᠤ᠄
《ᠠᠢᠯ ᠳ᠋ᠤᠷ ᠰᠢᠩᠰᠢᠬᠦ ᠦᠨᠡᠭᠡ ᠴᠢᠨᠣ᠎ᠠ
ᠠᠭᠤᠯᠠᠨ᠎ᠠ ᠰᠢᠷᠭᠤᠬᠤ ᠪᠠᠷᠰ ᠢᠷᠪᠢᠰ ᠢ᠋
ᠠᠶᠤᠮᠠᠲᠠᠭᠠᠢ ᠪᠣᠯᠭᠠᠨ ᠡᠯᠡᠭᠯᠡᠨᠡᠮ ᠪᠥᠭᠡᠳ
ᠠᠭᠠᠰᠢ ᠵᠠᠩ ᠢ᠋ ᠪᠠᠰᠠ ᠰᠡᠵᠢᠭᠯᠡᠮᠦᠢ
ᠬᠡᠮᠡᠭᠴᠢ ᠴᠢᠪ ᠴᠢᠬᠡ ᠡᠭᠦᠨ ᠢ᠋ ᠬᠡᠯᠡᠭᠰᠡᠨ ᠢᠨᠣ ᠪᠤᠶᠤ᠂ ᠮᠢᠩᠭᠠᠨ ᠠᠭᠤᠯᠠ ᠲᠦᠮᠡᠨ ᠭᠣᠣᠯ ᠢ᠋ ᠡᠵᠡᠯᠡᠬᠦ ᠰᠠᠨᠠᠭᠠᠲᠤ ᠮᠤᠬᠤᠯᠢ ᠮᠢᠨᠦ ᠵᠠᠭᠤᠬᠠᠨ ᠥᠯᠥᠭᠡᠢ ᠮᠥᠩᠭᠥ ᠶ᠋ᠢ ᠨᠠᠳᠠ ᠠ᠋ᠴᠠ ᠳᠠᠯᠳᠠᠯᠠᠨ ᠠᠪᠬᠤ ᠶᠣᠰᠣ ᠪᠣᠢ ᠤᠤ? 》ᠭᠡᠮᠡᠨ᠂ ᠠᠬᠠᠢ ᠨᠣᠶᠠᠨ ᠤ᠋ ᠮᠤᠬᠤᠯᠢ ᠳ᠋ᠤᠷ ᠪᠠᠷᠢᠭᠰᠠᠨ ᠮᠡᠳᠡᠭᠡᠨ ᠦ᠌ ᠲᠡᠮᠳᠡᠭ ᠪᠢᠴᠢᠭ ᠢ᠋ ᠠᠪᠴᠤ ᠪᠤᠭᠤᠷᠵᠢ ᠳ᠋ᠤᠷ ᠥᠭᠴᠦ᠂ ᠡᠭᠡᠭᠦᠯᠦᠨ ᠢᠯᠡᠭᠡᠵᠦ᠂《ᠲᠤᠰ ᠡᠵᠡᠨ ᠢ᠋ᠶ᠋ᠡᠷ ᠢᠨᠦ ᠲᠠᠨᠢᠭᠤᠯᠤᠨ ᠦᠵᠡᠭᠦᠯᠵᠦ᠂ ᠵᠢᠨᠦᠩ ᠦ᠋ᠨ ᠪᠠᠲᠤ ᠢᠲᠡᠭᠡᠮᠵᠢ ᠶ᠋ᠢ ᠢᠨᠤ ᠬᠢᠵᠠᠭᠠᠷ ᠤ᠋ᠨ ᠭᠠᠳᠠᠨ᠎ᠠ ᠮᠡᠳᠡᠭᠦᠯᠦᠨ ᠪᠢᠰᠢᠷᠡᠭᠦᠯᠲᠦᠭᠡᠢ !》ᠬᠡᠮᠡᠪᠡ᠃ ᠡᠭᠦᠨ ᠳ᠋ᠦ᠍ᠷ ᠬᠢᠵᠠᠭᠠᠷ ᠤ᠋ᠨ ᠭᠠᠳᠠᠨ᠎ᠠ ᠪᠦᠬᠦᠢ ᠲᠠᠩᠭᠤᠳ ᠤᠯᠤᠰ ᠤ᠋ᠨ ᠯᠢ ᠠᠨ ᠴᠢᠤᠸᠠᠨ ᠠ᠋ᠴᠠ ᠲᠡᠷᠢᠭᠦᠯᠡᠨ ᠮᠤᠬᠤᠯᠢ ᠶ᠋ᠢ ᠭᠠᠢᠬᠠᠨ ᠪᠢᠰᠢᠷᠡᠭᠰᠡᠨ ᠢ᠋ ᠴᠦ᠍ ᠪᠠᠢᠲᠤᠭᠠᠢ᠂ ᠪᠧᠲ᠋ᠠ᠋ ᠤᠯᠤᠰ ᠤ᠋ᠨ ᠳᠥᠷᠪᠡᠨ ᠳᠡᠭᠦᠦ᠂ ᠳᠥᠷᠪᠡᠨ ᠲᠠᠢᠽᠢ ᠠ᠋ᠴᠠ ᠳᠠᠷᠠᠭᠠᠯᠠᠨ᠂ ᠰᠤᠯᠠ ᠴᠡᠷᠢᠭ᠂ ᠬᠤᠶᠠᠭ ᠠᠷᠠᠳ᠂ ᠠᠯᠪᠠᠲᠤ ᠵᠠᠷᠤᠴᠠ ᠳ᠋ᠤᠷ ᠬᠦᠷᠲᠡᠯ᠎ᠡ ᠡᠵᠡᠨ ᠵᠢᠨᠦᠩ ᠬᠣᠶᠠᠭᠤᠯᠠ ᠶ᠋ᠢᠨ ᠨᠠᠷᠢᠨ ᠨᠢᠭᠲᠠ ᠪᠠ ᠦᠰᠦ ᠬᠢᠯᠭᠠᠰᠤᠨ ᠤ᠋ ᠲᠡᠳᠦᠢ ᠴᠦ᠍ ᠦᠯᠦ ᠨᠡᠪᠲᠡᠷᠡᠨ ᠦᠯᠦ ᠮᠡᠳᠡᠯᠴᠡᠬᠦ ᠢᠨᠤ ᠦᠭᠡᠢ ᠭᠡᠮᠡᠨ ᠦᠨᠡᠮᠰᠢᠨ ᠪᠢᠰᠢᠷᠡᠵᠦ᠂ ᠶᠡᠬᠡᠯ᠎ᠡ ᠭᠠᠢᠬᠠᠨ ᠪᠠᠰᠠᠴᠤ ᠶᠡᠬᠡᠯ᠎ᠡ ᠠᠶᠤᠯᠳᠤᠨ ᠰᠢᠷᠪᠡᠭᠡᠲᠦᠵᠦ᠂ ᠵᠢᠨᠦᠩ ᠮᠤᠬᠤᠯᠢ ᠶ᠋ᠢᠨ ᠮᠣᠬᠣᠰᠢ ᠦᠭᠡᠢ ᠣᠶᠤᠨ ᠤᠬᠠᠭᠠᠨ ᠠᠨᠤ ᠬᠤᠪᠢᠯᠭᠠᠨ ᠰᠠᠬᠢᠭᠤᠯᠰᠤᠨ ᠮᠡᠲᠦ ᠶ᠋ᠢ ᠴᠦ᠍ ᠪᠠᠢᠲᠤᠭᠠᠢ᠂ ᠳᠣᠲᠣᠭᠠᠳᠤ ᠣᠷᠳᠣᠨ ᠤ᠋ ᠲᠥᠪ ᠰᠢᠷᠡᠭᠡᠨ ᠦ᠌ ᠪᠦᠷᠲᠡᠭᠡᠯᠵᠢᠨ ᠬᠠᠲᠤᠨ ᠤᠯᠤᠰ ᠤ᠋ᠨ ᠡᠬᠡ ᠴᠦ᠍ ᠡᠵᠡᠨ ᠦ᠌ ᠭᠦᠨ ᠳᠠᠯᠳᠠ ᠰᠠᠨᠠᠭ᠎ᠠ ᠵᠢᠰᠢᠯᠲᠡ ᠶ᠋ᠢ ᠢᠨᠤ ᠵᠢᠨᠦᠩ ᠮᠤᠬᠤᠯᠢ ᠠ᠋ᠴᠠ ᠵᠥᠪᠯᠡᠰᠦᠨ ᠠᠰᠠᠭᠤᠳᠠᠭ ᠢ᠋ ᠰᠠᠶᠢ ᠣᠯᠵᠤ ᠮᠡᠳᠡᠯᠴᠡᠭᠡᠳ᠂ ᠤᠯᠤᠰ ᠤ᠋ᠨ ᠬᠣᠲᠠᠯᠠᠭᠠᠷ ᠤ᠋ᠨ ᠡᠩ ᠦ᠋ᠨ ᠠᠢᠯ ᠠᠢᠮᠠᠭ ᠤ᠋ᠨ ᠥᠪᠡᠷ ᠵᠠᠭᠤᠷ᠎ᠠ ᠶ᠋ᠢᠨ ᠬᠡᠷᠡᠭᠦᠯ ᠲᠡᠮᠡᠴᠡᠯ᠂ ᠬᠡᠷᠡᠭ ᠵᠠᠷᠭᠤ᠂ ᠵᠢᠭᠤᠷᠭᠠᠨ ᠵᠣᠳᠣᠭᠠᠨ ᠢᠯᠭᠠᠷᠠᠨ ᠲᠠᠰᠤᠯᠤᠭᠳᠠᠬᠤ ᠦᠭᠡᠢ ᠪᠣᠯᠪᠠᠰᠤ ᠵᠠᠭᠤᠨ ᠮᠢᠩᠭᠠᠨ ᠭᠠᠵᠠᠷ ᠤ᠋ᠨ ᠬᠣᠯᠠ ᠠ᠋ᠴᠠ ᠵᠢᠨᠦᠩ ᠮᠤᠬᠤᠯᠢ ᠶ᠋ᠢᠨ ᠵᠦᠭ ᠬᠠᠨᠳᠤᠨ ᠰᠥᠭᠥᠳᠴᠦ᠄《ᠵᠠᠶᠠᠭᠠᠲᠤ ᠵᠢᠨᠦᠩ ᠦ᠋ᠨ ᠵᠢᠪᠬᠤᠯᠠᠩ ᠠᠢᠯᠠᠳᠪᠠᠰᠤ᠂ ᠡᠵᠡᠨ ᠦ᠌ ᠮᠢᠨᠦ ᠰᠦᠯᠳᠡ ᠳᠠᠷᠤᠢ ᠢᠯᠡᠳᠲᠡ ᠦᠵᠡᠭᠦᠯᠦᠮᠦᠢ 》ᠭᠡᠮᠡᠨ ᠨᠡᠷ᠎ᠡ ᠶ᠋ᠢ ᠪᠢᠴᠢᠯᠴᠡᠨ ᠪᠠᠷᠬᠢᠷᠠᠨ ᠤᠬᠢᠯᠠᠪᠠᠰᠤ᠂ ᠳᠡᠮᠡᠢ ᠤᠳᠠᠬᠤ ᠦᠭᠡᠢ ᠦᠨᠡᠨ ᠴᠠᠭᠠᠨ ᠠᠨᠤ ᠢᠯᠭᠠᠷᠠᠨ ᠭᠠᠷᠬᠤ ᠲᠤᠯᠠ᠂ ᠶᠡᠬᠡ ᠭᠠᠴᠢᠭᠳᠠᠯ ᠳ᠋ᠤᠷ ᠤᠴᠠᠷᠠᠪᠠᠰᠤ᠂ ᠳᠠᠭᠤᠳᠠᠯᠴᠠᠨ ᠨᠢᠭᠤᠨ ᠳᠠᠭᠢᠯᠴᠠᠭᠰᠠᠨ ᠢ᠋ ᠵᠢᠨᠦᠩ ᠮᠤᠬᠤᠯᠢ ᠮᠡᠳᠡᠭᠰᠡᠨ ᠦᠭᠡᠢ ᠪᠠᠢᠵᠤ᠂ ᠡᠨᠡ ᠤᠳᠠᠭ᠎ᠠ ᠶᠡᠬᠡ ᠮᠠᠨᠳᠠᠯ ᠴᠣᠭᠴᠠᠯᠠᠨ ᠰᠢᠷᠣᠢ ᠶ᠋ᠢᠨ ᠭᠠᠵᠠᠷ᠎ᠠ ᠰᠠᠭᠤᠵᠤ ᠣᠯᠠᠨ ᠢᠷᠭᠡᠨ ᠦ᠌ ᠬᠡᠷᠡᠭ ᠵᠠᠷᠭᠤ ᠶ᠋ᠢ ᠰᠢᠳᠬᠡᠨ ᠳᠠᠭᠤᠰᠬᠠᠬᠤᠶᠠ ᠣᠯᠠᠨ ᠠᠷᠠᠳ ᠢᠷᠭᠡᠳ ᠦ᠋ᠨ ᠢᠲᠡᠭᠡᠮᠵᠢᠯᠡᠨ ᠪᠢᠰᠢᠷᠡᠬᠦ ᠢᠨᠦ ᠠᠰᠤᠷᠤ ᠨᠡᠮᠡᠭᠡᠰᠦᠲᠡᠢ ᠶ᠋ᠢ ᠦᠵᠡᠭᠡᠳ᠂ ᠳᠣᠲᠣᠷ᠎ᠠ ᠪᠠᠨ ᠰᠡᠵᠢᠭ ᠲᠥᠷᠥᠨ ᠬᠡᠳᠦᠨ ᠵᠦᠢᠯ ᠦ᠋ᠨ ᠥᠴᠦᠬᠡᠨ ᠵᠠᠷᠭᠤ ᠶ᠋ᠢ ᠲᠤᠬᠠᠢᠯᠠᠨ ᠪᠤᠷᠤᠭᠤ ᠪᠠᠷ ᠰᠢᠳᠬᠡᠨ ᠵᠠᠬᠢᠪᠠᠴᠤ ᠂ ᠬᠣᠶᠠᠷ ᠡᠲᠡᠭᠡᠳ ᠮᠥᠨ ᠲᠡᠮᠡᠴᠡᠬᠦ ᠦᠭᠡᠢ ᠪᠡᠷ ᠳᠠᠭᠠᠬᠤᠢ ᠳ᠋ᠤᠷ ᠬᠢᠯᠢᠰ ᠰᠢᠳᠬᠡᠯ ᠬᠦᠯᠢᠶᠡᠭᠰᠡᠨ ᠬᠥᠮᠦᠨ ᠢ᠋ ᠳᠠᠭᠤᠳᠠᠨ ᠠᠴᠢᠷᠠᠵᠤ᠄
《 ᠶᠠᠭᠤᠨ ᠤ᠋ ᠤᠴᠢᠷ ᠢᠪ ᠢᠯᠡᠷᠬᠡᠢ ᠬᠢᠯᠢᠰ ᠪᠥᠭᠡᠲᠡᠯ᠎ᠡ ᠦᠯᠦ ᠳᠤᠤᠭᠠᠷᠤᠮᠤᠢ ? 》 ᠭᠡᠮᠡᠨ ᠨᠡᠬᠡᠮᠵᠢᠯᠡᠨ ᠠᠰᠠᠭᠤᠬᠤᠢ ᠳ᠋ᠤᠷ᠄《 ᠳᠠᠯᠳᠠ ᠠ᠋ᠴᠠ ᠪᠠᠷᠬᠢᠷᠠᠨ ᠳᠠᠭᠤᠳᠠᠪᠠᠴᠤ ᠮᠤᠰᠬᠢᠭᠳᠠᠯ ᠠᠨᠤ ᠠᠯᠳᠠᠷᠠᠬᠤ ᠠᠲᠠᠯ᠎ᠠ᠂ ᠡᠳᠦᠭᠡ ᠵᠢᠨᠦᠩ ᠥᠪᠡᠷᠦᠨ ᠪᠡᠶ᠎ᠡ ᠪᠡᠷ ᠰᠢᠳᠬᠡᠭᠰᠡᠨ ᠢ᠋ ᠵᠥᠷᠢᠴᠡᠪᠡᠰᠦ ᠪᠣᠯᠤᠮᠤᠢ ᠤᠤ ?》ᠭᠡᠮᠡᠨ ᠬᠡᠯᠡᠭᠰᠡᠨ ᠡᠴᠡ ᠵᠢᠨᠦᠩ ᠮᠤᠬᠤᠯᠢ ᠶ᠋ᠢ ᠬᠣᠯᠭᠣᠨ ᠲᠠᠬᠢᠭᠰᠠᠨ ᠢ᠋ ᠪᠠᠢᠴᠠᠭᠠᠨ ᠣᠯᠵᠤ ᠮᠡᠳᠡᠭᠡᠳ ᠮᠤᠬᠤᠯᠢ ᠶᠡᠬᠡᠯ᠎ᠡ ᠠᠶᠤᠵᠤ᠄《 ᠡᠳᠡᠭᠡᠷ ᠮᠤᠩᠬᠠᠭ ᠤ᠋ᠳ ᠨᠠᠮᠠᠶᠢ ᠠᠯᠠᠬᠤ ᠶᠠᠯ᠎ᠠ ᠳ᠋ᠤᠷ ᠤᠨᠠᠭᠠᠬᠤ ᠪᠣᠯᠭᠠᠪᠠᠢ !》ᠭᠡᠮᠡᠨ ᠨᠢᠭᠡᠲᠡᠭᠡᠭᠦᠷ ᠴᠡᠷᠢᠭ ᠦ᠋ᠨ ᠠᠷᠠᠳ ᠤ᠋ᠨ ᠵᠠᠭᠤᠨ ᠬᠥᠮᠥᠨ᠎ᠡ ᠵᠠᠬᠢᠶ᠎ᠠ ᠪᠠᠷᠢᠭᠤᠯᠤᠨ ᠵᠠᠭᠤᠨ ᠵᠠᠮ ᠬᠤᠪᠢᠶᠠᠯᠭᠠᠨ ᠭᠠᠷᠭᠠᠵᠤ᠂ ᠪᠢᠴᠢᠵᠦ ᠲᠠᠬᠢᠭᠰᠠᠨ ᠨᠡᠷ᠎ᠡ ᠶ᠋ᠢᠨ ᠫᠠᠢᠰᠠ ᠶ᠋ᠢ ᠰᠢᠲᠠᠭᠠᠯᠭᠠᠭᠠᠳ ᠨᠢᠭᠡᠨᠲᠡᠭᠡᠭᠦᠷ᠂ ᠰᠤᠷᠬᠠᠨ ᠰᠢᠷ᠎ᠠ ᠪᠠᠷ ᠲᠠᠢᠽᠦ ᠡᠴᠡ ᠶᠠᠯ᠎ᠠ ᠭᠤᠶᠤᠷ᠎ᠠ ᠢᠯᠡᠭᠡᠭᠰᠡᠨ᠎ᠡ᠂ ᠲᠠᠢᠽᠦ ᠪᠡᠶᠡᠰᠦᠨ ᠰᠠᠢᠰᠢᠶᠠᠵᠤ ᠮᠠᠩᠯᠠᠢ ᠳ᠋ᠠᠭᠠᠨ ᠵᠠᠯᠪᠠᠷᠢᠨ ᠵᠠᠬᠢᠷᠤᠨ᠄
ᠲᠡᠭᠷᠢ ᠡᠴᠢᠭᠡ ᠶ᠋ᠢᠨ ᠮᠢᠨᠦ ᠲᠡᠳᠭᠦᠭᠦᠯᠡᠷᠡ ᠢᠯᠡᠭᠡᠭᠰᠡᠨ
ᠲᠡᠭᠦᠰ ᠲᠠᠰᠤᠷᠬᠠᠢ ᠴᠢᠩ ᠪᠠᠭᠠᠲᠤᠷ ᠲᠦᠰᠢᠮᠡᠯ
ᠬᠡᠮᠡᠵᠦ ᠮᠤᠬᠤᠯᠢ ᠶ᠋ᠢᠨ ᠵᠢᠨᠦᠩ ᠦ᠋ᠨ ᠵᠡᠷᠭᠡ ᠶ᠋ᠢ ᠲᠦᠷ ᠡᠪᠳᠡᠵᠦ᠂ ᠮᠢᠩᠭᠠᠨ ᠬᠣᠨᠢ ᠪᠠᠷ ᠶᠠᠯᠠᠯᠠᠵᠤ ᠤᠯᠤᠰ ᠤ᠋ᠨ ᠳᠣᠲᠣᠷ᠎ᠠ ᠮᠢᠬ᠎ᠠ ᠶ᠋ᠢᠨ ᠪᠣᠷᠴᠠ ᠲᠦᠭᠡᠭᠡᠯᠭᠡᠨ᠂ ᠵᠢᠨᠦᠩ ᠦ᠋ᠨ ᠶᠠᠯᠠᠳᠠᠭᠳᠠᠭᠰᠠᠨ ᠢ᠋ ᠮᠡᠳᠡᠭᠦᠯᠦᠭᠰᠡᠨ ᠳ᠋ᠦ᠍ᠷ ᠄《ᠵᠠᠭᠤᠨ ᠠᠢᠮᠠᠭᠲᠠᠨ ᠪᠢᠳᠡ ᠵᠢᠨᠦᠩ ᠢ᠋ᠶ᠋ᠡᠨ ᠰᠠᠨᠠᠭᠰᠠᠨ ᠦᠭᠡᠢ ᠬᠠᠷᠢᠨ ᠵᠠᠨᠤᠵᠠᠢ 》ᠬᠡᠮᠡᠯᠳᠦᠨ᠂ ᠵᠠᠭᠤᠨ ᠴᠡᠷᠢᠭ ᠦ᠋ᠨ ᠵᠠᠷᠯᠠᠯ ᠡᠰᠡ ᠬᠦᠷᠦᠭᠰᠡᠨ ᠭᠠᠵᠠᠷ ᠪᠣᠯᠪᠠᠴᠤ᠂ ᠲᠠᠬᠢᠭᠰᠠᠨ ᠫᠠᠢᠰᠠ ᠪᠠᠨ ᠴᠥᠮ ᠰᠢᠲᠠᠭᠠᠯᠴᠠᠪᠠᠢ᠃
ᠲᠡᠳᠦᠢ ᠠᠷᠪᠠᠨ ᠰᠠᠷ᠎ᠠ ᠡᠬᠢᠯᠡᠵᠦ᠂ ᠮᠤᠬᠤᠯᠢ ᠶ᠋ᠢᠨ ᠭᠤᠶᠤᠭᠰᠠᠨ ᠶᠠᠯ᠎ᠠ ᠶ᠋ᠢ ᠨᠢᠭᠡᠨ ᠰᠠᠷ᠎ᠠ ᠳ᠋ᠤᠷ ᠬᠦᠷᠦᠭᠦᠯᠦᠭᠰᠡᠨ ᠦᠭᠡᠢ᠂ ᠠᠷᠪᠠᠨ ᠶᠢᠰᠦᠨ ᠡᠳᠦᠷ ᠳᠡᠭᠡᠷ᠎ᠡ ᠶᠠᠯ᠎ᠠ ᠲᠠᠢᠯᠬᠤ ᠵᠠᠷᠯᠢᠭ ᠤ᠋ᠨ ᠡᠯᠴᠢ ᠰᠠᠢᠬᠠᠨ ᠰᠤᠷᠲᠠᠯᠲᠤ ᠳᠣᠪᠲᠣᠯᠤᠨ ᠬᠦᠷᠴᠦ ᠢᠷᠡᠭᠰᠡᠨ ᠳ᠋ᠦ᠍ᠷ ᠵᠢᠨᠦᠩ ᠮᠤᠬᠤᠯᠢ ᠶᠡᠬᠡᠯ᠎ᠡ ᠰᠣᠴᠢᠵᠤ᠂ ᠴᠢᠷᠠᠢ ᠠᠯᠲᠠᠨ ᠨᠢᠳᠦᠨ ᠳ᠋ᠡᠭᠡᠨ ᠨᠢᠯᠪᠤᠰᠤᠨ ᠬᠠᠪᠴᠢᠭᠤᠯᠵᠤ᠄
《ᠪᠢ ᠡᠳᠦᠭᠡ ᠭᠤᠴᠢᠨ ᠵᠢᠷᠭᠤᠭᠠᠨ ᠨᠠᠰᠤᠲᠠᠢ᠂ ᠦᠵᠡᠰᠡ ᠪᠢ ᠣᠳᠣ ᠡᠵᠡᠨ ᠳ᠋ᠡᠭᠡᠨ ᠠᠷᠪᠠᠨ ᠶᠢᠰᠦᠬᠡᠨ ᠵᠢᠯ ᠬᠦᠴᠦᠨ ᠢ᠋ᠶ᠋ᠡᠨ ᠪᠠᠷᠢᠬᠤ ᠠᠵᠤᠭᠤ᠃ ᠠᠶ᠎ᠠ ᠶᠠᠭᠤᠲᠠᠢ ᠬᠠᠢᠷᠬᠠᠨ !》 ᠬᠡᠮᠡᠵᠦ ᠬᠡᠰᠢᠭ ᠲᠣᠷ ᠮᠥᠷᠭᠥᠵᠦ᠂ ᠶᠡᠬᠡ ᠬᠣᠲᠠ ᠮᠠᠨᠳᠠᠯ ᠪᠦᠲᠦᠭᠰᠡᠨ ᠶᠡᠬᠡ ᠪᠠᠶᠠᠷ ᠤ᠋ᠨ ᠶᠣᠰᠣᠭᠠᠷ᠂ ᠶᠡᠬᠡ ᠴᠡᠷᠢᠭ ᠡᠭᠡᠵᠦ ᠪᠠᠶᠠᠰᠬᠤᠯᠠᠩ ᠤ᠋ᠨ ᠶᠣᠰᠣᠭᠠᠷ ᠮᠥᠷᠭᠥᠵᠦ ᠶᠡᠬᠡ ᠬᠤᠷᠢᠮ ᠬᠤᠷᠢᠮᠯᠠᠪᠠ ᠃ ᠡᠳᠡᠭᠡᠷ ᠤᠴᠢᠷ ᠢ᠋ ᠣᠯᠠᠨ ᠰᠠᠢᠳ ᠲᠦᠰᠢᠮᠡᠳ ᠶᠡᠬᠡᠯ᠎ᠡ ᠰᠣᠨᠢᠷᠬᠠᠨ ᠶᠠᠭᠤ ᠶᠠᠭᠤᠨ ᠢ᠋ ᠡᠰᠡ ᠮᠡᠳᠡᠯᠴᠡᠪᠡ᠃
ᠰᠥᠷᠭᠡᠦ ᠬᠠᠨ ᠲᠦᠸᠧ ᠵᠧᠦ ᠪᠤᠷᠤᠭᠤ ᠪᠠᠷ ᠲᠠᠢᠯᠤᠨ ᠭᠠᠪᠢᠶ᠎ᠠ ᠵᠢᠳᠬᠦᠯᠭᠡ ᠪᠣᠯᠭᠠᠬᠤᠶ᠎ᠠ
ᠰᠦᠰᠦᠭᠲᠦ ᠮᠤᠬᠤᠯᠢ ᠶᠠᠯᠠᠯᠠᠯ ᠢ᠋ ᠭᠤᠶᠤᠵᠤ ᠥᠯᠵᠡᠢ ᠤᠷᠲᠤᠳᠠᠬᠤ ᠪᠡᠯᠭᠡᠯᠡᠯ ᠪᠣᠯᠭᠠᠵᠤᠬᠤᠢ᠃
ᠰᠦᠯᠪᠡᠭᠡᠲᠦ ᠴᠢᠦᠢ ᠴᠦ ᠯᠢᠦᠢ ᠰᠦᠷᠦᠭᠯᠡᠨ ᠴᠤᠭᠯᠠᠵᠤ ᠪᠧᠲ᠋ᠠ᠋ ᠤᠯᠤᠰ ᠲᠤᠷ ᠡᠷᠭᠦᠨ ᠪᠠᠷᠢᠪᠠᠢ᠃
ᠰᠥᠨᠥᠭᠡᠯᠳᠦ ᠯᠢ ᠼᠦᠨ ᠢᠦ ᠶ᠋ᠢᠨ ᠭᠦᠪᠡᠭᠡᠯᠡᠨ ᠳᠡᠭᠳᠡᠬᠦ ᠬᠤᠪᠢᠯᠭᠠᠨ ᠤ᠋ ᠬᠤᠷᠠᠯ ᠴᠢᠭᠤᠯᠭᠠᠨ ᠢ᠋ᠶ᠋ᠠᠷ ᠬᠤᠷᠢᠮᠯᠠᠪᠠ᠃
ᠬᠥᠬᠡᠭᠴᠢᠨ ᠦᠬᠡᠷ ᠵᠢᠯ᠂ ᠡᠨᠡ ᠬᠤᠪᠢᠯᠭᠠᠨ ᠤ᠋ ᠬᠤᠷᠠᠯ ᠲᠦᠷ ᠬᠤᠷᠢᠶᠠᠭᠠᠳ᠂ ᠬᠣᠢᠲᠤ ᠳᠡᠪᠲᠡᠷ ᠦ᠋ᠨ ᠤᠯᠠᠭᠠᠨ ᠪᠠᠷᠰ ᠵᠢᠯ ᠡᠬᠢᠯᠡᠮᠦᠢ᠃
ᠮᠥᠯᠰᠥ ᠬᠠᠰ ᠤ᠋ᠨ ᠶᠠᠲᠤᠭ᠎ᠠ ᠶ᠋ᠢᠨ ᠡᠬᠡᠰᠢᠭ ᠢ᠋ ᠲᠦᠷ ᠵᠠᠭᠤᠷ᠎ᠠ ᠵᠣᠭᠰᠣᠨ
ᠮᠥᠩᠭᠥᠨ ᠲᠣᠯᠢᠨ ᠤ᠋ ᠭᠡᠭᠡᠬᠡᠨ ᠭᠡᠷᠡᠯ ᠠᠯᠲᠠᠨ ᠶᠠᠰᠤᠳᠠᠨᠠ ᠴᠢᠨᠡᠷᠯᠡᠪᠡᠢ ᠃
ᠮᠥᠷᠭᠥᠵᠦ ᠤᠷᠢᠪᠠᠴᠤ ᠦᠯᠦ ᠠᠭᠤᠯᠵᠠᠬᠤ ᠪᠠᠳᠠᠷᠠᠩᠭᠤᠢ ᠴᠠᠭᠠᠨ ᠲᠡᠭᠷᠢ
ᠮᠥᠴᠢᠳ ᠤᠳᠢᠷᠠᠰᠠᠳ ᠥᠷᠭᠥᠭᠡ ᠳ᠋ᠦ᠍ᠷ ᠪᠠᠭᠤᠵᠤ ᠮᠣᠩᠭᠣᠯ ᠲᠣᠭᠠᠲᠠᠨ ᠢ᠋ ᠭᠡᠢᠭᠦᠯᠪᠡᠢ᠃
ᠮᠥᠩᠬᠡ ᠡᠶᠡᠪᠡᠷᠭᠦ ᠪᠣᠭᠳᠠ ᠪᠠᠭᠠᠲᠤᠷ ᠴᠢᠩᠭᠢᠰ ᠬᠠᠭᠠᠨ ᠤ᠋ ᠨᠤᠲᠤᠭ ᠮᠥᠯᠳᠡᠰᠢ ᠬᠠᠭᠠᠯᠭ᠎ᠠ ᠡᠭᠡᠨᠡᠭᠲᠡ ᠬᠠᠷᠢᠨ ᠶᠤᠸᠠᠨ ᠱᠢᠽᠤ ᠡᠵᠡᠨ ᠦ᠌ ᠡᠭᠦᠳᠡ ᠃ ᠮᠥᠯᠰᠦᠲᠦ ᠮᠣᠩᠭᠣᠯ ᠲᠣᠭᠠᠲᠠᠨ ᠡᠳᠦᠭᠡ ᠪᠣᠯᠲᠠᠯ᠎ᠠ ᠡᠳ᠋ᠯᠡᠨ ᠰᠠᠭᠤᠵᠤ ᠴᠢᠳᠠᠭᠰᠠᠨ ᠂ ᠮᠥᠨ ᠮᠠᠨ ᠤ᠋ ᠡᠵᠡᠨ ᠮᠠᠨᠽᠤᠰᠢᠷᠢ ᠪᠣᠭᠳᠠ ᠶ᠋ᠢᠨ ᠬᠠᠰᠢᠶ᠎ᠠ ᠲᠤᠰᠢᠶ᠎ᠠ ᠪᠣᠯᠵᠤ ᠲᠡᠩᠴᠡᠪᠡ᠃
ᠪᠠᠷᠠᠭᠤᠨ ᠲᠦᠮᠡᠳ ᠦ᠋ᠨ ᠰᠢᠳᠤᠷᠭᠤ ᠪᠠᠲᠤ ᠬᠣᠷᠣᠭᠠᠨ ᠤ᠋ ᠬᠥᠩᠰᠦᠨ ᠢᠨᠳᠠᠷ᠎ᠠ ᠶ᠋ᠢᠨ ᠳᠥᠷᠪᠡᠨ ᠪᠠᠳᠠᠭ ᠦᠭᠡᠰ ᠢ᠋ ᠬᠥᠩᠰᠦᠨ ᠽᠦᠩᠵᠤᠢ ᠵᠠᠯᠭᠠᠵᠤ ᠪᠢᠴᠢᠭᠰᠡᠨ ᠬᠡᠳᠦᠨ ᠦᠰᠦᠭ ᠲᠣᠷ ᠡᠨᠡ ᠤᠯᠠᠭᠠᠨ ᠪᠠᠷᠰ ᠵᠢᠯ ᠦ᠋ᠨ ᠬᠡᠷᠡᠭ ᠶᠠᠪᠤᠳᠠᠯ ᠮᠠᠰᠢᠳᠠ ᠦᠯᠡᠮᠵᠢ ᠤᠷᠲᠤ ᠃ ᠤᠴᠢᠷ ᠠᠨᠤ ᠡᠨᠡ ᠵᠢᠯ ᠮᠣᠩᠭᠣᠯ ᠤᠯᠤᠰ ᠤ᠋ᠨ ᠤᠭ ᠡᠬᠢᠨ ᠦ᠌ ᠢᠵᠠᠭᠤᠷ ᠤ᠋ᠨ ᠲᠠᠢᠽᠦ ᠪᠣᠭᠳᠠ ᠴᠢᠩᠭᠢᠰ ᠬᠠᠭᠠᠨ ᠳᠥᠴᠢᠨ ᠲᠠᠪᠤᠨ ᠰᠡᠭᠦᠳᠡᠷ ᠳᠠᠯᠠᠨ ᠲᠠᠪᠤᠨ ᠤᠯᠤᠰ ᠠᠢᠮᠠᠭ ᠤ᠋ᠳ ᠴᠤᠭᠯᠠᠯᠳᠤᠨ ᠂ ᠳᠥᠷᠪᠡᠳᠦᠭᠡᠷ ᠤᠳᠠᠭ᠎ᠠ ᠰᠢᠬᠠᠮᠳᠠᠭᠤᠯᠤᠨ ᠳᠠ ᠬᠤᠸᠠᠩᠳᠢ ᠶ᠋ᠢᠨ ᠶᠡᠬᠡ ᠰᠠᠭᠤᠷᠢᠨ᠎ᠠ ᠰᠠᠭᠤᠯᠭᠠᠵᠤ ᠂ ᠮᠢᠩᠭᠠᠨ ᠲᠦᠮᠡᠨ ᠵᠦᠢᠯ ᠦ᠋ᠨ ᠤᠯᠤᠰ ᠭᠦᠷᠦᠨ ᠪᠠ ᠵᠠᠰᠠᠭ ᠬᠠᠤᠯᠢ ᠬᠡᠪ ᠳᠦᠷᠢᠮ ᠵᠠᠩ ᠵᠢᠷᠤᠮ ᠢ᠋ ᠰᠢᠨ᠎ᠡ ᠪᠡᠷ ᠲᠣᠭᠲᠠᠭᠠᠨ ᠲᠦᠭ ᠲᠦᠮᠡᠨ ᠵᠦᠢᠯ ᠦ᠋ᠨ ᠣᠯᠠᠨ ᠤᠷᠰᠢᠭ ᠶᠠᠷᠰᠢᠭ ᠢ᠋ ᠪᠦᠷᠢᠳᠬᠡᠯ ᠦᠭᠡᠢ ᠦᠯᠦ ᠪᠣᠯᠬᠤᠢ ᠶ᠋ᠢᠨ ᠳᠡᠭᠡᠷ᠎ᠡ ᠪᠠᠰᠠ ᠴᠢᠪᠬᠢᠲᠡᠯ᠎ᠡ ᠡᠮᠦᠨᠡᠲᠦ ᠰᠥᠩ ᠤᠯᠤᠰ᠂ ᠳᠤᠮᠳᠠᠳᠤ ᠠᠯᠲᠠᠨ ᠤᠯᠤᠰ᠂ ᠲᠠᠩᠭᠤᠳ ᠤᠯᠤᠰ᠂ ᠪᠠᠰᠠ ᠵᠠᠪᠰᠠᠷ ᠤ᠋ᠨ ᠬᠢᠳᠠᠨ ᠤᠯᠤᠰ ᠂ ᠨᠡᠩ ᠢᠯᠠᠩᠭᠤᠶ᠎ᠠ ᠰᠢᠨ᠎ᠡ ᠬᠠᠭᠤᠴᠢᠨ ᠨᠠᠢ᠍ᠮᠠᠨ᠂ ᠵᠡᠭᠦᠨ ᠪᠠᠷᠠᠭᠤᠨ ᠯᠢᠶᠣᠣ ᠵᠡᠷᠭᠡ ᠣᠯᠠᠨ ᠤᠯᠤᠰ ᠤ᠋ᠳ ᠢ᠋ ᠬᠠᠮᠲᠤᠪᠠᠷ ᠲᠣᠬᠢᠶᠠᠯᠳᠤᠭᠤᠯᠤᠨ ᠲᠣᠭᠠᠴᠢᠭᠰᠠᠨ ᠢ᠋ᠶ᠋ᠠᠷ ᠡᠨᠡ ᠨᠢᠭᠡᠬᠡᠨ ᠤᠯᠠᠭᠠᠨ ᠪᠠᠷᠰ ᠵᠢᠯ ᠦ᠋ᠨ ᠬᠡᠷᠡᠭ ᠵᠦᠢᠯ ᠨᠡᠢᠲᠡ ᠠᠷᠪᠠᠨ ᠨᠠᠢ᠍ᠮᠠᠨ ᠪᠦᠯᠦᠭ ᠪᠣᠯᠤᠭᠰᠠᠨ ᠪᠣᠯᠠᠢ᠃《ᠬᠥᠬᠡ ᠰᠣᠲᠣᠷ᠎ᠠ》 ᠡᠢᠮᠦ ᠤᠷᠲᠤ ᠬᠡᠷᠡᠭ ᠢᠨᠤ ᠨᠢᠭᠡᠬᠡᠨ ᠵᠢᠯ ᠪᠤᠶᠤ᠃
