ᠮᠣᠩᠭᠣᠯ ᠭᠡᠷМонгол гэр
ᠮᠣᠩᠭᠣᠯ ᠭᠡᠷ
ᠡᠳᠦᠷ ᠦᠨ ᠰᠠᠶ᠋ᠢᠨ ᠢ ᠰᠢᠨᠵᠢᠨ ᠪᠠᠶ᠋ᠢᠵᠤ ᠂
ᠥᠨᠥᠳᠥᠷ ᠮᠠᠨ ᠤ ᠬᠢ ᠨᠡᠭᠦᠬᠦ ᠪᠣᠯᠤᠯ᠎ᠠ ᠂
ᠥᠷᠯᠥᠭᠡ ᠡᠷᠲᠡ ᠨᠠᠷᠠᠨ ᠢᠶ᠋ᠠᠷ ᠠᠴᠢᠶᠠᠯᠠᠵᠤ ᠂
ᠥᠨᠳᠥᠷ ᠳᠡᠨᠵᠢ ᠳ᠋ᠦ᠍ ᠨᠡᠭᠦᠵᠦ ᠢᠷᠡᠯ᠎ᠡ ᠂
ᠪᠠᠭᠤᠬᠤ ᠭᠠᠵᠠᠷ ᠢᠶ᠋ᠡᠨ ᠤᠷᠢᠳᠠᠪᠡᠷ ᠲᠣᠪᠣᠯᠠᠭᠠᠳ ᠂
ᠪᠠᠭᠤᠷᠢ ᠪᠠᠨ ᠵᠠᠰᠠᠵᠤ ᠪᠡᠯᠡᠳᠦᠭᠰᠡᠨ ᠪᠠᠶ᠋ᠢᠯ᠎ᠠ ᠂
ᠠᠪᠤ ᠮᠢᠨᠢ ᠬᠠᠨ᠎ᠠ ᠪᠠᠨ ᠨᠠᠷᠠ ᠵᠥᠪ ᠳᠤᠭᠤᠶ᠋ᠢᠯᠠᠬᠤ ᠳ᠋ᠤ᠌ ᠂
ᠠᠮᠠ ᠶ᠋ᠢ ᠨᠢ ᠠᠬ᠎ᠠ ᠨᠢᠮᠪᠠᠶ᠋ᠢᠯᠠᠨ ᠪᠣᠭᠣᠯᠠ ᠂
ᠲᠣᠭᠣᠨᠣᠨ ᠳ᠋ᠠᠭᠠᠨ ᠪᠠᠭᠠᠨ᠎ᠠ ᠪᠠᠨ ᠪᠡᠬᠢᠯᠡᠵᠦ ᠤᠶᠠᠭᠠᠳ
ᠲᠣᠮᠣ ᠠᠬ᠎ᠠ ᠠᠯᠳᠠᠯᠠᠨ ᠪᠠᠷᠢᠬᠤ ᠳ᠋ᠤ᠌
ᠲᠣᠭᠣᠨᠣᠨ ᠤ ᠨᠦᠬᠡᠨ ᠳ᠋ᠦ᠍ ᠤᠨᠢ ᠪᠠᠨ ᠬᠠᠳᠬᠤᠭᠠᠳ
ᠲᠣᠭᠲᠠᠭᠠᠵᠤ ᠬᠠᠨ᠎ᠠ ᠶ᠋ᠢᠨ ᠲᠣᠯᠣᠭᠠᠢ ᠳ᠋ᠤ᠌ ᠡᠯᠭᠦᠯ᠎ᠡ ᠂
ᠨᠠᠷᠠᠨ ᠮᠠᠨᠳᠤᠬᠤ ᠡᠮᠦᠨ᠎ᠡ ᠶ᠋ᠢ ᠴᠢᠭᠯᠡᠭᠦᠯᠦᠨ
ᠨᠠᠷᠠᠰᠤᠨ ᠬᠠᠭᠠᠯᠭ᠎ᠠ ᠪᠠᠨ ᠭᠣᠣᠯᠯᠠᠭᠤᠯᠵᠤ ᠲᠠᠯᠪᠢᠯ᠎ᠠ ᠂
ᠳᠣᠲᠣᠭᠤᠷ ᠪᠦᠰᠡᠯᠡᠭᠦᠷ ᠢᠶ᠋ᠡᠨ ᠵᠢᠪᠬᠢᠲᠡᠯᠡ ᠲᠠᠲᠠᠬᠤ ᠳ᠋ᠤ᠌
ᠲᠦᠩᠬᠦᠢᠬᠦ ᠠᠭᠤᠯᠠᠰ ᠰᠢᠭ᠋ ᠬᠦᠷᠢᠶᠡᠯᠡᠭᠡᠳ ᠢᠷᠡᠯ᠎ᠡ ᠂
ᠢᠰᠡᠭᠡᠢ ᠲᠤᠭᠤᠷᠭ᠎ᠠ ᠳᠡᠭᠡᠪᠦᠷ ᠢᠶ᠋ᠡᠨ ᠨᠥᠮᠥᠷᠭᠡᠨ ᠂
ᠡᠪ ᠦᠨ ᠭᠤᠷᠪᠠᠨ ᠬᠣᠰᠢᠯᠠᠩ ᠢᠶ᠋ᠠᠨ ᠲᠠᠲᠠᠯ᠎ᠠ ᠂
ᠠᠯᠲᠠᠨ ᠨᠠᠷᠠᠨ ᠤ ᠰᠠᠴᠤᠷᠠᠭ ᠢᠶ᠋ᠠᠷ ᠭᠡᠶ᠋ᠢᠭᠦᠯᠬᠦ
ᠠᠯᠠᠭ ᠳᠡᠯᠡᠬᠡᠢ ᠶ᠋ᠢᠨ ᠬᠡᠯᠪᠡᠷᠢ ᠲᠡᠢ ᠪᠣᠯᠤᠯ᠎ᠠ ᠂
ᠡᠷᠦᠬᠡ ᠪᠡ ᠳᠡᠭᠡᠷ᠎ᠡ ᠨᠢ ᠭᠤᠷᠪᠠᠯᠵᠢᠯᠠᠨ ᠲᠠᠯᠪᠢᠬᠤ ᠳ᠋ᠤ᠌ ᠂
ᠥᠷᠭᠥᠭᠡ ᠴᠠᠭᠠᠨ ᠭᠡᠷ ᠮᠢᠨᠢ ᠪᠥᠮᠪᠥᠢᠯᠡ ᠂
ᠡᠵᠢ ᠮᠢᠨᠢ ᠭᠠᠯ ᠢᠶ᠋ᠠᠨ ᠲᠦᠯᠡᠵᠦ ᠴᠠᠢ ᠪᠠᠨ ᠴᠢᠨᠠᠭᠠᠳ
ᠡᠬᠡ ᠳᠡᠯᠡᠬᠡᠢ ᠳ᠋ᠡᠭᠡᠨ ᠳᠡᠭᠡᠵᠢ ᠪᠡᠨ ᠡᠷᠭᠦᠯ᠎ᠡ ᠂
ᠬᠥᠮᠦᠨ ᠪᠦᠷᠢ ᠭᠡᠷ ᠢᠶ᠋ᠡᠨ ᠪᠠᠷᠢᠬᠤ ᠳ᠋ᠤ᠌
ᠬᠤᠪᠢ ᠨᠡᠮᠡᠷᠢ ᠪᠡᠨ ᠣᠷᠣᠭᠤᠯᠳᠠᠭ ᠶᠤᠮ ᠪᠠᠶ᠋ᠢᠨ᠎ᠠ ᠂
ᠮᠣᠩᠭᠣᠯ ᠭᠡᠷ ᠪᠠᠷᠢᠬᠤ ᠳᠠᠷᠠᠭᠠᠯᠠᠯ
ᠮᠠᠰᠢ ᠨᠠᠷᠢᠨ ᠤᠴᠢᠷ ᠲᠠᠢ ᠶᠤᠮ ᠪᠠᠶ᠋ᠢᠨ᠎ᠠ ᠃
ᠦᠰᠦᠭ ᠬᠠᠳᠠᠭᠴᠢ᠄ ᠮᠤᠳᠤᠲᠤ ᠬᠠᠪᠤᠷᠵᠢᠶ᠎ᠠ
ᠦᠰᠦᠭ ᠠᠮᠢᠯᠠᠭᠤᠯᠤᠭᠴᠢ᠄ ᠪᠦᠷᠢᠨ᠎ᠡ
ᠦᠰᠦᠭ ᠴᠣᠬᠢᠭᠴᠢ᠄ ᠰ᠂ ᠳᠣᠷᠣᠨ᠎ᠠ
