ᠳᠡᠷᠡᠰᠦᠨ ᠬᠣᠣᠷДэрсэн хор

ᠳᠡᠷᠡᠰᠦᠨ ᠬᠣᠣᠷ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠴᠥᠭᠡᠨ ᠢ᠋ᠶ᠋ᠡᠷ ᠪᠤᠲᠠᠯᠠᠵᠤ ᠤᠷᠭᠤᠨ᠎ᠠ᠃ ᠡᠰᠢ ᠨᠢ ᠰᠢᠯᠤᠭᠤᠨ ᠤᠷᠭᠤᠨ᠎ᠠ᠂ ᠭᠥᠯᠢᠭᠡᠷ᠂60—100cm ᠥᠨᠳᠥᠷ᠂ ᠣᠵᠣᠭᠣᠷ ᠲᠦ ᠨᠢ ᠬᠠᠢᠷᠰᠤᠨ ᠢᠯᠲᠠᠰᠤᠲᠤ ᠨᠠᠬᠢᠶ᠎ᠠ ᠲᠠᠢ᠃ ᠨᠠᠪᠴᠢᠨ ᠤ᠋ ᠲᠣᠭᠳᠣᠢ ᠪᠠᠬᠠᠨ ᠠᠷᠵᠠᠭᠠᠷ᠂ ᠨᠠᠪᠴᠢ ᠨᠢ ᠨᠡᠯᠢᠶᠡᠳ ᠬᠠᠲᠠᠭᠤ᠂ ᠰᠢᠯᠤᠭᠤᠨ᠂ ᠶᠡᠷᠦ ᠳ᠋ᠡᠭᠡᠨ ᠬᠤᠮᠢᠭᠠᠷ᠂10—30cm ᠤᠷᠲᠤ᠂2—7mm ᠥᠷᠭᠡᠨ᠂ ᠳᠡᠭᠡᠳᠦ ᠲᠠᠯ᠎ᠠ ᠪᠣᠯᠤᠨ ᠬᠥᠪᠡᠭᠡ ᠨᠢ ᠰᠢᠷᠦᠭᠦᠨ ᠪᠠᠢᠳᠠᠭ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠮᠠᠰᠢ ᠢᠬᠴᠤ ᠨᠠᠷᠢᠬᠠᠨ ᠲᠦᠷᠦᠭᠦᠦ ᠬᠡᠯᠪᠡᠷᠢ ᠲᠡᠢ᠂ ᠰᠢᠯᠤᠭᠤᠨ ᠪᠤᠶᠤ ᠪᠠᠬᠠᠨ ᠤᠨᠵᠢᠭᠢᠷ ᠦᠵᠦᠭᠦᠷ ᠲᠡᠢ᠂10—20cm ᠤᠷᠲᠤ᠂10—15mm ᠥᠷᠭᠡᠨ᠂ ᠭᠡᠪᠡᠴᠦ ᠪᠣᠯᠪᠠᠰᠤᠷᠠᠬᠤ ᠦᠶ᠎ᠡ ᠳ᠋ᠡᠭᠡᠨ ᠳᠡᠭᠡᠭᠰᠢ ᠤᠷᠲᠤ ᠪᠣᠯᠵᠤ ᠤᠷᠭᠤᠳᠠᠭ᠃ ᠵᠢᠵᠢᠭ ᠲᠦᠷᠦᠭᠦᠦ ᠨᠢ ᠴᠠᠢᠪᠤᠷ ᠨᠣᠭᠣᠭᠠᠨ᠂ᠪᠣᠯᠪᠠᠰᠤᠷᠠᠪᠠᠯ ᠬᠦᠷᠡᠩ ᠵᠡᠰ ᠰᠢᠭ ᠪᠤᠶᠤ ᠪᠣᠷᠣ ᠥᠩᠭᠡᠲᠡᠢ ᠪᠣᠯᠵᠤ ᠬᠤᠪᠢᠷᠠᠨ᠎ᠠ᠂5—6mm ᠤᠷᠲᠤ; ᠬᠣᠶᠠᠷ ᠬᠠᠯᠢᠰᠤ ᠨᠢ ᠪᠠᠷᠤᠭ ᠢᠵᠠᠯ ᠤᠷᠲᠤ᠂ ᠶᠡᠷᠦ ᠳ᠋ᠡᠭᠡᠨ ᠰᠡᠲᠡᠷᠬᠡᠢ ᠦᠵᠦᠭᠦᠷ ᠲᠡᠢ᠂ ᠠᠷᠵᠠᠭᠠᠷ ᠪᠥᠭᠡᠳ ᠭᠤᠷᠪᠠᠨ ᠰᠤᠳᠠᠯ ᠲᠠᠢ; ᠭᠠᠳᠠᠷ ᠬᠡᠪᠡᠭ ᠨᠢ4mm ᠤᠷᠲᠤ᠂ ᠵᠢᠵᠢᠭᠬᠡᠨ ᠡᠴᠡ ᠦᠵᠦᠭᠦᠷ ᠲᠡᠢ᠂ ᠠᠷᠤ ᠳ᠋ᠤᠨᠢ ᠦᠰᠦ ᠲᠡᠢ᠂ ᠭᠤᠷᠪᠠᠨ ᠰᠤᠳᠠᠯ ᠲᠠᠢ; ᠰᠠᠭᠤᠷᠢ ᠲᠠᠪᠠᠭ ᠨᠢ ᠮᠤᠬᠤᠷ᠂ ᠦᠰᠦ ᠲᠡᠢ᠂0.5mm ᠣᠷᠴᠢᠮ ᠤᠷᠲᠤ; ᠰᠤᠷ ᠨᠢ10mm ᠣᠷᠴᠢᠮ ᠤᠷᠲᠤ᠂ ᠳᠤᠮᠳᠠ ᠠ᠋ᠴᠠ ᠳᠣᠭᠣᠭᠰᠢ ᠪᠠᠬᠠᠨ ᠮᠤᠰᠬᠢᠷᠠᠨ᠎ᠠ᠃ ᠳᠣᠲᠣᠷ ᠬᠡᠪᠡᠭ ᠨᠢ ᠬᠣᠶᠠᠷ ᠰᠤᠳᠠᠯ ᠲᠠᠢ᠂ ᠦᠰᠦ ᠲᠡᠢ; ᠲᠣᠭᠣᠰᠣᠪᠴᠢ ᠨᠢ2mm ᠣᠷᠴᠢᠮ ᠤᠷᠲᠤ; ᠣᠷᠣᠢ ᠳ᠋ᠤᠨᠢ ᠵᠢᠵᠢᠭ ᠦᠰᠦ ᠲᠡᠢ᠃ ᠠᠮᠤ ᠵᠢᠮᠢᠰ ᠨᠢ ᠤᠷᠲᠤᠯᠵᠢᠨ ᠪᠥᠭᠡᠷᠡᠩᠬᠡᠢ᠂3mm ᠬᠢᠷᠢ ᠤᠷᠲᠤ᠃
ᠥᠨᠳᠥᠷᠯᠢᠭ ᠭᠠᠵᠠᠷ ᠤ᠋ᠨ ᠬᠡᠭᠡᠷ᠎ᠡ ᠲᠠᠯ᠎ᠠ ᠪᠠᠷ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠬᠥᠬᠡᠨᠠᠭᠤᠷ᠂ ᠭᠠᠨᠰᠦ᠂ ᠲᠥᠪᠡᠳ ᠵᠡᠷᠭᠡ ᠮᠣᠵᠢ ᠣᠷᠣᠨ ᠳ᠋ᠤ᠌ ᠤᠷᠭᠤᠳᠠᠭ᠃
ᠬᠣᠣᠷᠲᠠᠢ ᠡᠪᠡᠰᠦ᠂ ᠮᠠᠯ ᠲᠡᠵᠢᠭᠡᠪᠦᠷᠢ ᠢᠳᠡᠪᠡᠯ ᠬᠣᠣᠷᠳᠠᠨᠠ᠃
ᠬᠢᠲᠠᠳ ᠨᠡᠷ᠎ᠡ᠄醉马草
ᠠᠩᠭ᠌ᠯᠢ ᠨᠡᠷ᠎ᠡ᠄Achnatherum inebrians (Hance)Keng
ᠦᠰᠦᠭ ᠠᠮᠢᠯᠠᠭᠤᠯᠤᠭᠴᠢ᠄ ᠲᠤᠶᠠᠭ᠎ᠠ
ᠬᠢᠨᠠᠭᠴᠢ᠄ ᠫᠣ· ᠴᠠᠭᠠᠨ
