ᠵᠢᠷᠠᠨ ᠵᠢᠰᠦ ᠶᠢᠨ ᠢᠯᠡᠷᠬᠡᠢ ᠲᠠᠢᠯᠪᠤᠷᠢᠯᠠᠯ - 3 Жаран зүсийн илэрхий тайлбарлал - 3 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠠᠨ ᠵᠢᠰᠦ ᠶᠢᠨ ᠢᠯᠡᠷᠬᠡᠢ ᠲᠠᠢᠯᠪᠤᠷᠢᠯᠠᠯ - 3 Жаран зүсийн илэрхий тайлбарлал - 3

ᠵᠢᠷᠠᠨ ᠵᠢᠰᠦ ᠶᠢᠨ ᠢᠯᠡᠷᠬᠡᠢ ᠲᠠᠢᠯᠪᠤᠷᠢᠯᠠᠯ - 3 Жаран зүсийн илэрхий тайлбарлал - 3

ᠠᠩᠭᠢᠯᠠᠯ:ᠵᠠᠩ ᠦᠢᠯᠡ
2024-04-30

350

ᠪᠡᠴᠢᠨ ᠵᠢᠯᠲᠦ ——

     ● ᠵᠠᠩ ᠠᠭᠠᠯᠢ ᠠᠨᠤ : ᠬᠤᠷᠴᠠ ᠰᠡᠷᠭᠡᠢ ᠠᠰᠪᠤᠷᠢ ᠴᠣᠪᠣᠭᠣ᠂ ᠬᠥᠳᠡᠯᠬᠦ ᠳᠤᠷᠠᠲᠠᠢ᠂ ᠠᠮᠢᠳᠤᠷᠠᠯ ᠠᠯᠠᠩ ᠰᠠᠯᠠᠩ᠂ ᠥᠪᠡᠷ ᠢ ᠪᠡᠨ ᠭᠠᠢᠬᠠᠭᠤᠯᠬᠤ᠂ ᠳᠤᠷ᠎ᠠ ᠰᠣᠨᠢᠷᠬᠠᠯ ᠥᠷᠭᠡᠨ ᠬᠠᠷᠢᠯᠴᠠᠭ᠎ᠠ ᠰᠠᠢᠨ᠃ ᠡᠷᠡᠭᠲᠡᠢ ᠬᠥᠮᠦᠨ ᠤ ᠣᠨᠴᠠᠯᠢᠭ ᠨᠢ ᠶᠡᠷᠦᠳᠡ ᠬᠤᠳᠠᠯ ᠦᠭᠡ ᠬᠡᠯᠡᠬᠦ᠂ ᠡᠮᠡᠭᠲᠡᠢ ᠬᠥᠮᠦᠨ ᠤ ᠣᠨᠴᠠᠯᠢᠭ ᠨᠢ ᠵᠠᠷᠢᠮ ᠳ᠋ᠠᠭᠠᠨ ᠶᠡᠬᠡ ᠦᠭᠡ ᠶᠠᠷᠢᠵᠤ ᠬᠠᠮᠠᠷ ᠤ᠋ᠨ ᠦᠵᠦᠭᠦᠷ ᠢ᠋ᠶ᠋ᠡᠨ ᠬᠠᠷᠠᠳᠠᠭ᠃
     ● ᠪᠡᠴᠢᠨ ᠦ᠌ ᠤᠩᠰᠢᠭᠤ : ᠵᠢᠯ ᠲᠤᠷᠰᠢ ᠶᠠᠭᠠᠷᠠᠤ ᠢᠳᠡᠵᠦ ᠡᠮᠦᠰᠬᠦ ᠡᠯᠪᠡᠭ᠂ ᠵᠣᠯ ᠵᠢᠷᠭᠠᠯ ᠪᠠᠶᠠᠨ ᠬᠡᠷᠬᠡᠮ ᠢ ᠨᠢᠭᠡ ᠨᠠᠰᠦᠨ᠎ᠠ ᠡᠳ᠋ᠯᠡᠮᠦᠢ᠂ ᠨᠣᠶᠠᠨ ᠰᠠᠭᠤᠬᠤ ᠳ᠋ᠤ᠌ ᠬᠢᠯᠪᠠᠷ ᠭᠡᠷ ᠢ᠋ᠶ᠋ᠡᠨ ᠡᠵᠡᠯᠡᠬᠦᠶ᠎ᠡ ᠪᠡᠷᠬᠡ᠂ ᠠᠵᠢᠯ ᠳ᠋ᠤᠷ ᠰᠢᠭᠤᠷᠬᠠᠢ ᠵᠢᠱ᠌ᠢᠶᠡᠴᠢ ᠪᠣᠯᠬᠤ ᠵᠡᠷᠭᠡ ᠨᠡᠮᠡᠬᠦ᠃ ᠴᠠᠭᠠᠨ ᠰᠠᠷ᠎ᠠ ᠬᠣᠶᠠᠷ ᠭᠤᠷᠪᠠᠨ ᠰᠠᠷ᠎ᠠ ᠶ᠋ᠢᠨ ᠪᠡᠴᠢ ᠢᠳᠡᠵᠦ ᠡᠮᠦᠰᠬᠦ ᠳᠤᠲᠠᠬᠤ᠂ ᠡᠬᠢᠨ ᠳ᠋ᠡᠭᠡᠨ ᠶᠠᠳᠠᠭᠤ ᠰᠡᠭᠦᠯ ᠳ᠋ᠡᠭᠡᠨ ᠪᠠᠶᠠᠨ ᠪᠣᠯᠬᠤ᠃ ᠳᠥᠷᠪᠡ ᠲᠠᠪᠤ ᠵᠢᠷᠭᠤᠭᠠᠨ ᠰᠠᠷ᠎ᠠ ᠶ᠋ᠢᠨ ᠪᠡᠴᠢ ᠵᠣᠭᠣᠰ ᠠᠰᠢᠭ ᠣᠯᠵᠤ ᠴᠢᠳᠠᠪᠠᠴᠤ ᠣᠷᠣᠵᠤ ᠭᠠᠷᠤᠭᠠᠳ ᠬᠠᠳᠠᠭᠠᠯᠠᠵᠤ ᠴᠢᠳᠠᠬᠤ ᠦᠭᠡᠢ᠃ ᠳᠣᠯᠣᠭ᠎ᠠ ᠨᠠᠢ᠍ᠮᠠ ᠶᠢᠰᠦᠨ ᠰᠠᠷ᠎ᠠ ᠶ᠋ᠢᠨ ᠪᠢᠴᠢ ᠢᠳᠡᠬᠦ ᠡᠮᠦᠰᠬᠦ ᠡᠯᠪᠡᠭ ᠤᠴᠢᠷ ᠶᠠᠪᠤᠳᠠᠯ ᠪᠦᠲᠦᠮᠵᠢᠲᠡᠢ᠃ ᠠᠷᠪᠠ ᠠᠷᠪᠠᠨ ᠨᠢᠭᠡᠨ ᠰᠠᠷ᠎ᠠ ᠶ᠋ᠢᠨ ᠪᠡᠴᠢ ᠰᠠᠳᠤᠨ ᠲᠥᠷᠥᠯ ᠳ᠋ᠡᠭᠡᠨ ᠬᠥᠢᠲᠡᠮᠰᠦᠭ᠂ ᠭᠠᠭᠴᠠᠭᠠᠷ ᠥᠨᠥᠴᠢᠷᠡᠬᠦ᠃ ᠯᠡ ᠰᠠᠷ᠎ᠠ ᠶ᠋ᠢᠨ ᠪᠡᠴᠢ ᠭᠢᠨᠳᠠᠨ ᠱᠣᠷᠣᠩ ᠦ᠋ᠨ ᠭᠠᠢ ᠪᠣᠢ᠂ ᠬᠠᠷᠠᠮᠴᠢ ᠪᠥᠭᠡᠳ ᠠᠯᠠᠩ ᠰᠠᠯᠠᠩ᠃ 
     ● ᠪᠡᠴᠢᠨ ᠦ᠌ ᠳᠠᠢᠰᠤᠨ᠄ ᠭᠠᠬᠠᠢ᠂ ᠳᠠᠷᠠᠭᠠᠯᠠᠪᠠᠯ ᠪᠠᠷᠰ ᠮᠣᠷᠢ ᠬᠣᠨᠢ ᠨᠣᠬᠠᠢ ᠵᠢᠯ ᠳ᠋ᠣᠷ ᠡᠪᠡᠳᠴᠢᠨ ᠬᠦᠷᠴᠦ ᠭᠠᠷᠤᠵᠠ ᠭᠠᠷᠬᠤ᠂ ᠬᠡᠯᠡ ᠠᠮᠠ ᠪᠣᠯᠵᠤ ᠠᠵᠢᠯ ᠦᠢᠯᠡᠰ ᠣᠷᠣᠭᠰᠢ ᠦᠭᠡᠢ᠂ ᠪᠠᠷᠰ ᠮᠣᠷᠢ ᠨᠣᠬᠠᠢ ᠵᠢᠯ ᠳ᠋ᠣᠷ ᠰᠠᠨᠠᠭᠠᠨ ᠳ᠋ᠣᠷ ᠦᠭᠡᠢ ᠭᠠᠢ ᠲᠠᠢ᠂ ᠳᠠᠯᠳᠠᠭᠤᠷ ᠬᠣᠣᠷ ᠬᠦᠷᠭᠡᠬᠦ ᠶ᠋ᠢ ᠰᠡᠷᠭᠡᠢᠯᠡ᠃ 
     ●  ᠪᠡᠴᠢᠨ ᠦ᠌ ᠨᠥᠬᠥᠷ᠄ ᠬᠤᠯᠤᠭᠠᠨ᠎ᠠ᠂ ᠳᠠᠷᠠᠭᠠᠯᠠᠪᠠᠯ ᠬᠤᠯᠤᠭᠠᠨ᠎ᠠ ᠯᠤᠤ ᠪᠡᠴᠢᠨ ᠵᠢᠯ ᠳ᠋ᠦ᠍ᠷ ᠪᠠᠶᠠᠷ ᠲᠣᠬᠢᠶᠠᠯᠳᠤᠬᠤ᠂ ᠣᠯᠵᠠ ᠠᠰᠢᠭ ᠲᠠᠢ᠂ ᠠᠯᠢᠪᠠ ᠶᠠᠪᠤᠳᠠᠯ ᠰᠠᠨᠠᠭᠠᠨ ᠤ᠋ ᠡᠶᠡᠪᠡᠷ ᠪᠦᠲᠦᠬᠦ᠂ ᠢᠯᠠᠩᠭᠤᠶ᠎ᠠ ᠲᠠᠬᠢᠶ᠎ᠠ ᠵᠢᠯ ᠳ᠋ᠦ᠍ᠷ ᠴᠡᠩᠭᠡᠯ ᠵᠢᠷᠭᠠᠯ ᠲᠠᠢ᠃ 
     ● ᠴᠡᠭᠡᠷᠯᠡᠬᠦ ᠣᠷᠣᠨ ᠵᠦᠭ᠄ ᠲᠡᠮᠦᠷ ᠦ᠋ᠨ ᠣᠷᠣᠨ ᠳ᠋ᠤ᠌ ᠡᠮᠦᠨᠡᠰᠢ ᠠᠶᠠᠯᠠᠬᠤ ᠶ᠋ᠢ ᠴᠡᠭᠡᠷᠯᠡ᠂ ᠵᠡᠭᠦᠨ ᠵᠦᠭ ᠲᠦ᠍ ᠠᠰᠢᠭ ᠣᠯᠵᠠ ᠪᠣᠢ᠃ 
     ● ᠨᠠᠰᠤᠨ ᠬᠤᠲᠤᠭ᠄ 73 ~ 80 ᠨᠠᠰᠤᠯᠠᠮᠤᠢ᠂ ᠠᠭᠤᠰᠬᠢᠨ ᠡᠪᠡᠳᠴᠢᠨ ᠢ᠋ᠶ᠋ᠡᠷ ᠵᠤᠨ ᠤ᠋ ᠴᠠᠭ ᠡᠴᠦᠰᠯᠡᠮᠦᠢ᠃ 
     ● ᠲᠣᠬᠢᠷᠠᠬᠤ ᠠᠵᠢᠯ : ᠲᠠᠮᠢᠷᠴᠢᠨ᠂ ᠪᠣᠷᠣᠯᠠᠭᠤᠯᠤᠭᠴᠢ᠂ ᠤᠷᠠᠯᠢᠭ ᠤ᠋ᠨ ᠠᠵᠢᠯ᠃ 
     ● ᠰᠣᠩᠭᠣᠬᠤ ᠬᠠᠨᠢ : ᠡᠷᠡᠭᠲᠡᠢ ᠬᠥᠮᠦᠨ ᠬᠤᠯᠤᠭᠠᠨ᠎ᠠ ᠯᠤᠤ ᠨᠣᠬᠠᠢ ᠲᠠᠢ ᠬᠣᠯᠪᠣᠵᠤ᠂ ᠡᠮᠡᠭᠲᠡᠢ ᠬᠥᠮᠦᠨ ᠬᠤᠯᠤᠭᠠᠨ᠎ᠠ ᠯᠤᠤ ᠮᠣᠷᠢ ᠲᠠᠢ ᠬᠣᠯᠪᠣᠪᠠᠯ ᠰᠠᠢᠨ᠃  ᠪᠡᠴᠢ ᠬᠤᠯᠤᠭᠠᠨ᠎ᠠ ᠲᠠᠢ ᠬᠣᠯᠪᠣᠪᠠᠯ ᠬᠠᠮᠤᠭ ᠰᠠᠢᠨ᠂ ᠲᠡᠭᠦᠰ ᠵᠢᠷᠭᠠᠯ ᠲᠡᠭᠰᠢ ᠪᠤᠶᠠᠨ ᠲᠠᠢ᠂ ᠡᠳ᠋ ᠠᠰᠢᠭ ᠦᠯᠡᠮᠵᠢ ᠦᠷ᠎ᠡ ᠬᠡᠦᠬᠡᠳ ᠪᠠᠶᠠᠨ ᠪᠣᠯᠠᠢ᠃ ᠪᠡᠴᠢ ᠭᠠᠬᠠᠢ ᠲᠠᠢ ᠬᠣᠯᠪᠣᠪᠠᠯ ᠦᠵᠦᠭᠦᠷ ᠭᠠᠷᠬᠤ ᠦᠭᠡᠢ᠂ ᠶᠡᠬᠡ ᠮᠠᠭᠤ᠃ 
     ● ᠬᠥᠬᠡ ᠪᠠᠴᠢ ᠠᠨᠤ᠄ ᠥᠨᠳᠥᠷ ᠠᠭᠤᠯᠠᠨ ᠤ᠋ ᠪᠠᠴᠢ᠂ ᠬᠤᠳᠳᠤᠭ ᠤ᠋ᠨ ᠤᠰᠤᠨ ᠤ᠋ ᠮᠠᠬᠠᠪᠣᠳ᠂ ᠡᠶ᠎ᠡ ᠨᠠᠢᠷᠠᠮᠳᠠᠭᠤ ᠡᠷᠬᠢᠮᠰᠦᠭ ᠬᠡᠭᠡᠨᠴᠢᠷ᠂ ᠬᠤᠷᠴᠠ ᠰᠡᠷᠭᠡᠭ ᠴᠣᠪᠣᠭᠣ ᠰᠡᠷᠭᠦᠯᠡᠩ᠂ ᠬᠤᠪᠢᠷᠠᠵᠤ ᠤᠯᠠᠷᠢᠬᠤ ᠴᠢᠳᠠᠮᠠᠭᠠᠢ ᠬᠠᠷᠢᠴᠠᠭ᠎ᠠ ᠶᠠᠪᠤᠯᠴᠠᠭ᠎ᠠ ᠰᠠᠢᠨ᠂ ᠡᠷᠬᠢᠮ ᠳᠡᠭᠡᠳᠦ ᠬᠤᠪᠢ ᠵᠠᠶᠠᠭ᠎ᠠ ᠲᠠᠢ᠂ ᠤᠷᠤᠭ ᠬᠣᠯᠪᠣᠭ᠎ᠠ ᠰᠡᠳᠬᠢᠯ ᠳ᠋ᠦ᠍ᠷ ᠦᠯᠦ ᠨᠡᠢᠴᠡᠬᠦ᠂ ᠵᠢᠭᠠᠬᠠᠨ ᠬᠠᠷᠠᠮᠴᠢ ᠰᠡᠳᠬᠢᠯ ᠢᠪᠴᠤᠤ᠃ 
     ● ᠤᠯᠠᠭᠠᠨ ᠪᠠᠴᠢ ᠠᠨᠤ : ᠠᠭᠤᠯᠠᠨ ᠳᠡᠭᠡᠷᠡᠬᠢ ᠪᠡᠴᠢ᠂ ᠠᠭᠤᠯᠠᠨ ᠳᠣᠣᠷᠠᠬᠢ ᠭᠠᠯ ᠤ᠋ᠨ ᠮᠠᠬᠠᠪᠣᠳ᠂ ᠡᠷᠡᠰ ᠬᠠᠲᠠᠭᠤ ᠵᠠᠩ ᠲᠠᠢ᠂ ᠠᠮᠠᠷᠬᠠᠨ ᠰᠡᠳᠬᠢᠯ ᠬᠥᠳᠡᠯᠬᠦ᠂ ᠦᠨᠡᠨᠴᠢ ᠠᠰᠪᠤᠷᠢ ᠴᠠᠭᠠᠪᠤᠷᠢ᠂ ᠰᠠᠢᠨ ᠢ ᠳᠠᠷᠤᠯᠠᠬᠤ ᠦᠭᠡᠢ ᠮᠠᠭᠤ ᠠ᠋ᠴᠠ ᠠᠶᠤᠬᠤ ᠦᠭᠡᠢ᠂ ᠡᠮᠡᠭᠲᠡᠢ ᠬᠥᠮᠦᠨ ᠠᠵᠢᠯ ᠶᠠᠪᠤᠳᠠᠯ ᠳ᠋ᠤᠷ ᠴᠢᠳᠠᠮᠠᠭᠠᠢ᠃
     ● ᠰᠢᠷ᠎ᠠ ᠪᠠᠴᠢ ᠠᠨᠤ : ᠡᠰᠢᠯᠢᠭ ᠮᠣᠳᠣᠨ ᠳᠡᠭᠡᠷᠡᠬᠢ ᠪᠡᠴᠢ᠂ ᠬᠦᠷᠢᠶᠡᠨ ᠳᠤᠮᠳᠠᠬᠢ ᠰᠢᠷᠣᠢ ᠶ᠋ᠢᠨ ᠮᠠᠬᠠᠪᠣᠳ᠂ ᠵᠠᠩ ᠠᠭᠠᠯᠢ ᠨᠣᠮᠣᠬᠠᠨ᠂ ᠬᠠᠢᠷ᠎ᠠ ᠰᠡᠳᠬᠢᠯᠭᠡ ᠪᠣᠷᠣᠭᠵᠢᠭᠤᠨ᠂ ᠬᠥᠮᠦᠨ ᠳ᠋ᠦ᠍ᠷ ᠦᠨᠡᠨᠴᠢ ᠪᠡᠷ ᠬᠠᠨᠳᠤᠬᠤ᠂ ᠠᠵᠢᠯ ᠳ᠋ᠤᠷ ᠬᠢᠨᠠᠮᠠᠭᠠᠢ᠂ ᠡᠷᠡᠭᠲᠡᠢ ᠬᠥᠮᠦᠨ ᠵᠠᠯᠠᠭᠤ ᠳ᠋ᠠᠭᠠᠨ ᠵᠣᠪᠠᠯ ᠠᠷᠪᠢᠨ᠂ ᠦᠳᠡᠯᠦᠭᠡ ᠨᠠᠰᠤᠨ ᠳ᠋ᠤᠷ ᠵᠢᠷᠭᠠᠬᠤ ᠬᠤᠪᠢ ᠲᠠᠢ᠂ ᠡᠮᠡᠭᠲᠡᠢ ᠬᠥᠮᠦᠨ ᠴᠢᠳᠠᠮᠠᠭᠠᠢ᠂ ᠰᠡᠯᠡᠭᠦᠨ᠂ ᠭᠠᠭᠴᠠᠭᠠᠷᠳᠠᠮᠠᠯ ᠬᠦᠳᠡᠮᠰᠦᠭ᠃ 
     ● ᠴᠠᠭᠠᠨ ᠪᠡᠴᠢ ᠠᠨᠤ᠄ ᠵᠢᠮᠢᠰ ᠢᠳᠡᠭᠴᠢ ᠪᠡᠴᠢ᠂ ᠠᠨᠠᠷ ᠮᠣᠳᠣᠨ ᠤ᠋ ᠮᠠᠬᠠᠪᠣᠳ᠂ ᠡᠶᠡᠯᠳᠡᠭ ᠨᠠᠢᠷᠠᠮᠳᠠᠭᠤ᠂ ᠬᠠᠢᠷ᠎ᠠ ᠰᠡᠳᠬᠡᠯᠭᠡ ᠪᠠᠶᠠᠯᠢᠭ᠂ ᠬᠥᠳᠡᠯᠦᠯ ᠪᠠᠷᠢᠯ ᠴᠠᠭᠤᠷᠬᠠᠢ᠂ ᠠᠮᠢᠳᠤᠷᠠᠯ ᠳ᠋ᠤᠷ ᠪᠠᠶᠠᠷᠯᠠᠩᠭᠤᠢ᠂ ᠳᠠᠭᠤᠤ ᠬᠥᠭᠵᠢᠮ ᠳ᠋ᠦ᠍ᠷ ᠳᠤᠷᠠᠲᠠᠢ᠂ ᠡᠷᠡᠭᠲᠡᠢ ᠬᠥᠮᠦᠨ ᠤ ᠵᠠᠶᠠᠭ᠎ᠠ ᠠᠨᠤ ᠡᠲᠡᠭᠡᠳ ᠶᠡᠬᠡᠷ ᠵᠥᠷᠢᠭᠦᠦ᠂ ᠥᠪᠡᠷ ᠢ ᠪᠡᠨ ᠢᠲᠡᠭᠡᠬᠦ᠂ ᠬᠡᠪᠰᠢᠮᠡᠯ᠃ ᠡᠮᠡᠭᠲᠡᠢ ᠬᠥᠮᠦᠨ ᠤ ᠵᠠᠶᠠᠭ᠎ᠠ ᠠᠨᠤ ᠴᠢᠳᠠᠮᠠᠭᠠᠢ ᠬᠠᠷᠢᠯᠴᠠᠭ᠎ᠠ ᠰᠠᠢᠨ᠃ 
     ● ᠬᠠᠷ᠎ᠠ ᠪᠠᠴᠢ ᠠᠨᠤ᠄ ᠠᠭᠤᠯᠠᠨ ᠠᠭᠤᠢ ᠶ᠋ᠢᠨ ᠪᠠᠴᠢ᠂ ᠢᠯᠳᠦᠨ ᠲᠡᠮᠦᠷ ᠦ᠋ᠨ ᠮᠠᠬᠠᠪᠣᠳ᠂ ᠡᠷᠡᠰ ᠬᠠᠲᠠᠭᠤ ᠵᠠᠩ ᠲᠠᠢ᠂ ᠤᠴᠢᠷ ᠶᠠᠪᠤᠳᠠᠯ ᠳ᠋ᠤᠷ ᠡᠷᠡᠰ ᠲᠠᠰᠤᠷᠬᠠᠢ ᠴᠣᠭ ᠵᠣᠷᠢᠭ ᠲᠠᠢ᠂ ᠲᠤᠰᠬᠠᠯ ᠬᠤᠷᠳᠤᠨ ᠠᠵᠢᠯ ᠳ᠋ᠣᠷ ᠬᠢᠨᠠᠮᠠᠭᠠᠢ᠂ ᠪᠠᠭ᠎ᠠ ᠳ᠋ᠤᠷ ᠵᠣᠷᠢᠭ ᠬᠥᠪᠴᠢᠯᠡᠪᠡᠰᠦ ᠨᠣᠶᠠᠨ ᠰᠠᠭᠤᠬᠤ᠂ ᠳᠤᠮᠳᠠ ᠨᠠᠰᠤᠨ᠎ᠠ ᠠᠰᠢᠭ ᠣᠯᠤᠮᠤᠢ᠃ 

ᠲᠠᠬᠢᠶ᠎ᠠ ᠵᠢᠯᠲᠦ ——

     ● ᠵᠠᠩ ᠠᠭᠠᠯᠢ ᠠᠨᠤ : ᠭᠠᠳᠠᠷ ᠳᠦᠷᠢ ᠦᠵᠡᠰᠬᠦᠯᠡᠩ ᠴᠣᠭ ᠵᠢᠪᠬᠤᠭ᠎ᠠ ᠪᠠᠳᠠᠷᠠᠩᠭᠤᠢ᠂ ᠳᠡᠢᠯᠦᠮᠡᠲᠡᠭᠡᠢ ᠥᠪᠡᠷ ᠢ ᠪᠡᠨ ᠭᠠᠢᠬᠠᠭᠤᠯᠬᠤ ᠪᠠᠬᠠᠨ ᠪᠠᠷᠳᠠᠮ᠂ ᠬᠤᠪᠢ ᠵᠠᠶᠠᠭ᠎ᠠ ᠠᠨᠤ ᠶᠡᠷᠦ ᠪᠤᠰᠤ᠂ ᠨᠠᠢᠵᠢᠯᠠᠬᠤ ᠳᠤᠷᠠᠲᠠᠢ᠂ ᠲᠠᠷᠢᠬᠢ ᠰᠡᠷᠭᠡᠢ ᠬᠤᠷᠴᠠ ᠴᠢᠳᠠᠮᠠᠭᠠᠢ᠂ ᠬᠡᠯᠡᠵᠦ ᠶᠠᠷᠢᠬᠤ ᠳ᠋ᠤᠷ ᠰᠠᠢᠨ᠂ ᠠᠰᠢᠭ ᠵᠣᠭᠣᠰ ᠣᠯᠵᠤ ᠴᠢᠳᠠᠬᠤ ᠮᠥᠷᠲᠡᠭᠡᠨ ᠵᠠᠷᠤᠵᠤ ᠴᠢᠳᠠᠬᠤ᠂ ᠠᠮᠢᠳᠤᠷᠠᠯ ᠳ᠋ᠤ᠌ ᠣᠯᠠᠨ ᠰᠠᠭᠠᠳ ᠪᠣᠢ᠃ ᠡᠷᠡᠭᠲᠡᠢ ᠬᠥᠮᠦᠨ ᠤ ᠣᠨᠴᠠᠯᠢᠭ ᠨᠢ ᠣᠮᠣᠷᠬᠠᠭ ᠪᠠᠷᠳᠠᠮ᠂ ᠡᠮᠡᠭᠲᠡᠢ ᠬᠥᠮᠦᠨ ᠤ ᠣᠨᠴᠠᠯᠢᠭ ᠨᠢ ᠢᠯᠡᠭᠦᠴᠡ ᠬᠡᠷᠡᠭ  ᠢ ᠬᠠᠮᠢᠶᠠᠷᠬᠤ ᠳᠤᠷᠠᠲᠠᠢ᠃ 
     ● ᠲᠠᠬᠢᠶ᠎ᠠ ᠶ᠋ᠢᠨ ᠤᠩᠰᠢᠭᠤ : ᠤᠳᠤᠷᠢᠳᠬᠤ ᠴᠢᠳᠠᠪᠤᠷᠢ ᠰᠠᠢᠨ᠂ ᠪᠠᠢᠷᠢ ᠰᠠᠭᠤᠷᠢ ᠥᠨᠳᠥᠷ ᠪᠣᠭᠣᠨᠢ ᠲᠠᠢ᠂ ᠵᠣᠬᠢᠶᠠᠨ ᠪᠠᠢᠭᠤᠯᠬᠤ ᠴᠢᠳᠠᠪᠤᠷᠢᠲᠠᠨ᠂ ᠨᠣᠶᠠᠨ ᠰᠠᠭᠤᠬᠤ ᠬᠤᠪᠢ ᠲᠠᠢ᠂ ᠲᠠᠬᠢᠶᠠᠨ ᠤ᠋ ᠬᠣᠩᠰᠢᠶᠠᠷ ᠬᠠᠲᠠᠭᠤ ᠪᠥᠭᠡᠳ ᠵᠠᠷᠯᠢᠭ ᠪᠠᠭᠤᠯᠭᠠᠵᠤ ᠴᠢᠳᠠᠬᠤ᠂ ᠲᠥᠷᠥᠯᠬᠢ ᠶ᠋ᠢᠨ ᠶᠠᠷᠢᠮᠠᠲᠠᠭᠠᠢ᠂ ᠲᠠᠬᠢᠶ᠎ᠠ ᠶ᠋ᠢ ᠳᠣᠷᠣᠮᠵᠢᠯᠠᠵᠤ ᠦᠯᠦ ᠳᠡᠢᠯᠬᠦ᠂ ᠵᠠᠩ ᠲᠦᠷᠭᠡᠨ ᠡᠷᠡᠰ ᠬᠠᠲᠠᠭᠤ᠂ ᠠᠯᠢᠪᠠ ᠶᠠᠪᠤᠳᠠᠯ ᠳ᠋ᠤᠷ ᠥᠪᠡᠷ ᠦ᠋ᠨ ᠡᠵᠡᠨ ᠮᠡᠳᠡᠬᠦ᠂ ᠨᠢᠭᠡ ᠨᠠᠰᠤᠨ᠎ᠠ ᠲᠠᠷᠢᠬᠢ ᠬᠥᠳᠡᠯᠭᠡᠨ ᠪᠡᠶ᠎ᠡ ᠵᠦᠳᠡᠬᠦ᠃ ᠴᠠᠭᠠᠨ ᠰᠠᠷ᠎ᠠ ᠬᠣᠶᠠᠷ ᠭᠤᠷᠪᠠᠨ ᠰᠠᠷᠠᠢᠨ ᠲᠠᠬᠢᠶ᠎ᠠ ᠠᠶᠤᠯ ᠶᠡᠬᠡ ᠠᠮᠤᠷ ᠪᠠᠭ᠎ᠠ᠃ ᠳᠣᠯᠣᠭ᠎ᠠ ᠨᠠᠢ᠍ᠮᠠ ᠶᠢᠰᠦᠨ ᠰᠠᠷᠠᠢᠨ ᠲᠠᠬᠢᠶ᠎ᠠ ᠶᠡᠬᠡ ᠶᠠᠪᠤᠳᠠᠯ ᠬᠢᠬᠦ ᠳᠤᠷ᠎ᠠ ᠦᠭᠡᠢ᠂ ᠡᠷᠬᠢᠮ ᠬᠥᠮᠦᠨ ᠲᠤᠰᠠᠯᠠᠪᠠᠯ ᠬᠡᠷᠡᠭ ᠲᠡᠢ ᠬᠥᠮᠦᠨ ᠪᠣᠯᠬᠤ᠃ ᠠᠷᠪᠠ ᠠᠷᠪᠠᠨ ᠨᠢᠭᠡ ᠯᠡ ᠰᠠᠷᠠᠢᠨ ᠲᠠᠬᠢᠶ᠎ᠠ ᠵᠠᠯᠬᠠᠭᠤ᠂ ᠠᠮᠤᠷ ᠮᠡᠨᠳᠦ ᠨᠢᠭᠡ ᠨᠠᠰᠤ ᠶ᠋ᠢ ᠥᠩᠭᠡᠷᠡᠮᠦᠢ᠃
     ● ᠲᠠᠬᠢᠶ᠎ᠠ ᠶ᠋ᠢᠨ ᠳᠠᠢᠰᠤᠨ᠄  ᠲᠠᠤᠯᠠᠢ᠂ ᠳᠠᠷᠠᠭᠠᠯᠠᠪᠠᠯ ᠮᠣᠭᠠᠢ ᠪᠡᠴᠢ ᠲᠠᠬᠢᠶ᠎ᠠ ᠭᠠᠬᠠᠢ ᠵᠢᠯ ᠳ᠋ᠦ᠍ᠷ ᠭᠠᠮᠰᠢᠭ ᠪᠣᠢ᠂ ᠮᠣᠭᠠᠢ ᠪᠡᠴᠢᠨ ᠮᠣᠷᠢᠨ ᠵᠢᠯ ᠳ᠋ᠦ᠍ᠷ ᠡᠪᠡᠳᠴᠢᠨ ᠬᠦᠷᠴᠦ ᠠᠰᠢᠭ ᠭᠠᠷᠬᠤ᠂ ᠬᠡᠯᠡ ᠠᠮᠠ ᠪᠣᠯᠵᠤ ᠠᠯᠢᠪᠠ ᠶᠠᠪᠤᠳᠠᠯ ᠣᠷᠣᠭᠰᠢ ᠦᠭᠡᠢ᠂ ᠲᠠᠬᠢᠶ᠎ᠠ ᠲᠠᠤᠯᠠᠢ ᠭᠠᠬᠠᠢ ᠵᠢᠯ ᠳ᠋ᠦᠷ ᠰᠠᠨᠠᠭᠠᠨ ᠳ᠋ᠤᠷ ᠦᠭᠡᠢ ᠭᠠᠢ ᠪᠣᠢ᠂ ᠬᠤᠯᠠᠭᠠᠢ ᠬᠤᠳᠠᠯ ᠢ ᠰᠡᠷᠭᠡᠢᠯᠡ᠃ 
     ● ᠲᠠᠬᠢᠶ᠎ᠠ ᠶ᠋ᠢᠨ ᠨᠥᠬᠥᠷ : ᠯᠤᠤ᠂ ᠳᠠᠷᠠᠭᠠᠯᠠᠪᠠᠯ ᠯᠤᠤ ᠬᠣᠨᠢ ᠨᠣᠬᠠᠢ ᠵᠢᠯ ᠳ᠋ᠦ᠍ᠷ ᠬᠡᠢ ᠮᠣᠷᠢ ᠳᠡᠭᠳᠡᠵᠦ ᠣᠯᠵᠠ ᠠᠰᠢᠭ ᠲᠠᠢ᠂ ᠠᠯᠢᠪ ᠶᠠᠪᠤᠳᠠᠯ ᠰᠠᠨᠠᠭᠠᠨ ᠤ᠋ ᠠᠶᠠᠪᠠᠷ ᠰᠡᠳᠬᠢᠯᠴᠢᠯᠡᠨ ᠪᠦᠲᠦᠮᠦᠢ᠂ ᠬᠤᠯᠤᠭᠠᠨ᠎ᠠ ᠨᠣᠬᠠᠢ ᠵᠢᠯ ᠳ᠋ᠦ᠍ᠷ ᠪᠠᠶᠠᠷ ᠴᠡᠩᠭᠡᠯ ᠲᠣᠬᠢᠶᠠᠯᠳᠤᠬᠤ᠃ 
     ● ᠨᠠᠰᠤᠨ ᠬᠤᠲᠤᠭ 73 | 80 ᠨᠠᠰᠤᠯᠠᠮᠤᠢ᠃ ᠤᠯᠠᠭᠠᠨ ᠬᠣᠭᠣᠯᠠᠢ ᠶ᠋ᠢᠨ ᠡᠪᠡᠳᠴᠢᠨ ᠢ᠋ᠶ᠋ᠡᠷ 6 ᠰᠠᠷ᠎ᠠ ᠡᠴᠦᠰᠯᠡᠮᠦᠢ᠃ 
     ● ᠲᠣᠬᠢᠷᠠᠬᠤ ᠠᠵᠢᠯ : ᠰᠢᠨ᠎ᠡ ᠮᠠᠶᠢᠭ ᠤ᠋ᠨ ᠬᠤᠪᠴᠠᠰᠤ ᠵᠢᠷᠤᠭᠯᠠᠨ ᠲᠥᠯᠥᠪᠯᠡᠭᠴᠢ᠂ ᠤᠷᠠᠯᠢᠭᠴᠢᠨ᠂ ᠨᠠᠷᠢᠨ ᠪᠢᠴᠢᠭᠡᠴᠢ᠃ 
     ● ᠰᠣᠩᠭᠣᠬᠤ ᠬᠠᠨᠢ᠄ ᠲᠠᠬᠢᠶ᠎ᠠ ᠵᠢᠯᠲᠦ ᠡᠷᠡᠭᠲᠡᠢ ᠯᠤᠤ ᠦᠬᠡᠷ ᠮᠣᠭᠠᠢ ᠲᠠᠢ ᠬᠣᠯᠪᠣᠵᠤ᠂ ᠡᠮᠡᠭᠲᠡᠢ ᠬᠥᠮᠦᠨ ᠯᠤᠤ ᠮᠣᠭᠠᠢ ᠮᠣᠷᠢ ᠲᠠᠢ ᠬᠣᠯᠪᠣᠪᠠᠯ ᠰᠠᠢᠨ᠃ ᠯᠤᠤ ᠲᠠᠬᠢᠶ᠎ᠠ ᠬᠣᠯᠪᠣᠪᠠᠯ ᠬᠠᠮᠤᠭ ᠰᠠᠢᠨ᠂ ᠠᠯᠢᠪᠠ ᠠᠵᠢᠯ ᠤᠷᠤᠭᠰᠢᠲᠠᠢ᠂ ᠦᠷ᠎ᠡ ᠬᠡᠦᠬᠡᠳ ᠳᠡᠯᠭᠡᠷᠡᠨ ᠥᠯᠵᠡᠢ ᠬᠤᠲᠤᠭ ᠥᠨᠢᠳᠡ ᠣᠷᠣᠰᠢᠮᠤᠢ᠃ ᠲᠠᠬᠢᠶ᠎ᠠ ᠲᠠᠤᠯᠠᠢ ᠬᠣᠯᠪᠣᠪᠠᠯ ᠬᠠᠮᠤᠭ ᠮᠠᠭᠤ᠂ ᠠᠯᠢᠪᠠ ᠶᠠᠪᠤᠳᠠᠯ ᠰᠠᠨᠠᠭᠠᠪᠡᠷ ᠦᠭᠡᠢ᠂ ᠬᠠᠷᠢᠯᠴᠠ ᠲᠡᠮᠡᠴᠡᠯᠳᠦᠭᠡᠳ ᠬᠡᠷᠡᠭᠦᠯ ᠲᠠᠰᠤᠷᠠᠬᠤ ᠦᠭᠡᠢ᠃
     ● ᠬᠥᠬᠡᠭᠴᠢᠨ ᠲᠠᠬᠢᠶ᠎ᠠ ᠠᠨᠤ : ᠦᠷ ᠮᠡᠳᠡᠭᠡᠯᠡᠬᠦ ᠲᠠᠬᠢᠶ᠎ᠠ᠂ ᠬᠤᠳᠳᠤᠭ ᠤ᠋ᠨ ᠤᠰᠤᠨ ᠤ᠋ ᠮᠠᠬᠠᠪᠣᠳ᠂ ᠡᠷᠡᠰ ᠬᠠᠲᠠᠭᠤ ᠴᠡᠭᠡᠵᠢ ᠴᠢᠬᠤᠯ᠂ ᠰᠡᠳᠬᠢᠯ ᠠᠮᠠᠷᠬᠠᠨ ᠬᠥᠳᠡᠯᠬᠦ᠂ ᠪᠤᠰᠤᠳ ᠲᠤᠷ ᠦᠨᠡᠨᠴᠢ ᠬᠠᠯᠠᠭᠤᠮᠰᠤᠭ᠂ ᠡᠷᠡᠭᠲᠡᠢ ᠬᠥᠮᠦᠨ ᠰᠦᠷ ᠵᠢᠪᠬᠤᠯᠠᠩᠲᠠᠢ ᠡᠷᠡᠰ ᠴᠠᠭᠠᠪᠤᠷᠢ᠂ ᠨᠣᠶᠠᠨ ᠰᠠᠭᠤᠬᠤ ᠪᠤᠶᠠᠨ ᠲᠠᠢ᠂ ᠡᠮᠡᠭᠲᠡᠢ ᠬᠥᠮᠦᠨ ᠴᠢᠳᠠᠮᠠᠭᠠᠢ ᠮᠥᠷᠲᠡᠭᠡᠨ ᠠᠮᠤᠷ ᠰᠡᠯᠡᠭᠦᠦ ᠬᠤᠪᠢ ᠲᠠᠢ᠃ 
     ● ᠤᠯᠠᠭᠴᠢᠨ ᠲᠠᠬᠢᠶ᠎ᠠ ᠠᠨᠤ᠄ ᠭᠠᠯ ᠳᠦᠷᠰᠦᠲᠦ ᠲᠠᠬᠢᠶ᠎ᠠ᠂ ᠠᠭᠤᠯᠠᠨ ᠳᠣᠣᠷᠠᠬᠢ ᠭᠠᠯ ᠤ᠋ᠨ ᠮᠠᠬᠠᠪᠣᠳ᠂ ᠰᠡᠳᠬᠢᠯ ᠴᠠᠭᠠᠪᠤᠷᠢ ᠴᠡᠭᠡᠵᠢ ᠠᠭᠤᠵᠢᠭᠤ᠂ ᠮᠥᠨ ᠴᠢᠨᠠᠷ ᠠᠷᠢᠭᠤᠨ ᠴᠡᠪᠡᠷ᠂ ᠬᠤᠷᠴᠠ ᠰᠡᠷᠭᠦᠯᠡᠩ ᠲᠤᠰᠬᠠᠢ ᠮᠡᠷᠭᠡᠵᠢᠯ ᠲᠡᠢ᠂ ᠡᠷᠬᠢᠮ ᠳᠡᠭᠡᠳᠦ ᠬᠤᠪᠢ ᠵᠠᠶᠠᠭ᠎ᠠ ᠲᠠᠢ᠃
     ● ᠰᠢᠷᠠᠭᠴᠢᠨ ᠲᠠᠬᠢᠶ᠎ᠠ ᠠᠨᠤ᠄ ᠰᠢᠩᠭᠡᠯᠢᠭ ᠳᠠᠬᠢ ᠲᠠᠬᠢᠶ᠎ᠠ᠂ ᠬᠦᠷᠢᠶᠡᠨ ᠳᠤᠮᠳᠠᠬᠢ ᠰᠢᠷᠣᠢ ᠶ᠋ᠢᠨ ᠮᠠᠬᠠᠪᠣᠳ᠂ ᠡᠷᠡᠭᠲᠡᠢ ᠬᠥᠮᠦᠨ ᠨᠣᠶᠠᠨ ᠰᠠᠭᠤᠬᠤ ᠬᠤᠪᠢ ᠲᠠᠢ ᠡᠮᠡᠭᠲᠡᠢ ᠬᠥᠮᠦᠨ ᠠᠯᠲᠠᠨ ᠮᠥᠩᠭᠥ ᠡᠳ᠋ᠯᠡᠬᠦ ᠵᠠᠶᠠᠭ᠎ᠠ ᠲᠠᠢ᠃ ᠬᠥᠮᠦᠨ ᠨᠢ ᠴᠢᠳᠠᠮᠠᠭᠠᠢ ᠠᠷᠭ᠎ᠠ ᠣᠯᠠᠨ᠂ ᠳᠠᠷᠤᠤ ᠯᠠᠪᠳᠠᠭᠤᠨ ᠪᠤᠰᠤᠳ ᠲᠤᠷ ᠦᠨᠡᠨᠴᠢ᠂ ᠰᠡᠳᠬᠢᠯᠭᠡ ᠪᠣᠷᠣᠭᠵᠢᠭᠤᠨ ᠠᠵᠢᠯ ᠳ᠋ᠤᠷ ᠬᠢᠨᠠᠮᠠᠭᠠᠢ᠂ ᠵᠠᠯᠠᠭᠤ ᠳ᠋ᠤᠷ ᠵᠣᠪᠠᠨ᠂ ᠥᠲᠡᠯᠬᠦ ᠳ᠋ᠡᠭᠡᠨ ᠵᠢᠷᠭᠠᠮᠤᠢ᠃ 
     ● ᠴᠠᠭᠠᠭᠴᠢᠨ ᠲᠠᠬᠢᠶ᠎ᠠ ᠠᠨᠤ : ᠠᠪᠢᠶᠠᠰ ᠪᠢᠯᠢᠭᠲᠦ ᠲᠠᠬᠢᠶ᠎ᠠ᠂ ᠠᠨᠠᠷ ᠮᠣᠳᠣᠨ ᠤ᠋ ᠮᠠᠬᠠᠪᠣᠳ᠂ ᠵᠠᠩ ᠠᠭᠠᠰᠢ ᠡᠶᠡᠯᠳᠡᠭ ᠨᠠᠢᠷᠠᠮᠳᠠᠭᠤ᠂ ᠬᠥᠳᠡᠯᠦᠯ ᠪᠠᠷᠢᠯ ᠴᠠᠭᠤᠷᠬᠠᠢ᠂ ᠴᠡᠭᠡᠵᠢ ᠠᠭᠤᠵᠢᠭᠤ᠂ ᠠᠰᠢᠭ ᠣᠯᠬᠤ ᠵᠠᠮ ᠣᠯᠠᠨ᠂ ᠨᠠᠢᠵᠢ ᠨᠥᠬᠥᠷ ᠦᠯᠡᠮᠵᠢ᠃
     ● ᠬᠠᠷᠠᠭᠴᠢᠨ ᠲᠠᠬᠢᠶ᠎ᠠ ᠠᠨᠤ : ᠬᠡᠮᠡᠷᠯᠢᠭ ᠬᠡᠲᠦᠷᠦᠭᠰᠡᠨ ᠲᠠᠬᠢᠶ᠎ᠠ᠂ ᠢᠯᠳᠦᠨ ᠲᠡᠮᠦᠷ ᠦ᠋ᠨ ᠮᠠᠬᠠᠪᠣᠳ᠂ ᠥᠪᠡᠷ ᠢ᠋ ᠪᠡᠨ ᠬᠦᠨᠳᠦᠳᠬᠡᠬᠦ᠂ ᠰᠡᠳᠬᠢᠯ ᠴᠢᠩᠭ᠎ᠠ ᠡᠷᠡᠰ ᠬᠠᠲᠠᠭᠤ᠂ ᠤᠴᠢᠷ ᠶᠠᠪᠤᠳᠠᠯ ᠳ᠋ᠤᠷ ᠡᠷᠡᠰ ᠲᠠᠰᠤᠷᠬᠠᠢ ᠴᠣᠭ ᠵᠣᠷᠢᠭ ᠲᠠᠢ᠂ ᠬᠡᠯᠡ ᠠᠮᠠᠨ ᠳ᠋ᠠᠭᠠᠨ ᠰᠠᠢᠨ᠂ ᠲᠤᠰᠬᠠᠯ ᠪᠤᠰᠢᠭᠤ ᠬᠤᠷᠴᠠ ᠴᠢᠳᠠᠮᠠᠭᠠᠢ᠂ ᠨᠣᠶᠠᠨ ᠰᠠᠭᠤᠬᠤ᠂ ᠳᠤᠮᠳᠠ ᠨᠠᠰᠤᠨ᠎ᠠ ᠠᠰᠢᠭ ᠣᠯᠵᠤ ᠥᠲᠡᠯᠬᠦ ᠨᠠᠰᠤᠨ᠎ᠠ ᠠᠮᠤᠷ ᠰᠡᠯᠡᠭᠦᠦ ᠵᠢᠷᠭᠠᠮᠤᠢ᠃ 

ᠨᠣᠬᠠᠢ ᠵᠢᠯᠲᠦ ——

     ● ᠵᠠᠩ ᠠᠭᠠᠯᠢ ᠠᠨᠤ : ᠥᠪᠡᠷ ᠪᠤᠰᠤᠳ ᠲᠤᠷ ᠦᠨᠡᠨᠴᠢ ᠰᠢᠳᠤᠷᠭᠤ ᠨᠠᠢᠳᠠᠪᠤᠷᠢᠲᠠᠢ ᠬᠠᠯᠠᠭᠤᠮᠰᠤᠭ᠂ ᠠᠰᠢᠭ ᠬᠠᠮᠠᠭᠠᠯᠠᠵᠤ ᠴᠢᠳᠠᠬᠤ᠂ ᠥᠪᠡᠷ ᠦ᠋ᠨ ᠬᠦᠨᠳᠦᠳᠬᠡᠬᠦ ᠬᠥᠮᠦᠨ ᠪᠠ ᠳᠤᠷᠠᠲᠠᠢ ᠬᠥᠮᠦᠨ ᠳ᠋ᠡᠭᠡᠨ ᠦᠬᠦᠨ ᠴᠢᠷᠮᠠᠢᠬᠤ᠂ ᠠᠵᠢᠯᠯᠠᠬᠤ ᠴᠢᠳᠠᠪᠤᠷᠢ ᠰᠠᠢᠨ᠂ ᠪᠣᠯᠭᠣᠮᠵᠢᠲᠠᠢ᠂ ᠤᠯᠠᠷᠢᠨ ᠬᠤᠪᠢᠷᠠᠬᠤ ᠡᠷᠳᠡᠮ ᠴᠢᠳᠠᠯ ᠲᠠᠢ᠃ ᠡᠷᠡᠭᠲᠡᠢ ᠬᠥᠮᠦᠨ ᠤ ᠣᠨᠴᠠᠯᠢᠭ ᠨᠢ ᠶᠠᠷᠢᠵᠤ ᠶᠠᠩᠰᠢᠬᠤ ᠳᠤᠷᠠᠲᠠᠢ᠂ ᠡᠮᠡᠭᠲᠡᠢ ᠬᠥᠮᠦᠨ ᠤ ᠣᠨᠴᠠᠯᠢᠭ ᠨᠢ ᠥᠪᠡᠷ ᠢ ᠪᠡᠨ ᠪᠢᠲᠡᠭᠦᠮᠵᠢᠯᠡᠵᠦ ᠦᠭᠡ ᠳᠠᠭᠤᠨ ᠴᠥᠭᠡᠨ᠃ 
     ● ᠨᠣᠬᠠᠢ ᠶᠢᠨ ᠤᠩᠰᠢᠭᠤ : ᠶᠠᠪᠤᠬᠤᠢ ᠳ᠋ᠤᠷ ᠰᠠᠢᠨ᠂ ᠠᠯᠲᠠ ᠮᠥᠩᠭᠥ ᠡᠳ᠋ᠯᠡᠨ ᠪᠠᠶᠠᠨ ᠬᠡᠷᠬᠡᠮ ᠠᠮᠢᠳᠤᠷᠠᠮᠤᠢ᠂ ᠠᠰᠢᠭ ᠵᠣᠭᠣᠰ ᠢ ᠠᠮᠢᠨ ᠳ᠋ᠠᠭᠠᠨ ᠠᠪᠴᠤ ᠶᠠᠪᠤᠬᠤ᠂ ᠠᠨᠳᠠ ᠨᠠᠢᠵᠢ ᠲᠠᠢ ᠪᠡᠨ ᠡᠪᠳᠡᠷᠡᠯᠴᠡᠬᠦ᠂ ᠰᠡᠳᠬᠢᠯ ᠵᠥᠭᠡᠯᠡᠨ ᠲᠠᠷᠢᠬᠢ ᠲᠣᠯᠣᠭᠠᠢ ᠳᠥᠬᠥᠮᠬᠡᠨ᠂ ᠮᠡᠬᠡᠯᠡᠭᠳᠡᠵᠦ ᠬᠠᠭᠤᠷᠲᠠᠬᠤ ᠠ᠋ᠴᠠ ᠠᠶᠤᠳᠠᠭ ᠦᠭᠡᠢ᠃ ᠴᠠᠭᠠᠨ ᠰᠠᠷ᠎ᠠ ᠬᠣᠶᠠᠷ ᠭᠤᠷᠪᠠ ᠳᠥᠷᠪᠡᠨ ᠰᠠᠷ᠎ᠠ ᠶ᠋ᠢᠨ ᠨᠣᠬᠠᠢ ᠯᠠᠪᠳᠠᠭᠤᠨ ᠲᠠᠯᠪᠢᠭᠤᠨ᠂ ᠢᠳᠡᠬᠦ ᠡᠮᠦᠰᠬᠦ ᠡᠯᠪᠡᠭ᠂ ᠭᠡᠪᠡᠴᠦ ᠥᠩᠭᠡ ᠳ᠋ᠦ᠍ᠷ ᠲᠠᠴᠢᠶᠠᠩᠭᠤᠢ᠃ ᠲᠠᠪᠤ ᠵᠢᠷᠭᠤᠭ᠎ᠠ ᠳᠣᠯᠣᠭᠠᠨ ᠰᠠᠷ᠎ᠠ ᠶ᠋ᠢᠨ ᠨᠣᠬᠠᠢ ᠠᠮᠢᠳᠤᠷᠠᠯ ᠬᠦᠴᠢᠷᠲᠡᠢ᠂ ᠰᠠᠭᠠᠳ ᠣᠯᠠᠨ᠂ ᠨᠢᠭᠡ ᠨᠠᠰᠤᠨ᠎ᠠ ᠳᠡᠮᠡᠢ ᠶᠠᠪᠤᠳᠠᠯ ᠪᠦᠲᠦᠬᠦ ᠦᠭᠡᠢ᠂ ᠨᠠᠢ᠍ᠮᠠ ᠶᠢᠰᠦᠨ ᠰᠠᠷ᠎ᠠ ᠶ᠋ᠢᠨ ᠨᠣᠬᠠᠢ ᠶᠡᠬᠡ ᠶᠠᠪᠤᠳᠠᠯ ᠪᠦᠲᠦᠭᠡᠬᠦ᠂ ᠰᠡᠴᠡᠨ ᠮᠡᠷᠭᠡᠨ ᠤᠬᠠᠭᠠᠨ ᠴᠢᠳᠠᠪᠤᠷᠢᠲᠠᠢ᠂ ᠬᠥᠮᠦᠨ ᠦ ᠬᠦᠨᠳᠦᠳᠬᠡᠯ ᠢ ᠣᠯᠬᠤᠶ᠎ᠠ ᠪᠡᠷᠬᠡ᠃ ᠠᠷᠪᠠ ᠠᠷᠪᠠᠨ ᠨᠢᠭᠡ ᠯᠡ ᠰᠠᠷ᠎ᠠ ᠶ᠋ᠢᠨ ᠨᠣᠬᠠᠢ ᠭᠡᠷ ᠢ᠋ᠶ᠋ᠡᠨ ᠬᠠᠮᠠᠭᠠᠯᠠᠬᠤ᠂ ᠤᠷᠢᠳᠠ ᠵᠦᠳᠡᠨ ᠬᠣᠢᠨ᠎ᠠ ᠡᠳ᠋ᠯᠡᠨ᠂ ᠥᠲᠡᠯ᠎ᠡ ᠨᠠᠰᠤᠨ᠎ᠠ ᠵᠢᠷᠭᠠᠮᠤᠢ᠃
     ● ᠨᠣᠬᠠᠢ ᠶ᠋ᠢᠨ ᠳᠠᠢᠰᠤᠨ : ᠬᠣᠨᠢ ᠵᠢᠴᠢ ᠯᠤᠤ ᠲᠠᠬᠢᠶ᠎ᠠ ᠦᠬᠡᠷ ᠵᠢᠯ ᠳ᠋ᠦ᠍ᠷ ᠭᠠᠢ ᠪᠣᠢ᠂ ᠬᠤᠯᠤᠭᠠᠨ᠎ᠠ ᠪᠠᠴᠢ ᠲᠠᠬᠢᠶ᠎ᠠ ᠵᠢᠯ ᠳ᠋ᠤᠷ ᠬᠡᠯᠡ ᠠᠮᠠ ᠬᠢᠵᠢᠭ ᠲᠠᠬᠤᠯ ᠲᠠᠢ᠂ ᠠᠰᠢᠭ ᠭᠠᠷᠴᠤ ᠠᠯᠢᠪᠠ ᠦᠢᠯᠡᠰ ᠰᠠᠨᠠᠭᠠᠪᠠᠷ ᠦᠭᠡᠢ᠂ ᠬᠤᠯᠤᠭᠠᠨ᠎ᠠ ᠯᠤᠤ ᠵᠢᠯ ᠳ᠋ᠦ᠍ᠷ ᠰᠠᠨᠠᠭᠠᠨ ᠳ᠋ᠤᠷ ᠦᠭᠡᠢ ᠭᠠᠢ ᠪᠣᠢ᠃ 
     ● ᠨᠣᠬᠠᠢ ᠶ᠋ᠢᠨ ᠨᠥᠬᠥᠷ᠄ ᠲᠠᠤᠯᠠᠢ᠂ ᠳᠠᠷᠠᠭᠠᠯᠠᠪᠠᠯ ᠲᠠᠤᠯᠠᠢ ᠮᠣᠷᠢ ᠨᠣᠬᠠᠢ ᠵᠢᠯ ᠠᠰᠢᠭ ᠣᠯᠬᠤ ᠵᠡᠷᠭᠡ ᠳᠡᠪᠰᠢᠬᠦ ᠠᠯᠢᠪᠠ ᠶᠠᠪᠤᠳᠠᠯ ᠥᠯᠵᠡᠢ ᠪᠡᠯᠭᠡ ᠲᠡᠢ᠃ ᠬᠣᠨᠢᠨ ᠵᠢᠯ ᠳ᠋ᠦ᠍ᠷ ᠰᠠᠢᠨ ᠮᠠᠭᠤ ᠤᠴᠢᠷ ᠬᠠᠪᠰᠤᠷᠬᠤ᠂ ᠭᠠᠬᠠᠢ ᠵᠢᠯ ᠳ᠋ᠦ᠍ᠷ ᠪᠠᠶᠠᠷ ᠴᠡᠩᠭᠡᠯ ᠲᠣᠬᠢᠶᠠᠯᠳᠤᠮᠤᠢ᠃ 
     ● ᠴᠡᠭᠡᠷᠯᠡᠬᠦ ᠣᠷᠣᠨ ᠵᠦᠭ᠄ ᠰᠢᠷᠣᠢ ᠶ᠋ᠢᠨ ᠣᠷᠣᠨ ᠳ᠋ᠤᠷ ᠵᠡᠭᠦᠨᠰᠢ ᠠᠶᠠᠯᠠᠬᠤ ᠶ᠋ᠢ ᠴᠡᠭᠡᠷᠯᠡ᠂  ᠡᠮᠦᠨᠡᠰᠢ ᠤᠮᠠᠷᠠᠰᠢ ᠠᠶᠠᠯᠠᠪᠠᠯ ᠪᠠᠶᠠᠵᠢᠬᠤ᠃ ᠨᠠᠰᠤᠨ ᠬᠤᠲᠤᠭ᠄ 75|80 ᠨᠠᠰᠦᠯᠡᠮᠤᠢ᠂ ᠪᠥᠭᠡᠷ᠎ᠡ ᠶ᠋ᠢᠨ ᠡᠪᠡᠳᠴᠢᠨ ᠢ᠋ᠶ᠋ᠡᠷ 3 ᠰᠠᠷ᠎ᠠ ᠳ᠋ᠤᠷ ᠡᠴᠦᠰᠯᠡᠮᠦᠢ᠃
     ● ᠲᠣᠬᠢᠷᠠᠬᠤ ᠠᠵᠢᠯ : ᠪᠠᠭᠰᠢ᠂ ᠡᠮᠴᠢ᠂ ᠰᠤᠪᠢᠯᠠᠭᠴᠢ᠃
     ● ᠰᠣᠩᠭᠣᠬᠤ ᠬᠠᠨᠢ ᠄ ᠨᠣᠬᠠᠢ ᠵᠢᠯᠲᠦ ᠡᠷᠡᠭᠲᠡᠢ ᠲᠠᠤᠯᠠᠢ ᠪᠠᠷᠰ ᠮᠣᠷᠢ ᠲᠠᠢ ᠬᠣᠯᠪᠣᠵᠤ᠂ ᠡᠮᠡᠭᠲᠡᠢ ᠬᠥᠮᠦᠨ ᠲᠠᠤᠯᠠᠢ ᠪᠠᠷᠰ ᠮᠣᠭᠠᠢ ᠲᠠᠢ ᠬᠣᠯᠪᠣᠪᠠᠯ ᠰᠠᠢᠨ᠂ ᠨᠣᠬᠠᠢ ᠲᠠᠤᠯᠠᠢ ᠬᠣᠯᠪᠣᠪᠠᠯ ᠬᠠᠮᠤᠭ ᠰᠠᠢᠨ᠂ ᠢᠯᠠᠩᠭᠤᠶ᠎ᠠ ᠴᠠᠭᠠᠨ ᠲᠠᠤᠯᠠᠢ ᠰᠢᠷ᠎ᠠ ᠨᠣᠬᠠᠢ ᠬᠣᠯᠪᠣᠪᠠᠯ ᠠᠯᠲᠠ ᠮᠥᠩᠭᠥ ᠠᠪᠳᠠᠷ᠎ᠠ ᠳᠦᠭᠦᠷᠴᠦ ᠥᠨᠢ ᠡᠭᠦᠷᠢᠳᠡ ᠵᠢᠷᠭᠠᠮᠤᠢ᠃ ᠨᠣᠬᠠᠢ ᠯᠤᠤ ᠲᠠᠢ ᠬᠣᠯᠪᠣᠪᠠᠯ ᠮᠠᠭᠤ᠂ ᠡᠴᠢᠭᠡ ᠡᠬᠡ ᠳ᠋ᠡᠭᠡᠨ ᠬᠠᠷᠰᠢ᠂ ᠦᠷᠭᠦᠯᠵᠢᠳᠡ ᠵᠣᠪᠠᠯᠠᠩ ᠲᠠᠢ᠃ 
     ● ᠬᠥᠬᠡ ᠨᠣᠬᠠᠢ ᠠᠨᠤ : ᠬᠣᠲᠠ ᠰᠠᠬᠢᠭᠴᠢ ᠨᠣᠬᠠᠢ᠂ ᠠᠭᠤᠯᠠᠨ ᠣᠷᠣᠢ ᠶ᠋ᠢᠨ ᠭᠠᠯ ᠤ᠋ᠨ ᠮᠠᠬᠠᠪᠣᠳ᠂ ᠡᠷᠡᠰ ᠬᠠᠲᠠᠭᠤ ᠵᠠᠩ ᠴᠢᠨᠠᠷ ᠲᠠᠢ᠂ ᠰᠡᠳᠬᠢᠯ ᠬᠥᠳᠡᠯᠬᠦ ᠳᠤᠷᠠᠲᠠᠢ᠂ ᠠᠰᠪᠤᠷᠢ ᠴᠠᠭᠠᠪᠤᠷᠢ ᠦᠨᠡᠨᠴᠢ᠂ ᠪᠠᠭ᠎ᠠ ᠨᠠᠰᠤᠨ᠎ᠠ ᠵᠣᠪᠠᠵᠤ ᠰᠡᠭᠦᠯᠡᠷ ᠨᠣᠶᠠᠨ ᠰᠠᠭᠤᠬᠤ᠂ ᠬᠣᠨᠢᠨ ᠵᠢᠯ ᠳ᠋ᠦ᠍ᠷ ᠠᠰᠢᠭ ᠭᠠᠷᠬᠤ᠃ 
     ● ᠤᠯᠠᠭᠠᠨ ᠨᠣᠬᠠᠢ ᠠᠨᠤ : ᠭᠡᠷ ᠬᠠᠮᠢᠶᠠᠷᠤᠭᠴᠢ ᠨᠣᠬᠠᠢ᠂ ᠭᠡᠷ ᠦ᠋ᠨ ᠣᠷᠣᠢ ᠶ᠋ᠢᠨ ᠰᠢᠷᠣᠢ ᠶ᠋ᠢᠨ ᠮᠠᠬᠠᠪᠣᠳ᠂ ᠵᠠᠩ ᠠᠠᠭᠠᠯᠢ ᠡᠶᠡᠯᠰᠡᠭ ᠰᠢᠳᠤᠷᠭᠤ᠂ ᠪᠣᠷᠣᠭᠵᠢᠭᠤᠨ ᠰᠡᠳᠬᠢᠯᠲᠡᠢ ᠦᠨᠡᠨᠴᠢ᠂ ᠢᠯᠡᠭᠦᠴᠡ ᠬᠡᠷᠡᠭ ᠢ ᠬᠠᠮᠢᠶᠠᠷᠴᠤ ᠠᠮᠠᠨ ᠲᠠᠪᠠ ᠪᠠᠷ ᠠᠢᠯᠠᠳᠬᠤ᠂ ᠠᠵᠢᠯ ᠳ᠋ᠤᠷ ᠬᠢᠨᠠᠮᠠᠭᠠᠢ ᠰᠥᠰᠥ ᠵᠣᠷᠢᠭ ᠪᠠᠭ᠎ᠠ᠃ ᠡᠮᠡᠭᠲᠡᠢ ᠬᠥᠮᠦᠨ ᠴᠢᠳᠠᠪᠤᠷᠢᠲᠠᠢ᠂ ᠥᠪᠡᠷ ᠦ᠋ᠨ ᠬᠦᠴᠦ ᠪᠡᠷ ᠢ᠋ᠶ᠋ᠡᠨ ᠳᠡᠭᠵᠢᠷᠡᠬᠦ᠃ 
     ● ᠰᠢᠷ᠎ᠠ ᠨᠣᠬᠠᠢ ᠠᠨᠤ : ᠬᠣᠨᠢ ᠨᠡᠬᠡᠭᠰᠡᠨ ᠨᠣᠬᠠᠢ᠂ ᠲᠡᠭᠰᠢ ᠲᠠᠯ᠎ᠠ ᠶ᠋ᠢᠨ ᠮᠣᠳᠣᠨ ᠮᠠᠬᠠᠪᠣᠳ᠂ ᠬᠤᠷᠴᠠ ᠰᠡᠷᠭᠦᠯᠡᠩ᠂ ᠰᠦᠷ ᠰᠦᠯᠳᠡ ᠪᠠᠳᠠᠷᠠᠩᠭᠤᠢ᠂ ᠬᠠᠢᠷ᠎ᠠ ᠰᠡᠳᠬᠢᠯᠭᠡ ᠪᠠᠶᠠᠯᠢᠭ᠂ ᠬᠠᠯᠠᠭᠤᠨ ᠰᠡᠳᠬᠢᠯ ᠲᠡᠢ᠂ ᠨᠢᠭᠡ ᠨᠠᠰᠤᠨ᠎ᠠ ᠠᠰᠢᠭ ᠣᠯᠵᠠ ᠰᠠᠢᠨ᠃ 
     ● ᠴᠠᠭᠠᠨ ᠨᠣᠬᠠᠢ ᠠᠨᠤ : ᠠᠰᠢᠭ ᠰᠠᠬᠢᠭᠴᠢ ᠨᠣᠬᠠᠢ᠂ ᠬᠠᠳᠬᠤᠷ ᠤ᠋ᠨ ᠲᠡᠮᠦᠷ ᠦ᠋ᠨ ᠮᠠᠬᠠᠪᠣᠳ᠂ ᠬᠤᠷᠴᠠ ᠴᠢᠳᠠᠮᠠᠭᠠᠢ᠂ ᠰᠦᠷ ᠰᠦᠯᠳᠡ ᠲᠡᠢ ᠡᠷᠡᠰ ᠬᠠᠲᠠᠭᠤ ᠯᠠᠪᠳᠠᠭᠤᠨ᠂ ᠨᠣᠶᠠᠨ ᠰᠠᠭᠤᠬᠤ᠂ ᠠᠵᠢᠯ ᠳ᠋ᠤᠷ ᠬᠢᠨᠠᠮᠠᠭᠠᠢ ᠬᠥᠮᠦᠨ ᠤ ᠬᠦᠨᠳᠦᠳᠬᠡᠯ ᠢ ᠣᠯᠬᠤ᠂ ᠡᠮᠡᠭᠲᠡᠢ ᠬᠥᠮᠦᠨ ᠲᠥᠪᠬᠢᠨᠡᠭᠦᠯᠬᠦ ᠳ᠋ᠦ᠍ ᠴᠢᠳᠠᠮᠠᠭᠠᠢ᠂ ᠦᠨᠡᠨᠴᠢ᠂ ᠠᠰᠢᠭ ᠬᠠᠮᠠᠭᠠᠯᠠᠵᠤ ᠴᠢᠳᠠᠬᠤ᠃ 
     ● ᠬᠠᠷ᠎ᠠ ᠨᠣᠬᠠᠢ ᠠᠨᠤ : ᠡᠨᠡᠷᠢᠩᠭᠦᠢ ᠨᠣᠬᠠᠢ᠂ ᠳᠠᠯᠠᠢ ᠶ᠋ᠢᠨ ᠤᠰᠤᠨ ᠤ᠋ ᠮᠠᠬᠠᠪᠣᠳ᠂ ᠨᠢᠭᠡ ᠨᠠᠰᠤᠨ᠎ᠠ ᠡᠳ᠋ ᠠᠰᠢᠭ ᠦᠯᠡᠮᠵᠢ᠂ ᠬᠡᠯᠡᠵᠦ ᠶᠠᠷᠢᠬᠤᠢ ᠳ᠋ᠤᠷ ᠰᠠᠢᠨ᠂ ᠬᠥᠳᠡᠯᠵᠦ ᠪᠠᠷᠢᠬᠤ ᠱᠠᠯᠠᠮᠠᠭᠠᠢ᠂ ᠴᠡᠭᠡᠵᠢ ᠰᠡᠷᠭᠡᠢ ᠰᠠᠨᠠᠭ᠎ᠠ ᠤᠷᠠᠨ᠂ ᠲᠣᠬᠢᠶᠠᠯ ᠳ᠋ᠠᠭᠠᠨ ᠬᠤᠪᠢᠷᠠᠵᠤ ᠴᠢᠳᠠᠬᠤ᠂ ᠡᠷᠬᠢᠮ ᠳᠡᠭᠡᠳᠦ ᠢᠨᠠᠭ ᠠᠮᠠᠷᠠᠭ ᠬᠤᠪᠢ ᠵᠠᠶᠠᠭ᠎ᠠ ᠲᠠᠢ᠂ ᠪᠠᠬᠠᠨ ᠬᠠᠷᠠᠮᠴᠢ᠂ ᠶᠠᠭᠠᠷᠠᠮᠠᠲᠠᠭᠠᠢ᠃ 

ᠭᠠᠬᠠᠢ ᠵᠢᠯᠲᠦ ——

     ● ᠵᠠᠩ ᠠᠭᠠᠯᠢ ᠠᠨᠤ᠄ ᠯᠠᠪᠳᠠᠭᠤᠨ ᠲᠠᠯᠪᠢᠭᠤᠨ ᠠᠰᠪᠤᠷᠢ ᠪᠣᠷᠣᠭᠵᠢᠭᠤᠨ ᠦᠨᠡᠨᠴᠢ᠂ ᠥᠪᠡᠷ ᠪᠤᠰᠤᠳ ᠤ᠋ᠨ ᠬᠠᠷᠢᠴᠠᠭ᠎ᠠ ᠲᠤᠢᠯ ᠤ᠋ᠨ ᠰᠠᠢᠨ᠂ ᠲᠥᠪ ᠶᠣᠰᠣᠨ ᠤ᠋ ᠲᠥᠯᠥᠭᠡ ᠲᠡᠮᠡᠴᠡᠬᠦ ᠠᠷᠢᠭᠤᠨ ᠰᠡᠳᠬᠢᠯᠭᠡ ᠲᠡᠢ᠂ ᠲᠥᠷᠥᠯᠬᠢ ᠪᠠᠶᠠᠰᠤᠩᠭᠤᠢ ᠬᠠᠯᠠᠭᠤᠨ ᠰᠡᠳᠬᠢᠯ ᠲᠡᠢ᠂ ᠡᠷᠡᠰ ᠬᠠᠲᠠᠭᠤ ᠨᠤᠭᠤᠷᠠᠰᠢ ᠦᠭᠡᠢ ᠴᠢᠷᠮᠠᠢᠬᠤ᠂ ᠪᠠᠭᠲᠠᠭᠠᠮᠵᠢ ᠶᠡᠬᠡᠲᠡᠢ᠂ ᠡᠲᠡᠭᠡᠳ ᠵᠥᠷᠢᠭᠦᠦ᠃ ᠡᠷᠡᠭᠲᠡᠢ ᠬᠥᠮᠦᠨ ᠤ ᠣᠨᠴᠠᠯᠢᠭ ᠨᠢ ᠬᠡᠲᠦᠷᠬᠡᠢ ᠦᠨᠡᠨᠴᠢ ᠬᠠᠷᠢᠮᠠᠬᠠᠢ ᠴᠢᠨᠠᠷ ᠢ᠋ᠶ᠋ᠠᠷ ᠳᠤᠲᠠᠮᠠᠭ᠂ ᠡᠮᠡᠭᠲᠡᠢ ᠬᠥᠮᠦᠨ ᠤ ᠣᠨᠴᠠᠯᠢᠭ ᠨᠢ ᠤᠴᠢᠷ ᠶᠠᠪᠤᠳᠠᠯ ᠳ᠋ᠤᠷ ᠬᠡᠲᠦᠷᠬᠡᠢ ᠦᠬᠦᠮᠡᠯ ᠢ᠋ᠶ᠋ᠡᠷ ᠬᠠᠨᠳᠤᠳᠠᠭ᠃ 
     ● ᠭᠠᠬᠠᠢ ᠶ᠋ᠢᠨ ᠤᠩᠰᠢᠭᠤ : ᠨᠢᠭᠡ ᠬᠥᠮᠦᠨ ᠨᠢ ᠵᠠᠭᠤᠨ ᠬᠥᠮᠦᠨ ᠲᠡᠢ ᠲᠡᠩᠴᠡᠬᠦ᠂᠂ ᠨᠠᠰᠤᠨ ᠤᠷᠲᠤ᠂ ᠠᠮᠤᠷ ᠰᠡᠯᠡᠭᠦᠦ ᠴᠢᠭᠢᠷᠠᠭ ᠪᠡᠶ᠎ᠡ ᠲᠡᠢ᠂ ᠠᠷᠪᠠᠨ ᠬᠣᠶᠠᠷ ᠵᠢᠯᠲᠠᠨ ᠤ᠋ ᠳᠣᠲᠣᠷ᠎ᠠ ᠠᠰᠢᠭ ᠡᠳ᠋ ᠦ᠋ᠨ ᠬᠤᠪᠢ ᠵᠠᠶᠠᠭ᠎ᠠ ᠬᠠᠮᠤᠭ ᠬᠥᠭᠵᠢᠭᠰᠡᠨ ᠵᠢᠯᠲᠡᠨ ᠪᠣᠯᠬᠤ ᠶᠤᠮ᠃ ᠴᠠᠭᠠᠨ ᠰᠠᠷ᠎ᠠ ᠬᠣᠶᠠᠷ ᠭᠤᠷᠪᠠᠨ ᠰᠠᠷᠠᠢᠨ ᠭᠠᠬᠠᠢ ᠡᠲᠡᠭᠡᠳ ᠵᠠᠩ ᠲᠠᠢ᠂ ᠰᠠᠢᠨ ᠨᠣᠭᠣᠭ᠎ᠠ ᠢᠳᠡᠬᠦ ᠯᠡ ᠳᠤᠷᠠᠲᠠᠢ᠂ ᠬᠥᠮᠦᠨ ᠦᠨᠡᠨᠴᠢ ᠰᠡᠳᠬᠢᠯ ᠪᠠᠢᠭᠰᠠᠨ ᠴᠤ᠌ ᠥᠪᠡᠷ ᠦ᠋ᠨ ᠬᠢ ᠪᠡᠷ ᠢ᠋ᠶ᠋ᠡᠨ ᠶᠠᠪᠤᠵᠤ ᠣᠢᠰᠢᠶᠠᠬᠤ ᠦᠭᠡᠢ ᠪᠤᠰᠤᠳ ᠤ᠋ᠨ ᠳᠤᠷ᠎ᠠ ᠦᠭᠡᠢᠴᠡᠯ ᠢ ᠣᠯᠬᠤ᠂ ᠥᠪᠡᠷ ᠢ᠋ᠶ᠋ᠡᠨ ᠲᠣᠬᠢᠶᠠᠯ ᠢ ᠠᠯᠳᠠᠬᠤ᠃ ᠳᠥᠷᠪᠡ ᠲᠠᠪᠤ ᠵᠢᠷᠭᠤᠭᠠᠨ ᠰᠠᠷᠠᠢᠨ ᠭᠠᠬᠠᠢ ᠤᠷᠠᠯᠢᠭ ᠮᠡᠷᠭᠡᠵᠢᠯ ᠳ᠋ᠦ᠍  ᠪᠠᠬᠠᠲᠠᠢ᠂ ᠲᠠᠰᠤᠷᠠᠯᠲᠠ ᠦᠭᠡᠢ ᠴᠢᠷᠮᠠᠢᠵᠤ ᠠᠮᠵᠢᠯᠲᠠ ᠪᠦᠲᠦᠭᠡᠯ ᠣᠯᠬᠤ᠃ ᠳᠣᠯᠣᠭ᠎ᠠ ᠨᠠᠢ᠍ᠮᠠ ᠶᠢᠰᠦᠨ ᠰᠠᠷᠠᠢᠨ ᠭᠠᠬᠠᠢ ᠨᠢᠭᠡ ᠨᠠᠰᠤᠨ᠎ᠠ ᠰᠡᠯᠡᠭᠦᠦ᠂ ᠪᠡᠶ᠎ᠡ ᠴᠠᠬᠢᠷᠠᠭ᠂ ᠢᠳᠡᠬᠦ ᠡᠮᠦᠰᠬᠦ ᠰᠠᠢᠨ᠂ ᠨᠠᠰᠤᠨ ᠬᠤᠲᠤᠭ ᠤᠷᠲᠤ᠃ ᠠᠷᠪᠠ ᠠᠷᠪᠠᠨ ᠨᠢᠭᠡᠨ ᠰᠠᠷᠠᠢᠨ ᠭᠠᠬᠠᠢ ᠡᠳ᠋ ᠠᠰᠢᠭ ᠰᠠᠢᠨ ᠣᠯᠬᠤ᠃ ᠯᠡ ᠰᠠᠷᠠᠢᠨ ᠭᠠᠬᠠᠢ ᠠᠰᠢᠭ ᠰᠠᠢᠨ ᠪᠣᠯᠪᠠᠴᠤ ᠠᠮᠤᠷ ᠪᠠᠭ᠎ᠠ ᠠᠶᠤᠯ ᠶᠡᠬᠡ᠂ ᠤᠷᠤᠭᠰᠢᠯᠠᠬᠤᠶ᠎ᠠ ᠪᠡᠷᠬᠡ᠂ ᠨᠢᠭᠡ ᠨᠠᠰᠦᠨ᠎ᠠ ᠳᠡᠮᠡᠢ ᠶᠠᠪᠤᠳᠠᠯ ᠪᠦᠲᠦᠬᠦ ᠦᠭᠡᠢ᠃ 
     ● ᠭᠠᠬᠠᠢ ᠶ᠋ᠢᠨ ᠳᠠᠢᠰᠤᠨ ᠠᠨᠤ : ᠮᠣᠭᠠᠢ᠂ ᠳᠠᠷᠠᠭᠠᠯᠠᠪᠠᠯ ᠬᠣᠨᠢ ᠪᠠᠴᠢ ᠲᠠᠬᠢᠶ᠎ᠠ ᠭᠠᠬᠠᠢ ᠵᠢᠯ ᠳ᠋ᠦ᠍ᠷ ᠭᠠᠮᠰᠢᠭ ᠲᠠᠢ᠂ ᠨᠣᠬᠠᠢ ᠵᠢᠯ ᠳ᠋ᠦ᠍ᠷ ᠡᠪᠡᠳᠴᠢᠨ ᠬᠦᠷᠬᠦ ᠡᠳ᠋ ᠭᠠᠷᠬᠤ᠂ ᠬᠡᠯᠡ ᠠᠮᠠ ᠪᠣᠯᠵᠤ ᠠᠯᠢᠪᠠ ᠶᠠᠪᠤᠳᠠᠯ ᠰᠠᠨᠠᠭᠠᠪᠠᠷ ᠦᠭᠡᠢ᠂ ᠮᠣᠭᠠᠢ ᠬᠣᠨᠢ ᠲᠠᠬᠢᠶ᠎ᠠ ᠭᠠᠬᠠᠢ ᠵᠢᠯ ᠳ᠋ᠦ᠍ᠷ ᠰᠠᠨᠠᠭᠠᠨ ᠳ᠋ᠤᠷ ᠦᠭᠡᠢ ᠭᠠᠢ ᠪᠣᠢ᠂ ᠬᠤᠯᠠᠭᠠᠢ ᠬᠤᠳᠠᠯ ᠢ ᠰᠡᠷᠭᠡᠡᠢᠯᠡ᠃ 
     ● ᠭᠠᠬᠠᠢ ᠶ᠋ᠢᠨ ᠨᠥᠬᠥᠷ᠂ ᠲᠠᠤᠯᠠᠢ᠂ ᠳᠠᠷᠠᠭᠠᠯᠠᠪᠠᠯ ᠮᠣᠷᠢ ᠲᠠᠤᠯᠠᠢ ᠯᠤᠤ ᠦᠬᠡᠷ ᠵᠢᠯ ᠳ᠋ᠦ᠍ᠷ ᠴᠠᠯᠢᠩ ᠨᠡᠮᠡᠵᠦ ᠵᠡᠷᠭᠡ ᠳᠠᠪᠰᠢᠨ ᠠᠯᠢᠪᠠ ᠦᠢᠯᠡᠰ ᠤᠷᠤᠭᠰᠢᠲᠠᠢ᠂ ᠯᠤᠤ ᠬᠤᠯᠤᠭᠠᠨ᠎ᠠ ᠵᠢᠯ ᠳ᠋ᠦ᠍ᠷ ᠪᠠᠶᠠᠷ ᠴᠡᠩᠭᠡᠯ ᠢᠷᠡᠮᠦᠢ᠃ 
     ● ᠴᠡᠭᠡᠷᠯᠡᠬᠦ ᠣᠷᠣᠨ ᠵᠦᠭ : ᠤᠰᠤᠨ ᠣᠷᠣᠨ ᠳ᠋ᠤ᠌ ᠡᠮᠦᠨᠡᠰᠢ ᠶᠠᠪᠤᠬᠤ ᠶ᠋ᠢ ᠴᠡᠭᠡᠷᠯᠡ᠂ ᠪᠠᠷᠠᠭᠤᠨ ᠵᠦᠭ ᠲᠦ᠍ᠷ ᠠᠰᠢᠭ ᠣᠯᠵᠠ ᠪᠣᠢ᠃ 
     ● ᠨᠠᠰᠤᠨ ᠬᠤᠲᠤᠭ : 79-85 ᠨᠠᠰᠤᠯᠠᠮᠤᠢ᠂ ᠬᠣᠳᠣᠭᠣᠳᠣ ᠭᠡᠳᠡᠰᠦᠨ ᠦ᠌ ᠡᠪᠡᠳᠴᠢᠨ ᠢ᠋ᠶ᠋ᠡᠷ ᠵᠤᠨ ᠤ᠋ ᠴᠠᠭ ᠡᠴᠦᠰᠡᠯᠡᠮᠦᠢ᠃ 
     ● ᠲᠣᠬᠢᠷᠠᠬᠤ ᠠᠵᠢᠯ᠄ ᠤᠯᠤᠰ ᠲᠥᠷᠥ᠂ ᠰᠤᠷᠭᠠᠨ ᠬᠥᠮᠦᠵᠢᠯ᠂ ᠵᠠᠮ ᠬᠠᠷᠢᠯᠴᠠᠭᠠᠨ ᠤ᠋ ᠦᠢᠯᠡᠰ᠃ 
     ● ᠰᠣᠩᠭᠣᠬᠤ ᠬᠠᠨᠢ ᠄ ᠭᠠᠬᠠᠢ ᠵᠢᠯᠲᠦ ᠡᠷᠡᠭᠲᠡᠢ ᠲᠠᠤᠯᠠᠢ ᠪᠠᠷᠰ ᠬᠣᠨᠢ ᠲᠠᠢ ᠬᠣᠯᠪᠣᠵᠤ᠂ ᠡᠮᠡᠭᠲᠡᠢ ᠬᠥᠮᠦᠨ ᠬᠤᠯᠤᠭᠠᠨ᠎ᠠ ᠪᠠᠷᠰ ᠲᠠᠤᠯᠠᠢ ᠲᠠᠢ ᠬᠣᠯᠪᠣᠪᠠᠯ ᠰᠠᠢᠨ᠃ ᠭᠠᠬᠠᠢ ᠲᠠᠤᠯᠠᠢ ᠬᠣᠯᠪᠣᠪᠠᠯ ᠬᠠᠮᠤᠭ ᠰᠠᠢᠨ᠂ ᠴᠠᠭᠠᠨ ᠲᠠᠤᠯᠠᠢ ᠬᠠᠷ᠎ᠠ ᠭᠠᠬᠠᠢ ᠳᠡᠭᠡᠳᠦ ᠬᠣᠯᠪᠣᠭ᠎ᠠ᠂ ᠠᠰᠢᠭ ᠣᠯᠵᠠ ᠡᠯᠪᠡᠭ ᠠᠯᠢᠪᠠ ᠦᠢᠯᠡᠰ ᠬᠥᠭᠵᠢᠩᠭᠦᠢ᠂ ᠦᠷ᠎ᠡ ᠬᠡᠦᠬᠡᠳ ᠵᠠᠶᠠᠭᠠᠵᠤ᠂ ᠦᠷᠭᠦᠯᠵᠢᠳᠡ ᠥᠭᠡᠳᠡ ᠡᠰᠡᠷᠡᠭ᠃ ᠭᠠᠬᠠᠢ ᠮᠣᠭᠠᠢ ᠲᠠᠢ ᠬᠣᠯᠪᠣᠪᠠᠯ ᠦᠵᠦᠭᠦᠷ ᠭᠠᠷᠬᠤ ᠦᠭᠡᠢ᠂ ᠶᠡᠬᠡ ᠮᠠᠭᠤ᠃ 
     ● ᠬᠥᠬᠡᠭᠴᠢᠨ ᠭᠠᠬᠠᠢ ᠠᠨᠤ : ᠠᠭᠤᠯᠠ ᠬᠡᠭᠡᠷ᠎ᠡ ᠶᠢᠨ ᠭᠠᠬᠠᠢ᠂ ᠠᠭᠤᠯᠠᠨ ᠣᠷᠣᠢ ᠶ᠋ᠢᠨ ᠭᠠᠯ ᠤ᠋ᠨ ᠮᠠᠬᠠᠪᠣᠳ᠂ ᠵᠠᠩ ᠠᠭᠠᠰᠢ ᠡᠷᠡᠰ ᠬᠠᠲᠠᠭᠤ᠂ ᠬᠢᠯᠪᠠᠷᠬᠠᠨ ᠰᠡᠳᠬᠢᠯ ᠬᠥᠳᠡᠯᠬᠦ᠂ ᠠᠰᠪᠤᠷᠢ ᠴᠠᠭᠠᠪᠤᠷᠢ ᠬᠠᠯᠠᠭᠤᠨ ᠰᠡᠳᠬᠢᠯ ᠲᠡᠢ ᠪᠠᠴᠢᠮ ᠵᠠᠩ ᠲᠠᠢ᠂ ᠬᠥᠮᠦᠨ ᠳ᠋ᠦ᠍ᠷ ᠦᠨᠡᠨᠴᠢ ᠪᠡᠷ ᠬᠠᠨᠳᠤᠬᠤ᠂ ᠪᠠᠭ᠎ᠠ ᠳ᠋ᠠᠭᠠᠨ ᠵᠦᠳᠡᠨ ᠳᠤᠮᠳᠠ ᠨᠠᠰᠤᠨ᠎ᠠ ᠬᠡᠢᠮᠣᠷᠢ ᠳᠡᠭᠳᠡᠵᠦ ᠥᠲᠡᠯᠬᠦ ᠨᠠᠰᠤᠨ᠎ᠠ ᠪᠠᠶᠠᠵᠢᠮᠤᠢ᠃ 
     ● ᠤᠯᠠᠭᠴᠢᠨ ᠭᠠᠬᠠᠢ ᠠᠨᠤ : ᠬᠡᠭᠡᠷ᠎ᠡ ᠶ᠋ᠢᠨ ᠣᠢ ᠶ᠋ᠢᠨ ᠭᠠᠬᠠᠢ᠂ ᠭᠡᠷ ᠦ᠋ᠨ ᠣᠷᠣᠢ ᠶ᠋ᠢᠨ ᠰᠢᠷᠣᠢ ᠶ᠋ᠢᠨ ᠮᠠᠬᠠᠪᠣᠳ᠂ ᠡᠶᠡᠯᠳᠡᠭ ᠵᠥᠭᠡᠯᠡᠨ ᠪᠣᠷᠣᠭᠵᠢᠭᠤᠨ ᠵᠠᠩ ᠲᠠᠢ ᠬᠡᠯᠡᠵᠦ ᠶᠠᠷᠢᠬᠤ ᠬᠢᠴᠢᠶᠡᠩᠭᠦᠢ ᠦᠨᠡᠨᠴᠢ ᠤᠴᠢᠷ ᠶᠠᠪᠤᠳᠠᠯ ᠳ᠋ᠤᠷ ᠴᠢᠳᠠᠮᠠᠭᠠᠢ᠂ ᠡᠷᠡᠭᠲᠡᠢ ᠬᠥᠮᠦᠨ ᠦᠨᠡᠨᠴᠢ ᠰᠢᠳᠤᠷᠭᠤ᠂ ᠠᠵᠢᠯ ᠠᠮᠢᠳᠤᠷᠠᠯ ᠳ᠋ᠠᠭᠠᠨ ᠭᠦᠶᠦᠨ ᠵᠦᠳᠡᠬᠦ᠃ 
     ● ᠰᠢᠷᠬᠠᠴᠢᠨ ᠭᠠᠬᠠᠢ ᠠᠨᠤ : ᠬᠡᠭᠡᠷ᠎ᠡ ᠢᠳᠡᠰᠢᠯᠡᠭᠴᠢ ᠭᠠᠬᠠᠢ᠂ ᠲᠡᠭᠰᠢ ᠲᠠᠯ᠎ᠠ ᠶ᠋ᠢᠨ ᠮᠣᠳᠣᠨ ᠮᠠᠬᠠᠪᠣᠳ᠂ ᠡᠶ᠎ᠡ ᠨᠠᠢᠷᠠᠮᠳᠠᠭᠤ ᠬᠠᠢᠷ᠎ᠠ ᠰᠡᠳᠬᠢᠯᠭᠡ ᠪᠠᠶᠠᠯᠢᠭ᠂ ᠬᠥᠳᠡᠯᠦᠯ ᠪᠠᠷᠢᠯ ᠴᠠᠭᠤᠷᠬᠠᠢ᠂ ᠴᠡᠭᠡᠵᠢ ᠠᠭᠤᠵᠢᠭᠤ᠂ ᠠᠮᠢᠳᠤᠷᠠᠯ ᠳ᠋ᠤᠷ ᠪᠠᠶᠠᠷᠯᠠᠩᠭᠤᠢ᠂ ᠨᠠᠢᠵᠢᠯᠠᠬᠤ ᠳᠤᠷᠠᠲᠠᠢ᠂ ᠶᠡᠬᠡᠷᠬᠡᠭ᠂ ᠪᠡᠶ᠎ᠡ ᠪᠡᠨ ᠢᠲᠡᠭᠡᠬᠦ᠂ ᠲᠥᠷᠥᠯ ᠲᠥᠷᠥᠭᠰᠡᠨ ᠳ᠋ᠡᠭᠡᠨ ᠡᠶ᠎ᠡ ᠦᠭᠡᠢ᠂ ᠡᠮᠡᠭᠲᠡᠢ ᠬᠥᠮᠦᠨ ᠠᠮᠤᠷ ᠰᠡᠯᠡᠭᠦᠦ ᠪᠤᠶᠠᠨᠲᠠᠢ᠃
     ● ᠴᠠᠭᠠᠭᠴᠢᠨ ᠭᠠᠬᠠᠢ ᠠᠨᠤ : ᠬᠡᠭᠡᠷ᠎ᠡ ᠶ᠋ᠢᠨ ᠭᠠᠬᠠᠢ᠂ ᠬᠠᠳᠬᠤᠷ ᠤ᠋ᠨ ᠲᠡᠮᠦᠷ ᠦ᠋ᠨ ᠮᠠᠬᠠᠪᠣᠳ᠂ ᠬᠠᠯᠠᠭᠤᠮᠰᠤᠭ ᠡᠷᠡᠭᠡ ᠦᠭᠡᠢ ᠵᠠᠩ ᠲᠠᠢ᠂ ᠦᠨᠡᠨᠴᠢ᠂ ᠵᠢᠷᠤᠮ ᠢ᠋ ᠬᠦᠨᠳᠦᠳᠬᠡᠬᠦ᠂ ᠬᠥᠮᠦᠨ ᠦ᠌ ᠰᠡᠳᠬᠢᠯ ᠢ᠋ ᠣᠯᠬᠤ᠂ ᠬᠠᠷᠢᠯᠴᠠᠭ᠎ᠠ ᠥᠷᠭᠡᠨ᠂ ᠰᠣᠨᠢᠨ ᠵᠠᠩ ᠲᠠᠢ᠂ ᠪᠠᠭ᠎ᠠ ᠴᠠᠭ ᠲᠤ᠌ ᠵᠣᠪᠠᠬᠤ᠂ ᠡᠷᠬᠢᠮ ᠬᠥᠮᠦᠨ ᠲᠡᠢ ᠤᠴᠠᠷᠠᠨ ᠬᠡᠢ ᠮᠣᠷᠢ ᠳᠡᠭᠳᠡᠬᠦ᠂ ᠪᠤᠶᠠᠨ ᠰᠠᠢᠨ᠃
     ● ᠬᠠᠷᠠᠭᠴᠢᠨ ᠭᠠᠬᠠᠢ ᠠᠨᠤ : ᠬᠣᠷᠣᠭ᠎ᠠ ᠶ᠋ᠢᠨ ᠭᠠᠬᠠᠢ᠂ ᠳᠠᠯᠠᠢ ᠶ᠋ᠢᠨ ᠤᠰᠤᠨ ᠤ᠋ ᠮᠠᠬᠠᠪᠣᠳ᠂ ᠬᠥᠳᠡᠯᠵᠦ ᠶᠠᠷᠢᠬᠤ ᠳᠤᠷᠠᠲᠠᠢ ᠴᠡᠭᠡᠵᠢ ᠰᠠᠷᠠᠭᠤᠯ ᠭᠠᠷ ᠤᠷᠠᠨ ᠪᠤᠳᠤᠯᠢᠶᠠᠨ ᠲᠠᠢ ᠣᠷᠴᠢᠨ ᠳ᠋ᠤ᠌ ᠲᠣᠬᠢᠶᠠᠯ ᠢ᠋ ᠳ᠋ᠡᠭᠡᠨ ᠬᠤᠪᠢᠷᠠᠵᠤ ᠴᠢᠳᠠᠬᠤ᠂ ᠡᠷᠬᠢᠮ ᠳᠡᠭᠡᠳᠦ ᠢᠨᠠᠭ ᠬᠠᠢᠷᠠᠲᠤ ᠬᠤᠪᠢ ᠵᠠᠶᠠᠭ᠎ᠠ ᠲᠠᠢ᠂ ᠤᠷᠤᠭ ᠬᠣᠯᠪᠣᠭ᠎ᠠ ᠰᠡᠳᠬᠢᠯ ᠳ᠋ᠦ᠍ ᠬᠦᠷᠬᠦ ᠦᠭᠡᠢ᠂ ᠬᠠᠷᠠᠮᠴᠢ ᠪᠠᠴᠢᠮ ᠵᠠᠩ ᠲᠠᠢ᠂ ᠡᠳ᠋ ᠠᠰᠢᠭ ᠰᠠᠢᠨ᠃