ᠪᠣᠯᠵᠣᠭ᠎ᠠ - ᠴᠣ ᠂ ᠣᠷᠱᠤᠨ Болзоо – Чо ᠂ Оршин
ᠪᠣᠯᠵᠣᠭ᠎ᠠ
1
ᠪᠣᠯᠵᠣᠭ᠎ᠠ ᠬᠡᠯᠡᠯᠴᠡᠵᠦ ᠤᠴᠠᠷᠠᠭᠰᠠᠨ ᠴᠠᠭ
ᠬᠡᠵᠢᠶ᠎ᠡ ᠪᠣᠯᠪᠠᠴᠤ ᠲᠣᠯᠢ
ᠬᠡᠮᠨᠡᠵᠦ ᠪᠣᠯᠣᠰᠢ ᠦᠭᠡᠢ ᠰᠡᠳᠬᠢᠯ
ᠬᠡᠳᠦᠢ ᠳ᠋ᠦ᠍ ᠪᠣᠯᠪᠠᠴᠤ ᠭᠠᠯ᠂
ᠨᠣᠬᠠᠢ ᠤᠨᠲᠠᠬᠤ ᠴᠢᠯᠥᠭᠡᠨ ᠳ᠋ᠦ᠍
ᠢᠰᠬᠡᠷᠬᠦ ᠴᠢᠮᠡᠭᠡ ᠳᠣᠬᠢᠶ᠎ᠠ
ᠨᠣᠢᠷ ᠤ᠋ᠨ ᠲᠤᠭ ᠡᠷᠡᠨ ᠳ᠋ᠦ᠍
ᠡᠮᠨᠢᠭ ᠵᠢᠷᠦᠬᠡ ᠲᠠᠯ᠎ᠠ᠃
2
ᠤᠷᠭ᠎ᠠ ᠳᠤᠷᠠᠯᠠᠭᠰᠠᠨ ᠨᠢᠭᠡᠨ ᠳ᠋ᠡᠭᠡᠨ ᠬᠠᠶᠠᠳᠠᠭ
ᠳᠣᠲᠣᠷ ᠪᠣᠳᠣᠯ ᠤ᠋ᠨ ᠤᠷᠭ᠎ᠠ
ᠲᠣᠢᠯᠠᠬᠤ ᠳ᠋ᠤ᠌ ᠴᠦᠯᠢᠳᠡᠵᠦ ᠮᠡᠭᠳᠡᠷᠡᠭᠡᠳ
ᠡᠭᠦᠷᠲᠦᠬᠦ ᠶᠠᠪᠤᠳᠠᠯ ᠴᠤ᠌ ᠭᠠᠷᠳᠠᠭ
ᠣᠷᠣᠭ᠎ᠠ ᠵᠢᠭᠤᠲᠠᠮᠠᠬᠠᠢ ᠨᠢ ᠬᠡᠴᠡᠭᠦᠦ ᠴᠤ᠌
ᠤᠷᠭ᠎ᠠ ᠪᠠᠨ ᠨᠢᠭᠡ ᠰᠤᠩᠭᠠᠳᠠᠭ
ᠣᠯᠵᠤ ᠠᠪᠤᠭᠰᠠᠨ ᠲᠡᠭᠦᠨ ᠢ᠋ᠶ᠋ᠡᠨ
ᠣᠷᠬᠣᠳᠠᠢ ᠠᠳᠠᠯᠢ ᠰᠠᠨᠠᠳᠠᠭ᠃
3
ᠣᠳᠣ ᠲᠦᠨᠡᠷ ᠰᠥᠨᠢ ᠭᠢᠯᠠᠯᠵᠠᠳᠠᠭ
ᠲᠦᠮᠡ ᠮᠢᠩᠭᠠᠨ ᠣᠳᠣ ᠲᠠᠢ ᠴᠤ᠌
ᠬᠠᠨᠠᠲᠤ ᠭᠡᠷ ᠲᠤ ᠬᠡᠷᠡᠯᠳᠦᠳᠡᠭ
ᠬᠠᠷᠢᠨ ᠨᠢᠭᠡ ᠯᠡ ᠣᠳᠣ᠂
ᠭᠡᠷ ᠠᠩᠭᠠᠯ ᠤ᠋ᠨ ᠦᠢᠯᠡᠰ ᠲᠤ
ᠭᠡᠷᠭᠡᠢ ᠮᠢᠨᠢ ᠬᠡᠵᠢᠶᠡᠳᠡ ᠴᠢᠮᠡᠭ
ᠭᠡᠨ᠎ᠡ ᠦᠭᠡᠢ ᠰᠠᠢᠬᠠᠨ ᠤ᠋ ᠲᠤᠯᠠ
ᠭᠡᠢᠭᠦᠯᠵᠦ ᠪᠠᠢᠭ᠎ᠠ ᠣᠳᠣ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 22
