ᠳᠤᠭᠤᠢ ᠬᠡ ᠲᠡᠢ ᠨᠠᠭᠠᠳᠤᠮ-ᠱ ᠂ ᠭᠦᠷᠦᠪᠠᠽᠠᠷДугуй хээтэй наадамШ᠂ Гүрбазар
ᠳᠤᠭᠤᠢ ᠬᠡ ᠲᠡᠢ ᠨᠠᠭᠠᠳᠤᠮ
— ᠱ· ᠭᠦᠷᠦᠪᠠᠽᠠᠷ
ᠵᠢᠰᠦ ᠪᠤᠯᠢᠶᠠᠯᠳᠤᠭᠰᠠᠨ ᠭᠤᠷᠪᠠᠨ ᠰᠤᠮᠤ ᠶ᠋ᠢᠨ ᠬᠡᠦᠬᠡᠨ ᠨᠦ᠍ᠭᠦᠳ
ᠬᠡᠯᠡᠯᠴᠡᠭᠰᠡᠨ ᠶᠤᠮ ᠰᠢᠭ᠋ ᠬᠥᠬᠡ ᠲᠣᠷᠭᠠᠨ ᠳᠡᠪᠡᠯ ᠲᠡᠢ ᠢᠷᠡᠵᠦ
ᠵᠤᠤᠵᠠᠢ ᠬᠠᠷᠰᠢᠭᠤᠯᠤᠭᠰᠠᠨ ᠭᠤᠷᠪᠠᠨ ᠰᠤᠮᠤ ᠶ᠋ᠢᠨ ᠮᠣᠷᠢᠳ
ᠢᠵᠢᠯᠢᠰᠢᠭᠰᠡᠨ ᠶᠤᠮ ᠰᠢᠭ ᠰᠤᠮᠤᠨ ᠳᠡᠯ ᠢ᠋ᠶ᠋ᠡᠷ ᠢ᠋ᠶ᠋ᠡᠨ ᠭᠠᠢᠬᠠᠭᠤᠯᠵᠠᠭᠠᠵᠤ
ᠬᠥᠬᠡ ᠲᠣᠷᠭᠠᠨ ᠪᠠᠳᠠᠩ ᠲᠠᠢ ᠬᠥᠯ ᠦ᠋ᠨ ᠬᠣᠶᠠᠷ ᠠᠰᠠᠷ
ᠬᠡᠴᠡ ᠶ᠋ᠢᠨ ᠴᠡᠩᠬᠡᠷ ᠰᠠᠯᠬᠢᠨ ᠳ᠋ᠤ᠌ ᠬᠡ ᠪᠡᠨ ᠭᠡᠭᠡᠲᠡᠯᠡ ᠳᠡᠷᠪᠡᠬᠦ ᠳ᠋ᠦ᠍
ᠶᠠᠩᠵᠤᠯᠢᠭ ᠬᠡ ᠲᠡᠢ ᠵᠣᠳᠣᠭ ᠢ᠋ᠶ᠋ᠠᠨ ᠵᠤᠤᠪᠠᠩ ᠪᠣᠯᠲᠠᠯ᠎ᠠ ᠲᠤᠭᠳᠤᠷᠤᠯᠴᠠᠬᠤ
ᠶᠢᠰᠦᠨ ᠳᠠᠪᠠᠭᠠᠨ ᠤ᠋ ᠪᠥᠬᠡᠴᠦᠳ ᠨᠠᠭᠠᠳᠤᠮ ᠤ᠋ᠨ ᠴᠠᠭᠠᠷᠢᠭ ᠲᠤ ᠲᠡᠩᠴᠡᠯᠳᠦᠯᠡ
ᠦᠢᠯᠡ ᠶ᠋ᠢᠨ ᠦᠷ᠎ᠡ ᠦᠭᠡᠢ ᠬᠥᠭᠡᠷᠦᠬᠦᠨ ᠠᠯᠲᠠᠨ ᠰᠢᠷᠡᠭᠡ ᠶ᠋ᠢᠨ ᠴᠸᠷᠮᠡ
ᠦᠢᠲᠠᠩ ᠬᠤᠸᠠᠷ ᠤ᠋ᠨ ᠲᠡᠷᠯᠢᠭ ᠢ᠋ᠶ᠋ᠡᠨ ᠳᠤᠷᠳᠤᠩ ᠪᠣᠯᠲᠠᠯ᠎ᠠ ᠳᠡᠷᠪᠡᠭᠦᠯᠬᠦ ᠳ᠋ᠦ᠍
ᠬᠠᠲᠠᠷᠢᠭᠠᠴᠢ ᠰᠠᠷᠠᠯ ᠮᠣᠷᠢᠨ ᠤ᠋ ᠬᠢᠨᠢ ᠭᠠᠵᠠᠷ ᠠᠰᠬᠠᠭᠰᠠᠨ ᠰᠡᠭᠦᠯ ᠡᠴᠡ ᠨᠢ
ᠬᠠᠭᠠᠨ ᠪᠤᠭᠤᠢᠪᠴᠢ ᠰᠦᠯᠵᠢᠬᠦ ᠰᠢᠭ᠌ ᠲᠤᠭᠤᠷᠠᠢ ᠶ᠋ᠢᠨ ᠮᠥᠷ ᠬᠣᠴᠣᠷᠤᠯ᠎ᠠ
ᠳᠡᠯᠭᠡᠷ ᠬᠡᠲᠡ ᠶ᠋ᠢᠨ ᠨᠠᠭᠠᠳᠤᠮ ᠭᠤᠷᠪᠠᠨ ᠬᠣᠨᠣᠭ ᠨᠢᠵᠢᠭᠢᠨᠡᠭᠰᠡᠨ
ᠳᠡᠪᠵᠢᠶ᠎ᠡ ᠡᠨᠡᠬᠡᠨ ᠳᠡᠨᠵᠢ ᠳᠤᠭᠤᠢ ᠬᠡ ᠲᠡᠢ ᠦᠯᠡᠳᠡᠪᠡ
ᠮᠣᠷᠢ᠂ ᠢᠨᠢᠶᠡᠳᠦ ᠬᠣᠶᠠᠷ ᠴᠤᠭᠯᠠᠬᠤ ᠵᠢᠮ᠎ᠡ ᠲᠡᠢ ᠨᠠᠭᠠᠳᠤᠮ ᠠ᠋ᠴᠠ ᠪᠠᠨ
ᠮᠣᠩᠭᠣᠯ ᠭᠠᠵᠠᠷ ᠤ᠋ᠨ ᠰᠢᠷᠣᠢ ᠮᠢᠨᠢ ᠲᠤᠭᠤᠷᠠᠢ ᠶ᠋ᠢᠨ ᠬᠡ ᠲᠡᠢ ᠶ᠋ᠢ ᠤᠬᠠᠭᠠᠷᠠᠪᠠ᠃
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠣ᠎ᠠ
2024 4 27
