ᠠᠪᠤ ᠶ᠋ᠢᠨ ᠨᠤᠲᠤᠭ-ᠯᠣᠰᠣᠯ ᠤ᠋ᠨ ᠪᠣᠯᠣᠳᠪᠠᠭᠠᠲᠤᠷАавын нутаг-Лослын Болдбаатар
ᠠᠪᠤ ᠶ᠋ᠢᠨ ᠨᠤᠲᠤᠭ
ᠦᠭᠡ᠄ ᠴ· ᠪᠠᠪᠤᠳᠣᠷᠵᠢ
ᠠᠶ᠎ᠠ᠄ ᠨ· ᠪᠠᠰᠠᠩᠳᠣᠷᠵᠢ
ᠳᠠᠭᠤᠴᠢᠨ᠄ ᠯᠣᠰᠣᠯ ᠤ᠋ᠨ ᠪᠣᠯᠣᠳᠪᠠᠭᠠᠲᠤᠷ
ᠠᠪᠤ ᠶ᠋ᠢᠨ ᠨᠤᠲᠤᠭ ᠳᠡᠷᠭᠡᠳᠡ ᠴᠡᠩᠬᠡᠷᠲᠦᠨ᠎ᠡ
ᠠᠯᠲᠠᠨ ᠴᠢᠯᠠᠭᠤᠲᠤ ᠮᠢᠨᠢ ᠬᠠᠵᠠᠭᠤ ᠳ᠋ᠤ᠌ ᠬᠠᠷᠭᠢᠶᠠᠲᠤᠨᠠ
ᠵᠢᠷᠭᠠᠵᠤ ᠭᠤᠨᠢᠵᠤ ᠶᠠᠪᠤᠬᠤ ᠳ᠋ᠤ᠌ ᠮᠢᠨᠢ
ᠵᠢᠭᠠᠬᠠᠨ ᠴᠤ᠌ ᠬᠣᠯᠠᠳᠭᠠ ᠦᠭᠡᠢ ᠨᠢ ᠠᠪᠤ ᠶ᠋ᠢᠨ ᠮᠢᠨᠢ ᠨᠤᠲᠤᠭ ᠳᠠ
ᠠᠢ᠂ ᠮᠢᠨᠦ ᠴᠢᠯᠠᠭᠤᠲᠤ ᠶ᠋ᠢᠨ ᠭᠣᠣᠯ
ᠴᠡᠴᠡᠭᠡᠨ ᠳᠤᠮᠳᠠᠭᠤᠷ ᠠᠶᠠᠷ ᠠᠶᠠᠷᠬᠠᠨ ᠠᠷᠭᠠᠳᠠᠵᠤ ᠤᠷᠤᠰᠤᠨ᠎ᠠ
ᠴᠡᠭᠡᠵᠢᠨ ᠳᠤᠮᠳᠠᠭᠤᠷ ᠵᠥᠭᠡᠯᠡᠨ ᠵᠥᠭᠡᠯᠡᠨ ᠤᠴᠢᠷᠯᠠᠵᠤ ᠤᠷᠤᠰᠤᠨ᠎ᠠ
ᠡᠪᠦᠭᠡᠳ ᠦ᠋ᠨ ᠨᠤᠲᠤᠭ ᠳᠡᠷᠭᠡᠳᠡ ᠴᠡᠩᠬᠡᠷᠲᠦᠨ᠎ᠡ
ᠥᠷᠭᠡᠨ ᠴᠢᠯᠠᠭᠤᠲᠤ ᠮᠢᠨᠢ ᠬᠠᠵᠠᠭᠤ ᠳ᠋ᠤ᠌ ᠬᠠᠷᠭᠢᠶᠠᠲᠤᠨᠠ
ᠤᠨᠤᠵᠤ ᠠᠯᠳᠠᠵᠤ ᠶᠠᠪᠤᠬᠤ ᠳ᠋ᠤ᠌ ᠮᠢᠨᠢ
ᠣᠭᠲᠣᠬᠠᠨ ᠴᠤ᠌ ᠬᠣᠯᠠᠳᠠᠭ᠎ᠠ ᠦᠭᠡᠢ ᠨᠢ ᠠᠪᠤ ᠶ᠋ᠢᠨ ᠮᠢᠨᠢ ᠨᠤᠲᠤᠭ ᠳᠠ
ᠠᠢ᠂ ᠮᠢᠨᠦ ᠴᠢᠯᠠᠭᠤᠲᠤ ᠶ᠋ᠢᠨ ᠭᠣᠣᠯ
ᠴᠡᠴᠡᠭᠡᠨ ᠳᠤᠮᠳᠠᠭᠤᠷ ᠠᠶᠠᠷ ᠠᠶᠠᠷᠬᠠᠨ ᠠᠷᠭᠠᠳᠠᠵᠤ ᠤᠷᠤᠰᠤᠨ᠎ᠠ
ᠴᠡᠭᠡᠵᠢᠨ ᠳᠤᠮᠳᠠᠭᠤᠷ ᠵᠥᠭᠡᠯᠡᠨ ᠵᠥᠭᠡᠯᠡᠨ ᠤᠴᠢᠷᠯᠠᠵᠤ ᠤᠷᠤᠰᠤᠨ᠎ᠠ
ᠬᠠᠩᠭᠠᠢ ᠨᠤᠲᠤᠭ ᠳᠡᠷᠭᠡᠳᠡ ᠮᠢᠨᠢ ᠴᠡᠩᠬᠡᠷᠲᠦᠨ᠎ᠡ
ᠬᠠᠳᠠᠨ ᠴᠢᠯᠠᠭᠤᠲᠤ ᠮᠢᠨᠢ ᠬᠠᠵᠠᠭᠤ ᠬᠠᠷᠭᠢᠶᠠᠲᠤᠨᠠ
ᠡᠷᠬᠡᠯᠡᠵᠦ ᠲᠤᠨᠢᠵᠤ ᠶᠠᠪᠤᠬᠤ ᠳ᠋ᠤ᠌ ᠮᠢᠨᠢ
ᠡᠯᠢᠭᠡᠨ ᠡᠴᠡ ᠬᠣᠯᠠᠳᠠᠭ᠎ᠠ ᠦᠭᠡᠢ ᠨᠢ ᠠᠪᠤ ᠶ᠋ᠢᠨ ᠮᠢᠨᠢ ᠨᠤᠲᠤᠭ ᠳᠠ
ᠠᠢ᠂ ᠮᠢᠨᠦ ᠴᠢᠯᠠᠭᠤᠲᠤ ᠶ᠋ᠢᠨ ᠭᠣᠣᠯ
ᠴᠡᠴᠡᠭᠡᠨ ᠳᠤᠮᠳᠠᠭᠤᠷ ᠠᠶᠠᠷ ᠠᠶᠠᠷᠬᠠᠨ ᠠᠷᠭᠠᠳᠠᠵᠤ ᠤᠷᠤᠰᠤᠨ᠎ᠠ
ᠴᠡᠭᠡᠵᠢᠨ ᠳᠤᠮᠳᠠᠭᠤᠷ ᠵᠥᠭᠡᠯᠡᠨ ᠵᠥᠭᠡᠯᠡᠨ ᠤᠴᠢᠷᠯᠠᠵᠤ ᠤᠷᠤᠰᠤᠨ᠎ᠠ
ᠠᠢ᠂ ᠮᠢᠨᠦ ᠴᠢᠯᠠᠭᠤᠲᠤ ᠶ᠋ᠢᠨ ᠭᠣᠣᠯ
ᠴᠡᠴᠡᠭᠡᠨ ᠳᠤᠮᠳᠠᠭᠤᠷ ᠠᠶᠠᠷ ᠠᠶᠠᠷᠬᠠᠨ ᠠᠷᠭᠠᠳᠠᠵᠤ ᠤᠷᠤᠰᠤᠨ᠎ᠠ
ᠴᠡᠭᠡᠵᠢᠨ ᠳᠤᠮᠳᠠᠭᠤᠷ ᠵᠥᠭᠡᠯᠡᠨ ᠵᠥᠭᠡᠯᠡᠨ ᠤᠴᠢᠷᠯᠠᠵᠤ ᠤᠷᠤᠰᠤᠨ᠎ᠠ
ᠦᠰᠦᠭ ᠠᠮᠢᠯᠠᠭᠤᠯᠤᠭᠰᠠᠨ᠄ ᠪᠦᠷᠢᠨᠵᠢᠷᠭᠠᠯ
ᠦᠰᠦᠭ ᠬᠠᠲᠠᠭᠰᠠᠨ᠄ ᠪᠦᠷᠢᠨᠵᠢᠷᠭᠠᠯ
ᠬᠢᠨᠠᠭᠴᠢ ᠪᠠᠭᠰᠢ᠄ ᠭᠡᠷᠡᠯ·ᠣᠤᠠᠬᠣᠩᠬᠤᠸᠠᠷ· ᠡᠷᠳᠡᠨᠢᠪᠢᠯᠢᠭ
