ᠬᠠᠯᠬ᠎ᠠ ᠶ᠋ᠢᠨ ᠰᠠᠢᠬᠠᠨ ᠡᠷ᠎ᠡ ᠳ᠋ᠦ᠍Халхын сайхан эрт
ᠬᠠᠯᠬ᠎ᠠ ᠶ᠋ᠢᠨ ᠰᠠᠢᠬᠠᠨ ᠡᠷ᠎ᠡ ᠳ᠋ᠦ᠍
ᠬᠠᠯᠬ᠎ᠠ ᠶ᠋ᠢᠨ ᠰᠠᠢᠬᠠᠨ ᠡᠷ᠎ᠡ ᠡᠴᠡ
ᠬᠠᠷᠠᠬᠤ ᠳ᠋ᠤ᠌ ᠨᠠᠷᠠ ᠦᠨᠦᠷᠲᠦᠨ᠎ᠡ
ᠬᠠᠨᠢ ᠪᠠᠷ᠎ᠠ ᠲᠠᠲᠠᠭᠠᠳ
ᠬᠠᠢᠷᠠᠯᠠᠬᠤ ᠳ᠋ᠤ᠌ ᠨᠦᠮᠵᠦᠭ ᠬᠠᠩᠬᠤᠯᠤᠨ᠎ᠠ
ᠳᠡᠪᠡᠯ ᠢ᠋ᠶ᠋ᠡᠨ ᠶᠠᠯᠢᠮ ᠦᠭᠡᠢ ᠬᠥᠭᠡᠷᠭᠡᠵᠦ ᠰᠢᠷ᠎ᠠ ᠳᠤᠷᠳᠤᠩ ᠪᠦᠰᠡ ᠨᠠᠮᠢᠷᠠᠭᠤᠯᠤᠨ᠎ᠠ
ᠳᠡᠷᠪᠡᠵᠦ ᠵᠢᠭᠠᠬᠠᠨ ᠬᠠᠯᠠᠮᠰᠠᠭᠠᠳ ᠲᠡᠩᠵᠡᠨ ᠲᠠᠰᠢᠭᠤᠷ ᠲᠤᠯᠵᠤ ᠬᠠᠩᠬᠠᠯᠵᠠᠨᠠ
ᠳ᠋ᠧᠩ ᠦ᠋ᠨ ᠭᠡᠷᠡᠯ ᠳ᠋ᠦ᠍ ᠨᠠᠮ᠎ᠠ ᠶ᠋ᠢ ᠰᠢᠷᠳᠡᠵᠦ ᠪᠠᠰᠠ ᠦᠶ᠎ᠡ ᠦᠶᠡᠬᠡᠨ ᠪᠢᠰᠢᠭᠦᠷᠬᠡᠨᠡ
ᠳᠡᠩᠳᠡᠭᠦᠦ ᠰᠠᠢᠬᠠᠨ ᠬᠠᠷᠠᠭᠳᠠᠳᠠᠭ ᠯᠠ ᠬᠠᠷᠠᠴᠠᠨ ᠠ᠋ᠴᠠ ᠮᠢᠨᠢ ᠦᠯᠦ ᠣᠯᠵᠤ ᠬᠠᠷᠠᠨ᠎ᠠ
ᠬᠠᠮᠢᠭ᠎ᠠ ᠬᠣᠯᠠ ᠶ᠋ᠢᠨ ᠨᠠᠭᠠᠳᠤᠮ ᠳ᠋ᠤ᠌ ᠬᠦᠯᠦᠭ ᠬᠥᠲᠥᠯᠵᠦ ᠵᠣᠳᠣᠭ ᠪᠦᠰᠡᠯᠡᠨ ᠣᠳᠤᠨ᠎ᠠ
ᠬᠠᠷᠢᠵᠤ ᠢᠷᠡᠬᠦ ᠳ᠋ᠡᠭᠡᠨ ᠪᠤᠯᠤᠩ ᠨᠢ ᠮᠥᠯᠢᠢᠭᠰᠡᠨ ᠬᠡᠳᠦᠨ ᠰᠢᠬᠢᠷ ᠯᠡ ᠠᠪᠴᠢᠷᠠᠨ᠎ᠠ
ᠬᠠᠩᠭᠠᠯ ᠡᠷᠡᠮᠡᠬᠡᠢ ᠠᠵᠢᠨᠠᠢ ᠳ᠋ᠤ᠌ ᠦᠨ᠎ᠡ ᠬᠠᠢᠷᠠᠯᠠᠳᠠᠭ ᠦᠭᠡᠢ ᠠᠲᠠᠯ᠎ᠠ ᠪᠠᠨ
ᠬᠠᠨᠵᠠᠷᠬᠠᠢ ᠰᠢᠯᠪᠢ ᠲᠡᠢ ᠳᠡᠪᠡᠯ ᠢ᠋ᠶ᠋ᠡᠨ ᠴᠣ ᠭᠣᠶᠣᠯᠠᠯ ᠳ᠋ᠤ᠌ ᠡᠮᠦᠰᠬᠦ ᠪᠡᠨ ᠲᠣᠭᠣᠳᠠᠭ ᠦᠭᠡᠢ
ᠠᠷᠪᠠᠨ ᠠᠯᠲᠠ ᠬᠠᠷ᠎ᠠ ᠴᠠᠯᠮ᠎ᠠ ᠶ᠋ᠢ ᠲᠣᠯᠣᠭᠠᠢ ᠠᠯᠳᠠᠬᠤ ᠦᠭᠡᠢ ᠬᠠᠶᠠᠨ᠎ᠠ
ᠠᠯᠲᠠᠨ ᠪᠣᠭᠳᠠ ᠶ᠋ᠢᠨ ᠰᠢᠯᠢ ᠶ᠋ᠢ ᠨᠢ ᠨᠤᠭᠤᠯᠤᠭ᠎ᠠ ᠠᠯᠳᠠᠬᠤ ᠦᠭᠡᠢ ᠢᠰᠬᠡᠷᠦᠨ᠎ᠡ
ᠠᠪᠠ ᠭᠥᠷᠥᠭᠡᠯᠡᠬᠦ ᠳ᠋ᠡᠭᠡᠨ ᠬᠠᠷᠠᠭ᠎ᠠ ᠠᠯᠳᠠᠬᠤ ᠦᠭᠡᠢ ᠣᠨᠢᠯᠠᠨᠠ
ᠠᠯᠲᠠᠨ ᠳᠡᠯᠡᠬᠡᠢ ᠳ᠋ᠦ᠍ ᠬᠣᠪᠣᠷᠬᠠᠨ ᠲᠥᠷᠥᠭᠰᠡᠨ ᠲᠡᠭᠦᠨ ᠦ᠌
ᠭᠤᠨᠢᠭ ᠦᠭᠡᠢ ᠬᠠᠷ᠎ᠠ ᠨᠢᠳᠦᠨ ᠳ᠋ᠦ᠍ᠨᠢ ᠨᠢᠯᠪᠤᠰᠤ ᠰᠢᠭᠦᠳᠡᠷᠢᠯᠡᠬᠦ ᠶ᠋ᠢ ᠬᠠᠷᠠᠮᠠᠷ
ᠭᠤᠴᠢ ᠭᠠᠷᠤᠢᠬᠠᠨ ᠨᠠᠰᠤᠨ ᠳ᠋ᠤᠨᠢ ᠭᠡᠷᠭᠡᠢ ᠪᠣᠯᠵᠤ ᠣᠴᠢᠮᠠᠷ
ᠭᠤᠷᠪᠠᠨ ᠵᠢᠯ ᠦ᠋ᠨ ᠴᠡᠷᠢᠭ ᠲᠦ᠍ ᠶᠠᠪᠤᠭᠤᠯᠵᠤ ᠠᠷᠤ ᠠ᠋ᠴᠠ ᠨᠢ ᠵᠠᠬᠢᠳᠠᠯ ᠪᠢᠴᠢᠮᠡᠷ
ᠭᠤᠷᠪᠠᠳᠤᠭᠠᠷ ᠰᠠᠷ᠎ᠠ ᠶ᠋ᠢᠨ ᠴᠠᠰᠤ ᠪᠠᠷ ᠬᠠᠮᠲᠤ ᠳ᠋ᠠᠭᠠᠨ ᠨᠢᠭᠡ ᠲᠥᠭᠡᠷᠢᠮᠡᠷ
ᠬᠠᠯᠬ᠎ᠠ ᠶ᠋ᠢᠨ ᠰᠠᠢᠬᠠᠨ ᠡᠷ᠎ᠡ ᠡᠴᠡ ᠬᠠᠷᠠᠬᠤ ᠳ᠋ᠤ᠌ ᠨᠠᠷᠠ ᠦᠨᠦᠷᠲᠦᠨ᠎ᠡ
ᠬᠠᠨᠢ ᠪᠠᠷ᠎ᠠ ᠲᠠᠲᠠᠭᠠᠳ
ᠬᠠᠢᠷᠠᠯᠠᠬᠤ ᠳ᠋ᠤ᠌ ᠨᠦᠮᠵᠦᠭ ᠬᠠᠩᠬᠤᠯᠤᠨ᠎ᠠ᠃
ᠦᠰᠦᠭ ᠬᠠᠳᠠᠭᠴᠢ᠄ ᠮᠣᠳᠣᠲᠤ ᠬᠠᠪᠤᠷᠵᠢᠶ᠎ᠠ
ᠦᠰᠦᠭ ᠠᠮᠢᠯᠠᠭᠤᠯᠤᠭᠴᠢ᠄ ᠰ᠂ ᠳᠣᠷᠣᠨ᠎ᠠ
