ᠬᠠᠪᠤᠷ ᠤ᠋ᠨ ᠤᠶᠠᠩᠭ᠎ᠠ-ᠲᠣᠭᠲᠠᠬᠤХаврын уянга-Тогтох ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠤ᠋ᠨ ᠤᠶᠠᠩᠭ᠎ᠠ-ᠲᠣᠭᠲᠠᠬᠤХаврын уянга-Тогтох

ᠬᠠᠪᠤᠷ ᠤ᠋ᠨ ᠤᠶᠠᠩᠭ᠎ᠠ-ᠲᠣᠭᠲᠠᠬᠤХаврын уянга-Тогтох

2024-04-29

487

ᠬᠠᠪᠤᠷ ᠤ᠋ᠨ ᠤᠶᠠᠩᠭ᠎ᠠ

                  ᠲᠣᠭᠲᠠᠬᠤ 
ᠥᠨᠳᠥᠷ ᠠᠭᠤᠯᠠ ᠥᠷᠭᠡᠨ ᠲᠠᠯ᠎ᠠ ᠡᠭᠦᠯᠡ ᠮᠠᠨᠠᠨ ᠲᠠᠢ ᠦᠷᠭᠦᠯᠵᠢᠯᠡᠨ 
ᠥᠷᠯᠥᠭᠡ ᠶ᠋ᠢᠨ ᠳᠤᠯᠠᠭᠠᠨ ᠨᠠᠷᠠᠨ ᠤᠨᠢᠶᠠᠷ ᠤ᠋ᠨ ᠳᠤᠮᠳᠠ ᠎ᠡᠴᠡ ᠲᠤᠶᠠᠭᠠᠷᠠᠨ᠎ᠠ 
ᠥᠷᠯᠥᠭ ᠮᠠᠯᠴᠢᠳ ᠡᠷᠲᠡᠯᠡᠨ ᠪᠣᠰᠴᠤ ᠡᠳᠦᠷ ᠦ᠋ᠨ ᠠᠵᠢᠯ ᠳ᠋ᠠᠭᠠᠨ ᠶᠠᠭᠠᠷᠠᠵᠤ 
ᠥᠨᠢᠷ ᠪᠠᠶᠠᠨ ᠠᠷᠤ ᠬᠥᠨᠳᠡᠯᠡᠨ ᠨᠤᠲᠤᠭ ᠨᠠᠢᠷᠠᠭ ᠰᠢᠯᠦᠭ ᠢ᠋ᠶ᠋ᠡᠷ ᠤᠶᠠᠩᠭᠠᠷᠠᠨ᠎ᠠ  

ᠥᠷᠥᠴᠡ ᠲᠡᠨᠢᠭᠡᠷ ᠠᠳᠤᠭᠤᠴᠢᠨ ᠵᠠᠯᠠᠭᠤ ᠠᠭᠲᠠ ᠶ᠋ᠢᠨ ᠤᠶᠠᠭ᠎ᠠ ᠰᠢᠨᠵᠢᠵᠦ 
ᠦᠵᠡᠰᠬᠦᠯᠡᠩ ᠭᠤᠸ᠎ᠠ ᠪᠦᠰᠡᠭᠦᠢᠴᠦᠳ ᠦᠨᠢᠶᠡᠨ ᠵᠡᠯ᠎ᠡ ᠳᠡᠭᠡᠷ᠎ᠡ ᠪᠡᠶᠡᠰᠦᠨ᠎ᠡ 
ᠦᠳᠡᠯᠦᠭᠡ ᠪᠤᠭᠤᠷᠤᠯᠴᠤᠳ ᠵᠣᠭᠣᠭ ᠳᠡᠯᠭᠡᠨ ᠥᠩᠭᠡᠷᠡᠭᠰᠡᠨ ᠲᠡᠦᠬᠡ ᠬᠠᠭᠤᠴᠢᠯᠠᠵᠤ
ᠥᠰᠪᠥᠷᠢ ᠪᠠᠭᠠᠴᠤᠳ ᠪᠣᠭᠴᠣ ᠡᠭᠦᠷᠦᠨ ᠡᠷᠳᠡᠮ ᠦ᠋ᠨ ᠣᠷᠭᠢᠯ ᠢ᠋ ᠵᠣᠷᠢᠨᠠᠮ

ᠦᠵᠡᠮᠵᠢ ᠪᠦᠷᠢᠳᠦᠭᠰᠡᠨ ᠤᠷᠠᠨ ᠪᠠᠢᠭᠠᠯᠢ ᠵᠤᠨ ᠢ᠋ᠶ᠋ᠠᠨ ᠤᠭᠲᠤᠨ ᠪᠠᠷᠠᠯᠠᠬᠤᠶ᠎ᠠ
ᠥᠩᠭᠡ ᠶ᠋ᠢᠨ ᠰᠠᠢᠬᠠᠨ ᠢᠷᠭᠤᠢ ᠠᠭᠤᠯᠠ ᠶ᠋ᠢᠨ ᠬᠠᠵᠠᠭᠤ ᠶ᠋ᠢ ᠪᠦᠷᠬᠦᠵᠦᠬᠦᠢ
ᠥᠨᠳᠡᠭᠡ ᠪᠡᠨ ᠳᠠᠷᠤᠭᠰᠠᠨ ᠲᠣᠭᠣᠷᠤᠤ ᠬᠣᠯᠠ ᠶ᠋ᠢᠨ ᠪᠠᠷ᠎ᠠ ᠶ᠋ᠢ ᠠᠵᠢᠭᠯᠠᠵᠤ
ᠥᠨᠳᠥᠷ ᠬᠣᠰᠢᠭᠤᠲᠤ ᠤᠰᠤᠨ ᠬᠣᠷᠣᠯᠠᠢ ᠲᠠᠯ᠎ᠠ ᠶ᠋ᠢᠨ ᠳᠡᠨᠵᠢᠨ ᠳ᠋ᠦ᠍ ᠡᠭᠦᠷᠯᠡᠨᠡᠮ

ᠥᠯᠵᠡᠢᠲᠦ ᠴᠠᠭᠠᠨ ᠢᠰᠡᠭᠡᠢ ᠭᠡᠷ ᠥᠷᠲᠡᠭᠡᠨ ᠦ᠌ ᠲᠣᠬᠣᠨᠢᠭᠤᠨ ᠪᠠᠭᠤᠴᠠ
ᠥᠨᠳᠥᠷᠯᠢᠭ ᠦ᠋ᠨ ᠨᠣᠭᠣᠭᠠᠨ ᠪᠡᠯᠴᠢᠭᠡᠷ ᠡᠪᠦᠭᠡᠳ ᠦ᠋ᠨ ᠦᠶ᠎ᠡ ᠶ᠋ᠢᠨ ᠪᠤᠶᠠᠨ
ᠦᠨᠡᠨ ᠦ᠌ ᠲᠥᠯᠥᠭᠡ ᠵᠢᠳᠬᠦᠭᠰᠡᠨ ᠦᠬᠡᠷ ᠲᠡᠷᠭᠡ ᠲᠡᠢ ᠨᠡᠭᠦᠳᠡᠯ
ᠥᠯᠵᠡᠢ ᠬᠤᠲᠤᠭ ᠣᠷᠣᠰᠢᠭᠰᠠᠨ ᠡᠭᠦᠷᠢᠳᠡ ᠶ᠋ᠢᠨ ᠰᠠᠢᠬᠠᠨ ᠨᠤᠲᠤᠭ ᠠ᠋

            2024.4.27
   ᠦᠰᠦᠭ ᠠᠮᠢᠯᠠᠭᠤᠯᠤᠭᠴᠢ᠄ ᠤᠳᠬᠠᠨᠰᠣ᠎ᠠ
   ᠬᠢᠨᠠᠭᠴᠢ᠄ ᠣᠳᠬᠠᠨᠰᠣ᠎ᠠ