ᠳᠣᠷᠣᠨᠠᠲᠤ ᠳᠠᠷᠠᠰᠤДорнод дарс

ᠳᠣᠷᠣᠨᠠᠲᠤ ᠳᠠᠷᠠᠰᠤ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠶᠡᠷᠦ ᠳ᠋ᠡᠭᠡᠨ ᠪᠤᠲᠠᠯᠠᠵᠤ ᠤᠷᠭᠤᠨ᠎ᠠ᠃ ᠰᠦᠷᠡᠯ ᠨᠢ ᠰᠢᠯᠤᠭᠤᠨ᠂ ᠭᠢᠯᠦᠭᠡᠷ᠂ 150cm ᠣᠷᠴᠢᠮ ᠥᠨᠳᠥᠷ᠂ 3—4 ᠦᠶ᠎ᠡ ᠲᠡᠢ᠂ ᠣᠵᠣᠭᠣᠷ ᠲᠤᠨᠢ ᠶᠡᠷᠦ ᠳ᠋ᠡᠭᠡᠨ ᠬᠠᠢᠷᠰᠤᠨ ᠢᠯᠲᠠᠰᠤᠲᠤ ᠨᠠᠬᠢᠶ᠎ᠠ ᠪᠣᠢ᠃ ᠨᠠᠪᠴᠢᠨ ᠤ᠋ ᠲᠣᠭᠳᠣᠢ ᠨᠢ ᠰᠤᠯᠠᠬᠠᠨ ; ᠨᠠᠪᠴᠢ ᠨᠢ ᠲᠡᠭᠰᠢᠬᠡᠨ ᠬᠠᠪᠲᠠᠭᠠᠢ ᠪᠤᠶᠤ ᠪᠠᠬᠠᠨ ᠬᠤᠮᠢᠭᠠᠷ ᠬᠥᠪᠡᠭᠡ ᠲᠡᠢ᠂ 50cm ᠣᠷᠴᠢᠮ ᠤᠷᠲᠤ᠂ 5—10mm ᠥᠷᠭᠡᠨ᠂ ᠠᠷᠤ ᠨᠢ ᠭᠥᠯᠢᠭᠡᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠰᠠᠭᠯᠠᠭᠠᠷ᠂ 30—40 cm ᠤᠷᠲᠤ ; ᠴᠡᠴᠡᠭ ᠦ᠋ᠨ ᠰᠠᠯᠠᠭ᠎ᠠ ᠨᠢ ᠨᠠᠷᠢᠬᠠᠨ ᠤᠷᠲᠤ᠂ 2—6 ᠪᠠᠷ ᠪᠠᠭᠯᠠᠷᠠᠨ ᠤᠷᠭᠤᠬᠤ ᠪᠥᠭᠡᠳ ᠪᠣᠯᠪᠠᠰᠤᠷᠠᠪᠠᠯ ᠲᠡᠭᠰᠢᠬᠡᠨ ᠳᠡᠯᠭᠡᠭᠦᠦ ᠤᠷᠭᠤᠨ᠎ᠠ ; ᠵᠢᠵᠢᠭ ᠲᠦᠷᠦᠭᠦᠦ ᠨᠢ7—9mm ᠤᠷᠲᠤ᠂ ᠪᠣᠯᠪᠠᠰᠤᠷᠠᠬᠤ ᠦᠶ᠎ᠡ ᠳ᠋ᠦ᠍ ᠪᠣᠷᠣᠪᠲᠤᠷ ᠪᠣᠯᠤᠨ᠎ᠠ ; ᠬᠠᠯᠢᠰᠤ ᠨᠢ ᠲᠣᠷᠭᠠᠨ ᠬᠠᠯᠢᠰᠤᠯᠢᠭ᠂ ᠤᠷᠲᠤᠯᠵᠢᠨ ᠲᠣᠭᠣᠷᠢᠭ ᠰᠢᠭ᠋ ᠬᠠᠪᠲᠠᠭᠠᠢ ᠲᠡᠪᠡᠨᠡ ᠬᠡᠯᠪᠡᠷᠢ ᠲᠡᠢ᠂ ᠱᠣᠪᠣᠭᠣᠷ ᠦᠵᠦᠭᠦᠷ ᠲᠡᠢ᠂ ᠭᠤᠷᠪᠠᠨ ᠰᠤᠳᠠᠯ ᠲᠠᠢ᠂ ᠬᠣᠶᠠᠭᠤᠯᠠ ᠪᠠᠨ ᠪᠠᠷᠤᠭ ᠢᠵᠢᠯ ᠤᠷᠲᠤ᠂ ᠦᠰᠦ ᠦᠭᠡᠢ ; ᠭᠠᠳᠠᠷ ᠬᠡᠪᠡᠭ ᠨᠢ 5.5—7mm ᠤᠷᠲᠤ᠂ ᠵᠢᠵᠢᠭᠬᠡᠨ ᠠᠴᠠ ᠦᠵᠦᠭᠦᠷ ᠲᠡᠢ᠂ ᠭᠤᠷᠪᠠᠨ ᠰᠤᠳᠠᠯ ᠲᠠᠢ᠂ ᠠᠷᠤ ᠳ᠋ᠤᠨᠢ ᠴᠠᠭᠠᠨ ᠦᠰᠦ ᠲᠡᠢ ; ᠰᠠᠭᠤᠷᠢ ᠲᠠᠪᠠᠭ ᠨᠢ ᠨᠡᠯᠢᠶᠡᠳ ᠮᠣᠬᠣᠭᠣ ᠮᠥᠷᠲᠡᠭᠡᠨ ᠣᠬᠣᠷ᠂ 0.5mm ᠣᠷᠴᠢᠮ ᠤᠷᠲᠤ᠂ ᠨᠢᠭ ᠣᠬᠣᠷ ᠦᠰᠦ ᠲᠡᠢ ; ᠰᠤᠷ ᠨᠢ2cm ᠣᠷᠴᠢᠮ ᠤᠷᠲᠤ᠂ ᠨᠢᠭᠡ ᠯᠡ ᠤᠳᠠᠭ᠎ᠠ ᠡᠪᠦᠳᠦᠭ ᠰᠢᠭ ᠮᠤᠷᠤᠢᠬᠤ ᠪᠥᠭᠡᠳ ᠳᠤᠮᠳᠠ ᠠ᠋ᠴᠠ ᠳᠣᠭᠣᠭᠰᠢ ᠬᠡᠰᠡᠭ ᠨᠢ ᠮᠤᠰᠬᠢᠷᠠᠨ᠎ᠠ ; ᠳᠣᠲᠣᠷ ᠬᠡᠪᠡᠭ ᠨᠢ ᠬᠣᠶᠠᠷ ᠰᠤᠳᠠᠯ ᠲᠠᠢ᠂ ᠪᠠᠬᠠᠨ ᠦᠰᠦ ᠲᠡᠢ ; ᠲᠣᠭᠣᠰᠣᠪᠴᠢ ᠨᠢ ᠰᠢᠷ᠎ᠠ᠂ 5mm ᠬᠢᠷᠢ ᠤᠷᠲᠤ᠂ ᠣᠷᠣᠢ ᠳ᠋ᠤᠨᠢ ᠵᠢᠵᠢᠭ ᠦᠰᠦ ᠲᠡᠢ᠃ ᠠᠮᠤ ᠵᠢᠮᠢᠰ ᠨᠢ ᠡᠭᠡᠷᠡᠭᠦᠯ ᠬᠡᠯᠪᠡᠷᠢ ᠲᠡᠢ᠂ 4mm ᠣᠷᠴᠢᠮ ᠤᠷᠲᠤ᠃
ᠠᠭᠤᠯᠠ ᠶ᠋ᠢᠨ ᠬᠠᠵᠠᠭᠤ ᠪᠠᠷ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ᠂ ᠱᠠᠨᠰᠢ᠂ ᠭᠠᠨᠰᠦ ᠬᠢᠭᠡᠳ ᠵᠡᠭᠦᠨ ᠬᠣᠢᠲᠤ ᠣᠷᠣᠨ ᠳ᠋ᠤ᠌ ᠪᠦᠷ ᠤᠷᠭᠤᠳᠠᠭ᠃
ᠬᠢᠲᠠᠳ ᠨᠡᠷ᠎ᠡ᠄远东芨芨草
ᠠᠩᠭ᠌ᠯᠢ ᠨᠡᠷ᠎ᠡ᠄ Achnatherum extremiorientale (Hara) Kengex P.C.Kuo
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ
