ᠵᠢᠷᠠᠨ ᠵᠢᠰᠦ ᠶᠢᠨ ᠢᠯᠡᠷᠬᠡᠢ ᠲᠠᠢᠯᠪᠤᠷᠢᠯᠠᠯ - 2 Жаран зүсийн илэрхий тайлбарлал - 2 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠠᠨ ᠵᠢᠰᠦ ᠶᠢᠨ ᠢᠯᠡᠷᠬᠡᠢ ᠲᠠᠢᠯᠪᠤᠷᠢᠯᠠᠯ - 2 Жаран зүсийн илэрхий тайлбарлал - 2

ᠵᠢᠷᠠᠨ ᠵᠢᠰᠦ ᠶᠢᠨ ᠢᠯᠡᠷᠬᠡᠢ ᠲᠠᠢᠯᠪᠤᠷᠢᠯᠠᠯ - 2 Жаран зүсийн илэрхий тайлбарлал - 2

ᠠᠩᠭᠢᠯᠠᠯ:ᠵᠠᠩ ᠦᠢᠯᠡ
2024-04-29

315

ᠯᠤᠤ ᠵᠢᠯᠲᠦ ——


     ● ᠵᠠᠩ ᠠᠭᠠᠯᠢ ᠠᠨᠤ : ᠴᠣᠭ ᠰᠦᠯᠳᠡ ᠪᠠᠳᠠᠷᠠᠩᠭᠤᠢ᠂ ᠶᠡᠬᠡ ᠵᠠᠩᠵᠤᠨ ᠤ᠋ ᠵᠠᠩ ᠠᠭᠠᠯᠢ ᠲᠠᠢ᠂ ᠬᠥᠮᠦᠨ ᠳ᠋ᠦ᠍ᠷ ᠡᠶᠡᠯᠰᠡᠭ ᠵᠥᠭᠡᠯᠡᠨ᠂ ᠤᠬᠠᠭᠠᠨ ᠡᠷᠳᠡᠮ ᠲᠡᠭᠦᠰ᠂ ᠵᠣᠬᠢᠶᠠᠨ ᠪᠠᠢᠭᠤᠯᠬᠤ ᠴᠢᠳᠠᠪᠤᠷᠢ ᠰᠠᠢᠨ᠂ ᠡᠷᠡᠭᠲᠡᠢ ᠬᠥᠮᠦᠨ ᠤ ᠣᠨᠴᠠᠯᠢᠭ ᠨᠢ ᠠᠮᠢᠳᠤᠷᠠᠯ ᠳ᠋ᠤᠷ ᠬᠢᠵᠠᠭᠠᠷᠯᠠᠭᠳᠠᠬᠤ ᠳᠤᠷ᠎ᠠ ᠦᠭᠡᠢ᠂ ᠡᠮᠡᠭᠲᠡᠢ ᠬᠥᠮᠦᠨ ᠤ ᠣᠨᠴᠠᠯᠢᠭ ᠨᠢ ᠬᠡᠢ ᠬᠦᠰᠡᠯ ᠢᠶᠠᠷ ᠪᠠᠶᠠᠯᠢᠭ᠂ ᠳᠠᠭᠠᠭᠠᠮᠠᠭᠠᠢ ᠴᠢᠨᠠᠷ ᠢᠶᠡᠷ ᠳᠤᠲᠠᠮᠠᠭ᠃ 
     ● ᠯᠤᠤ ᠶ᠋ᠢᠨ ᠤᠩᠰᠢᠭᠤ : ᠬᠤᠪᠢ ᠵᠠᠶᠠᠭ᠎ᠠ ᠡᠷᠬᠢᠮ ᠳᠡᠭᠡᠳᠦ ᠶᠡᠷᠦ ᠪᠤᠰᠤ᠂ ᠥᠷᠥᠰᠢᠶᠡᠯ ᠵᠢᠷᠤᠮᠲᠠᠢ ᠮᠡᠷᠭᠡᠨ ᠰᠡᠴᠡᠨ᠂ ᠰᠦᠷ ᠬᠦᠴᠦᠨ ᠳᠥᠷᠪᠡᠨ ᠵᠦᠭ ᠴᠣᠤᠷᠢᠶᠠᠲᠤᠨ᠂ ᠦᠶ᠎ᠡ ᠤᠯᠠᠷᠢᠨ ᠪᠠᠭᠠᠲᠤᠷ ᠢᠳᠡᠲᠡᠨ ᠭᠠᠷᠤᠮᠤᠢ᠃ ᠴᠠᠭᠠᠨ ᠰᠠᠷ᠎ᠠ ᠬᠣᠶᠠᠷ ᠭᠤᠷᠪᠠᠨ ᠰᠠᠷᠠᠢᠨ ᠯᠤᠤ ᠬᠥᠮᠦᠨ ᠤ ᠳᠡᠮᠵᠢᠯᠭᠡ ᠳ᠋ᠦ᠍ ᠲᠦᠰᠢᠯᠡᠬᠦ᠃ ᠳᠥᠷᠪᠡ ᠲᠠᠪᠤ ᠵᠢᠷᠭᠤᠭᠠᠨ ᠰᠠᠷᠠᠢᠨ ᠯᠤᠤ ᠰᠦᠷ ᠬᠦᠴᠦᠨ ᠪᠠᠳᠠᠷᠠᠩᠭᠤᠢ᠃ ᠳᠣᠯᠣᠭ᠎ᠠ ᠨᠠᠢ᠍ᠮᠠᠨ ᠶᠢᠰᠦᠨ ᠰᠠᠷᠠᠢᠨ ᠯᠤᠤ ᠠᠮᠢᠳᠤᠷᠠᠯ ᠳ᠋ᠤ᠌ ᠬᠦᠴᠢᠷ ᠣᠯᠠᠨ ᠲᠣᠬᠢᠶᠠᠯᠳᠤᠬᠤ᠃ ᠠᠷᠪᠠ ᠠᠷᠪᠠᠨ ᠨᠢᠭᠡ ᠯᠡ ᠰᠠᠷᠠᠢᠨ ᠯᠤᠤ ᠠᠮᠢᠳᠤᠷᠠᠯ ᠳ᠋ᠤ᠌ ᠭᠠᠴᠢᠭ ᠲᠣᠬᠢᠶᠠᠯᠳᠤᠬᠤ᠃ 
     ● ᠯᠤᠤ ᠶ᠋ᠢᠨ ᠳᠠᠢᠰᠤᠨ : ᠨᠣᠬᠠᠢ᠂ ᠵᠢᠴᠢ ᠨᠣᠬᠠᠢ ᠮᠣᠭᠠᠢ ᠵᠢᠯ ᠳ᠋ᠦ᠍ᠷ ᠡᠪᠡᠳᠴᠢᠨ ᠬᠦᠷᠬᠦ ᠡᠳ᠋ ᠭᠠᠷᠬᠤ᠂ ᠬᠡᠷᠡᠭ ᠵᠠᠷᠭᠤ ᠬᠡᠯᠡ ᠠᠮᠠ ᠲᠠᠢ᠂ ᠠᠯᠢᠪᠠ ᠦᠢᠯᠡᠰ ᠤᠷᠤᠭᠰᠢ ᠦᠭᠡᠢ᠂ ᠲᠠᠤᠯᠠᠢ ᠬᠣᠨᠢ ᠪᠡᠴᠢᠨ ᠵᠢᠯ ᠳ᠋ᠦ᠍ᠷ ᠬᠤᠯᠠᠭᠠᠢ ᠬᠤᠳᠠᠯ ᠢ ᠰᠡᠷᠭᠡᠢᠯᠡ᠃ ᠯᠤᠤ ᠵᠠ ᠨᠥᠬᠥᠷ : ᠲᠠᠬᠢᠶ᠎ᠠ᠂ ᠳᠠᠷᠤᠢ ᠯᠤᠤ ᠭᠠᠷᠤᠲᠠᠢ ᠬᠤᠤᠰᠠᠯᠠᠬᠤ ᠵᠢᠴᠢ ᠲᠠᠬᠢᠶ᠎ᠠ ᠭᠠᠬᠠᠢ ᠵᠢᠯ ᠳ᠋ᠦ᠍ᠷ ᠪᠠᠶᠠᠷ ᠤ᠋ᠨ ᠤᠴᠢᠷ ᠲᠣᠬᠢᠶᠠᠯᠳᠤᠬᠤ ᠴᠡᠯᠢᠭ ᠬᠥᠯᠥᠰᠥ ᠨᠡᠮᠡᠭᠳᠡᠬᠦ᠂ ᠠᠯᠢᠪᠠ ᠠᠵᠢᠯ ᠦᠢᠯᠡᠰ ᠤᠷᠤᠭᠰᠢᠲᠠᠢ ᠰᠠᠢᠨ᠃ 
     ● ᠴᠡᠭᠡᠷᠯᠡᠬᠦ ᠣᠷᠣᠨ ᠵᠦᠭ : ᠮᠣᠳᠣᠨ ᠣᠷᠣᠨ ᠳ᠋ᠤᠷ ᠤᠮᠠᠷᠠᠰᠢ ᠠᠶᠠᠯᠠᠬᠤ ᠶ᠋ᠢ ᠴᠡᠭᠡᠷᠯᠡ ᠂ ᠪᠠᠷᠠᠭᠤᠨ ᠵᠦᠭ ᠲᠦ᠍ ᠠᠰᠢᠭ ᠣᠯᠵᠠ ᠲᠠᠢ᠃ 
     ● ᠨᠠᠰᠤᠨ ᠬᠤᠲᠤᠭ : 75 - 85 ᠨᠠᠰᠤᠯᠠᠮᠤᠢ᠂ ᠠᠭᠤᠰᠬᠢᠨ ᠡᠪᠡᠳᠴᠢᠨ ᠢ᠋ᠶ᠋ᠡᠷ ᠡᠪᠤᠯ ᠤ᠋ᠨ ᠴᠠᠭ ᠡᠴᠦᠰᠯᠡᠮᠦᠢ᠃ 
     ● ᠲᠣᠬᠢᠷᠠᠬᠤ ᠠᠵᠢᠯ : ᠭᠣᠣᠯ ᠡᠷᠬᠢᠯᠡᠭᠴᠢ᠂ ᠤᠷᠠᠯᠢᠭᠴᠢᠨ᠂ ᠤᠯᠤᠰ ᠲᠥᠷᠥ ᠶ᠋ᠢᠨ ᠠᠵᠢᠯ᠂ ᠲᠠᠮᠢᠷᠴᠢᠨ᠂ ᠪᠣᠷᠣᠯᠠᠭᠤᠯᠤᠭᠴᠢ᠃ 
     ● ᠰᠣᠩᠭᠣᠬᠤ ᠬᠠᠨᠢ : ᠡᠷᠡᠭᠲᠡᠢ ᠬᠥᠮᠦᠨ ᠲᠠᠬᠢᠶ᠎ᠠ ᠬᠤᠯᠤᠭᠠᠨ᠎ᠠ ᠪᠡᠴᠢ ᠲᠡᠢ ᠬᠣᠯᠪᠣᠵᠤ᠂ ᠡᠮᠡᠭᠲᠡᠢ ᠬᠥᠮᠦᠨ ᠲᠠᠬᠢᠶ᠎ᠠ ᠪᠢᠴᠢ ᠮᠣᠷᠢ ᠲᠠᠢ ᠬᠣᠯᠪᠣᠪᠠᠯ ᠰᠠᠢᠨ᠂ ᠢᠯᠠᠩᠭᠤᠶ᠎ᠠ ᠯᠤᠤ ᠲᠠᠬᠢᠶ᠎ᠠ ᠬᠣᠯᠪᠣᠪᠠᠯ ᠬᠠᠮᠤᠭ ᠰᠠᠢᠨ᠂ ᠰᠢᠷ᠎ᠠ ᠯᠤᠤ ᠴᠠᠭᠠᠨ ᠲᠠᠬᠢᠶ᠎ᠠ ᠳᠡᠭᠡᠳᠦ ᠬᠣᠯᠪᠣᠨ᠎ᠠ᠂ ᠪᠠᠶᠠᠨ ᠴᠢᠨᠡᠭᠡᠯᠢᠭ ᠥᠯᠵᠡᠢ ᠬᠤᠲᠤᠭ ᠥᠨᠢᠳᠡ ᠮᠥᠩᠬᠡᠷᠡᠮᠦᠢ᠃ ᠯᠤᠤ ᠲᠠᠤᠯᠠᠢ ᠲᠠᠢ ᠬᠣᠯᠪᠣᠪᠠᠯ ᠵᠣᠪᠠᠯᠠᠩ ᠲᠠᠰᠤᠷᠠᠬᠤ ᠦᠭᠡᠢ ᠶᠡᠬᠡ ᠮᠠᠭᠤ᠃
     ● ᠬᠥᠬᠡ ᠯᠤᠤ ᠠᠨᠤ : ᠳᠠᠯᠠᠢ ᠶ᠋ᠢᠨ ᠢᠷᠣᠭᠠᠷ ᠲᠠᠬᠢ ᠯᠤᠤ᠂ ᠵᠤᠯᠠ ᠶ᠋ᠢᠨ ᠭᠠᠯ ᠤ᠋ᠨ ᠮᠠᠬᠠᠪᠣᠳ᠂ ᠰᠦᠷ ᠵᠢᠪᠬᠤᠯᠠᠩᠲᠠᠢ᠂ ᠥᠪᠡᠷ ᠢ᠋ ᠪᠡᠨ ᠬᠦᠨᠲᠦᠳᠬᠡᠬᠦ᠂ ᠪᠠᠢᠳᠠᠯ ᠳ᠋ᠤᠷ ᠲᠣᠬᠢᠷᠠᠨ ᠴᠢᠳᠠᠬᠤ᠂ ᠬᠠᠷᠢᠯᠴᠠᠭ᠎ᠠ ᠰᠠᠢᠨ᠂ ᠵᠢᠷᠤᠮ ᠲᠠᠢ᠂ ᠪᠤᠰᠤᠳ ᠲᠤᠷ ᠬᠦᠨᠳᠦᠳᠬᠡᠭᠳᠡᠬᠦ ᠠᠰᠪᠤᠷᠢ ᠴᠠᠭᠠᠪᠤᠷᠢ ᠬᠠᠯᠠᠭᠤᠮᠰᠤᠭ ᠳᠣᠲᠣᠨᠣ᠂ ᠰᠡᠳᠬᠢᠯ ᠬᠢᠯᠪᠠᠷᠬᠠᠨ ᠬᠥᠳᠡᠯᠬᠦ᠂ ᠪᠠᠴᠢᠮ ᠵᠠᠩ ᠲᠠᠢ᠃  
     ● ᠤᠯᠠᠭᠠᠨ ᠯᠤᠤ ᠠᠨᠤ : ᠪᠣᠷᠣᠭᠠᠨ᠎ᠠ ᠠᠶᠠᠯᠠᠭᠴᠢ ᠯᠤᠤ᠂ ᠬᠠᠮᠤᠭ ᠤ᠋ᠨ ᠳᠣᠲᠣᠷᠠᠬᠢ ᠰᠢᠷᠣᠢ ᠶ᠋ᠢᠨ ᠮᠠᠬᠠᠪᠣᠳ᠂ ᠮᠠᠭᠤ ᠶ᠋ᠢ ᠵᠢᠭᠰᠢᠬᠦ᠂ ᠰᠠᠢᠨ ᠰᠠᠨᠠᠭ᠎ᠠ ᠲᠠᠢ᠂ ᠪᠤᠰᠤᠳ ᠲᠤᠷ ᠦᠨᠡᠨᠴᠢ᠂ ᠠᠵᠢᠯ ᠳ᠋ᠤᠷ ᠬᠢᠨᠠᠮᠠᠭᠠᠢ᠂ ᠰᠥᠰᠥ ᠵᠣᠷᠢᠭ ᠪᠠᠭ᠎ᠠ᠂ ᠪᠠᠭ᠎ᠠ ᠴᠠᠭ ᠲᠤᠷ ᠵᠦᠳᠡᠵᠦ᠂ ᠳᠤᠮᠳᠠ ᠨᠠᠰᠤᠨ᠎ᠠ ᠥᠭᠡᠳᠡᠯᠡᠨ᠂ ᠥᠲᠡᠯᠬᠦ ᠨᠠᠰᠤᠨ᠎ᠠ ᠵᠢᠷᠭᠠᠮᠤᠢ᠃
     ● ᠰᠢᠷ᠎ᠠ ᠯᠤᠤ ᠠᠨᠤ : ᠳᠡᠯᠠᠢ ᠶ᠋ᠢ ᠦᠢᠮᠡᠭᠦᠯᠦᠭᠴᠢ ᠯᠤᠤ᠂ ᠶᠡᠬᠡ ᠣᠢ ᠶ᠋ᠢᠨ ᠮᠣᠳᠣᠨ ᠮᠠᠬᠠᠪᠣᠳ᠂ ᠰᠡᠳᠬᠢᠯ ᠲᠠᠯᠪᠢᠭᠤ ᠯᠠᠪᠳᠠᠭᠤᠨ᠂ ᠶᠡᠬᠡ ᠶᠠᠪᠤᠳᠠᠯ ᠬᠢᠵᠦ ᠴᠢᠳᠠᠬᠤ᠂ ᠡᠷᠬᠡ ᠰᠦᠷ ᠲᠡᠢ᠂ ᠬᠥᠮᠦᠨ ᠳ᠋ᠦ᠍ᠷ ᠬᠦᠨᠳᠦᠳ᠌ᠬᠡᠭᠳᠡᠬᠦ᠂ ᠬᠠᠷᠢᠯᠴᠠᠭ᠎ᠠ ᠥᠷᠭᠡᠨ᠂ ᠣᠪᠣᠷ ᠳᠦᠷᠢ ᠰᠠᠢᠬᠠᠨ᠂ ᠬᠠᠢᠷ ᠰᠡᠳᠬᠢᠯᠭᠡ ᠪᠠᠶᠠᠯᠢᠭ᠂ ᠠᠮᠢᠳᠤᠷᠠᠯ ᠳ᠋ᠤᠷ ᠪᠠᠶᠠᠷᠯᠠᠩᠭᠤᠢ᠃
     ● ᠴᠠᠭᠠᠨ ᠯᠤᠤ ᠠᠨᠤ : ᠡᠪᠡᠰᠦᠨ ᠳ᠋ᠡᠬᠢ ᠯᠤᠤ᠂ ᠭᠡᠭᠡᠨ ᠵᠤᠯᠠ ᠶ᠋ᠢᠨ ᠲᠡᠮᠦᠷ ᠦ᠋ᠨ ᠮᠠᠬᠠᠪᠣᠳ᠂ ᠨᠣᠶᠠᠨ ᠰᠠᠭᠤᠬᠤ ᠬᠤᠪᠢ ᠲᠠᠢ᠂ ᠵᠣᠬᠢᠶᠠᠨ ᠪᠠᠢᠭᠤᠯᠬᠤ ᠴᠢᠳᠠᠪᠤᠷᠢ ᠰᠠᠢᠨ᠂ ᠬᠥᠮᠦᠨ ᠨᠢ ᠯᠠᠪᠳᠠᠭᠤᠨ᠂ ᠪᠤᠰᠤᠳ ᠲᠤ᠌ ᠬᠠᠯᠠᠭᠤᠮᠰᠤᠭ ᠵᠢᠷᠤᠮᠲᠠᠢ᠂ ᠠᠵᠢᠯ ᠳ᠋ᠤᠷ ᠬᠢᠨᠠᠮᠠᠭᠠᠢ᠂ ᠬᠥᠮᠦᠨ ᠤ ᠰᠡᠳᠬᠢᠯ ᠢ ᠣᠯᠬᠤ᠂ ᠵᠥᠷᠢᠭᠦᠦ ᠪᠥᠭᠡᠳ ᠬᠡᠪᠰᠢᠮᠡᠯ᠃ 
     ● ᠬᠠᠷ᠎ᠠ ᠯᠤᠤ ᠠᠨᠤ᠄ ᠳᠡᠭᠦᠯᠢᠮᠡᠯ ᠯᠤᠤ᠂ ᠭᠣᠣᠯ ᠤ᠋ᠨ ᠤᠰᠤᠨ ᠤ᠋ ᠮᠠᠬᠠᠪᠣᠳ᠂ ᠵᠠᠩ᠂ ᠠᠭᠠᠯᠢ ᠰᠢᠭᠤᠷᠬᠠᠢ ᠯᠠᠪᠳᠠᠭᠤᠨ᠂ ᠨᠢᠭᠡ ᠨᠠᠰᠤᠨ᠎ᠠ ᠡᠳ᠋ ᠠᠰᠢᠭ ᠤᠷᠤᠰᠤᠮᠠᠯ ᠤᠰᠤ ᠮᠡᠲᠦ ᠲᠠᠰᠤᠷᠠᠰᠢ ᠦᠭᠡᠢ ᠣᠷᠣᠬᠤ᠂ ᠬᠤᠷᠴᠠ ᠴᠣᠪᠣᠭᠣ᠂ ᠲᠠᠪᠠ ᠪᠠᠷ ᠢ᠋ᠶ᠋ᠠᠨ ᠶᠠᠪᠤᠬᠤ᠂ ᠬᠠᠷᠠᠮᠴᠢ ᠵᠠᠩ ᠲᠠᠢ᠃ 

ᠮᠣᠭᠠᠢ ᠵᠢᠯᠲᠦ ——


     ● ᠵᠠᠩ ᠠᠭᠠᠯᠢ ᠠᠨᠤ : ᠮᠣᠭᠠᠢ ᠣᠶᠤᠨ ᠤᠬᠠᠭᠠᠨ ᠤ᠋ ᠪᠡᠯᠭᠡ ᠲᠡᠮᠳᠡᠭ᠂ ᠲᠥᠷᠥᠯᠬᠢ ᠰᠡᠴᠡᠨ ᠮᠡᠷᠭᠡᠨ᠂ ᠴᠡᠭᠡᠵᠢ ᠰᠡᠷᠭᠡᠢ ᠰᠡᠳᠬᠢᠴᠡ ᠪᠤᠰᠢᠭᠤ᠂ ᠤᠬᠠᠭᠠᠨ ᠪᠢᠯᠢᠭ ᠤᠯᠠᠷᠢᠬᠤ ᠴᠢᠳᠠᠪᠤᠷᠢ ᠰᠠᠢᠨ᠂ ᠡᠶᠡᠯᠳᠡᠭ ᠵᠥᠭᠡᠯᠡᠨ᠂ ᠦᠭᠡ ᠳᠠᠭᠤ ᠴᠥᠭᠡᠨ ᠨᠠᠷᠢᠨ ᠬᠢᠨᠠᠮᠠᠭᠠᠢ ᠰᠦᠷ ᠵᠢᠪᠬᠤᠯᠠᠩ ᠲᠠᠢ᠃ ᠡᠷᠡᠭᠲᠡᠢ ᠬᠥᠮᠦᠨ ᠣ ᠣᠨᠴᠠᠯᠢᠭ ᠨᠢ ᠬᠢᠯᠪᠠᠷᠬᠠᠨ ᠶᠠᠷᠰᠢᠭ ᠤᠷᠰᠢᠭ ᠲᠠᠲᠠᠬᠤ ᠂ ᠡᠮᠡᠭᠲᠡᠢ ᠬᠥᠮᠦᠨ ᠤ ᠣᠨᠴᠠᠯᠢᠭ ᠨᠢ ᠵᠠᠯᠠᠭᠤ ᠨᠠᠰᠤᠨ ᠳ᠋ᠠᠭᠠᠨ ᠰᠡᠳᠬᠢᠯ ᠵᠣᠪᠠᠬᠤ ᠳᠤᠷᠠᠲᠠᠢ᠃ 
     ● ᠮᠣᠭᠠᠢ ᠵᠢᠯ ᠦ᠋ᠨ ᠤᠩᠰᠢᠭᠤ : ᠡᠮᠦᠨᠡᠰᠢ ᠰᠢᠪᠲᠤᠯᠤᠨ ᠤᠮᠠᠷᠠᠰᠢ ᠠᠶᠠᠯᠠᠵᠤ᠂ ᠲᠡᠭᠷᠢ ᠶ᠋ᠢᠨ ᠥᠩᠭᠡ ᠶ᠋ᠢ ᠬᠠᠷᠠᠨ ᠣᠭᠲᠠᠷᠭᠤᠢ ᠶ᠋ᠢᠨ ᠪᠠᠢᠳᠠᠯ ᠢ ᠠᠵᠢᠭᠯᠠᠬᠤ᠂ ᠤᠯᠤᠰ ᠲᠥᠷᠥ ᠳ᠋ᠦ᠍ᠷ ᠰᠡᠷᠬᠡ ᠴᠠᠭ ᠤ᠋ᠨ ᠪᠠᠢᠳᠠᠯ ᠳ᠋ᠤᠷ ᠰᠣᠷᠭᠣᠭ᠂ ᠣᠢ ᠪᠢᠯᠢᠭ ᠰᠠᠢᠨ᠂ ᠪᠢᠴᠢᠭ ᠰᠤᠳᠤᠷ ᠲᠤᠷ ᠨᠡᠪᠲᠡᠷᠡᠬᠦ᠂ ᠥᠷᠥᠰᠢᠶᠡᠯ ᠵᠢᠷᠤᠮ ᠲᠠᠢ᠃ ᠡᠷᠡᠭᠲᠡᠢ ᠨᠢ ᠡᠷᠳᠡᠮ ᠴᠢᠳᠠᠪᠤᠷᠢ ᠲᠡᠭᠦᠰ᠂ ᠡᠮᠡᠭᠲᠡᠢ ᠨᠢ ᠥᠩᠭᠡ ᠵᠢᠰᠦ ᠭᠣᠶᠣ᠃ ᠳᠥᠷᠪᠡ ᠲᠠᠪᠤ ᠵᠢᠷᠭᠤᠭ᠎ᠠ ᠳᠣᠯᠣᠭᠠᠨ ᠰᠠᠷᠠᠢᠨ ᠮᠣᠭᠠᠢ ᠵᠣᠭᠣᠰ ᠣᠯᠵᠤ ᠴᠢᠳᠠᠬᠤ᠂ ᠪᠣᠳᠣᠵᠤ ᠰᠣᠯᠢᠬᠤ ᠪᠤᠰᠢᠭᠤ᠂ ᠬᠤᠪᠢᠷᠠᠵᠤ ᠤᠯᠠᠷᠢᠬᠤ ᠬᠤᠷᠳᠤᠨ᠃ ᠨᠠᠢ᠍ᠮᠠ ᠶᠢᠰᠦᠨ ᠰᠠᠷᠠᠢᠨ ᠮᠣᠭᠠᠢ ᠬᠢᠯᠪᠠᠷᠬᠠᠨ ᠴᠣᠬᠢᠭᠳᠠᠬᠤ ᠮᠡᠭᠡᠯᠡᠭᠳᠡᠬᠦ᠃ ᠠᠷᠪᠠ ᠠᠷᠪᠠᠨ ᠨᠢᠭᠡ ᠯᠡ ᠰᠠᠷ᠎ᠠ ᠴᠠᠭᠠᠨ ᠰᠠᠷ᠎ᠠ ᠬᠣᠶᠠᠷ ᠭᠤᠷᠪᠠᠨ ᠰᠠᠷᠠᠢᠨ ᠮᠣᠭᠠᠢ ᠨᠦᠬᠡᠨ ᠳ᠋ᠦ᠍ ᠨᠣᠢᠷᠰᠤᠭᠠᠳ ᠵᠣᠭᠣᠰ ᠡᠷᠢᠵᠦ ᠣᠯᠬᠤ ᠦᠭᠡᠢ᠂ ᠯᠤᠤ ᠮᠣᠭᠠᠢ ᠲᠠᠢ ᠬᠥᠮᠦᠨ ᠵᠣᠭᠣᠰ ᠬᠠᠳᠠᠭᠠᠯᠠᠵᠤ ᠳᠡᠢᠯᠬᠦ ᠦᠭᠡᠢ᠂ ᠭᠡᠪᠡᠴᠦ ᠡᠳ᠋ ᠠᠰᠢᠭ ᠡᠷᠬᠡ ᠵᠡᠷᠭᠡ ᠭᠠᠷ ᠤ᠋ᠨ ᠠᠶᠠᠪᠠᠷ ᠣᠯᠬᠤ᠂ ᠨᠢᠭᠡ ᠨᠠᠰᠤᠨ᠎ᠠ ᠠᠮᠤᠷ ᠵᠢᠮᠦᠷ᠃ 
     ● ᠮᠣᠭᠠᠢ ᠶ᠋ᠢᠨ ᠳᠠᠢᠰᠤᠨ : ᠪᠠᠷᠰ᠂ ᠳᠠᠷᠠᠭᠠᠯᠠᠪᠠᠯ ᠭᠠᠬᠠᠢ ᠮᠣᠷᠢ ᠬᠣᠨᠢᠨ ᠵᠢᠯ ᠳ᠋ᠣᠷ ᠡᠪᠡᠳᠴᠢᠨ ᠬᠦᠷᠴᠦ ᠠᠰᠢᠭ ᠭᠠᠷᠬᠤ᠂ ᠬᠡᠯᠡ ᠠᠮᠠ ᠬᠡᠷᠡᠭᠦᠯ ᠵᠠᠷᠭᠤ ᠪᠣᠯᠵᠤ ᠠᠯᠢᠪᠠ ᠶᠠᠪᠤᠳᠠᠯ ᠣᠷᠣᠭᠰᠢ ᠦᠭᠡᠢ᠂ ᠭᠠᠬᠠᠢ ᠬᠣᠨᠢ ᠬᠤᠯᠤᠭᠠᠨ᠎ᠠ ᠪᠠᠷᠰ ᠵᠢᠯ ᠳ᠋ᠦ᠍ᠷ ᠰᠠᠨᠠᠭᠠᠨ ᠳ᠋ᠤᠷ ᠦᠭᠡᠢ ᠠᠶᠤᠯ ᠪᠠᠢᠬᠤ᠂ ᠬᠤᠯᠠᠭᠠᠢ ᠬᠤᠳᠠᠯ ᠢ ᠬᠢᠴᠢᠶᠡ᠃
     ● ᠮᠣᠭᠠᠢ ᠶ᠋ᠢᠨ ᠨᠥᠬᠥᠷ᠂ ᠦᠬᠡᠷ ᠲᠠᠬᠢᠶ᠎ᠠ᠂ ᠵᠢᠴᠢ ᠯᠤᠤ ᠪᠠᠴᠢ ᠨᠣᠬᠠᠢ ᠲᠠᠬᠢᠶ᠎ᠠ ᠵᠢᠯ ᠳ᠋ᠦ᠍ᠷ ᠠᠰᠢᠭ ᠣᠯᠵᠠ ᠲᠠᠢ᠂ ᠯᠤᠤ ᠮᠣᠷᠢᠨ ᠵᠢᠯ ᠳ᠋ᠦ᠍ᠷ ᠪᠠᠶᠠᠷ ᠴᠡᠩᠭᠡᠯ ᠲᠣᠬᠢᠶᠠᠯᠳᠤᠮᠤᠢ᠃ 
     ● ᠨᠠᠰᠤᠨ ᠬᠤᠲᠤᠭ : 75 – 80 ᠨᠠᠰᠤᠯᠠᠮᠤᠢ᠂ ᠵᠢᠷᠦᠬᠡᠨ ᠡᠪᠡᠳᠴᠢᠨ ᠢ᠋ᠶ᠋ᠡᠷ ᠨᠠᠮᠤᠷ ᠤ᠋ᠨ ᠴᠠᠭ ᠡᠴᠦᠰᠡᠯᠡᠮᠦᠢ᠃
     ● ᠴᠡᠭᠡᠷᠯᠡᠬᠦ ᠣᠷᠣᠨ ᠵᠦᠭ : ᠭᠠᠯ ᠤ᠋ᠨ ᠣᠷᠣᠨ ᠳ᠋ᠤᠷ ᠤᠮᠠᠷᠠᠰᠢ ᠠᠶᠠᠯᠠᠬᠤ ᠶ᠋ᠢ ᠴᠡᠭᠡᠷᠯᠡ᠂ ᠵᠡᠭᠦᠨ ᠡᠮᠦᠨ᠎ᠡ ᠵᠦᠭ ᠲᠦ᠍ᠷ ᠠᠰᠢᠭ ᠣᠯᠵᠠ ᠪᠣᠢ᠃ 
     ● ᠲᠣᠬᠢᠷᠠᠬᠤ ᠠᠵᠢᠯ᠄ ᠲᠣᠭᠯᠠᠭᠴᠢ᠂ ᠤᠷᠠᠯᠢᠭᠴᠢᠨ᠂ ᠣᠨᠴᠠ ᠲᠥᠷᠥᠯ ᠦ᠋ᠨ ᠠᠵᠢᠯ ᠦᠢᠯᠡᠰ᠂ ᠵᠣᠬᠢᠶᠠᠯᠴᠢ᠃ 
     ● ᠰᠣᠩᠭᠣᠬᠤ ᠬᠠᠨᠢ : ᠡᠷᠡᠭᠲᠡᠢ ᠬᠥᠮᠦᠨ ᠦᠬᠡᠷ ᠯᠤᠤ ᠲᠠᠬᠢᠶ᠎ᠠ ᠲᠠᠢ ᠬᠣᠯᠪᠣᠵᠤ᠂ ᠡᠮᠡᠭᠲᠡᠢ ᠬᠥᠮᠦᠨ ᠲᠠᠬᠢᠶ᠎ᠠ ᠮᠣᠭᠠᠢ ᠦᠬᠡᠷ ᠲᠡᠢ ᠬᠣᠯᠪᠣᠪᠠᠯ ᠰᠠᠢᠨ᠃ ᠢᠯᠠᠩᠭᠤᠶ᠎ᠠ ᠮᠣᠭᠠᠢ ᠲᠠᠬᠢᠶ᠎ᠠ ᠲᠠᠢ ᠬᠣᠯᠪᠣᠪᠠᠯ ᠬᠠᠮᠤᠭ ᠰᠠᠢᠨ᠂ ᠵᠡᠷᠭᠡ ᠬᠡᠷᠬᠡᠮ ᠲᠠᠪᠰᠢᠨ ᠠᠵᠤ ᠠᠮᠢᠳᠤᠷᠠᠯ ᠥᠭᠡᠳᠡᠯᠡᠨ᠂ ᠦᠶ᠎ᠡ ᠤᠯᠠᠷᠢᠨ ᠪᠠᠶᠠᠨ ᠪᠣᠯᠤᠮᠤᠢ᠃ ᠮᠣᠭᠠᠢ ᠪᠠᠷᠰ ᠲᠠᠢ ᠬᠣᠯᠪᠣᠪᠠᠯ ᠬᠠᠷᠢᠯᠴᠠᠨ ᠲᠡᠮᠡᠴᠡᠯᠳᠦᠭᠡᠳ ᠨᠢᠰᠦ ᠨᠢᠯᠪᠤᠰᠤ ᠲᠠᠰᠤᠷᠠᠬᠤ ᠦᠭᠡᠢ᠃
     ● ᠬᠥᠬᠡᠭᠴᠢᠨ ᠮᠣᠭᠠᠢ ᠠᠨᠤ : ᠬᠥᠮᠦᠨ ᠰᠣᠴᠢᠬᠤ ᠮᠣᠭᠠᠢ᠂ ᠵᠤᠯᠠ ᠶ᠋ᠢᠨ ᠭᠠᠯ ᠤ᠋ᠨ ᠮᠠᠬᠠᠪᠣᠳ᠂ ᠡᠷᠡᠰ ᠬᠠᠲᠠᠭᠤ᠂ ᠪᠠᠴᠢᠮ ᠵᠠᠩ ᠲᠠᠢ᠂ ᠰᠡᠳᠬᠢᠯ ᠬᠥᠳᠡᠯᠬᠦ ᠳᠤᠷᠠᠲᠠᠢ᠂ ᠠᠰᠪᠤᠷᠢ ᠴᠠᠭᠠᠪᠤᠷᠢ ᠪᠤᠰᠤᠳ ᠲᠤᠷ ᠬᠠᠯᠠᠭᠤᠮᠰᠠᠭ᠂ ᠬᠠᠲᠠᠭᠤ ᠠ᠋ᠴᠠ ᠬᠠᠯᠲᠤᠷᠢᠬᠤ ᠦᠭᠡᠢ᠂ ᠤᠴᠢᠷ ᠶᠠᠪᠤᠳᠠᠯ ᠲᠤᠯᠭᠠᠷᠠᠪᠠᠯ ᠶᠠᠭᠠᠷᠠᠵᠤ ᠪᠠᠴᠢᠮᠳᠠᠭᠠᠳ ᠯᠠᠪᠳᠠᠭᠤᠨ ᠪᠣᠯᠭᠣᠮᠵᠢ ᠪᠠᠷ ᠳᠤᠲᠠᠮᠠᠭ᠂ ᠨᠢᠭᠡ ᠨᠠᠰᠤᠨ᠎ᠠ ᠡᠳ᠋ ᠠᠰᠢᠭ ᠡᠯᠪᠡᠭ ᠥᠭᠡᠳᠡᠯᠡᠨ ᠮᠠᠨᠳᠤᠮᠤᠢ᠃ 
     ● ᠤᠯᠠᠭᠴᠢᠨ ᠮᠣᠭᠠᠢ ᠠᠨᠤ: ᠠᠭᠤᠯᠠᠨ ᠬᠠᠪᠴᠢᠯ ᠤ᠋ᠨ ᠮᠣᠭᠠᠢ᠂ ᠬᠣᠮᠤᠭ ᠤ᠋ᠨ ᠳᠣᠲᠣᠷᠠᠬᠢ ᠰᠢᠷᠣᠢ ᠶ᠋ᠢᠨ ᠮᠠᠬᠠᠪᠣᠳ᠂ ᠨᠣᠮᠣᠬᠠᠨ ᠰᠢᠳᠤᠷᠭᠤ ᠪᠤᠰᠤᠳ ᠲᠤᠷ ᠦᠨᠡᠨᠴᠢ᠂ ᠰᠢᠮᠳᠠᠨ ᠰᠤᠷᠤᠯᠴᠠᠵᠤ᠂ ᠠᠵᠢᠯ ᠳ᠋ᠤᠷ ᠬᠢᠨᠠᠮᠠᠭᠠᠢ ᠡᠷᠳᠡᠮ ᠴᠢᠳᠠᠯᠲᠠᠢ᠂ ᠡᠷᠬᠢᠮ ᠬᠥᠮᠦᠨ ᠤ ᠳᠡᠮᠵᠢᠯᠭᠡ ᠶ᠋ᠢ ᠬᠦᠷᠲᠡᠪᠡᠯ ᠨᠡᠷ᠎ᠡ ᠵᠡᠷᠭᠡ ᠣᠯᠤᠮᠤᠢ᠃ 
     ● ᠰᠢᠷᠬᠠᠴᠢᠨ ᠮᠣᠭᠠᠢ ᠠᠨᠤ : ᠠᠭᠤᠯᠠᠨ ᠣᠢ ᠶ᠋ᠢᠨ ᠮᠣᠭᠠᠢ᠂ ᠶᠡᠬᠡ ᠣᠢ ᠶ᠋ᠢᠨ ᠮᠣᠳᠣᠨ ᠮᠠᠬᠠᠪᠣᠳ᠂ ᠵᠠᠩ ᠴᠢᠨᠠᠷ ᠰᠢᠭᠤᠷᠬᠠᠢ ᠯᠠᠪᠳᠠᠭᠤᠨ ᠡᠶᠡᠯᠳᠡᠭ᠂ ᠬᠥᠳᠡᠯᠦᠯ ᠪᠠᠷᠢᠯ ᠴᠠᠭᠤᠷᠬᠠᠢ᠂ ᠴᠡᠭᠡᠵᠢ ᠠᠭᠤᠳᠠᠮ᠂ ᠬᠠᠢᠷ᠎ᠠ ᠰᠡᠳᠬᠢᠯᠭᠡ ᠪᠠᠶᠠᠯᠢᠭ᠂ ᠠᠮᠢᠳᠤᠷᠠᠯ ᠳ᠋ᠤᠷ ᠪᠠᠶᠠᠷᠯᠠᠩᠭᠤᠢ᠂ ᠨᠠᠢᠵᠢᠯᠠᠬᠤ ᠳᠤᠷᠠᠲᠠᠢ᠂ ᠠᠯᠳᠠᠷ ᠭᠠᠪᠢᠶ᠎ᠠ ᠡᠷᠡᠮᠡᠯᠵᠡᠯᠡᠯ ᠲᠡᠢ᠃
     ● ᠴᠠᠭᠠᠭᠴᠢᠨ ᠮᠣᠭᠠᠢ ᠠᠨᠤ : ᠡᠪᠡᠰᠦᠨ ᠳᠡᠭᠡᠷᠡᠬᠢ ᠮᠣᠭᠠᠢ᠂ ᠭᠡᠭᠡᠨ ᠵᠤᠯᠠ ᠶ᠋ᠢᠨ ᠲᠡᠮᠦᠷ ᠦ᠋ᠨ ᠮᠠᠬᠠᠪᠣᠳ᠂ ᠦᠨᠡᠨᠴᠢ ᠯᠠᠪᠳᠠᠭᠤᠨ᠂ ᠬᠠᠯᠠᠭᠤᠮᠰᠤᠭ᠂ ᠬᠠᠢᠷ᠎ᠠ ᠰᠡᠳᠬᠢᠯᠭᠡ ᠶ᠋ᠢ ᠬᠦᠨᠳᠦᠳᠬᠡᠬᠦ᠂ ᠠᠵᠢᠯ ᠳ᠋ᠤᠷ ᠬᠢᠨᠠᠮᠠᠭᠠᠢ᠂ ᠬᠥᠮᠦᠨ ᠤ ᠰᠡᠤᠬᠢᠯ ᠢ ᠣᠯᠬᠤ᠂ ᠨᠣᠶᠠᠨ ᠰᠠᠭᠤᠬᠤ ᠵᠠᠶᠠᠭ᠎ᠠ ᠪᠣᠢ᠂ ᠳᠤᠮᠳᠠ ᠨᠠᠰᠤᠨ᠎ᠠ ᠪᠠᠶᠠᠵᠢᠬᠤ᠂ ᠲᠤᠰᠬᠠᠢ ᠮᠡᠷᠭᠡᠵᠢᠯ ᠲᠡᠢ᠃ 
     ● ᠬᠠᠷᠠᠭᠴᠢᠨ ᠮᠣᠭᠠᠢ ᠠᠨᠤ : ᠤᠰᠤᠨ ᠠ᠋ᠴᠠ ᠭᠠᠷᠤᠭᠰᠠᠨ ᠮᠣᠭᠠᠢ᠂ ᠭᠣᠣᠯ ᠤ᠋ᠨ ᠤᠰᠤᠨ ᠤ᠋ ᠮᠠᠬᠠᠪᠣᠳ᠂ ᠮᠡᠷᠭᠡᠨ ᠬᠡᠭᠡᠨᠴᠢᠷ ᠬᠥᠳᠡᠯᠵᠦ ᠪᠠᠷᠢᠬᠤ ᠳᠤᠷᠠᠲᠠᠢ᠂ ᠦᠭᠡ ᠬᠡᠯᠡ ᠰᠠᠢᠨ ᠰᠠᠨᠠᠭ᠎ᠠ ᠤᠷᠠᠨ ᠴᠡᠭᠡᠵᠢ ᠰᠡᠷᠭᠦᠯᠡᠩ᠂ ᠪᠠᠢᠳᠠᠯ ᠳ᠋ᠤᠷ ᠵᠣᠬᠢᠴᠠᠨ ᠴᠢᠳᠠᠬᠤ᠂ ᠵᠥᠭᠡᠯᠡᠨ ᠤ ᠳᠣᠲᠣᠷ᠎ᠠ ᠬᠠᠲᠠᠭᠤ ᠪᠣᠢ᠂ ᠡᠷᠳᠡᠮ ᠰᠠᠢᠲᠠᠢ ᠶᠡᠬᠡᠮᠰᠦᠭ ᠲᠠᠯᠪᠢᠭᠤ᠂ ᠡᠷᠬᠢᠮ ᠳᠡᠭᠡᠳᠦ ᠬᠤᠪᠢ ᠵᠠᠶᠠᠭ᠎ᠠ ᠲᠠᠢ᠂ ᠡᠳ᠋ ᠠᠰᠢᠭ ᠡᠯᠪᠡᠭ᠂ ᠥᠯᠵᠡᠢ ᠬᠤᠲᠤᠭ ᠥᠨᠢ ᠮᠥᠩᠬᠡ ᠣᠷᠣᠰᠢᠮᠤᠢ᠃  

ᠮᠣᠷᠢᠨ ᠵᠢᠯᠲᠦ


     ● ᠵᠠᠩ ᠠᠭᠠᠯᠢ ᠠᠨᠤ : ᠲᠤᠰᠠᠭᠠᠷ ᠵᠣᠷᠢᠵᠤ ᠰᠠᠨᠠᠭ᠎ᠠ ᠪᠠᠷ ᠢ᠋ᠶ᠋ᠠᠨ ᠶᠠᠪᠤᠬᠤ᠂ ᠡᠷᠡᠰ ᠰᠢᠭᠤᠷᠬᠠᠢ ᠯᠠᠪᠳᠠᠭᠤᠨ ᠪᠥᠭᠡᠳ ᠳᠦᠷᠢ ᠪᠠᠢᠳᠠᠯ ᠰᠦᠷ ᠵᠢᠪᠬᠤᠯᠠᠩᠲᠠᠢ᠂ ᠥᠪᠡᠷᠮᠢᠴᠡ ᠴᠢᠨᠠᠷ ᠢ᠋ᠶ᠋ᠠᠷ ᠴᠢᠩᠭ᠎ᠠ᠂ ᠬᠠᠷᠢᠯᠴᠠᠭ᠎ᠠ ᠥᠷᠭᠡᠨ᠂ ᠰᠡᠳᠬᠢᠯ ᠲᠡᠰᠪᠦᠷᠢ ᠠᠮᠠ ᠲᠦᠷᠭᠡᠨ᠂ ᠲᠥᠪ ᠶᠣᠰᠣᠨ ᠤ᠋ ᠲᠥᠯᠥᠭᠡ ᠲᠦᠳᠡᠭᠡᠯᠵᠡᠯ ᠦᠭᠡᠢ ᠲᠡᠮᠡᠴᠡᠬᠦ᠃ ᠡᠷᠡᠭᠲᠡᠢ ᠬᠥᠮᠦᠨ ᠦ᠌ ᠣᠨᠴᠠᠯᠢᠭ ᠨᠢ ᠪᠡᠷᠬᠡ ᠤᠴᠠᠷᠠᠯ ᠢ ᠳᠠᠭᠠᠭᠠᠬᠤ ᠪᠠᠷ ᠮᠠᠭᠤ᠂ ᠡᠮᠡᠭᠲᠡᠢ ᠬᠥᠮᠦᠨ ᠦ᠌ ᠣᠨᠴᠠᠯᠢᠭ ᠨᠢ ᠠᠵᠢᠯ ᠶᠠᠪᠤᠳᠠᠯ ᠢ ᠬᠠᠭᠠᠰ ᠬᠤᠭᠤᠰ ᠬᠠᠶᠠᠬᠤ᠃ 
     ● ᠮᠣᠷᠢᠨ ᠤ᠋ ᠤᠩᠰᠢᠭᠤ : ᠨᠠᠭᠠᠳᠬᠤ ᠳᠤᠷᠠᠲᠠᠢ᠂ ᠠᠵᠢᠯ ᠳ᠋ᠤᠷ ᠭᠠᠷᠮᠠᠭᠠᠢ᠂ ᠪᠢᠴᠢᠭ ᠲᠣᠷ ᠨᠡᠪᠲᠡᠷᠡᠨ ᠨᠡᠷ᠎ᠡ ᠠᠯᠳᠠᠷ ᠢᠶᠠᠨ ᠮᠠᠨᠳᠤᠭᠤᠯᠤᠮᠤᠢ᠃ ᠵᠡᠭᠦᠨᠰᠢ ᠳᠣᠪᠲᠣᠯᠤᠨ ᠪᠠᠷᠠᠭᠤᠨᠰᠢ ᠵᠣᠷᠴᠢᠨ᠂ ᠠᠯᠲᠠ ᠮᠥᠩᠭᠥ ᠠᠪᠳᠠᠷ᠎ᠠ ᠳᠦᠭᠦᠷᠴᠦ᠂ ᠢᠳᠡᠬᠦ ᠡᠮᠦᠰᠬᠦ ᠡᠯᠪᠡᠭ ᠳᠡᠯᠪᠡᠭ᠃ ᠴᠠᠭᠠᠨ ᠰᠠᠷᠠᠢᠨ ᠮᠣᠷᠢ ᠢᠳᠡᠬᠦ ᠡᠮᠦᠰᠬᠦ ᠦᠯᠡᠮᠵᠢ᠃ ᠬᠣᠶᠠᠷ ᠰᠠᠷᠠᠢᠨ ᠮᠣᠷᠢ ᠵᠢᠭᠠᠬᠠᠨ ᠵᠥᠷᠢᠭᠦᠦ᠂ ᠭᠤᠷᠪᠠᠨ ᠰᠠᠷᠠᠢᠨ ᠮᠣᠷᠢ ᠭᠦᠶᠦᠬᠦ ᠳᠤᠷᠠᠲᠠᠢ᠂ ᠳᠥᠷᠪᠡᠨ ᠰᠠᠷᠠᠢᠨ ᠮᠣᠷᠢ ᠡᠳ᠋ ᠠᠰᠢᠭ ᠰᠠᠢᠨ᠃ ᠲᠠᠪᠤᠨ ᠰᠠᠷᠠᠢᠨ ᠮᠣᠷᠢ ᠪᠠᠶᠠᠨ ᠴᠢᠨᠡᠭᠡᠯᠢᠭ ᠪᠥᠭᠡᠳ ᠥᠭᠡᠳᠡᠯᠡᠨ ᠳᠡᠭᠵᠢᠷᠡᠮᠦᠢ᠃ ᠵᠢᠷᠭᠤᠭᠠᠨ ᠰᠠᠷᠠᠢᠨ ᠮᠣᠷᠢ ᠪᠠᠴᠢᠮ ᠵᠠᠩ ᠲᠠᠢ᠂ ᠥᠭᠡᠳᠡ ᠡᠰᠡᠷᠡᠭ᠃ ᠳᠣᠯᠣᠭᠠᠨ ᠰᠠᠷᠠᠢᠨ ᠮᠣᠷᠢ ᠠᠯᠵᠠᠭᠤ᠃ ᠨᠠᠢ᠍ᠮᠠᠨ ᠰᠠᠷᠠᠢᠨ ᠮᠣᠷᠢ ᠠᠵᠢᠯᠴᠢ ᠮᠥᠷᠲᠡᠭᠡᠨ ᠡᠷᠡᠯᠬᠡᠭ᠃ ᠶᠢᠰᠦᠨ ᠰᠠᠷᠠᠢᠨ ᠮᠣᠷᠢ ᠬᠤᠷᠴᠠ ᠰᠡᠷᠭᠡᠢ ᠴᠢᠳᠠᠪᠤᠷᠢ ᠰᠠᠢᠨ᠃ ᠠᠷᠪᠠᠨ ᠰᠠᠷᠠᠢᠨ ᠮᠣᠷᠢ ᠨᠢᠭᠡ ᠨᠠᠰᠣᠨ᠎ᠡ ᠵᠦᠳᠡᠷᠡᠬᠦ᠃ ᠠᠷᠪᠠᠨ ᠨᠢᠭᠡᠨ ᠰᠠᠷᠠᠢᠨ ᠮᠣᠷᠢ ᠠᠮᠢᠳᠤᠷᠠᠯ ᠬᠦᠴᠢᠷᠲᠡᠢ᠃ ᠯᠡ ᠰᠠᠷᠠᠢᠨ ᠮᠣᠷᠢ ᠬᠣᠷᠢᠭᠳᠠᠭᠠᠳ ᠵᠡᠷᠡᠮᠳᠡᠭ᠂ ᠶᠠᠪᠤᠬᠤᠢ ᠳ᠋ᠤᠷ ᠪᠡᠷᠬᠡ᠃
     ● ᠮᠣᠷᠢᠨ ᠤ᠋ ᠳᠠᠢᠰᠤᠨ : ᠦᠬᠡᠷ᠂ ᠳᠠᠷᠠᠭᠠᠯᠠᠪᠠᠯ ᠮᠣᠭᠠᠢ ᠦᠬᠡᠷ ᠵᠢᠯ ᠳ᠋ᠦ᠍ᠷ ᠡᠪᠡᠳᠴᠢᠨ ᠬᠦᠷᠴᠦ ᠡᠳ᠋ ᠭᠠᠷᠬᠤ᠂ ᠬᠡᠯᠡ ᠠᠮᠠ ᠪᠣᠯᠵᠤ ᠠᠯᠢᠪᠠ ᠶᠠᠪᠤᠳᠠᠯ ᠰᠠᠨᠠᠭ᠎ᠠ ᠪᠠᠷ ᠦᠭᠡᠢ᠃ ᠬᠤᠯᠤᠭᠠᠨ᠎ᠠ ᠬᠣᠨᠢ ᠪᠡᠴᠢ ᠲᠠᠬᠢᠶ᠎ᠠ ᠭᠠᠬᠠᠢ ᠵᠢᠯ ᠳ᠋ᠦ᠍ ᠰᠠᠨᠠᠭᠠᠨ ᠳ᠋ᠤᠷ ᠦᠭᠡᠢ ᠭᠠᠮᠰᠢᠭ ᠪᠣᠢ᠃
     ● ᠮᠣᠷᠢᠨ ᠤ᠋ ᠨᠥᠬᠥᠷ : ᠬᠣᠨᠢ᠂ ᠲᠡᠷᠡᠴᠢᠯᠡᠨ ᠮᠣᠷᠢ ᠨᠣᠬᠠᠢ ᠵᠢᠯ ᠳ᠋ᠦ᠍ᠷ ᠠᠰᠢᠭ ᠣᠯᠵᠠ ᠲᠠᠢ᠂ ᠲᠠᠤᠯᠠᠢ ᠵᠢᠯ ᠳ᠋ᠦ᠍ᠷ ᠪᠠᠶᠠᠷ ᠴᠡᠩᠭᠡᠯ ᠲᠣᠬᠢᠶᠠᠯᠳᠤᠮᠤᠢ᠃
     ● ᠲᠣᠬᠢᠷᠠᠬᠤ ᠠᠵᠢᠯ : ᠵᠣᠬᠢᠶᠠᠯᠴᠢ᠂ ᠤᠷᠠᠯᠢᠭᠴᠢᠨ ᠪᠠ ᠠᠵᠤ ᠠᠬᠤᠢᠴᠢᠨ᠃  
     ● ᠨᠠᠰᠤᠨ ᠬᠤᠲᠤᠭ᠄ 73|85 ᠨᠠᠰᠤᠯᠠᠮᠤᠢ᠂ ᠬᠣᠳᠣᠭᠣᠳᠣ ᠡᠪᠡᠳᠦᠨ ᠡᠪᠦᠯ ᠦ᠋ᠨ ᠴᠠᠭ ᠡᠴᠦᠰᠯᠡᠮᠦᠢ᠃  
     ● ᠰᠣᠩᠭᠣᠬᠤ ᠬᠠᠨᠢ : ᠡᠷᠡᠭᠲᠡᠢ ᠬᠥᠮᠦᠨ ᠬᠣᠨᠢ ᠪᠠᠷᠰ ᠨᠣᠬᠠᠢ ᠲᠠᠢ ᠬᠣᠯᠪᠣᠵᠤ᠂ ᠡᠮᠡᠭᠲᠡᠢ ᠬᠥᠮᠦᠨ ᠬᠣᠨᠢ ᠪᠡᠴᠢ ᠪᠠᠷᠰ ᠲᠠᠢ ᠬᠣᠯᠪᠣᠪᠠᠯ ᠰᠠᠢᠨ᠃ ᠢᠯᠠᠩᠭᠤᠶ᠎ᠠ ᠮᠣᠷᠢ ᠬᠣᠨᠢ ᠲᠠᠢ ᠬᠣᠯᠪᠣᠪᠠᠯ ᠬᠠᠮᠤᠭ ᠰᠠᠢᠨ᠂ ᠠᠵᠤ ᠠᠮᠢᠳᠤᠷᠠᠯ ᠰᠠᠢᠵᠢᠷᠠᠵᠤ ᠦᠷ᠎ᠡ ᠬᠡᠦᠬᠡᠳ ᠳᠡᠯᠭᠡᠷᠡᠭᠡᠳ᠂ ᠭᠠᠢ ᠵᠣᠪᠠᠯᠠᠩ ᠦᠭᠡᠢ ᠤᠷᠲᠤ ᠨᠠᠰᠤᠯᠠᠮᠤᠢ᠃ ᠮᠣᠷᠢ ᠦᠬᠡᠷ ᠲᠡᠢ ᠬᠣᠯᠪᠣᠪᠠᠯ ᠵᠣᠪᠠᠯᠠᠩ ᠲᠠᠰᠤᠷᠠᠬᠤ ᠦᠭᠡᠢ᠂ ᠶᠡᠬᠡ ᠮᠠᠭᠤ᠃ 
     ● ᠬᠥᠬᠡ ᠮᠣᠷᠢ ᠠᠨᠤ : ᠡᠭᠦᠯᠡᠨ ᠳ᠋ᠡᠬᠢ ᠮᠣᠷᠢ᠂ ᠬᠣᠮᠣᠭ ᠤ᠋ᠨ ᠳᠣᠲᠣᠷᠠᠬᠢ ᠰᠢᠷᠣᠢ ᠶ᠋ᠢᠨ ᠮᠠᠬᠠᠪᠣᠳ᠂ ᠯᠠᠪᠳᠠᠭᠤᠨ ᠦᠨᠡᠨᠴᠢ ᠬᠠᠯᠠᠭᠤᠨ ᠰᠡᠳᠬᠢᠯ ᠲᠡᠢ᠂ ᠡᠷᠡᠭᠲᠡᠢ ᠨᠢ ᠨᠣᠶᠠᠨ ᠰᠠᠭᠤᠬᠤ ᠪᠤᠶᠠᠨ ᠲᠠᠢ᠂ ᠡᠮᠡᠭᠲᠡᠢ ᠨᠢ ᠠᠯᠲᠠ ᠮᠥᠩᠭᠥ ᠡᠳ᠋ᠯᠡᠬᠦ ᠬᠤᠪᠢ ᠲᠠᠢ᠂ ᠰᠡᠳᠬᠢᠯ ᠴᠠᠭᠠᠪᠤᠷ ᠠᠮᠠ ᠲᠦᠷᠭᠡᠨ᠂ ᠬᠡᠯᠡᠵᠦ ᠶᠠᠷᠢᠬᠤ ᠳ᠋ᠠᠭᠠᠨ ᠰᠠᠢᠨ᠃ 
     ● ᠤᠯᠠᠭᠠᠨ ᠮᠣᠷᠢ ᠠᠨᠤ : ᠠᠶᠠᠨ ᠤ᠋ ᠮᠣᠷᠢ᠂ ᠶᠡᠬᠡ ᠮᠥᠷᠡᠨ ᠤ ᠤᠰᠤᠨ ᠮᠠᠬᠠᠪᠣᠳ᠂ ᠬᠥᠮᠦᠨ ᠨᠢ ᠨᠠᠮ ᠰᠡᠯᠡᠭᠦᠦ᠂ ᠡᠬᠢᠨ ᠳ᠋ᠦ᠍ᠷ ᠠᠰᠢᠭ ᠪᠠᠷᠠᠬᠤ᠂ ᠭᠠᠷ ᠶᠡᠬᠡ᠂ ᠬᠤᠳᠠᠯᠳᠤᠭ᠎ᠠ ᠡᠵᠡᠩᠨᠡᠬᠦ᠂ ᠨᠡᠷ᠎ᠡ ᠠᠯᠳᠠᠷ ᠡᠷᠢᠭᠡᠳ ᠲᠤᠰᠠ ᠦᠭᠡᠢ᠂ ᠠᠬ᠎ᠠ ᠳᠡᠭᠦᠦ ᠶ᠋ᠢᠨ ᠲᠤᠰᠠᠯᠠᠮᠵᠢ ᠮᠡᠬᠦᠰ᠂ ᠪᠡᠶ᠎ᠡ ᠳ᠋ᠦ᠍ᠷ ᠳᠠᠯᠳᠠ ᠡᠪᠡᠳᠴᠢᠨ ᠲᠡᠢ᠃ 
     ● ᠰᠢᠷ᠎ᠠ ᠮᠣᠷᠢ ᠠᠨᠤ : ᠣᠩᠭᠣᠴᠠᠨ ᠤ᠋ ᠮᠣᠷᠢ᠂ ᠣᠭᠲᠠᠷᠭᠤᠢ ᠶ᠋ᠢᠨ ᠭᠠᠯ ᠤ᠋ᠨ ᠮᠠᠬᠠᠪᠣᠳ᠂ ᠵᠣᠷᠢᠭ ᠶᠡᠬᠡ ᠴᠣᠭ ᠪᠠᠳᠠᠷᠠᠩᠭᠤᠢ᠂ ᠨᠢᠭᠡ ᠨᠠᠰᠤᠨ᠎ᠠ ᠢᠳᠡᠬᠦ ᠡᠮᠦᠰᠬᠦ ᠳᠤᠲᠠᠬᠤ ᠶᠠᠪᠤᠳᠠᠯ ᠦᠭᠡᠢ᠂ ᠥᠩᠭᠡ ᠳᠦᠷᠢ ᠲᠥᠪᠯᠡᠭᠦᠨ ᠵᠠᠩ ᠠᠭᠠᠰᠢ ᠨᠣᠮᠣᠬᠠᠨ᠂ ᠪᠠᠭ᠎ᠠ ᠳ᠋ᠤᠷ ᠡᠪᠡᠳᠴᠢᠨ ᠬᠦᠷᠴᠦ ᠶᠠᠰᠤ ᠮᠢᠬᠠᠨ ᠳ᠋ᠤᠷ ᠭᠠᠢ ᠲᠠᠢ᠂ ᠠᠰᠪᠤᠷᠢ ᠯᠠᠪᠳᠠᠭᠤᠨ᠂ ᠨᠣᠶᠠᠨ ᠰᠠᠭᠤᠬᠤ ᠵᠠᠶᠠᠭ᠎ᠠ ᠲᠠᠢ᠃ 
     ● ᠴᠠᠭᠠᠨ ᠮᠣᠷᠢ ᠠᠨᠤ : ᠰᠠᠯᠬᠢ ᠲᠠᠭᠤᠭᠰᠠᠨ ᠮᠣᠷᠢ᠂ ᠵᠠᠮ ᠤ᠋ᠨ ᠬᠠᠵᠠᠭᠤᠳᠠᠬᠢ ᠰᠢᠷᠣᠢ ᠶ᠋ᠢᠨ ᠮᠠᠬᠠᠪᠣᠳ᠂ ᠨᠣᠮᠣᠬᠠᠨ ᠰᠢᠳᠤᠷᠭᠤ ᠬᠠᠢᠷ᠎ᠠ ᠰᠡᠳᠬᠢᠯᠭᠡ ᠪᠣᠷᠣᠭᠵᠢᠭᠤᠨ᠂ ᠪᠤᠰᠤᠳ ᠲᠤᠷ ᠦᠨᠡᠨᠴᠢ ᠬᠤᠳᠠᠯ ᠦᠭᠡ ᠬᠡᠯᠡᠬᠦ ᠦᠭᠡᠢ᠂ ᠠᠵᠢᠯ ᠳ᠋ᠤᠷ ᠬᠢᠨᠠᠮᠠᠭᠠᠢ᠂ ᠡᠷᠡᠭᠲᠡᠢ ᠬᠥᠮᠦᠨ ᠤ ᠵᠠᠶᠠᠭ᠎ᠠ ᠠᠨᠤ ᠡᠷᠬᠡ ᠰᠦᠷᠲᠡᠢ᠂ ᠡᠮᠡᠭᠲᠡᠢ ᠬᠥᠮᠦᠨ ᠤ ᠵᠠᠶᠠᠭ᠎ᠠ ᠠᠨᠤ ᠢᠳᠡᠬᠦ ᠡᠮᠦᠰᠬᠦ ᠡᠯᠪᠡᠭ᠂ ᠦᠷ᠎ᠡ ᠠᠴᠢᠨᠠᠷ ᠰᠠᠢᠨ᠃ 
     ● ᠬᠠᠷ᠎ᠠ ᠮᠣᠷᠢ ᠠᠨᠤ : ᠲᠡᠢᠨ ᠦ᠌ ᠮᠣᠷᠢ᠂ ᠤᠳᠠ ᠮᠣᠳᠣᠨ ᠤ᠋ ᠮᠠᠬᠠᠪᠣᠳ᠂ ᠡᠶ᠎ᠡ ᠨᠠᠢᠷᠠᠲᠠᠢ ᠬᠠᠢᠷ᠎ᠠ ᠰᠡᠳᠬᠢᠯᠭᠡ ᠪᠠᠶᠠᠯᠢᠭ᠂ ᠭᠠᠩᠭᠠᠩ ᠷᠣᠮᠠᠨᠲ᠋ᠢᠭ ᠰᠠᠨᠠᠭ᠎ᠠ ᠥᠨᠳᠥᠷ᠂ ᠡᠴᠢᠭᠡ ᠡᠬᠡ ᠳ᠋ᠡᠭᠡᠨ ᠬᠠᠷᠰᠢ᠂ ᠪᠠᠭ᠎ᠠ ᠴᠠᠭ ᠲᠤᠷ ᠠᠰᠢᠭ ᠴᠤᠭᠯᠠᠷᠠᠬᠤ ᠦᠭᠡᠢ᠂ ᠤᠷᠤᠭ ᠬᠣᠯᠪᠣᠭ᠎ᠠ ᠰᠠᠯᠬᠤ᠂ ᠡᠮᠡᠭᠲᠡᠢ ᠬᠥᠮᠦᠨ ᠴᠢᠭᠴᠢ ᠴᠢᠳᠠᠯᠲᠠᠢ᠃  

ᠬᠣᠨᠢᠨ ᠵᠢᠯᠲᠦ


     ● ᠵᠠᠩ ᠠᠭᠠᠯᠢ ᠠᠨᠤ : ᠳᠠᠷᠤᠤ ᠬᠢᠴᠢᠶᠡᠩᠭᠦᠢ ᠬᠥᠩᠭᠡᠨ ᠶᠣᠰᠣᠷᠬᠠᠭ᠂ ᠶᠣᠰᠣ ᠶ᠋ᠢ ᠳᠠᠭᠠᠵᠤ ᠵᠢᠷᠤᠮ ᠢ ᠰᠠᠬᠢᠬᠤ᠂ ᠪᠤᠰᠤᠳ ᠢ ᠬᠠᠯᠠᠭᠤᠨ ᠳᠣᠲᠣᠨᠣ ᠬᠠᠷᠠᠭᠠᠯᠵᠠᠨ ᠬᠠᠪᠰᠤᠷᠬᠤ᠂ ᠡᠶᠡᠯᠳᠡᠭ ᠵᠥᠭᠡᠯᠡᠨ᠂ ᠡᠷᠬᠢᠮ ᠳᠡᠭᠡᠳᠦ ᠬᠤᠪᠢ ᠵᠠᠶᠠᠭ᠎ᠠ ᠲᠠᠢ᠂ ᠡᠷᠡᠭᠲᠡᠢ ᠬᠥᠮᠦᠨ ᠤ ᠣᠨᠴᠠᠯᠢᠭ ᠨᠢ ᠭᠤᠨᠢᠨ ᠭᠤᠲᠤᠷᠠᠵᠤ ᠳᠠᠪᠰᠢᠬᠤ ᠵᠣᠷᠢᠭ ᠦᠭᠡᠢ᠂ ᠡᠮᠡᠭᠲᠡᠢ ᠶ᠋ᠢᠨ ᠣᠨᠴᠠᠯᠢᠭ ᠨᠢ ᠨᠠᠢᠳᠠᠮᠲᠠᠭᠠᠢ᠂ ᠤᠶᠠᠷᠠᠩᠭᠤᠢ᠃ 
     ● ᠬᠣᠨᠢᠨ ᠤ᠋ ᠤᠩᠰᠢᠭᠤ : ᠨᠠᠰᠤᠨ ᠤᠷᠲᠤ ᠣᠯᠠᠨ ᠵᠦᠢᠯ ᠳ᠋ᠦ᠍ ᠴᠢᠳᠠᠮᠠᠭᠠᠢ᠂ ᠠᠭᠤᠯᠠᠨ ᠳ᠋ᠠᠬᠢ ᠴᠢᠨᠣ᠎ᠠ ᠶ᠋ᠢ ᠳᠠᠯᠳᠠ ᠰᠤᠮᠤ ᠪᠠᠷ ᠰᠡᠷᠭᠡᠢᠯᠡᠮᠦᠢ᠂ ᠤᠳᠬ᠎ᠠ ᠵᠣᠬᠢᠶᠠᠯ ᠳ᠋ᠤᠷ ᠠᠪᠢᠶᠠᠰ ᠲᠠᠢ᠂ ᠡᠴᠢᠭᠡ ᠡᠬᠡ ᠳ᠋ᠡᠭᠡᠨ ᠡᠯᠪᠡᠷᠢᠯ ᠲᠡᠢ᠂ ᠬᠠᠷᠠᠮᠴᠢ ᠮᠥᠷᠲᠡᠭᠡᠨ ᠤᠬᠢᠯᠠᠩᠬᠠᠢ᠂ ᠪᠤᠰᠤᠳ ᠤ᠋ᠨ ᠳᠣᠷᠣᠮᠵᠢᠯᠠᠯ ᠢ ᠠᠮᠰᠠᠬᠤ ᠦᠭᠡᠢ᠃ ᠴᠠᠭᠠᠨ ᠰᠠᠷ᠎ᠠ ᠬᠣᠶᠠᠷ ᠰᠠᠷ᠎ᠠ ᠭᠤᠷᠪᠠᠨ ᠰᠠᠷ᠎ᠠ ᠶ᠋ᠢᠨ ᠬᠣᠨᠢ ᠡᠪᠡᠰᠦ ᠢᠳᠡᠵᠦ ᠨᠢᠭᠡ ᠨᠠᠰᠦᠨ᠎ᠠ ᠵᠦᠳᠡᠬᠦ᠃ ᠳᠥᠷᠪᠡ ᠲᠠᠪᠤ ᠵᠢᠷᠭᠤᠭᠠᠨ ᠰᠠᠷ᠎ᠠ ᠶ᠋ᠢᠨ ᠬᠣᠨᠢ ᠠᠰᠢᠭ ᠲᠠᠢ ᠪᠣᠯᠪᠠᠴᠤ ᠥᠩᠭᠡ ᠳ᠋ᠦ᠍ᠷ ᠰᠢᠨᠤᠬᠠᠢ᠃ ᠳᠣᠯᠣᠭ᠎ᠠ ᠨᠠᠢ᠍ᠮᠠ ᠶᠢᠰᠦᠨ ᠰᠠᠷ᠎ᠠ ᠶ᠋ᠢᠨ ᠬᠣᠨᠢ ᠵᠣᠭᠣᠰ ᠤᠯᠬᠤᠢ ᠳ᠋ᠤᠷ ᠰᠠᠢᠨ ᠪᠣᠯᠪᠠᠴᠤ ᠲᠦᠭᠰᠢᠭᠦᠷᠢ ᠨᠢ ᠶᠡᠬᠡ ᠲᠦᠪᠰᠢᠨ ᠨᠢ ᠪᠠᠭ᠎ᠠ᠂ ᠠᠷᠪᠠ ᠠᠷᠪᠠᠨ ᠨᠢᠭᠡ ᠯᠡ ᠰᠠᠷ᠎ᠠ ᠶ᠋ᠢᠨ ᠬᠣᠨᠢ ᠢᠳᠡᠬᠦ ᠡᠮᠦᠰᠬᠦ ᠡᠯᠪᠡᠭ ᠨᠠᠰᠤᠨ ᠤᠷᠲᠤ᠂ ᠭᠡᠪᠡᠴᠦ ᠰᠡᠳᠬᠢᠯ ᠰᠠᠨᠠᠭ᠎ᠠ ᠲᠣᠭᠲᠠᠪᠤᠷᠢ ᠦᠭᠡᠢ᠂ ᠶᠠᠳᠠᠷᠠᠲᠠᠯ᠎ᠠ ᠶᠠᠪᠤᠪᠠᠴᠤ ᠶᠠᠪᠤᠳᠠᠯ ᠪᠦᠲᠦᠬᠦ ᠦᠭᠡᠢ᠂ ᠭᠡᠷ ᠨᠤᠲᠤᠭ ᠠ᠋ᠴᠠ ᠪᠠᠨ ᠰᠠᠯᠤᠭᠠᠳ ᠡᠷᠬᠢᠮ ᠬᠥᠮᠦᠨ ᠳ᠋ᠦ᠍ ᠲᠤᠰᠠᠯᠠᠭᠳᠠᠪᠠᠯ ᠪᠠᠶᠠᠨ ᠬᠡᠷᠬᠡᠮ ᠪᠣᠯᠤᠮᠤᠢ᠃ 
     ● ᠬᠣᠨᠢᠨ ᠤ᠋ ᠳᠠᠢᠰᠤᠨ : ᠨᠣᠬᠠᠢ᠂ ᠳᠠᠷᠠᠭᠠᠯᠠᠪᠠᠯ ᠯᠤᠤ ᠲᠠᠤᠯᠠᠢ ᠬᠣᠨᠢ ᠲᠠᠬᠢᠶ᠎ᠠ ᠭᠠᠬᠠᠢ ᠵᠢᠯ ᠭᠠᠮᠰᠢᠭ ᠲᠠᠢ᠂ ᠲᠠᠤᠯᠠᠢ ᠬᠣᠨᠢᠨ ᠵᠢᠯ ᠳ᠋ᠦ᠍ᠷ ᠬᠡᠯᠡ ᠠᠮᠠ  ᠬᠢᠵᠢᠭ ᠲᠠᠬᠤᠯ ᠲᠠᠢ᠂ ᠨᠣᠬᠠᠢ ᠵᠢᠯ ᠳ᠋ᠦ᠍ᠷ ᠠᠯᠢᠪᠠ ᠦᠢᠯᠡᠰ ᠤᠷᠤᠭᠰᠢ ᠦᠭᠡᠢ᠃ 
     ● ᠬᠣᠨᠢᠨ ᠤ᠋ ᠨᠥᠬᠥᠷ : ᠮᠣᠷᠢ᠂ ᠳᠠᠷᠠᠭᠠᠯᠠᠪᠠᠯ ᠮᠣᠷᠢ ᠪᠡᠴᠢᠨ ᠵᠢᠯ ᠳ᠋ᠦ᠍ᠷ ᠵᠡᠷᠭᠡ ᠬᠡᠷᠬᠡᠮ ᠲᠠᠪᠰᠢᠨ ᠣᠯᠵᠠ ᠠᠰᠢᠭ ᠨᠡᠮᠡᠭᠳᠡᠬᠦ᠂ ᠬᠤᠯᠤᠭᠠᠨ᠎ᠠ ᠵᠢᠯ ᠳ᠋ᠦ᠍ᠷ ᠪᠠᠶᠠᠷ ᠴᠡᠩᠭᠡᠯ ᠦᠵᠡᠮᠦᠢ᠃ 
     ● ᠴᠡᠭᠡᠷᠯᠡᠬᠦ ᠣᠷᠣᠨ ᠵᠦᠭ : ᠭᠠᠯ ᠤ᠋ᠨ ᠣᠷᠣᠨ ᠳ᠋ᠤ᠌ ᠵᠡᠭᠦᠨᠰᠢ ᠠᠶᠠᠯᠠᠬᠤ ᠶ᠋ᠢ ᠴᠡᠭᠡᠷᠯᠡ᠂ ᠪᠠᠷᠠᠭᠤᠨ ᠵᠦᠭ ᠲᠦ᠍ᠷ ᠡᠳ᠋ ᠠᠰᠢᠭ ᠤ᠋ᠨ ᠣᠯᠵᠠ ᠪᠣᠢ᠃ 
     ● ᠲᠣᠬᠢᠷᠠᠬᠤ ᠠᠵᠢᠯ᠂ ᠭᠣᠣᠯ ᠡᠷᠬᠢᠯᠡᠭᠴᠢ᠂ ᠤᠷᠠᠯᠢᠭ ᠤ᠋ᠨ ᠠᠵᠢᠯ᠂ ᠪᠣᠷᠣᠯᠠᠭᠤᠯᠤᠭᠴᠢ᠃
     ● ᠨᠠᠰᠤᠨ ᠬᠤᠲᠤᠭ 78|85 ᠨᠠᠰᠤᠯᠠᠮᠤᠢ᠂ ᠪᠥᠭᠡᠷ᠎ᠡ ᠶ᠋ᠢᠨ ᠡᠪᠡᠳᠴᠢᠨ ᠢ᠋ᠶ᠋ᠡᠷ ᠡᠪᠦᠯ ᠴᠠᠭ ᠡᠴᠦᠰᠯᠡᠮᠦᠢ᠃  
     ● ᠰᠣᠩᠭᠣᠬᠤ ᠬᠠᠨᠢ : ᠡᠷᠡᠭᠲᠡᠢ ᠬᠥᠮᠦᠨ ᠮᠣᠷᠢ ᠪᠡᠴᠢ ᠭᠠᠬᠠᠢ ᠲᠠᠢ ᠬᠣᠯᠪᠣᠵᠤ᠂ ᠡᠮᠡᠭᠲᠡᠢ ᠬᠥᠮᠦᠨ ᠮᠣᠷᠢ ᠲᠠᠤᠯᠠᠢ ᠯᠤᠤ ᠭᠠᠬᠠᠢ ᠲᠠᠢ ᠬᠣᠯᠪᠣᠪᠠᠯ ᠰᠠᠢᠨ᠃ ᠢᠯᠠᠩᠭᠤᠶ᠎ᠠ ᠬᠣᠨᠢ ᠮᠣᠷᠢ ᠲᠠᠢ ᠬᠣᠯᠪᠣᠪᠠᠯ ᠬᠠᠮᠤᠭ ᠰᠠᠢᠨ᠂ ᠠᠵᠤ ᠠᠮᠢᠳᠤᠷᠠᠯ ᠥᠭᠡᠳᠡ ᠡᠰᠡᠷᠡᠭ᠂ ᠭᠠᠢ ᠭᠠᠮᠰᠢᠭ ᠦᠭᠡᠢ ᠶᠡᠬᠡᠳᠡ ᠰᠠᠢᠨ᠃ ᠬᠣᠨᠢ ᠨᠣᠬᠠᠢ ᠲᠠᠢ ᠬᠣᠯᠪᠣᠪᠠᠯ ᠬᠡᠨ ᠠᠯᠢᠨ ᠳ᠋ᠤᠨᠢ ᠰᠠᠢᠨ ᠦᠭᠡᠢ ᠲᠤᠩ ᠮᠠᠭᠤ᠃
     ● ᠬᠥᠬᠡᠭᠴᠢᠨ ᠬᠣᠨᠢ ᠠᠨᠤ : ᠬᠣᠷᠣᠭ᠎ᠠ ᠳᠣᠲᠣᠷᠠᠬᠢ ᠬᠣᠨᠢ᠂ ᠬᠤᠮᠤᠭ ᠤ᠋ᠨ ᠳᠣᠲᠣᠷᠠᠬᠢ ᠲᠡᠮᠦᠷ ᠦ᠋ᠨ ᠮᠠᠬᠠᠪᠣᠳ᠂ ᠬᠥᠮᠦᠨ ᠳ᠋ᠦ᠍ᠷ ᠦᠨᠡᠴᠢ ᠪᠡᠷ ᠬᠠᠨᠳᠤᠬᠤ᠂ ᠵᠢᠷᠤᠮ ᠢ ᠬᠦᠨᠳᠦᠳᠬᠡᠬᠦ ᠬᠠᠯᠠᠭᠤᠨ ᠰᠡᠳᠬᠢᠯ ᠲᠡᠢ᠂ ᠠᠵᠢᠯ ᠳ᠋ᠤᠷ ᠬᠢᠨᠠᠮᠠᠭᠠᠢ᠂ ᠪᠤᠰᠤᠳ ᠲᠤᠷ ᠬᠦᠨᠳᠦᠯᠡᠭᠳᠡᠬᠦ᠂ ᠵᠠᠩ ᠠᠭᠠᠰᠢ ᠰᠣᠨᠢᠨ᠂ ᠤᠷᠤᠭ ᠬᠣᠯᠪᠣᠭ᠎ᠠ  ᠰᠠᠨᠠᠭᠠᠨ ᠳ᠋ᠤᠷ ᠨᠡᠢᠴᠡᠬᠦ ᠦᠭᠡᠢ᠂ ᠲᠠᠬᠢᠶ᠎ᠠ ᠨᠣᠬᠠᠢ ᠵᠢᠯ ᠠᠰᠢᠭ ᠭᠠᠷᠴᠤ ᠭᠡᠷ ᠵᠠᠭᠤᠷ᠎ᠠ ᠬᠡᠷᠡᠭᠦᠯ ᠲᠡᠢ᠃ 
     ●ᠤᠯᠠᠭᠴᠢᠨ ᠬᠣᠨᠢ ᠠᠠᠨᠤ : ᠶᠡᠬᠡ ᠮᠥᠷᠡᠨ ᠤ ᠤᠰᠤᠨ ᠮᠠᠬᠠᠪᠣᠳ᠂ ᠰᠠᠨᠠᠭ᠎ᠠ ᠰᠡᠳᠬᠢᠯ ᠠᠰᠪᠤᠷᠢ ᠴᠠᠭᠠᠪᠤᠷᠢ᠂ ᠲᠠᠷᠢᠬᠢ ᠲᠣᠯᠣᠭᠠᠢ ᠬᠤᠷᠴᠠ ᠰᠡᠷᠭᠡᠢ᠂ ᠪᠠᠢᠳᠠᠯ ᠢ ᠦᠵᠡᠨ ᠤᠯᠠᠷᠢᠵᠤ ᠴᠢᠳᠠᠬᠤ᠂ ᠤᠷᠤᠭ ᠬᠣᠯᠪᠣᠭ᠎ᠠ ᠰᠠᠨᠠᠭᠠᠨ ᠳ᠋ᠤᠷ ᠨᠡᠢᠴᠡᠬᠦ ᠦᠭᠡᠢ᠂ ᠮᠣᠷᠢ ᠲᠠᠬᠢᠶ᠎ᠠ ᠵᠢᠯ ᠳ᠋ᠦ᠍ᠷ ᠮᠠᠭᠤ᠃ 
     ● ᠰᠢᠷᠬᠠᠴᠢᠨ ᠬᠣᠨᠢ ᠠᠨᠤ : ᠬᠡᠭᠡᠷ᠎ᠡ ᠶ᠋ᠢᠨ ᠬᠣᠨᠢ᠂ ᠣᠭᠲᠠᠷᠭᠤᠢ ᠶ᠋ᠢᠨ ᠭᠠᠯ ᠤ᠋ᠨ ᠮᠠᠬᠠᠪᠣᠳ᠂ ᠡᠷᠡᠰ ᠪᠠᠴᠢᠮ ᠵᠠᠩ ᠲᠠᠢ᠂ ᠰᠡᠳᠬᠢᠯ ᠠᠮᠠᠷᠬᠠᠨ ᠬᠥᠳᠡᠯᠬᠦ᠂ ᠬᠥᠳᠡᠯᠦᠯ ᠪᠠᠷᠢᠯ ᠥᠪᠡᠷ ᠦ᠋ᠨ ᠰᠠᠨᠠᠭᠠᠨ ᠲᠠᠪᠠ ᠪᠠᠷ ᠢ᠋ᠶ᠋ᠠᠨ᠂ ᠪᠤᠰᠤᠳ ᠲᠤᠷ ᠦᠨᠡᠨᠴᠢ᠂ ᠬᠥᠮᠦᠨ ᠢ ᠬᠠᠪᠰᠤᠷᠬᠤ ᠳᠤᠷᠠᠲᠠᠢ᠃ ᠨᠣᠬᠠᠢ ᠵᠢᠯ ᠳ᠋ᠦ᠍ᠷ ᠮᠠᠭᠤ ᠬᠥᠮᠦᠨ ᠣ ᠬᠣᠣᠷᠯᠠᠯ ᠢ ᠰᠡᠷᠭᠡᠢᠯᠡ᠃  
     ● ᠴᠠᠭᠠᠭᠴᠢᠨ ᠬᠣᠨᠢ ᠠᠨᠤ : ᠲᠠᠷᠢᠶᠠᠨ ᠤ᠋ ᠬᠣᠨᠢ᠂ ᠵᠠᠮ ᠤ᠋ᠨ ᠬᠠᠵᠠᠭᠤᠳᠠᠬᠢ ᠰᠢᠷᠣᠢ ᠶ᠋ᠢᠨ ᠮᠠᠬᠠᠪᠣᠳ᠂ ᠨᠣᠮᠣᠬᠠᠨ ᠰᠢᠳᠤᠷᠭᠤ ᠪᠣᠷᠣᠭᠵᠢᠭᠤᠨ ᠰᠡᠳᠬᠢᠯᠲᠡᠢ᠂ ᠪᠤᠰᠤᠳ ᠲᠤᠷ ᠦᠨᠡᠨᠴᠢ᠂ ᠠᠵᠢᠯ ᠶᠠᠪᠤᠳᠠᠯ ᠳ᠋ᠤᠷ ᠨᠢᠭᠲᠠ᠂ ᠡᠭᠦᠰᠬᠡᠯ ᠲᠡᠭᠦᠰᠬᠡᠯ ᠪᠣᠢ᠂ ᠨᠣᠬᠠᠢ ᠵᠢᠯ ᠳ᠋ᠦ᠍ᠷ ᠭᠠᠷᠤᠵᠠ ᠭᠠᠷᠬᠤ᠂ ᠭᠠᠬᠠᠢ ᠵᠢᠯ ᠳ᠋ᠦ᠍ᠷ ᠣᠯᠵᠠ ᠪᠣᠢ᠃ 
     ● ᠬᠠᠷᠠᠭᠴᠢᠨ ᠬᠣᠨᠢ ᠠᠨᠤ᠄ ᠬᠣᠲᠠ ᠶ᠋ᠢᠨ ᠭᠠᠳᠠᠨᠠᠬᠢ ᠬᠣᠨᠢ᠂ ᠤᠳᠠ ᠮᠣᠳᠣᠨ ᠤ᠋ ᠮᠠᠬᠠᠪᠣᠳ᠂ ᠠᠭᠠᠰᠢ ᠵᠠᠩ ᠡᠶᠡᠯᠰᠡᠭ ᠵᠥᠭᠡᠯᠡᠨ᠂ ᠬᠠᠢᠷ᠎ᠠ ᠰᠡᠳᠬᠢᠯᠭᠡ ᠪᠠᠶᠠᠯᠢᠭ᠂ ᠬᠥᠳᠡᠯᠦᠯ ᠪᠠᠷᠢᠯ ᠴᠠᠭᠤᠷᠬᠠᠢ᠂ ᠴᠡᠭᠡᠵᠢ ᠠᠭᠤᠵᠢᠭᠤ᠂ ᠠᠮᠢᠳᠤᠷᠠᠯ ᠳ᠋ᠤᠷ ᠪᠠᠶᠠᠷᠯᠠᠩᠭᠤᠢ᠂ ᠨᠠᠢᠵᠢᠯᠠᠬᠤ ᠳᠤᠷᠠᠲᠠᠢ᠂ ᠢᠨᠠᠭ ᠠᠮᠠᠷᠠᠭ ᠡᠷᠬᠢᠮ ᠳᠡᠭᠡᠳᠦ ᠬᠤᠪᠢ ᠵᠠᠶᠠᠭ᠎ᠠ ᠲᠠᠢ᠂ ᠭᠠᠬᠠᠢ ᠬᠤᠯᠤᠭᠠᠨ᠎ᠠ ᠵᠢᠯ ᠳ᠋ᠦ᠍ᠷ ᠭᠡᠷ ᠵᠠᠭᠤᠷ᠎ᠠ ᠵᠢᠭᠤᠷᠭᠠᠨ ᠲᠠᠢ᠃