ᠴᠢᠮ᠎ᠠ ᠳᠠᠭᠠᠨ - ᠴᠣ ᠂ ᠣᠷᠱᠤᠨ Чамдаа – Чо ᠂ Оршин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠮ᠎ᠠ ᠳᠠᠭᠠᠨ - ᠴᠣ ᠂ ᠣᠷᠱᠤᠨ Чамдаа – Чо ᠂ Оршин

ᠴᠢᠮ᠎ᠠ ᠳᠠᠭᠠᠨ - ᠴᠣ ᠂ ᠣᠷᠱᠤᠨ Чамдаа – Чо ᠂ Оршин

2024-04-29

273

ᠴᠢᠮ᠎ᠠ ᠳᠠᠭᠠᠨ


 ᠠᠳᠤᠭᠤᠨ ᠤ᠋ ᠢᠨᠴᠠᠭᠠᠬᠤ᠂ ᠡᠷ᠎ᠡ ᠶ᠋ᠢᠨ ᠢᠰᠬᠡᠷᠦᠯᠲᠡ 
 ᠠᠨᠢᠷ ᠦᠭᠡᠢ ᠲᠠᠯ᠎ᠠ ᠶ᠋ᠢᠨ ᠵᠡᠭᠦᠳᠦ ᠡᠪᠳᠡᠨ᠎ᠡ᠂  
 ᠠᠢᠯ ᠤ᠋ᠨ ᠬᠡᠦᠬᠡᠨ ᠦ᠌ ᠣᠩᠭᠣᠨ ᠪᠣᠳᠣᠯ ᠢ᠋ 
 ᠠᠳᠠᠲᠠᠢ ᠨᠣᠢᠷ ᠤ᠋ᠨ ᠬᠤᠯᠠᠭᠠᠢᠴᠢ ᠲᠤᠨᠤᠨ᠎ᠠ᠃ 
 ᠬᠦᠷᠦᠭᠡᠳ ᠯᠡ ᠢᠷᠡᠳᠡᠭ ᠪᠣᠯ ᠤᠤ᠂ ᠵᠣᠪᠠᠨ᠎ᠠ  
 ᠬᠥᠮᠦᠨ ᠲᠡᠭᠡᠬᠦ ᠳ᠋ᠦ᠍ ᠰᠡᠷᠢᠪᠡᠯ ᠶᠠᠭᠠᠬᠢᠨ᠎ᠠ᠂ 
 ᠬᠦᠰᠡᠯ ᠴᠡᠪᠡᠷ᠂ ᠰᠡᠳᠬᠢᠯ ᠠᠷᠢᠭᠤᠨ  
 ᠬᠥᠨᠳᠡᠭᠦᠷᠯᠡᠬᠦ ᠬᠠᠢᠷ᠎ᠠ ᠶ᠋ᠢᠨ ᠪᠣᠯᠵᠣᠭ᠎ᠠ ᠶ᠋ᠢ ᠬᠡᠷᠬᠢᠨᠡᠮ? 
 ᠲᠦᠳᠡᠬᠡᠨ ᠵᠠᠭᠤᠷ᠎ᠠ ᠳᠥᠷᠥᠭᠡ ᠳᠤᠤᠭᠠᠷᠪᠠ 
 ᠲᠡᠷᠭᠡᠨ ᠦ᠌ ᠳᠡᠷᠭᠡᠳᠡ ᠮᠣᠷᠢ ᠰᠢᠯᠭᠡᠭᠡᠪᠡ᠂  
 ᠲᠡᠩᠴᠡᠭᠦᠷᠢ ᠠᠯᠳᠠᠬᠤ ᠬᠣᠷᠣᠮ ᠤ᠋ᠨ ᠵᠠᠢ ᠳ᠋ᠤ᠌ 
 ᠲᠡᠷᠭᠡᠯ ᠰᠠᠷᠠ ᠱᠣᠬᠣᠭᠣᠷᠬᠠᠨ ᠠᠵᠢᠪᠠ᠃ 
 ᠬᠠᠢᠷ᠎ᠠ ᠶ᠋ᠢᠨ ᠭᠠᠯ ᠳᠡᠷ᠎ᠡ ᠳᠡᠭᠡᠷ᠎ᠡ ᠴᠣᠭᠰᠢᠵᠤ 
 ᠬᠠᠢᠷᠠᠯᠠᠬᠤ ᠶ᠋ᠢᠨ ᠲᠠᠪᠢᠯᠠᠩ ᠵᠢᠷᠦᠬᠡᠨ ᠳ᠋ᠦ᠍ ᠲᠤᠶᠠᠭᠠᠷᠠᠵᠤ  
 ᠤᠬᠠᠭᠠᠨ ᠦᠭᠡᠢ ᠳᠤᠷᠠᠯᠠᠯ ᠤ᠋ᠨ ᠰᠣᠴᠢᠮᠠᠭ ᠬᠣᠷᠸ᠎ᠠ ᠳ᠋ᠤ᠌ 
 ᠤᠤᠭᠠᠨ ᠢᠨᠠᠭ ᠡᠭᠡᠨᠡᠭᠰᠢᠨ ᠲᠡᠰᠦᠨ᠎ᠡ᠃  
 ᠴᠢᠮ᠎ᠠ ᠳ᠋ᠠᠭᠠᠨ ᠭᠡᠬᠦ ᠠᠮᠠᠷᠠᠭ ᠰᠡᠳᠬᠢᠯ  
 ᠴᠢᠮᠠᠶ᠋ᠢ ᠯᠠ ᠭᠡᠳᠡᠭ ᠬᠣᠩᠭᠣᠷ ᠵᠢᠷᠦᠬᠡ  
 ᠬᠠᠨᠢ ᠶ᠋ᠢᠨ ᠵᠠᠶᠠᠭᠠᠲᠠᠢ ᠵᠢᠷᠭᠠᠨ ᠰᠠᠭᠤᠬᠤ  
 ᠬᠠᠢᠷ᠎ᠠ ᠪᠦᠲᠦᠨ ᠠᠮᠢᠳᠤᠷᠠᠯ ᠮᠦᠰᠢᠶᠡᠨ᠎ᠡ᠃  

      ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
           ᠦᠰᠦᠭ ᠠᠮᠢᠯᠠᠭᠤᠯᠤᠭᠴᠢ᠄ ᠪᠠᠶᠠᠷᠴᠡᠴᠡᠭ 
               2024 04 21