ᠵᠢᠭᠠᠰᠤᠨ ᠢᠳᠡᠷ᠎ᠡЗагасан идрээ ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠭᠠᠰᠤᠨ ᠢᠳᠡᠷ᠎ᠡЗагасан идрээ

ᠵᠢᠭᠠᠰᠤᠨ ᠢᠳᠡᠷ᠎ᠡЗагасан идрээ

2024-04-28

265

ᠵᠢᠭᠠᠰᠤᠨ ᠢᠳᠡᠷ᠎ᠡ

                     ᠮᠡᠯᠡᠬᠡᠢ ᠵᠠᠮᠠᠭ ᠤ᠋ᠨ ᠢᠵᠠᠭᠤᠷ
   ᠴᠡᠩᠭᠡᠭ ᠤᠰᠤᠨ ᠳ᠋ᠤ᠌ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠂ ᠵᠡᠯ᠎ᠡ ᠰᠠᠯᠠᠭ᠎ᠠ ᠲᠠᠢ᠂ ᠦᠶ᠎ᠡ ᠡᠴᠡ ᠨᠢ ᠰᠠᠬᠠᠯ ᠦᠨᠳᠦᠰᠦ ᠤᠷᠭᠤᠨ᠎ᠠ᠃ ᠨᠠᠪᠴᠢ ᠨᠢ ᠪᠠᠭᠯᠠᠷᠠᠨ ᠤᠷᠭᠤᠨ᠎ᠠ᠂ ᠤᠷᠲᠤ ᠪᠦᠰᠡ ᠬᠡᠯᠪᠡᠷᠢ ᠲᠡᠢ᠂ ᠪᠦᠲᠦᠨ ᠬᠥᠪᠡᠭᠡ ᠲᠡᠢ ᠪᠤᠶᠤ ᠦᠵᠦᠭᠦᠷ ᠦ᠋ᠨ ᠬᠡᠰᠡᠭ ᠦ᠋ᠨ ᠬᠥᠪᠡᠭᠡᠨ ᠳ᠋ᠦ᠍ᠨᠢ ᠢᠯᠡ ᠪᠤᠰᠤ ᠨᠠᠷᠢᠨ ᠬᠡᠷᠴᠢᠶᠡᠰᠦ ᠲᠡᠢ᠂ ᠲᠤᠩᠭᠠᠯᠠᠭ᠂ ᠨᠣᠭᠣᠭᠠᠨ ᠥᠩᠭᠡᠲᠡᠢ᠂ 2m  ᠣᠷᠴᠢᠮ ᠤᠷᠲᠤ᠂ 4—18mm ᠥᠷᠭᠡᠨ᠃ ᠴᠡᠴᠡᠭ ᠨᠢ ᠭᠠᠭᠴᠠ ᠪᠡᠯᠭᠡ ᠲᠡᠢ᠂ ᠣᠨᠳᠣᠣ ᠭᠡᠷ ᠲᠡᠢ᠂ ᠤᠰᠤᠨ ᠠ᠋ᠴᠠ ᠳᠡᠭᠡᠭᠰᠢ ᠴᠤᠬᠤᠢᠵᠤ ᠣᠷᠭᠣᠭᠠᠳ ᠰᠠᠶᠢ ᠴᠡᠴᠡᠭᠯᠡᠨ᠎ᠡ ;  ᠡᠷ᠎ᠡ ᠴᠡᠴᠡᠭ ᠨᠢ ᠵᠢᠵᠢᠭ ᠪᠥᠭᠡᠳ ᠲᠤᠩ ᠣᠯᠠᠨ᠂ ᠥᠨᠳᠡᠭᠡᠯᠵᠢᠨ ᠰᠢᠭ ᠭᠤᠷᠪᠠᠨ ᠢᠯᠲᠠᠰᠤ ᠲᠠᠢ ᠪᠠᠭᠯᠠᠭᠴᠢ ᠳᠣᠲᠣᠷ᠎ᠠ ᠪᠠᠭᠯᠠᠷᠠᠨ ᠳᠡᠯᠭᠡᠷᠡᠨ᠎ᠡ ;  ᠴᠡᠴᠡᠭ ᠦ᠋ᠨ ᠲᠣᠭᠳᠣᠢ ᠶ᠋ᠢᠨ ᠢᠯᠲᠠᠰᠤ ᠨᠢ ᠭᠤᠷᠪᠠ ;  ᠴᠡᠴᠡᠭ ᠦ᠋ᠨ ᠬᠡᠯᠲᠡᠰ ᠦᠭᠡᠢ ;  ᠡᠷ᠎ᠡ  ᠲᠣᠭᠣᠷᠴᠣᠭ ᠨᠢ 1—3 ;  ᠡᠮ᠎ᠡ ᠴᠡᠴᠡᠭ ᠨᠢ ᠭᠠᠭᠴᠠᠭᠠᠷ ᠬᠣᠶᠠᠷ ᠣᠨᠢ ᠪᠦᠬᠦᠢ ᠬᠣᠭᠣᠯᠠᠢ ᠬᠡᠯᠪᠡᠷᠢᠲᠦ ᠪᠠᠭᠯᠠᠭᠴᠢ ᠳᠣᠲᠣᠷ᠎ᠠ ᠳᠡᠯᠭᠡᠷᠡᠨ᠎ᠡ᠂ ᠦᠷ᠎ᠡ ᠲᠣᠭᠲᠠᠭᠰᠠᠨ ᠤ᠋ ᠰᠡᠭᠦᠯᠡᠷ ᠴᠡᠴᠡᠭ ᠦ᠋ᠨ ᠪᠠᠷᠢᠭᠤᠯ ᠨᠢ ᠮᠤᠷᠤᠢᠵᠤ᠂ ᠤᠮᠠᠢ ᠪᠠᠨ ᠤᠰᠤᠨ ᠳᠡᠭᠡᠷ᠎ᠡ ᠡᠴᠡ ᠤᠰᠤᠨ ᠳ᠋ᠤ᠌ ᠣᠷᠣᠭᠤᠯᠵᠤ ᠪᠣᠯᠪᠠᠰᠤᠷᠠᠲᠠᠯ᠎ᠠ ᠪᠠᠨ ᠪᠠᠢᠯᠭᠠᠨ᠎ᠠ᠂ ᠴᠡᠴᠡᠭ ᠦ᠋ᠨ ᠰᠢᠳᠠᠷ ᠨᠢ ᠡᠷ᠎ᠡ ᠴᠡᠴᠡᠭ ᠲᠡᠢ ᠪᠡᠨ ᠠᠳᠠᠯᠢ ;  ᠬᠥᠭᠵᠢᠯ ᠦᠭᠡᠢ ᠭᠤᠷᠪᠠᠨ ᠡᠷ᠎ᠡ ᠲᠣᠭᠣᠷᠴᠣᠭ ᠲᠠᠢ ;  ᠤᠮᠠᠢ ᠨᠢ ᠨᠠᠷᠢᠬᠠᠨ᠂ ᠭᠡᠪᠡᠴᠦ ᠮᠠᠰᠢ ᠥᠷᠭᠡᠨ ᠭᠤᠷᠪᠠᠨ ᠴᠡᠴᠡᠭ ᠦ᠋ᠨ ᠪᠠᠭᠠᠨ᠎ᠠ ᠶ᠋ᠢᠨ ᠠᠮᠠᠰᠠᠷ ᠲᠠᠢ᠃ ᠵᠢᠮᠢᠰ ᠨᠢ ᠪᠦᠰᠡ ᠬᠡᠯᠪᠡᠷᠢ ᠲᠡᠢ᠂ ᠪᠣᠯᠪᠠᠰᠤᠷᠠᠪᠠᠯ 5—17cm  ᠤᠷᠲᠤ ᠪᠣᠯᠬᠤ ᠪᠥᠭᠡᠳ ᠪᠠᠭᠯᠠᠭᠴᠢ ᠶ᠋ᠢᠨ ᠳᠣᠲᠣᠷ᠎ᠠ ᠣᠷᠣᠰᠢᠨ᠎ᠠ ;  ᠦᠷ᠎ᠡ ᠨᠢ ᠲᠤᠩ ᠣᠯᠠᠨ᠂ ᠤᠷᠲᠤᠪᠲᠤᠷ ᠡᠭᠡᠷᠡᠭᠦᠯ ᠬᠡᠯᠪᠡᠷᠢ ᠲᠡᠢ᠃
      ᠴᠥᠭᠥᠷᠥᠮ᠂ ᠭᠣᠷᠣᠬ᠎ᠠ᠂ ᠤᠰᠤᠨ ᠤ᠋ ᠭᠣᠣ ᠰᠤᠪᠠᠭ ᠬᠢᠭᠡᠳ ᠤᠰᠤᠨ ᠲᠠᠷᠢᠶᠠᠨ ᠳ᠋ᠤ᠌ ᠤᠷᠭᠤᠨ᠎ᠠ᠃
     ᠮᠠᠨ ᠤ᠋ ᠤᠯᠤᠰ ᠤ᠋ᠨ ᠶᠡᠬᠡᠩᠬᠢ ᠮᠣᠵᠢ ᠣᠷᠣᠨ ᠳ᠋ᠤ᠌ ᠪᠦᠷ ᠤᠷᠭᠤᠳᠠᠭ᠃ ᠵᠢᠭᠠᠰᠤᠨ ᠤ᠋ ᠪᠣᠷᠳᠣᠭ᠎ᠠ ᠡᠪᠡᠰᠦ ᠮᠥᠨ᠃
       ᠲᠤᠲᠤᠷᠭᠠᠨ ᠲᠠᠷᠢᠶᠠᠨ ᠤ᠋ ᠬᠣᠭ ᠡᠪᠡᠰᠦ᠃
      ᠬᠢᠲᠠᠳ ᠨᠡᠷ᠎ᠡ᠄枯草
      ᠠᠩᠭ᠌ᠯᠢ ᠨᠡᠷ᠎ᠡ᠄ Vallisneria natans (Lour.) Hara

    ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
     ᠬᠢᠨᠠᠭᠴᠢ᠄ ᠫᠣ· ᠴᠠᠭᠠᠨ