ᠵᠡᠭᠦᠳᠦᠨ ᠪᠣᠯᠵᠣᠭ᠎ᠠ-ᠪᠤᠤ ᠰᠦᠬᠡЗүүдэн болзоо-Бо Сүхээ
ᠵᠡᠭᠦᠳᠦᠨ ᠪᠣᠯᠵᠣᠭ᠎ᠠ
ᠪᠤᠤ ᠰᠦᠬᠡ
ᠬᠥᠮᠦᠨ ᠦ᠌ ᠠᠮᠢᠳᠤᠷᠠᠯ ᠤ᠋ᠨ ᠭᠡᠭᠡᠨ ᠰᠣᠪᠢᠩ
ᠬᠦᠰᠡᠭᠰᠡᠨ ᠰᠡᠳᠬᠢᠯ ᠦ᠋ᠨ ᠬᠢᠨ ᠦ᠌ ᠡᠷᠴᠢ
ᠬᠥᠭᠵᠢᠯ ᠪᠠᠳᠠᠷᠠᠯ ᠤ᠋ᠨ ᠥᠨᠢᠳᠡ ᠶ᠋ᠢᠨ ᠳᠠᠭᠤᠯᠠᠯ
ᠬᠦᠰᠡᠯ ᠡᠷᠡᠮᠡᠯᠵᠡᠯ ᠦ᠋ᠨ ᠵᠡᠭᠦᠳᠦᠨ ᠪᠣᠯᠵᠣᠭ᠎ᠠ
ᠨᠠᠪᠴᠢᠯᠠᠵᠤ ᠪᠠᠢᠭ᠎ᠠ ᠴᠡᠴᠡᠭ ᠦ᠋ᠨ ᠬᠡᠯᠲᠡᠰ ᠰᠢᠭ
ᠨᠠᠮᠤ ᠵᠥᠭᠡᠯᠡᠨ ᠤᠶᠠᠩᠭ᠎ᠠ ᠶ᠋ᠢᠨ ᠠᠶᠠᠰ ᠲᠠᠢ
ᠨᠠᠮᠤᠷ ᠤ᠋ᠨ ᠤᠷᠲᠤ ᠨᠠᠮᠤᠭᠤᠬᠠᠨ ᠰᠥᠨᠢ
ᠨᠠᠢᠷᠠᠭ ᠳᠡᠷᠡᠯᠡᠭᠰᠡᠨ ᠵᠡᠭᠦᠳᠦᠨ ᠪᠣᠯᠵᠣᠭ᠎ᠠ
ᠬᠣᠩᠭᠣᠷᠬᠠᠨ ᠵᠠᠯᠠᠭᠤ ᠨᠠᠰᠤᠨ ᠤ᠋ ᠮᠢᠨᠢ
ᠬᠠᠢᠷ᠎ᠠ ᠳᠤᠷᠠᠯᠠᠯ ᠤ᠋ᠨ ᠭᠣᠭᠴᠣᠭ᠎ᠠ
ᠬᠠᠨᠢ ᠨᠠᠢᠵᠠ ᠶ᠋ᠢᠨ ᠰᠢᠪᠡᠨᠡᠭᠰᠡᠨ ᠬᠡᠳᠦᠨ ᠦᠭᠡ
ᠬᠤᠷᠬᠢᠷᠠᠬᠤ ᠨᠣᠢᠷ ᠤ᠋ᠨ ᠵᠡᠭᠦᠳᠦᠨ ᠪᠣᠯᠵᠣᠭ᠎ᠠ
ᠠᠭᠯᠠᠭ ᠰᠠᠢᠬᠠᠨ ᠠᠭᠤᠯᠠ ᠤᠰᠤ ᠮᠢᠨᠢ
ᠠᠶᠠᠯᠤᠭᠤᠯᠤᠨ ᠳᠠᠭᠤᠯᠠᠬᠤ ᠳᠠᠭᠤᠨ ᠤ᠋ ᠠᠢᠵᠠᠮ
ᠠᠷᠢᠭᠤᠨ ᠴᠠᠭᠠᠨ ᠬᠥᠮᠦᠨ ᠦ᠌ ᠠᠮᠢᠳᠤᠷᠠᠯ ᠤ᠋ᠨ
ᠠᠮᠠᠷᠠᠭ ᠰᠡᠳᠬᠢᠯ ᠵᠡᠭᠦᠳᠦᠨ ᠪᠣᠯᠵᠣᠭ᠎ᠠ
ᠳᠡᠯᠭᠡᠷ ᠪᠠᠶᠠᠨ ᠨᠤᠲᠤᠭ ᠤ᠋ᠨ ᠢᠷᠠᠭᠤ ᠭᠣᠶᠣᠮᠰᠣᠭ ᠢ᠋
ᠳᠡᠯᠭᠡᠵᠦ ᠬᠥᠭᠵᠢᠭᠦᠯᠦᠭᠰᠡᠨ ᠳᠡᠯᠡᠬᠡᠢ ᠶᠢᠷᠲᠢᠨᠴᠦ
ᠲᠡᠨᠦᠭᠦᠯᠴᠢᠨ ᠨᠡᠭᠦᠳᠡᠯᠴᠢᠨ ᠦ᠌ ᠵᠠᠶᠠᠭ᠎ᠠ ᠶ᠋ᠢ ᠬᠣᠯᠪᠣᠭᠰᠠᠨ
ᠲᠠᠪᠢᠯᠠᠩ ᠢᠷᠦᠭᠡᠯ ᠲᠡᠢ ᠵᠡᠭᠦᠳᠦᠨ ᠪᠣᠯᠵᠣᠭ᠎ᠠ
ᠲᠠᠯ᠎ᠠ ᠵᠣ ᠶ᠋ᠢᠨ ᠠᠭᠤᠳᠠᠮ ᠪᠡᠯᠴᠢᠭᠡᠷ ᠮᠢᠨᠢ
ᠲᠠᠪᠤᠨ ᠰᠦᠷᠦᠭ ᠦ᠋ᠨ ᠲᠡᠵᠢᠭᠡᠯ ᠶᠦᠮ
ᠲᠠᠷᠭᠤᠨ ᠲᠠᠪᠠᠲᠠᠢ ᠣᠷᠴᠢᠯᠠᠩ ᠮᠢᠨᠢ
ᠳᠡᠪᠡᠯ ᠲᠡᠢ ᠪᠤᠷᠬᠠᠨ ᠤ᠋ ᠵᠡᠭᠦᠳᠦᠨ ᠪᠣᠯᠵᠣᠭ᠎ᠠ
ᠮᠢᠩᠭᠠᠨ ᠮᠢᠩᠭᠠᠨ ᠤ᠋ ᠲᠡᠦᠬᠡ ᠱᠠᠰᠲᠢᠷ
ᠮᠠᠯᠵᠢᠬᠤ ᠰᠣᠶᠣᠯ ᠤ᠋ᠨ ᠭᠠᠯ ᠭᠣᠯᠣᠮᠲᠠ
ᠮᠣᠩᠭᠣᠯ ᠲᠦᠮᠡᠨ ᠦ᠌ ᠡᠭᠡᠰᠢᠭ ᠳᠠᠭᠤᠤ
ᠮᠥᠩᠬᠡ ᠣᠷᠣᠰᠢᠬᠤ ᠵᠡᠭᠦᠳᠦᠨ ᠪᠣᠯᠵᠣᠭ᠎ᠠ
2024.02.22 ᠬᠥᠬᠡᠬᠣᠲᠠᠨ᠎ᠠ ᠪᠢᠴᠢᠪᠡ᠃
ᠦᠰᠦᠭ ᠠᠮᠢᠯᠠᠭᠤᠯᠤᠭᠴᠢ᠄ ᠣᠳᠬᠠᠨᠰᠣ᠎ᠠ
