ᠲᠩᠷᠢ ᠶᠢᠨ ᠭᠣᠣᠯ-ᠰᠢᠷᠠᠪᠵᠠᠮᠰᠦ ᠶᠢᠨ ᠰᠠᠷᠠᠩᠬᠤᠸᠠᠷТэнгэрийн гол-Шаравжамцын Царанхувр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠩᠷᠢ ᠶᠢᠨ ᠭᠣᠣᠯ-ᠰᠢᠷᠠᠪᠵᠠᠮᠰᠦ ᠶᠢᠨ ᠰᠠᠷᠠᠩᠬᠤᠸᠠᠷТэнгэрийн гол-Шаравжамцын Царанхувр

ᠲᠩᠷᠢ ᠶᠢᠨ ᠭᠣᠣᠯ-ᠰᠢᠷᠠᠪᠵᠠᠮᠰᠦ ᠶᠢᠨ ᠰᠠᠷᠠᠩᠬᠤᠸᠠᠷТэнгэрийн гол-Шаравжамцын Царанхувр

ᠠᠩᠭᠢᠯᠠᠯ:ᠳᠠᠭᠤᠤ ᠬᠥᠭᠵᠢᠮ
2024-04-27

1027

ᠲᠩᠷᠢ ᠶᠢᠨ ᠭᠣᠣᠯ

   ᠦᠭᠡ᠄ ᠷᠠᠰᠢ ᠶᠢᠨ ᠴᠢᠯᠠᠭᠤ 
   ᠠᠶ᠎ᠠ᠄ ᠲᠠᠪᠠᠭ ᠤᠨ ᠽᠠᠸᠠᠨᠷᠠᠪᠲᠠᠨ 
   ᠳᠠᠭᠤᠴᠢᠨ᠄ ᠰᠢᠷᠠᠪᠵᠠᠮᠰᠦ ᠶᠢᠨ ᠰᠠᠷᠠᠩᠬᠤᠸᠠᠷ 
ᠲᠩᠷᠢ ᠶᠢᠨ ᠵᠡᠭᠦᠳᠦ ᠶ᠋ᠢ ᠠᠷᠭᠠᠳᠠᠵᠤ ᠮᠡᠯᠮᠡᠷᠡᠭᠰᠡᠨ 
ᠲᠡᠯᠡᠮᠡᠨ ᠤᠷᠤᠰᠬᠠᠯᠲᠤ ᠴᠡᠩᠬᠡᠷ ᠮᠢᠨᠢ 
ᠡᠵᠢ ᠶᠢᠨ ᠪᠦᠪᠡᠢ ᠶᠢᠨ ᠤᠶᠠᠩᠭ᠎ᠠ ᠰᠢᠩᠭᠡᠭᠰᠡᠨ 
ᠡᠷᠳᠡᠨᠢ ᠶᠢᠨ ᠴᠢᠯᠠᠭᠤ ᠲᠠᠢ ᠮᠥᠩᠭᠥᠨ ᠰᠣᠨᠳᠣᠷ ᠮᠢᠨᠢ 
ᠠᠢ ᠬᠦ᠌᠂ ᠵᠢᠷᠦᠬᠡᠨ ᠳ᠋ᠤ᠌ ᠴᠢᠳᠬᠤᠭᠰᠠᠨ ᠨᠠᠨᠳᠢᠨ ᠡᠬᠡᠰᠢᠭ ᠢ᠋ᠶ᠋ᠡᠷ 
ᠵᠦᠢᠯ ᠦ᠋ᠨ ᠬᠣᠷᠸ᠎ᠠ ᠳ᠋ᠤ᠌ ᠬᠡᠷᠡᠯᠳᠦᠵᠦ ᠳᠠᠭᠤᠯᠠᠨ᠎ᠠ 
ᠣᠯᠡᠭᠠᠢ ᠮᠢᠨᠢ᠂ ᠤᠯᠠᠭᠠᠢ ᠭᠡᠵᠦ ᠳᠡᠭᠡᠳᠦᠯᠡᠬᠦ ᠪᠦᠷᠢ ᠳ᠋ᠤ᠌ ᠪᠡᠨ 
ᠤᠰᠤᠨ ᠤ ᠪᠠᠨ ᠲᠤᠩᠭᠠᠯᠠᠭ ᠢ᠋ 
ᠬᠠᠢᠷ᠎ᠠ ᠪᠠᠷ  ᠢ᠋ᠶ᠋ᠠᠨ ᠰᠦᠯᠡᠨ᠎ᠡ 

ᠳᠡᠭᠡᠳᠦᠰ ᠦ᠋ᠨ ᠬᠠᠳᠠᠭ ᠰᠢᠭ᠋ ᠨᠠᠮᠢᠷᠠᠵᠤ ᠴᠡᠩᠬᠡᠷᠯᠡᠭᠰᠡᠨ 
ᠳᠡᠯᠡᠬᠡᠢ ᠳᠦ ᠭᠠᠭᠴᠠᠬᠠᠨ ᠬᠠᠲᠤᠨ ᠤᠯᠠᠭᠠᠢ ᠮᠢᠨᠢ
ᠠᠪᠤ ᠶ᠋ᠢᠨ ᠰᠡᠳᠬᠢᠯ ᠡᠴᠡ ᠤᠨᠳᠤᠷᠤᠭ᠎ᠠ ᠬᠠᠯᠭᠢᠯᠠᠭᠰᠠᠨ
ᠠᠵᠠ ᠵᠢᠷᠭᠠᠯ ᠤᠨ ᠰᠤᠪᠤᠳ ᠤᠨ ᠬᠡᠯᠬᠢᠶ᠎ᠡ ᠮᠢᠨᠢ
ᠠᠢ ᠬᠦ᠌᠂ ᠵᠢᠷᠦᠬᠡᠨ ᠳᠦ ᠴᠢᠳᠬᠤᠭᠰᠠᠨ ᠨᠠᠨᠳᠢᠨ ᠡᠭᠡᠰᠢᠭ ᠢ᠋ᠶ᠋ᠡᠷ
ᠵᠦᠢᠯ ᠦ᠋ᠨ ᠬᠣᠷᠸ᠎ᠠ  ᠳ᠋ᠤ᠌ ᠬᠡᠷᠡᠯᠳᠦᠵᠦ ᠳᠠᠭᠤᠯᠠᠨ᠎ᠠ
ᠤᠯᠠᠭᠠᠢ ᠮᠢᠨᠢ᠂ ᠤᠯᠠᠭᠠᠢ ᠭᠡᠵᠦ
ᠳᠡᠭᠡᠳᠦᠯᠡᠬᠦ ᠪᠦᠷᠢ ᠳᠦ ᠪᠡᠨ
ᠤᠰᠤᠨ ᠤ ᠪᠠᠨ ᠲᠤᠩᠭᠠᠯᠠᠭ ᠢ᠋
ᠬᠠᠢᠷ᠎ᠠ ᠪᠠᠷ ᠢ᠋ᠶ᠋ᠠᠨ ᠰᠦᠯᠡᠨ᠎ᠡ

ᠴᠢᠩᠭᠢᠰ ᠦ᠋ᠨ ᠰᠡᠯᠡᠮ᠎ᠡ ᠶ᠋ᠢ ᠬᠠᠲᠠᠭᠠᠵᠤ ᠴᠡᠯᠡᠯᠵᠡᠭᠰᠡᠨ
ᠴᠡᠴᠡᠨ ᠳᠣᠷᠣᠨ᠎ᠠ ᠶᠢᠨ ᠲᠣᠷᠭᠠᠨ ᠤᠯᠠᠭᠠᠢ ᠮᠢᠨᠢ
ᠪᠡᠢᠯᠡ ᠶᠢᠨ ᠨᠤᠲᠤᠭ ᠡᠴᠡ ᠬᠣᠯᠠ ᠶ᠋ᠢ ᠵᠣᠷᠢᠭᠰᠠᠨ
ᠡᠭᠡᠯ ᠦ᠋ᠨ ᠭᠡᠭᠡ ᠲᠡᠢ ᠡᠩᠬᠦᠷᠡᠢ ᠳᠠᠭᠢᠨᠢ ᠮᠢᠨᠢ
ᠠᠢ ᠬᠦ᠌᠂ ᠵᠢᠷᠦᠬᠡᠨ ᠳᠦ ᠴᠢᠳᠬᠤᠭᠰᠠᠨ ᠨᠠᠨᠳᠢᠨ ᠡᠭᠡᠰᠢᠭ ᠢ᠋ᠶ᠋ᠡᠷ
ᠵᠦᠢᠯ ᠦ᠋ᠨ ᠬᠣᠷᠸ᠎ᠠ ᠳ᠋ᠤ᠌ ᠬᠡᠷᠡᠯᠳᠦᠵᠦ ᠳᠠᠭᠤᠯᠠᠨ᠎ᠠ
ᠤᠯᠠᠭᠠᠢ ᠮᠢᠨᠢ᠂ ᠣᠯᠠᠭᠠᠢ ᠭᠡᠵᠦ ᠳᠡᠭᠡᠳᠦᠯᠡᠬᠦ ᠪᠦᠷᠢ ᠳᠦ ᠪᠡᠨ
ᠤᠰᠤᠨ ᠤ ᠪᠠᠨ ᠲᠤᠩᠭᠠᠯᠠᠭ ᠢ᠋
ᠬᠠᠢᠷ᠎ᠠ ᠪᠠᠷ ᠢ᠋ᠶ᠋ᠠᠨ ᠰᠦᠯᠡᠨ᠎ᠡ

   ᠦᠰᠦᠭ ᠠᠮᠢᠯᠠᠭᠤᠯᠤᠭᠴᠢ᠄ ᠨᠡᠷᠡᠨ᠎ᠡ
   ᠦᠰᠦᠭ ᠬᠠᠲᠠᠭᠰᠠᠨ ᠨᠢ᠄ ᠨᠡᠷᠡᠨ᠎ᠡ
   ᠬᠢᠨᠠᠭᠴᠢ᠄ ᠤᠷᠠᠨᠲᠠᠨ᠎ᠠ ᠮᠥᠴᠢᠷ ᠷᠠ᠊ ᠴᠢᠯᠠᠭᠤ