ᠵᠢᠷᠠᠨ ᠵᠢᠰᠦ ᠶᠢᠨ ᠢᠯᠡᠷᠬᠡᠢ ᠲᠠᠢᠯᠪᠤᠷᠢᠯᠠᠯ - 1 Жаран зүсийн илэрхий тайлбарлал - 1
ᠬᠤᠯᠤᠭᠠᠨ᠎ᠠ ᠵᠢᠯᠲᠦ ——
● ᠬᠤᠯᠤᠭᠠᠨ᠎ᠠ ᠶ᠋ᠢᠨ ᠤᠩᠰᠢᠭᠤ᠄ ᠡᠭᠦᠳᠡ ᠭᠠᠷᠪᠠᠰᠤ ᠲᠡᠭᠷᠢ ᠶ᠋ᠢᠨ ᠥᠩᠭᠡ ᠶ᠋ᠢ ᠰᠢᠨᠵᠢᠵᠦ᠂ ᠡᠭᠦᠳᠡᠨ᠎ᠡ ᠡᠭᠡᠪᠡᠰᠦ ᠴᠢᠷᠠᠢ ᠶ᠋ᠢᠨ ᠥᠩᠭᠡ ᠶ᠋ᠢ ᠬᠠᠷᠠᠮᠤᠢ᠂ ᠤᠯᠤᠰ ᠲᠥᠷᠥ ᠳ᠋ᠦ᠍ᠷ ᠰᠡᠷᠭᠡᠭ᠂ ᠴᠠᠭ ᠤ᠋ᠨ ᠥᠩᠭᠡ ᠳ᠋ᠦ᠍ᠷ ᠰᠣᠷᠭᠣᠭ᠂ ᠭᠡᠷ ᠲᠣᠷ ᠬᠣᠢᠷᠭᠣ᠂ ᠭᠠᠳᠠᠭᠠᠳᠤ ᠳ᠋ᠤᠷ ᠠᠵᠢᠯᠰᠠᠭ᠂ ᠲᠣᠭᠣᠷᠢᠬᠤ ᠳᠤᠷᠠᠲᠠᠢ᠂ ᠡᠬᠢᠨ ᠳ᠋ᠦ᠍ᠷ ᠵᠦᠳᠡᠵᠦ ᠬᠣᠢᠨ᠎ᠠ ᠡᠳ᠋ᠯᠡᠨ᠂ ᠥᠲᠡᠯ᠎ᠡ ᠨᠠᠰᠤᠨ᠎ᠠ ᠵᠢᠷᠭᠠᠮᠤᠢ᠃ ᠴᠠᠭᠠᠨ ᠰᠠᠷ᠎ᠠ ᠬᠣᠶᠠᠷ ᠰᠠᠷ᠎ᠠ ᠭᠤᠷᠪᠠᠨ ᠰᠠᠷ᠎ᠠ ᠶ᠋ᠢᠨ ᠬᠤᠯᠤᠭᠠᠨ᠎ᠠ ᠤᠷᠢᠳᠠ ᠵᠣᠪᠠᠵᠤ ᠬᠣᠢᠨ᠎ᠠ ᠵᠢᠷᠭᠠᠮᠤᠢ᠃ ᠳᠥᠷᠪᠡ ᠲᠠᠪᠤᠨ ᠵᠢᠷᠭᠤᠭᠠᠨ ᠰᠠᠷ᠎ᠠ ᠶ᠋ᠢᠨ ᠬᠤᠯᠤᠭᠠᠨ᠎ᠠ ᠢᠳᠡᠬᠦ ᠡᠮᠦᠰᠬᠦ ᠡᠯᠪᠡᠭ᠂ ᠡᠳ᠋ ᠠᠰᠢᠭ ᠦᠯᠡᠮᠵᠢ᠃ ᠳᠣᠯᠣᠭ᠎ᠠ ᠨᠠᠢ᠍ᠮᠠ ᠶᠢᠰᠦᠨ ᠰᠠᠷ᠎ᠠ ᠶ᠋ᠢᠨ ᠬᠤᠯᠤᠭᠠᠨ᠎ᠠ ᠠᠶᠤᠯ ᠭᠠᠮᠰᠢᠭ ᠣᠯᠠᠨ᠃ ᠠᠷᠪᠠ ᠠᠷᠪᠠᠨ ᠨᠢᠭᠡ ᠯᠡ ᠰᠠᠷ᠎ᠠ ᠶ᠋ᠢᠨ ᠬᠤᠯᠤᠭᠠᠨ᠎ᠠ ᠡᠳ᠋ ᠠᠰᠢᠭ ᠡᠯᠪᠡᠭ ᠳᠡᠯᠭᠡᠷᠡᠨ ᠪᠠᠳᠠᠷᠠᠬᠤ ᠪᠤᠶᠡ᠃
● ᠬᠤᠯᠤᠭᠠᠨ᠎ᠠ ᠶ᠋ᠢᠨ ᠳᠠᠢᠰᠤᠨ : ᠮᠣᠭᠠᠢ᠂ ᠵᠢᠴᠢ ᠬᠣᠨᠢ ᠲᠠᠤᠯᠠᠢ ᠨᠣᠬᠠᠢ ᠮᠣᠷᠢ ᠪᠠᠷᠰ ᠵᠢᠯ ᠳ᠋ᠦ᠍ᠷ ᠠᠶᠤᠯ ᠤᠴᠠᠷᠠᠮᠤᠢ᠃ ᠢᠯᠠᠩᠭᠤᠶ᠎ᠠ ᠮᠣᠭᠠᠢ ᠨᠣᠬᠠᠢ ᠵᠢᠯ ᠳ᠋ᠦ᠍ᠷ ᠡᠪᠡᠳᠴᠢᠨ ᠲᠤᠰᠬᠤ ᠡᠳ᠋ ᠠᠰᠢᠭ ᠤ᠋ᠨ ᠭᠠᠷᠤᠵᠠ ᠲᠠᠢ᠂ ᠬᠡᠯᠡ ᠠᠮᠠ ᠪᠣᠯᠬᠤ᠂ ᠵᠠᠭᠤᠨ ᠡᠬᠢᠭᠤ ᠶᠠᠪᠤᠳᠠᠯ ᠰᠠᠨᠠᠭ᠎ᠠ ᠪᠠᠷ ᠦᠭᠡᠢ᠃ ᠬᠣᠨᠢ ᠲᠠᠤᠯᠠᠢ ᠮᠣᠷᠢᠨ ᠵᠢᠯ ᠢᠶᠠᠷ ᠮᠠᠭᠤ ᠬᠥᠮᠦᠨ ᠳᠠᠯᠳᠠᠭᠤᠷ ᠬᠣᠣᠷ ᠬᠦᠷᠭᠡᠬᠦ ᠡᠴᠡ ᠰᠡᠷᠭᠡᠡᠢᠯᠡᠬᠦ ᠬᠡᠷᠡᠭᠲᠡᠢ᠃
● ᠬᠤᠯᠤᠭᠠᠨ᠎ᠠ ᠶ᠋ᠢᠨ ᠨᠥᠬᠥᠷ : ᠪᠡᠴᠢᠨ᠂ ᠵᠢᠴᠢ ᠦᠬᠡᠷ ᠲᠠᠬᠢᠶ᠎ᠠ ᠵᠢᠯ ᠳ᠋ᠦ᠍ᠷ ᠪᠠᠶᠠᠷ ᠲᠣᠬᠢᠶᠠᠯᠳᠤᠬᠤ᠂ ᠵᠡᠷᠭᠡ ᠬᠡᠷᠬᠢᠮ ᠳᠠᠪᠰᠢᠵᠤ᠂ ᠡᠳ᠋ ᠮᠥᠩᠭᠥ ᠴᠤᠭᠯᠠᠷᠠᠬᠤ᠂ ᠰᠠᠨᠠᠭᠰᠠᠨ ᠬᠡᠷᠡᠭ ᠰᠡᠳᠬᠢᠯᠴᠢᠯᠡᠨ ᠪᠦᠲᠦᠬᠦ᠂ ᠢᠯᠠᠩᠭᠤᠶ᠎ᠠ ᠲᠠᠬᠢᠶ᠎ᠠ ᠵᠢᠯ ᠳ᠋ᠦ᠍ᠷ ᠵᠢᠷᠭᠠᠯ ᠴᠡᠩᠭᠡᠯ ᠡᠳᠡᠯᠡᠬᠦ ᠪᠤᠶᠡ᠃
● ᠨᠠᠰᠤᠨ ᠬᠤᠲᠤᠭ ᠄ 75 - 80 ᠨᠠᠰᠤᠯᠠᠮᠤᠢ᠂ ᠪᠥᠭᠡᠷ᠎ᠡ ᠶ᠋ᠢᠨ ᠡᠪᠡᠳᠴᠢᠨ ᠢ᠋ᠶ᠋ᠡᠷ 8 ᠰᠠᠷ᠎ᠠ ᠳ᠋ᠤᠷ ᠡᠴᠦᠰᠯᠡᠮᠦᠢ᠃
● ᠴᠡᠭᠡᠷᠯᠡᠬᠦ ᠣᠷᠣᠨ ᠵᠦᠭ ᠄ ᠬᠤᠯᠤᠭᠠᠨ᠎ᠠ ᠤᠰᠤᠨ ᠣᠷᠣᠨ ᠳ᠋ᠤᠷ ᠡᠮᠦᠨᠡᠰᠢ ᠠᠶᠠᠯᠠᠪᠠᠯ ᠠᠰᠢᠭ ᠦᠭᠡᠢ᠂ ᠵᠡᠭᠦᠨ ᠵᠦᠭ ᠲᠦ᠍ ᠣᠯᠵᠠ ᠠᠰᠢᠭ ᠲᠠᠢ᠃
● ᠲᠣᠬᠢᠷᠠᠬᠤ ᠠᠵᠢᠯ : ᠡᠷᠳᠡᠮᠲᠡᠨ᠂ ᠵᠣᠬᠢᠶᠠᠯᠴᠢ᠂ ᠤᠷᠠᠯᠢᠭᠴᠢᠨ᠂ ᠡᠮᠴᠢ ᠃
● ᠰᠣᠩᠭᠣᠬᠤ ᠬᠠᠨᠢ᠄ ᠬᠤᠯᠤᠭᠠᠨ᠎ᠠ ᠵᠢᠯᠲᠦ ᠡᠷᠡᠭᠲᠡᠢ ᠠᠨᠤ ᠦᠬᠡᠷ ᠯᠤᠤ ᠨᠣᠬᠠᠢ ᠪᠡᠴᠢ ᠲᠡᠢ ᠬᠣᠯᠪᠣᠵᠤ᠂ ᠬᠤᠯᠤᠭᠠᠨ᠎ᠠ ᠵᠢᠯᠲᠦ ᠡᠮᠡᠭᠲᠡᠢ ᠠᠨᠤ ᠦᠬᠡᠷ ᠨᠣᠬᠠᠢ ᠪᠠᠴᠢ ᠲᠠᠢ ᠬᠣᠯᠪᠣᠪᠠᠯ ᠰᠠᠢᠨ᠃ ᠬᠤᠯᠤᠭᠠᠨ᠎ᠠ ᠪᠡᠴᠢ ᠬᠣᠯᠪᠣᠪᠠᠯ ᠬᠠᠮᠤᠭ ᠰᠠᠢᠨ ᠬᠠᠷ᠎ᠠ ᠬᠤᠯᠤᠭᠠᠨ᠎ᠠ ᠰᠢᠷ᠎ᠠ ᠪᠡᠴᠢ ᠳᠡᠭᠡᠳᠦ ᠬᠣᠯᠪᠣᠭ᠎ᠠ᠂ ᠡᠳ᠋ ᠠᠰᠢᠭ ᠡᠯᠪᠡᠭ᠂ ᠦᠷ᠎ᠡ ᠠᠴᠢ ᠳᠡᠯᠭᠡᠷᠡᠬᠦ᠂ ᠦᠯᠵᠡᠢ ᠬᠤᠲᠤᠭ ᠪᠠᠶᠠᠨ ᠬᠡᠷᠬᠡᠮ ᠥᠨᠢᠳᠡ ᠣᠷᠣᠰᠢᠬᠤ᠃ ᠬᠤᠯᠤᠭᠠᠨ᠎ᠠ ᠬᠣᠨᠢ ᠬᠣᠯᠪᠣᠪᠠᠯ ᠮᠠᠭᠤ᠂ ᠬᠡᠨ ᠠᠯᠢᠨ ᠳ᠋ᠣᠢ ᠬᠠᠷᠰᠢ᠂ ᠠᠯᠳᠠᠰᠢ ᠶᠡᠬᠡ᠃
● ᠬᠥᠬᠡ ᠬᠤᠯᠤᠭᠠᠨ᠎ᠠ ᠠᠨᠤ : ᠲᠠᠷᠢᠶᠠᠨ ᠭᠡᠷ ᠦ᠋ᠨ ᠬᠤᠯᠤᠭᠠᠨ᠎ᠠ᠂ ᠳᠠᠯᠠᠢ ᠶ᠋ᠢᠨ ᠳᠤᠮᠳᠠᠬᠢ ᠲᠡᠮᠦᠷ ᠦ᠋ᠨ ᠮᠠᠬᠠᠪᠣᠳ᠂ ᠡᠷᠡᠭᠲᠡᠢ ᠬᠥᠮᠦᠨ ᠨᠣᠶᠠᠨ ᠰᠠᠭᠤᠬᠤ ᠵᠠᠶᠠᠭ᠎ᠠ ᠲᠠᠢ᠂ ᠡᠮᠡᠭᠲᠡᠢ ᠬᠥᠮᠦᠨ ᠠᠯᠲᠠ ᠮᠥᠩᠭᠥ ᠡᠳ᠋ᠯᠡᠬᠦ ᠬᠤᠪᠢ ᠲᠠᠢ᠃ ᠠᠵᠢᠯ ᠳ᠋ᠤᠷ ᠬᠢᠨᠠᠮᠠᠭᠠᠢ᠂ ᠵᠠᠩ ᠠᠭᠠᠰᠢ ᠰᠣᠨᠢᠨ᠂ ᠰᠤᠷᠤᠭᠰᠠᠨ ᠮᠡᠳᠡᠯᠭᠡ ᠣᠯᠠᠨ ᠪᠣᠯᠪᠠᠴᠤ ᠦᠷ᠎ᠡ ᠪᠦᠲᠦᠭᠡᠯ ᠪᠠᠭ᠎ᠠ᠂ ᠮᠣᠭᠠᠢ ᠵᠢᠯ ᠳ᠋ᠦ᠍ᠷ ᠭᠠᠢ ᠪᠣᠢ᠃
● ᠤᠯᠠᠭᠠᠨ ᠬᠤᠯᠤᠭᠠᠨ᠎ᠠ ᠠᠨᠤ : ᠲᠠᠷᠢᠶᠠᠨ ᠤ᠋ ᠬᠤᠯᠤᠭᠠᠨ᠎ᠠ᠂ ᠪᠤᠯᠠᠭ ᠤ᠋ᠨ ᠤᠰᠤᠨ ᠤ᠋ ᠮᠠᠬᠠᠪᠣᠳ᠂ ᠠᠮᠢᠳᠤᠷᠠᠯ ᠳ᠋ᠤᠷ ᠰᠠᠭᠠᠳ ᠣᠯᠠᠨ᠂ ᠬᠡᠯᠡ ᠠᠮᠠᠨ ᠳ᠋ᠠᠭᠠᠨ ᠰᠠᠢᠨ᠂ ᠬᠤᠷᠴᠠ ᠰᠡᠷᠭᠡᠢ᠂ ᠬᠤᠪᠢᠷᠠᠵᠤ ᠤᠯᠠᠷᠢᠬᠤ ᠶ᠋ᠢ ᠨᠢ ᠲᠥᠰᠦᠭᠡᠯᠡᠬᠦᠶ᠎ᠡ ᠪᠡᠷᠬᠡ᠂ ᠨᠣᠶᠠᠨ ᠰᠠᠭᠤᠬᠤ᠂ ᠥᠩᠭᠡᠨ ᠳ᠋ᠦ᠍ᠷ ᠲᠠᠴᠢᠶᠠᠩᠭᠤᠢ᠂ ᠪᠤᠶᠠᠨ ᠶᠡᠬᠡ᠂ ᠨᠢᠭᠡ ᠨᠠᠰᠤᠨ᠎ᠠ ᠬᠠᠷᠠᠮᠴᠢ᠂ ᠵᠠᠩ ᠲᠦᠷᠭᠡᠨ᠂ ᠮᠣᠭᠠᠢ ᠵᠢᠯ ᠳ᠋ᠦ᠍ᠷ ᠭᠠᠷ ᠲᠠᠢ᠃
● ᠰᠢᠷ᠎ᠠ ᠬᠤᠯᠤᠭᠠᠨ᠎ᠠ ᠠᠨᠤ᠄ ᠬᠥᠮᠥᠷᠭᠡ ᠶ᠋ᠢᠨ ᠬᠤᠯᠤᠭᠠᠨ᠎ᠠ᠂ ᠴᠠᠬᠢᠯᠭᠠᠨ ᠭᠠᠯ ᠤ᠋ᠨ ᠮᠠᠬᠠᠪᠣᠳ᠂ ᠡᠷᠡᠭᠲᠡᠢ ᠬᠥᠮᠦᠨ ᠬᠢᠯᠪᠠᠷᠬᠠᠨ ᠠᠭᠠᠰᠢ ᠬᠥᠳᠡᠯᠬᠦ ᠵᠠᠩ ᠲᠠᠢ᠂ ᠰᠠᠨᠠᠭ᠎ᠠ ᠰᠠᠨᠠ ᠬᠣᠩᠰᠢᠶᠠᠷ ᠮᠠᠭᠤ᠂ ᠦᠷ᠎ᠡ ᠬᠡᠦᠬᠡᠳ ᠲᠡᠭᠡᠨ ᠬᠠᠷᠰᠢ ᠂ ᠳᠤᠮᠳᠠ ᠨᠠᠰᠤᠨ ᠠ᠋ᠴᠠ ᠬᠣᠢᠰᠢ ᠢᠳᠡᠵᠦ ᠡᠮᠦᠰᠬᠦ ᠡᠯᠪᠡᠭ᠂ ᠡᠮᠡᠭᠲᠡᠢ ᠬᠥᠮᠦᠨ ᠰᠡᠴᠡᠨ ᠮᠡᠷᠭᠡᠨ᠂ ᠡᠨᠡᠷᠢᠩᠭᠦᠢ ᠨᠢᠭᠦᠯᠡᠰᠬᠦᠢ᠃
● ᠴᠠᠭᠠᠨ ᠬᠤᠯᠤᠭᠠᠨ᠎ᠠ ᠠᠨᠤ᠄ ᠳᠠᠮ ᠨᠢᠷᠤᠭᠤᠨ ᠳᠡᠭᠡᠷᠡᠬᠢ ᠬᠤᠯᠤᠭᠠᠨ᠎ᠠ᠂ ᠬᠡᠷᠡᠮ ᠦ᠋ᠨ ᠣᠷᠣᠢ ᠶ᠋ᠢᠨ ᠰᠢᠷᠣᠢ ᠶ᠋ᠢᠨ ᠮᠠᠬᠠᠪᠣᠳ ᠠᠰᠢᠭ ᠢ᠋ᠶ᠋ᠠᠨ ᠰᠠᠬᠢᠵᠤ ᠭᠡᠷ ᠢ᠋ᠶ᠋ᠡᠨ ᠬᠠᠷᠠᠭᠠᠯᠵᠠᠬᠤ ᠡᠨᠡᠷᠢᠩᠭᠦᠢ ᠰᠡᠳᠬᠢᠯᠲᠦ ᠬᠤᠪᠢᠨᠴᠢᠷ ᠪᠢᠰᠢ᠂ ᠰᠢᠳᠤᠷᠭᠤ ᠯᠠᠪᠳᠠᠭᠤᠨ᠂ ᠲᠥᠪ ᠶᠣᠰᠣ ᠶᠢ ᠳᠡᠮᠵᠢᠬᠦ᠂ ᠡᠮᠡᠭᠲᠡᠢ ᠬᠥᠮᠦᠨ ᠠᠮᠢᠳᠤᠷᠠᠯ ᠳ᠋ᠤᠷ ᠴᠢᠳᠠᠮᠠᠭᠠᠢ᠂ ᠡᠷᠡᠭᠲᠡᠢ ᠬᠥᠮᠦᠨ ᠡᠷᠬᠢᠮ ᠬᠥᠮᠦᠨ ᠤ ᠳᠡᠮᠵᠢᠯᠭᠡ ᠶ᠋ᠢ ᠣᠯᠵᠤ ᠵᠡᠷᠭᠡ ᠲᠠᠪᠰᠢᠨ ᠪᠠᠶᠠᠵᠢᠬᠤ᠃
● ᠬᠠᠷ᠎ᠠ ᠬᠤᠯᠤᠭᠠᠨ᠎ᠠ ᠠᠨᠤ : ᠠᠭᠤᠯᠠᠨ ᠳᠡᠭᠡᠷᠡᠬᠢ ᠬᠤᠯᠤᠭᠠᠨ᠎ᠠ᠂ ᠢᠯᠠᠮ᠎ᠠ ᠶ᠋ᠢᠨ ᠮᠣᠳᠣᠨ ᠤ᠋ ᠮᠠᠬᠠᠪᠣᠳ᠂ ᠵᠠᠩ ᠡᠶᠡᠯᠳᠡᠭ ᠰᠡᠳᠬᠢᠯᠭᠡ ᠪᠠᠶᠠᠯᠢᠭ᠂ ᠬᠥᠳᠡᠯᠦᠯ ᠪᠠᠷᠢᠯ ᠴᠠᠭᠤᠷᠬᠠᠢ᠂ ᠣᠪᠣᠷ ᠳᠦᠷᠢ ᠰᠠᠢᠬᠠᠨ᠂ ᠪᠠᠭ᠎ᠠ ᠳ᠋ᠤᠷ ᠡᠪᠡᠳᠴᠢᠨ ᠲᠡᠢ᠂ ᠳᠤᠮᠳᠠ ᠨᠠᠰᠤᠨ᠎ᠠ ᠢᠳᠡᠬᠦ ᠡᠮᠦᠰᠬᠦ ᠡᠯᠪᠡᠭ᠂ ᠤᠴᠢᠷ ᠶᠠᠪᠤᠳᠠᠯ ᠢ ᠥᠪᠡᠷ ᠦ᠋ᠨ ᠰᠠᠨᠠᠭ᠎ᠠ ᠪᠠᠷ ᠢ᠋ᠶ᠋ᠠᠨ ᠬᠢᠬᠦ᠂ ᠡᠮᠡᠭᠲᠡᠢ ᠬᠥᠮᠦᠨ ᠠᠵᠢᠯ ᠳ᠋ᠤᠷ ᠴᠢᠳᠠᠮᠠᠭᠠᠢ᠂ ᠡᠷᠦᠬᠡ ᠭᠡᠷ ᠢ᠋ᠶ᠋ᠡᠨ ᠲᠥᠪᠬᠢᠨᠡᠭᠦᠯᠵᠦ ᠴᠢᠳᠠᠬᠤ᠃
ᠦᠬᠡᠷ ᠵᠢᠯᠲᠦ ——
● ᠦᠬᠡᠷ ᠦ᠋ᠨ ᠤᠩᠰᠢᠭᠤ : ᠡᠳᠦᠷ ᠲᠤᠵᠢ ᠶᠠᠭᠠᠷᠠᠯᠲᠠᠢ ᠢᠳᠡᠵᠦ ᠡᠮᠦᠰᠬᠦᠢ ᠳ᠋ᠦ᠍ᠷ ᠵᠣᠪᠠᠬᠤ ᠦᠭᠡᠢ᠂ ᠦᠬᠡᠷ ᠵᠢᠯᠲᠦ ᠡᠷᠡᠭᠲᠡᠢ ᠭᠡᠷ ᠢ᠋ᠶ᠋ᠡᠨ ᠡᠵᠡᠯᠡᠵᠦ ᠦᠯᠦ ᠳᠡᠢᠯᠬᠦ᠂ ᠭᠡᠷ ᠲᠦ᠍ᠷ ᠬᠣᠢᠷᠭᠣ ᠭᠠᠳᠠᠨ᠎ᠠ ᠠᠵᠢᠯᠰᠠᠭ ᠲᠡᠭᠰᠢ ᠪᠤᠰᠤ ᠶᠠᠪᠤᠳᠠᠯ ᠢ ᠦᠵᠡᠪᠡᠯ ᠲᠡᠰᠴᠦ ᠶᠠᠳᠠᠨ ᠲᠡᠮᠡᠴᠡᠬᠦ᠃ ᠴᠠᠭᠠᠨ ᠰᠠᠷ᠎ᠠ ᠬᠣᠶᠠᠷ ᠰᠠᠷ᠎ᠠ ᠭᠤᠷᠪᠠᠨ ᠰᠠᠷ᠎ᠠ ᠶᠢᠨ ᠦᠬᠡᠷ ᠶᠠᠪ ᠶᠠᠭᠠᠷᠠᠯᠲᠠᠢ᠃ ᠳᠥᠷᠪᠡ ᠲᠠᠪᠤ ᠵᠢᠷᠭᠤᠭᠠᠨ ᠰᠠᠷ᠎ᠠ ᠶ᠋ᠢᠨ ᠦᠬᠡᠷ ᠨᠢᠭᠡ ᠨᠠᠰᠤᠨ᠎ᠠ ᠰᠡᠯᠡᠭᠦᠨ᠃ ᠳᠣᠯᠣᠭ᠎ᠠ ᠨᠠᠢ᠍ᠮᠠ ᠶᠢᠰᠦᠨ ᠰᠠᠷ᠎ᠠ ᠶ᠋ᠢᠨ ᠦᠬᠡᠷ ᠨᠢᠭᠡ ᠨᠠᠰᠦᠨ᠎ᠠ ᠡᠳ᠋ ᠠᠰᠢᠭ ᠥᠯᠯᠡᠮᠵᠢ᠃ ᠠᠷᠪᠠ ᠠᠷᠪᠠᠨ ᠨᠢᠭᠡ ᠯᠡ ᠰᠠᠷ᠎ᠠ ᠶ᠋ᠢᠨ ᠦᠬᠡᠷ ᠡᠬᠢᠨ ᠳ᠋ᠦ᠍ᠷ ᠵᠦᠳᠡᠵᠦ ᠬᠣᠢᠨ᠎ᠠ ᠡᠳ᠋ᠯᠡᠨ᠂ ᠥᠲᠡᠯ᠎ᠡ ᠨᠠᠰᠤᠨ᠎ᠠ ᠵᠢᠷᠭᠠᠯ ᠡᠳ᠋ᠯᠡᠮᠦᠢ᠃
● ᠦᠬᠡᠷ ᠦ᠋ᠨ ᠳᠠᠢᠰᠤᠨ : ᠮᠣᠷᠢ ᠳᠠᠷᠠᠭᠠᠯᠠᠪᠠᠯ ᠪᠠᠷᠰ ᠬᠣᠨᠢ ᠲᠠᠬᠢᠶ᠎ᠠ ᠵᠢᠯ ᠳ᠋ᠣᠷ ᠭᠠᠮᠰᠢᠭ ᠲᠠᠢ᠂ ᠢᠯᠠᠩᠭᠤᠶ᠎ᠠ ᠮᠣᠷᠢ ᠲᠠᠬᠢᠶ᠎ᠠ ᠵᠢᠯ ᠳ᠋ᠦ᠍ᠷ ᠡᠪᠡᠳᠴᠢᠨ ᠲᠤᠰᠬᠤ ᠡᠳ᠋ ᠦ᠋ᠨ ᠭᠠᠷᠤᠵᠠ ᠲᠠᠢ᠂ ᠬᠡᠯᠡ ᠠᠮᠠ ᠪᠣᠯᠬᠤ᠂ ᠠᠯᠢᠪᠠ ᠶᠠᠪᠤᠳᠠᠯ ᠤᠷᠤᠭᠰᠢ ᠦᠭᠡᠢ᠃ ᠪᠠᠷᠰ ᠬᠣᠨᠢ ᠮᠣᠭᠠᠢ ᠵᠢᠯ ᠬᠤᠯᠠᠭᠠᠢ ᠬᠤᠳᠠᠯ ᠢ ᠰᠡᠷᠭᠡᠢᠯᠡ᠃
● ᠦᠬᠡᠷ ᠦ᠋ᠨ ᠨᠥᠬᠥᠷ : ᠮᠣᠭᠠᠢ᠂ ᠵᠢᠴᠢ ᠬᠤᠯᠤᠭᠠᠨ᠎ᠠ ᠪᠡᠴᠢᠨ ᠨᠣᠬᠠᠢ ᠵᠢᠯ ᠳ᠋ᠦ᠍ᠷ ᠪᠠᠶᠠᠷ ᠲᠣᠬᠢᠶᠠᠯᠳᠤᠬᠤ᠂ ᠵᠡᠷᠭᠡ ᠬᠡᠷᠬᠡᠮ ᠳᠠᠪᠰᠢᠵᠤ ᠪᠠᠶᠠᠵᠢᠬᠤ᠂ ᠠᠯᠢᠪᠠ ᠦᠢᠯᠡᠰ ᠤᠷᠤᠭᠰᠢᠲᠠᠢ᠂ ᠢᠯᠠᠩᠭᠤᠶ᠎ᠠ ᠨᠣᠬᠠᠢ ᠵᠢᠯ ᠳ᠋ᠦ᠍ᠷ ᠵᠢᠷᠭᠠᠨ ᠴᠡᠩᠭᠡᠬᠦ ᠪᠤᠶᠡ᠃
● ᠴᠡᠭᠡᠷᠯᠡᠬᠦ ᠣᠷᠣᠨ ᠵᠦᠭ : ᠦᠬᠡᠷ ᠵᠢᠯᠲᠦ ᠰᠢᠷᠣᠢ ᠶ᠋ᠢᠨ ᠣᠷᠣᠨ ᠳ᠋ᠤ᠌ ᠵᠡᠭᠦᠨ ᠡᠮᠤᠨ᠎ᠠ ᠵᠦᠭ ᠠᠶᠠᠯᠠᠬᠤ ᠶ᠋ᠢ ᠴᠡᠭᠡᠷᠯᠡ᠂ ᠪᠠᠷᠠᠭᠤᠨ ᠡᠮᠤᠨ᠎ᠠ ᠵᠦᠭ ᠡᠳ᠋ ᠠᠰᠢᠭ ᠤ᠋ᠨ ᠣᠯᠵᠠ ᠲᠠᠢ᠃
● ᠨᠠᠰᠤᠨ ᠬᠤᠲᠤᠭ 77- 85 ᠨᠠᠰᠤᠯᠠᠬᠤ᠂ ᠳᠡᠯᠢᠭᠦᠦ ᠬᠣᠳᠣᠭᠣᠳᠣᠨ ᠤ᠋ ᠡᠪᠡᠳᠴᠢᠨ ᠢ᠋ᠶ᠋ᠡᠷ ᠬᠠᠪᠤᠷ ᠴᠠᠭ ᠡᠴᠦᠰᠯᠡᠮᠦᠢ᠃
● ᠲᠣᠬᠢᠷᠠᠬᠤ ᠠᠵᠢᠯ : ᠬᠠᠤᠯᠢᠴᠢ᠂ ᠵᠣᠬᠢᠶᠠᠭᠴᠢ᠂ ᠨᠡᠢᠭᠡᠮ ᠦ᠋ᠨ ᠠᠵᠢᠯᠲᠠᠨ᠃
● ᠰᠣᠩᠭᠣᠬᠤ ᠬᠠᠨᠢ : ᠡᠷᠡᠭᠲᠡᠢ ᠬᠥᠮᠦᠨ ᠬᠤᠯᠤᠭᠠᠨ᠎ᠠ ᠮᠣᠭᠠᠢ ᠭᠠᠬᠠᠢ ᠲᠠᠢ ᠬᠣᠯᠪᠣᠵᠤ᠂ ᠡᠮᠡᠭᠲᠡᠢ ᠬᠥᠮᠦᠨ ᠬᠤᠯᠤᠭᠠᠨ᠎ᠠ ᠮᠣᠭᠠᠢ ᠲᠠᠬᠢᠶ᠎ᠠ ᠲᠠᠢ ᠬᠣᠯᠪᠣᠪᠠᠯ ᠰᠠᠢᠨ᠃ ᠦᠬᠡᠷ ᠮᠣᠭᠠᠢ ᠲᠠᠢ ᠬᠣᠯᠪᠣᠪᠠᠯ ᠬᠠᠮᠤᠭ ᠰᠠᠢᠨ᠂ ᠦᠷ᠎ᠡ ᠬᠡᠦᠬᠡᠳ ᠳᠡᠯᠭᠡᠷᠡᠵᠦ᠂ ᠥᠯᠵᠡᠢ ᠪᠤᠶᠠᠨ ᠲᠣᠭᠲᠠᠵᠤ᠂ ᠥᠨᠢ ᠡᠭᠦᠷᠢᠳᠡ ᠵᠢᠷᠭᠠᠮᠤᠢ᠃ ᠦᠬᠡᠷ ᠮᠣᠷᠢ ᠲᠠᠢ ᠬᠣᠯᠪᠣᠪᠠᠯ ᠮᠠᠭᠤ᠂ ᠨᠡᠩ ᠢᠯᠠᠩᠭᠤᠶ᠎ᠠ ᠬᠠᠷ᠎ᠠ ᠦᠬᠡᠷ ᠴᠠᠭᠠᠨ ᠮᠣᠷᠢ ᠲᠠᠪᠤᠨ ᠬᠠᠷᠰᠢ ᠪᠣᠯᠠᠢ᠃
● ᠬᠥᠬᠡᠭᠴᠢᠨ ᠦᠬᠡᠷ ᠠᠨᠤ᠂ ᠪᠡᠯᠴᠢᠭᠡᠷ ᠦ᠋ᠨ ᠦᠬᠡᠷ᠂ ᠳᠠᠯᠠᠢ ᠶ᠋ᠢᠨ ᠳᠤᠮᠳᠠᠬᠢ ᠲᠡᠮᠦᠷ ᠦ᠋ᠨ ᠮᠠᠬᠠᠪᠣᠳ᠂ ᠲᠥᠪ ᠨᠣᠮᠣᠬᠠᠨ᠂ ᠬᠥᠳᠡᠯᠦᠯ ᠯᠠᠪᠳᠠᠭᠤᠨ᠂ ᠠᠵᠢᠯ ᠳ᠋ᠤ᠌ ᠬᠢᠨᠠᠮᠠᠭᠠᠢ᠂ ᠳᠣᠲᠣᠭᠠᠳᠤ ᠰᠡᠳᠬᠢᠯᠭᠡ ᠬᠠᠯᠠᠭᠤᠮᠰᠤᠭ ᠵᠢᠷᠤᠮ ᠢ ᠬᠦᠨᠳᠦᠳᠬᠡᠬᠦ᠂ ᠵᠠᠩ ᠠᠭᠠᠰᠢ ᠡᠲᠡᠭᠡᠳ ᠵᠥᠷᠢᠭᠦᠦ᠃
● ᠤᠯᠠᠭᠠᠭᠴᠢᠨ ᠦᠬᠡᠷ ᠠᠨᠤ : ᠨᠠᠭᠤᠷ ᠤ᠋ᠨ ᠦᠬᠡᠷ᠂ ᠪᠤᠯᠠᠭ ᠤ᠋ᠨ ᠤᠰᠤᠨ ᠤ᠋ ᠮᠠᠬᠠᠪᠣᠳ᠂ ᠬᠥᠳᠡᠯᠵᠦ ᠪᠠᠷᠢᠬᠤ ᠬᠥᠩᠭᠡᠨ ᠱᠠᠯᠮᠠᠭᠠᠢ᠂ ᠤᠬᠠᠭᠠᠨ ᠰᠠᠨᠠᠭ᠎ᠠ ᠤᠷᠠᠨ ᠰᠡᠴᠡᠨ᠂ ᠲᠣᠬᠢᠶᠠᠯ ᠢ᠋ ᠦᠵᠡᠨ ᠬᠤᠪᠢᠷᠠᠵᠤ ᠴᠢᠳᠠᠬᠤ᠂ ᠡᠷᠬᠢᠮ ᠳᠡᠭᠡᠳᠦ ᠬᠤᠪᠢ ᠵᠠᠶᠠᠭ᠎ᠠ ᠲᠠᠢ᠂ ᠬᠠᠷᠠᠮᠴᠢ᠂ ᠵᠠᠩ ᠲᠦᠷᠭᠡᠨ᠃
● ᠰᠢᠷᠠᠭᠴᠢᠨ ᠦᠬᠡᠷ ᠠᠨᠤ : ᠲᠠᠷᠢᠶ᠎ᠠ ᠲᠠᠷᠢᠬᠤ ᠦᠭᠡᠢ᠂ ᠴᠠᠬᠢᠯᠭᠠᠨ ᠭᠠᠯ ᠤ᠋ᠨ ᠮᠠᠬᠠᠪᠣᠳ᠂ ᠡᠷᠡᠭᠲᠡᠢ ᠨᠢ ᠨᠣᠶᠠᠨ ᠰᠠᠭᠤᠬᠤ᠂ ᠡᠮᠡᠭᠲᠡᠢ ᠨᠢ ᠠᠯᠲᠠ ᠮᠥᠩᠭᠥ ᠡᠳ᠋ᠯᠡᠬᠦ ᠰᠠᠨᠠᠭ᠎ᠠ ᠲᠦᠷᠭᠡᠨ᠂ ᠤᠴᠢᠷ ᠶᠠᠪᠤᠳᠠᠯ ᠳ᠋ᠤ᠌ ᠡᠷᠡᠰ ᠰᠢᠭᠤᠷᠬᠠᠢ᠂ ᠪᠠᠭ᠎ᠠ ᠳ᠋ᠠᠭᠠᠨ ᠵᠦᠳᠡᠵᠦ᠂ ᠳᠤᠮᠳᠠ ᠨᠠᠰᠤᠨ ᠪᠠᠶᠠᠵᠢᠬᠤ᠂ ᠤᠷᠤᠭ ᠬᠣᠯᠪᠣᠭ᠎ᠠ ᠨᠤᠭᠤᠷᠠᠯ ᠪᠦᠳᠦᠷᠢᠯ ᠲᠡᠢ᠃
● ᠴᠠᠭᠠᠭᠴᠢᠨ ᠦᠬᠡᠷ ᠠᠨᠤ : ᠬᠡᠭᠡᠷ᠎ᠡ ᠲᠠᠯ᠎ᠠ ᠶ᠋ᠢᠨ ᠦᠬᠡᠷ᠂ ᠬᠡᠷᠡᠮ ᠦ᠋ᠨ ᠣᠷᠣᠢ ᠶ᠋ᠢᠨ ᠰᠢᠷᠣᠢ ᠶ᠋ᠢᠨ ᠮᠠᠬᠠᠪᠣᠳ᠂ ᠰᠢᠯᠤᠭᠤᠨ ᠰᠢᠳᠤᠷᠭᠤ᠂ ᠪᠤᠰᠤᠳ ᠲᠤᠷ ᠦᠨᠡᠨᠴᠢ᠂ ᠤᠴᠢᠷ ᠶᠠᠪᠤᠳᠠᠯ ᠳ᠋ᠤᠷ ᠬᠢᠨᠠᠮᠠᠭᠠᠢ᠂ ᠶᠠᠪᠤᠳᠠᠯ ᠢ ᠵᠣᠬᠢᠴᠠᠭᠤᠯᠤᠨ ᠴᠢᠳᠠᠬᠤ᠂ ᠪᠤᠰᠤᠳ ᠲᠤᠷ ᠬᠦᠨᠳᠦᠳᠬᠡᠭᠳᠡᠬᠦ ᠬᠤᠪᠢ ᠪᠠᠷ ᠢ᠋ᠶ᠋ᠠᠨ ᠠᠳᠠᠯ ᠭᠡᠷ ᠪᠤᠰᠬᠠᠬᠤ᠂ ᠥᠲᠡᠯᠬᠦ ᠨᠠᠰᠤᠨ ᠥᠭᠡᠳᠡᠯᠡᠨ ᠮᠠᠨᠳᠤᠮᠤᠢ᠃
● ᠬᠠᠷᠠᠭᠴᠢᠨ ᠦᠬᠡᠷ ᠠᠨᠤ : ᠥᠨᠳᠥᠷ ᠠᠭᠤᠯᠠᠨ ᠤ᠋ ᠦᠬᠡᠷ᠂ ᠢᠯᠠᠮ᠎ᠠ ᠶ᠋ᠢᠨ ᠮᠣᠳᠣᠨ ᠤ᠋ ᠮᠠᠬᠠᠪᠣᠳ᠂ ᠡᠶ᠎ᠡ ᠨᠠᠢᠷᠠᠮᠳᠠᠬᠤ ᠰᠠᠢᠨ ᠰᠠᠨᠠᠭᠠᠲᠠᠢ᠂ ᠤᠷᠠᠨ ᠵᠣᠬᠢᠶᠠᠯ ᠳ᠋ᠤᠷ ᠪᠠᠬᠠᠲᠠᠢ᠂ ᠬᠥᠳᠡᠯᠦᠯ ᠪᠠᠷᠢᠯ ᠴᠠᠭᠤᠷᠬᠠᠢ᠂ ᠣᠪᠣᠷ ᠳᠦᠷᠢ ᠰᠠᠢᠬᠠᠨ᠂ ᠰᠡᠳᠬᠢᠯ ᠠᠭᠤᠳᠠᠮ᠂ ᠠᠮᠢᠳᠤᠷᠠᠯ ᠳ᠋ᠤ᠌ ᠪᠠᠶᠠᠷᠯᠠᠩᠭᠤᠢ᠂ ᠨᠠᠢᠵᠢ ᠣᠯᠠᠨ᠂ ᠶᠡᠬᠡᠷᠬᠡᠭ ᠵᠠᠩ ᠲᠠᠢ᠃
ᠪᠠᠷᠰ ᠵᠢᠯᠲᠦ ——
● ᠵᠠᠩ ᠠᠭᠠᠯᠢ ᠠᠨᠤ : ᠭᠡᠨᠡᠨ ᠶᠠᠪᠤᠳᠠᠯ ᠳ᠋ᠤ᠌ ᠳᠤᠷᠠᠲᠠᠢ᠂ ᠡᠷᠡᠯᠬᠡᠭ ᠪᠠᠭᠠᠲᠤᠷ ᠡᠷᠡᠰ ᠬᠠᠲᠠᠭᠤ᠂ ᠵᠣᠷᠢᠭᠲᠠᠢ ᠰᠡᠳᠬᠢᠨ ᠵᠣᠷᠢᠭᠲᠠᠢ ᠬᠢᠬᠦ᠂ ᠪᠡᠶ᠎ᠡ ᠪᠡᠨ ᠪᠡᠬᠢᠯᠡᠭᠡᠳ ᠪᠤᠰᠤᠳ ᠢ ᠬᠠᠢᠬᠤᠷᠬᠤ ᠦᠭᠡᠢ᠂ ᠣᠨᠴᠠ ᠶᠡᠬᠡᠷᠭᠦᠦ ᠵᠠᠩ ᠲᠠᠢ᠂ ᠦᠭᠡ ᠳᠠᠭᠤ ᠴᠥᠭᠡᠨ᠂ ᠶᠠᠭᠤᠨ ᠠ᠋ᠴᠠ ᠴᠤ᠌ ᠠᠶᠤᠬᠤ ᠦᠭᠡᠢ ᠰᠥᠰᠥ ᠵᠣᠷᠢᠭ ᠲᠠᠢ᠃ ᠡᠷᠡᠭᠲᠡᠢ ᠬᠥᠮᠦᠨ ᠤ ᠣᠨᠴᠠᠯᠢᠭ ᠨᠢ ᠵᠣᠭᠣᠰ ᠠᠰᠢᠭ ᠢ ᠪᠦᠷᠢᠯᠭᠡᠨ ᠰᠦᠢᠳᠬᠡᠬᠦ ᠶᠡᠬᠡ᠂ ᠡᠮᠡᠭᠲᠡᠢ ᠬᠥᠮᠦᠨ ᠤ ᠣᠨᠴᠠᠯᠢᠭ ᠨᠢ ᠵᠠᠶᠠᠭ᠎ᠠ ᠰᠠᠢᠨ ᠪᠣᠯᠪᠠᠴᠤ ᠰᠠᠭᠠᠳ ᠪᠣᠢ᠃
● ᠪᠠᠷᠰ ᠤ᠋ᠨ ᠤᠩᠰᠢᠭᠤ : ᠭᠦᠨ ᠠᠭᠤᠯᠠᠨ᠎ᠠ ᠰᠦᠷ ᠢ᠋ᠶ᠋ᠡᠨ ᠪᠠᠳᠠᠷᠠᠭᠤᠯᠤᠨ᠂ ᠲᠡᠭᠦᠨ ᠤ ᠳᠣᠲᠣᠷ᠎ᠠ ᠥᠨᠢᠳᠡ ᠴᠡᠩᠭᠡᠮᠦᠢ᠂ ᠪᠠᠷᠰ ᠬᠠᠮᠤᠭ ᠤ᠋ᠨ ᠰᠡᠴᠡᠨ ᠮᠡᠷᠭᠡᠨ᠂ ᠠᠵᠢᠯ ᠦᠢᠯᠡᠰ ᠠᠯᠢᠪᠠ ᠪᠦᠬᠦᠨ ᠳ᠋ᠦ᠍ᠷ ᠴᠢᠳᠠᠮᠠᠭᠠᠢ᠂ ᠨᠣᠶᠠᠨ ᠰᠠᠭᠤᠵᠤ ᠡᠷᠬᠢᠮ ᠬᠥᠮᠦᠨ ᠲᠡᠢ ᠤᠴᠠᠷᠠᠬᠤ᠂ ᠡᠮᠡᠭᠲᠡᠢ ᠴᠠᠭᠠᠨ ᠪᠠᠷᠰ ᠬᠠᠵᠠᠮᠠᠷ᠃ ᠴᠠᠭᠠᠨ ᠰᠠᠷ᠎ᠠ ᠬᠣᠶᠠᠷ ᠭᠤᠷᠪᠠᠨ ᠰᠠᠷ᠎ᠠ ᠶ᠋ᠢᠨ ᠪᠠᠷᠰ ᠪᠤᠶᠠᠨ ᠬᠡᠰᠢᠭ ᠲᠡᠭᠷᠢ ᠡᠴᠡ ᠵᠠᠶᠠᠭᠠᠵᠤ ᠰᠦᠷ ᠠᠯᠳᠠᠷ ᠳᠥᠷᠪᠡᠨ ᠵᠦᠭ ᠲᠦ᠍ᠷ ᠮᠠᠨᠳᠤᠮᠤᠢ᠃ ᠳᠥᠷᠪᠡ ᠲᠠᠪᠤᠨ ᠰᠠᠷ᠎ᠠ ᠶ᠋ᠢᠨ ᠪᠠᠷᠰ ᠵᠠᠩ ᠴᠢᠨᠠᠷ ᠳᠣᠭᠰᠢᠨ ᠡᠷᠬᠡ ᠰᠦᠷ ᠮᠠᠨᠳᠤᠬᠤ᠃ ᠵᠢᠷᠭᠤᠭᠠᠨ ᠰᠠᠷ᠎ᠠ ᠶ᠋ᠢᠨ ᠪᠠᠷᠰ ᠤ᠋ᠨ ᠠᠮᠢᠳᠤᠷᠠᠯ ᠳ᠋ᠤ᠌ ᠬᠦᠴᠢᠷ ᠪᠡᠷᠬᠡᠰᠢᠶᠡᠯ ᠳᠠᠪᠬᠤᠷ ᠳᠠᠪᠬᠤᠷ ᠲᠣᠬᠢᠶᠠᠯᠳᠤᠬᠤ᠃ ᠳᠣᠯᠣᠭ᠎ᠠ ᠨᠠᠢ᠍ᠮᠠᠨ ᠰᠠᠷ᠎ᠠ ᠶ᠋ᠢᠨ ᠪᠠᠷᠰ ᠰᠦᠷ ᠪᠠᠳᠠᠷᠠᠩᠭᠤᠢ ᠠᠭᠤᠯᠠᠨ ᠠ᠋ᠴᠠ ᠪᠠᠭᠤᠬᠤ᠃ ᠶᠢᠰᠦᠨ ᠰᠠᠷ᠎ᠠ ᠶ᠋ᠢᠨ ᠪᠠᠷᠰ ᠶᠡᠷᠦᠨᠢ ᠶᠡᠬᠡᠮᠰᠦᠭᠯᠡᠬᠦ᠂ ᠨᠢᠭᠡ ᠨᠠᠰᠤᠨ᠎ᠠ ᠦᠢᠯᠡᠰ ᠪᠦᠲᠦᠬᠦ ᠦᠭᠡᠢ᠃ ᠠᠷᠪᠠ ᠠᠷᠪᠠᠨ ᠨᠢᠭᠡ ᠯᠡ ᠰᠠᠷ᠎ᠠ ᠶ᠋ᠢᠨ ᠪᠠᠷᠰ ᠠᠮᠤᠷ ᠪᠠᠭ᠎ᠠ ᠠᠶᠤᠯ ᠶᠡᠬᠡ᠂ ᠭᠠᠵᠠᠷ ᠪᠣᠯᠭᠠᠨ ᠳ᠋ᠤᠷ ᠬᠦᠴᠢᠷ ᠲᠤᠯᠭᠠᠷᠠᠬᠤ᠂ ᠠᠭᠠᠰᠢ ᠮᠠᠭᠤ᠂ ᠡᠷᠡᠭᠲᠡᠢ ᠡᠮᠡᠭᠲᠡᠢ ᠬᠢᠮᠤᠷᠠᠯᠳᠤᠬᠤ᠃
● ᠪᠠᠷᠰ ᠤ᠋ᠨ ᠳᠠᠢᠰᠤᠨ : ᠮᠣᠭᠠᠢ᠂ ᠳᠠᠷᠠᠭᠠᠯᠠᠪᠠᠯ ᠯᠤᠤ ᠪᠠᠴᠢ ᠬᠣᠨᠢᠨ ᠵᠢᠯ ᠳ᠋ᠦ᠍ᠷ ᠪᠠᠷᠴᠢᠳ ᠲᠠᠢ᠂ ᠮᠣᠭᠠᠢ ᠬᠣᠨᠢᠨ ᠵᠢᠯ ᠳ᠋ᠦ᠍ᠷ ᠡᠪᠡᠳᠴᠢᠨ ᠬᠦᠷᠬᠦ ᠡᠳ᠋ ᠠᠰᠢᠭ ᠤ᠋ᠨ ᠭᠠᠷᠤᠵᠠ ᠲᠠᠢ᠂ ᠬᠡᠯᠡ ᠠᠮᠠ ᠪᠣᠯᠬᠤ ᠵᠠᠭᠤᠨ ᠡᠬᠢᠲᠦ ᠶᠠᠪᠤᠳᠠᠯ ᠰᠠᠨᠠᠭ᠎ᠠ ᠪᠠᠷ ᠦᠭᠡᠢ᠃ ᠯᠤᠤ ᠪᠡᠴᠢᠨ ᠬᠤᠯᠤᠭᠠᠨ᠎ᠠ ᠵᠢᠯ ᠳ᠋ᠦ᠍ᠷ ᠰᠠᠨᠠᠭᠠᠨ ᠳ᠋ᠤᠷ ᠦᠭᠡᠢ ᠭᠠᠢ ᠪᠠᠢᠬᠤ᠂ ᠬᠤᠯᠠᠭᠠᠢ ᠬᠤᠳᠠᠯ ᠢ ᠰᠡᠷᠡᠮᠵᠢᠯᠡ᠃
● ᠪᠠᠷᠰ ᠤ᠋ᠨ ᠨᠥᠬᠥᠷ : ᠮᠣᠷᠢ᠂ ᠨᠣᠬᠠᠢ᠂ ᠵᠢᠴᠢ ᠭᠠᠬᠠᠢ ᠵᠢᠯ ᠳ᠋ᠦ᠍ᠷ ᠡᠳ᠋ ᠠᠰᠢᠭ ᠣᠯᠵᠤ ᠪᠠᠶᠠᠷ ᠴᠡᠩᠭᠡᠯ ᠢᠷᠡᠮᠦᠢ᠃
● ᠴᠡᠭᠡᠷᠯᠡᠬᠦ ᠣᠷᠣᠨ ᠵᠦᠭ : ᠪᠠᠷᠰ ᠵᠢᠯᠲᠦ ᠬᠥᠮᠦᠨ ᠮᠣᠳᠣᠨ ᠣᠷᠣᠨ ᠳ᠋ᠤ᠌ ᠰᠠᠭᠤᠬᠤ ᠳ᠋ᠠᠭᠠᠨ ᠪᠠᠷᠠᠭᠤᠨᠰᠢ ᠠᠶᠠᠯᠠᠬᠤ ᠶ᠋ᠢ ᠴᠡᠭᠡᠷᠯᠡ᠂ ᠤᠮᠠᠷᠠᠰᠢ ᠠᠶᠠᠯᠠᠪᠠᠯ ᠠᠰᠢᠭ ᠣᠯᠵᠠ ᠲᠠᠢ᠃
● ᠨᠠᠰᠤᠨ ᠬᠤᠲᠤᠭ : 80-86 ᠨᠠᠰᠤᠯᠠᠮᠤᠢ᠂ ᠡᠯᠢᠭᠡ ᠡᠪᠡᠳᠴᠦ ᠨᠠᠮᠤᠷ ᠴᠠᠭ ᠡᠴᠦᠰᠯᠡᠮᠦᠢ᠃
● ᠲᠣᠬᠢᠷᠠᠬᠤ ᠠᠵᠢᠯ : ᠭᠠᠨᠪᠦ᠋᠂ ᠭᠣᠣᠯ ᠡᠷᠬᠢᠯᠡᠭᠴᠢ᠂ ᠰᠤᠷᠭᠠᠭᠤᠯᠢ ᠶ᠋ᠢᠨ ᠳᠠᠷᠤᠭ᠎ᠠ᠃
● ᠰᠣᠩᠭᠣᠬᠤ ᠬᠠᠨᠢ᠂ ᠪᠠᠷᠰ ᠵᠢᠯᠲᠦ ᠡᠷᠡᠭᠲᠡᠢ ᠭᠠᠬᠠᠢ ᠮᠣᠷᠢ ᠨᠣᠬᠠᠢ ᠲᠠᠢ ᠬᠣᠯᠪᠣᠵᠤ᠂ ᠪᠠᠷᠰ ᠵᠢᠯᠲᠦ ᠡᠮᠡᠭᠲᠡᠢ ᠮᠣᠷᠢ ᠨᠣᠬᠠᠢ ᠲᠠᠬᠢᠶ᠎ᠠ ᠲᠠᠢ ᠬᠣᠯᠪᠣᠪᠠᠯ ᠬᠠᠮᠤᠭ ᠰᠠᠢᠨ᠃ ᠢᠯᠠᠩᠭᠤᠶ᠎ᠠ ᠪᠠᠷᠰ ᠮᠣᠷᠢ ᠬᠣᠯᠪᠣᠪᠠᠯ ᠬᠠᠮᠤᠭ ᠰᠠᠢᠨ᠂ ᠥᠭᠡᠳᠡ ᠡᠰᠡᠷᠡᠭ᠂ ᠠᠰᠢᠭ ᠵᠣᠭᠣᠰ ᠦᠯᠡᠮᠵᠢ᠂ ᠠᠵᠢᠯ ᠦᠢᠯᠡᠰ ᠤᠷᠤᠭᠰᠢᠲᠠᠢ᠂ ᠠᠴᠢ ᠦᠷ᠎ᠡ ᠳᠡᠯᠭᠡᠷᠡᠨ ᠮᠠᠨᠳᠤᠬᠤ ᠪᠣᠯᠠᠢ᠃ ᠪᠠᠷᠰ ᠮᠣᠭᠠᠢ ᠬᠣᠯᠪᠣᠪᠠᠯ ᠮᠠᠭᠤ᠂ ᠥᠷᠭᠡᠰᠦ ᠰᠢᠪᠦᠭᠡᠨ ᠳᠡᠭᠡᠷ᠎ᠡ ᠪᠠᠢᠬᠤ ᠮᠡᠲᠦ᠂ ᠦᠷ᠎ᠡ ᠬᠡᠦᠬᠡᠳ ᠳᠡᠯᠭᠡᠷᠡᠭᠰᠡᠨ ᠴᠦ᠍ ᠵᠣᠪᠠᠯᠠᠩ ᠲᠠᠰᠤᠷᠠᠬᠤ ᠦᠭᠡᠢ᠃
● ᠬᠥᠬᠡ ᠪᠠᠷᠰ ᠠᠨᠤ : ᠠᠭᠤᠯᠠᠨ ᠳ᠋ᠠᠬᠢ ᠪᠠᠷᠰ᠂ ᠶᠡᠬᠡ ᠨᠠᠭᠤᠷ ᠤ᠋ᠨ ᠤᠰᠤᠨ ᠤ᠋ ᠮᠠᠬᠠᠪᠣᠳ᠂ ᠬᠥᠳᠡᠯᠵᠦ ᠪᠠᠷᠢᠬᠤ ᠬᠤᠷᠴᠠ ᠱᠠᠯᠠᠮᠠᠭᠠᠢ᠂ ᠦᠭᠡ ᠳᠠᠭᠤ ᠲᠠᠢ᠂ ᠴᠡᠭᠡᠵᠢ ᠰᠡᠷᠭᠡᠢ᠂ ᠲᠣᠬᠢᠶᠠᠯ ᠢ ᠳᠠᠭᠠᠨ ᠬᠤᠪᠢᠷᠠᠵᠤ ᠴᠢᠳᠠᠬᠤ᠂ ᠭᠠᠩᠭᠠᠩ ᠬᠡᠭᠡᠨᠴᠢᠷ ᠢᠨᠠᠭ ᠠᠮᠠᠷᠠᠭ᠂ ᠬᠠᠷᠠᠮᠴᠢ᠂ ᠶᠠᠭᠠᠷᠠᠮᠲᠠᠭᠠᠢ ᠵᠠᠩ ᠲᠠᠢ᠂ ᠢᠳᠡᠬᠦ ᠡᠮᠦᠰᠬᠦ ᠡᠯᠪᠡᠭ ᠳᠡᠯᠪᠡᠭ᠃
● ᠤᠯᠠᠭᠠᠨ ᠪᠠᠷᠰ ᠠᠨᠤ : ᠰᠠᠯᠬᠢ ᠥᠭᠰᠥᠭᠰᠡᠨ ᠪᠠᠷᠰ᠂ ᠬᠥᠭᠡᠷᠭᠡᠨ ᠤ ᠳᠣᠲᠣᠷᠠᠬᠢ ᠭᠠᠯ ᠤ᠋ᠨ ᠮᠠᠬᠠᠪᠣᠳ᠂ ᠵᠠᠩ ᠴᠢᠨᠠᠷ ᠡᠷᠡᠰ ᠬᠠᠲᠠᠭᠤ᠂ ᠠᠰᠪᠤᠷᠢ ᠴᠠᠭᠠᠪᠤᠷ ᠰᠡᠳᠬᠢᠯ ᠬᠥᠳᠡᠯᠬᠦ ᠳᠤᠷᠠᠲᠠᠢ᠂ ᠤᠴᠢᠷ ᠶᠠᠪᠤᠳᠠᠯ ᠳ᠋ᠤᠷ ᠬᠠᠯᠠᠭᠤᠨ ᠢ᠋ᠶ᠋ᠠᠷ ᠬᠠᠨᠳᠤᠳᠠᠭ᠂ ᠵᠥᠭᠡᠯᠡᠨ ᠢ ᠳᠣᠷᠣᠮᠵᠢᠯᠠᠬᠤ ᠦᠭᠡᠢ᠂ ᠠᠬ᠎ᠠ ᠳᠡᠭᠦᠦ ᠳ᠋ᠡᠭᠡᠨ ᠡᠶ᠎ᠡ ᠦᠭᠡᠢ᠂ ᠪᠠᠭ᠎ᠠ ᠨᠠᠰᠤᠨ ᠳ᠋ᠤᠷ ᠬᠦᠰᠡᠯ ᠵᠣᠷᠢᠭ ᠪᠡᠶᠡᠯᠡᠭᠳᠡᠪᠡᠰᠦ ᠬᠡᠷᠬᠡᠮ ᠵᠡᠷᠭᠡ ᠣᠯᠬᠤ ᠦᠭᠡᠢ᠂ ᠳᠤᠮᠳᠠ ᠨᠠᠰᠤᠨ ᠳ᠋ᠤᠷ ᠡᠳ᠋ ᠠᠰᠢᠭ ᠣᠯᠵᠤ ᠥᠭᠡᠳᠡᠯᠡᠨ ᠮᠠᠨᠳᠤᠮᠤᠢ᠃
● ᠰᠢᠷ᠎ᠠ ᠪᠠᠷᠰ ᠠᠨᠤ : ᠰᠠᠯᠬᠢ ᠤᠷᠤᠭᠤᠳᠠᠭᠰᠠᠨ ᠪᠠᠷᠰ᠂ ᠬᠣᠲᠠ ᠶ᠋ᠢᠨ ᠣᠷᠣᠢ ᠶ᠋ᠢᠨ ᠰᠢᠷᠣᠢ ᠶ᠋ᠢᠨ ᠮᠠᠬᠠᠪᠣᠳ᠂ ᠡᠷᠡᠰ ᠬᠠᠲᠠᠭᠤ ᠠᠰᠪᠤᠷᠢ ᠴᠠᠭᠠᠪᠤᠷ ᠵᠠᠩ ᠲᠠᠢ᠂ ᠬᠠᠢᠷ᠎ᠠ ᠰᠡᠳᠬᠢᠯᠭᠡ ᠶ᠋ᠢ ᠬᠦᠨᠳᠦᠳᠬᠡᠬᠦ᠂ ᠠᠵᠢᠯ ᠬᠢᠬᠦ ᠳ᠋ᠡᠭᠡᠨ ᠬᠢᠨᠠᠮᠠᠭᠠᠢ ᠪᠣᠯᠭᠣᠮᠵᠢᠲᠠᠢ᠂ ᠨᠣᠶᠠᠨ ᠰᠠᠭᠤᠬᠤ ᠬᠤᠪᠢ ᠲᠠᠢ᠂ ᠢᠳᠡᠬᠦ ᠡᠮᠦᠰᠬᠦ ᠡᠯᠪᠡᠭ ᠳᠡᠯᠪᠡᠭ᠃
● ᠴᠠᠭᠠᠨ ᠪᠠᠷᠰ ᠠᠨᠤ : ᠠᠭᠤᠯᠠᠨ ᠣᠢ ᠶ᠋ᠢᠨ ᠪᠠᠷᠰ᠂ ᠮᠠᠢᠯᠠᠰᠤᠨ ᠮᠣᠳᠣᠨ ᠤ᠋ ᠮᠠᠬᠠᠪᠣᠳ᠂ ᠡᠶ᠎ᠡ ᠨᠠᠢᠷᠠᠮᠳᠠᠭᠤ ᠬᠠᠢᠷ᠎ᠠ ᠰᠡᠳᠬᠢᠯᠭᠡ ᠪᠠᠶᠠᠯᠢᠭ᠂ ᠬᠥᠳᠡᠯᠦᠯ ᠪᠠᠷᠢᠯ ᠴᠠᠭᠤᠷᠬᠠᠢ᠂ ᠠᠪᠤᠷᠢ ᠳᠦᠷᠢ ᠰᠠᠢᠬᠠᠨ᠂ ᠰᠦᠷ ᠵᠢᠪᠬᠤᠯᠠᠩᠲᠠᠢ᠂ ᠠᠮᠢᠳᠤᠷᠠᠯ ᠳ᠋ᠤᠷ ᠪᠠᠶᠠᠷᠯᠠᠩᠭᠤᠢ᠂ ᠨᠠᠢᠵᠢ ᠣᠯᠠᠨ᠂ ᠶᠡᠬᠡᠷᠭᠦᠦ ᠵᠠᠩ ᠲᠠᠢ᠃
● ᠬᠠᠷ᠎ᠠ ᠪᠠᠷᠰ ᠠᠨᠤ : ᠰᠠᠯᠬᠢ ᠪᠣᠷᠣᠭᠠᠨ ᠳ᠋ᠠᠬᠢ ᠪᠠᠷᠰ᠂ ᠰᠢᠷ ᠦ᠋ᠨ ᠲᠡᠮᠦᠷ ᠦ᠋ᠨ ᠮᠠᠬᠠᠪᠣᠳ᠂ ᠡᠷᠡᠯᠬᠡᠭ ᠪᠠᠭᠠᠲᠤᠷ ᠠᠰᠪᠤᠷᠢ ᠴᠭᠠᠪᠤᠷᠢ᠂ ᠮᠡᠷᠭᠡᠵᠢᠯ ᠰᠤᠷᠬᠤᠢ ᠳ᠋ᠤᠷ ᠰᠠᠢᠨ᠂ ᠨᠢᠭᠡ ᠨᠠᠰᠤᠨ᠎ᠠ ᠡᠳ᠋ ᠠᠰᠢᠭ ᠦᠯᠡᠮᠵᠢ ᠬᠥᠮᠦᠨ ᠳ᠋ᠦ᠍ᠷ ᠬᠠᠯᠠᠭᠤᠮᠰᠤᠭ᠂ ᠵᠢᠷᠤᠮ ᠢ ᠬᠦᠨᠳᠦᠳᠬᠡᠬᠦ᠂ ᠤᠴᠢᠷ ᠶᠠᠪᠤᠳᠠᠯ ᠳ᠋ᠤᠷ ᠬᠢᠨᠠᠮᠠᠭᠠᠢ᠂ ᠪᠤᠰᠤᠳ ᠲᠤᠷ ᠬᠦᠨᠳᠦᠳᠬᠡᠭᠳᠡᠬᠦ᠂ ᠠᠭᠠᠰᠢ ᠮᠠᠭᠤ᠂ ᠵᠥᠷᠢᠴᠡᠯ᠃
ᠲᠠᠤᠯᠠᠢ ᠵᠢᠯᠲᠦ ——
● ᠲᠠᠤᠯᠠᠢ ᠶ᠋ᠢᠨ ᠤᠩᠰᠢᠭᠤ : ᠡᠷᠦᠬᠡ ᠭᠡᠷ ᠢ᠋ᠶ᠋ᠡᠨ ᠪᠠᠶᠠᠵᠢᠭᠤᠯᠵᠤ ᠡᠮᠦᠰᠬᠦ ᠵᠠᠷᠤᠬᠤ ᠰᠠᠮᠪᠠᠭ᠎ᠠ ᠲᠠᠢ᠂ ᠤᠭ ᠠ᠋ᠴᠠ ᠬᠤᠷᠴᠠ ᠰᠡᠷᠭᠦᠯᠡᠩ᠂ ᠨᠢᠭᠡ ᠨᠠᠰᠤᠨ ᠳ᠋ᠠᠭᠠᠨ ᠠᠵᠢᠯ ᠳ᠋ᠤᠷ ᠯᠠᠪᠳᠠᠭᠤᠨ᠂ ᠡᠷᠬᠢᠮ ᠬᠥᠮᠦᠨ ᠳ᠋ᠦ᠍ᠷ ᠠᠭᠤᠯᠵᠠᠬᠤ᠂ ᠠᠯᠲᠠ ᠮᠥᠩᠭᠥ ᠣᠪᠣᠭᠠᠯᠠᠭᠰᠠᠨ ᠴᠤ᠌ ᠡᠴᠦᠰ ᠲᠦ᠍ᠷ ᠬᠣᠭᠣᠰᠣᠨ᠃ ᠴᠠᠭᠠᠨ ᠰᠠᠷ᠎ᠠ ᠬᠣᠶᠠᠷ ᠭᠤᠷᠪᠠᠨ ᠰᠠᠷ᠎ᠠ ᠶ᠋ᠢᠨ ᠲᠠᠤᠯᠠᠢ ᠡᠷᠬᠢᠮ ᠬᠥᠮᠦᠨ ᠤ ᠳᠡᠮᠵᠢᠯᠭᠡ ᠶ᠋ᠢ ᠬᠦᠷᠲᠡᠬᠦ᠂ ᠵᠠᠯᠠᠭᠤ ᠳ᠋ᠠᠭᠠᠨ ᠶᠠᠳᠠᠭᠤ᠂ ᠬᠣᠵᠢᠮ ᠳ᠋ᠠᠭᠠᠨ ᠪᠠᠶᠠᠨ ᠪᠣᠯᠬᠤ᠃ ᠳᠥᠷᠪᠡ ᠲᠠᠪᠤ ᠵᠷᠭᠤᠭᠠᠨ ᠰᠠᠷ᠎ᠠ ᠶ᠋ᠢᠨ ᠲᠠᠤᠯᠠᠢ ᠠᠰᠢᠭ ᠵᠣᠭᠣᠰ ᠲᠤᠩ ᠡᠯᠪᠡᠭ᠃ ᠳᠣᠯᠣᠭ᠎ᠠ ᠨᠠᠢ᠍ᠮᠠ ᠶᠢᠰᠦᠨ ᠰᠠᠷ᠎ᠠ ᠶ᠋ᠢᠨ ᠲᠠᠤᠯᠠᠢ ᠢᠳᠡᠵᠦ ᠡᠮᠦᠰᠬᠦ ᠦᠯᠡᠮᠵᠢ᠂ ᠨᠢᠭᠡ ᠨᠠᠰᠦᠨ᠎ᠠ ᠠᠮᠤᠷ᠃ ᠠᠷᠪᠠ ᠠᠷᠪᠠᠨ ᠨᠢᠭᠡ ᠯᠡ ᠰᠠᠷ᠎ᠠ ᠶ᠋ᠢᠨ ᠲᠠᠤᠯᠠᠢ ᠵᠣᠭᠣᠰ ᠣᠯᠪᠠᠴᠤ ᠬᠠᠳᠠᠭᠠᠯᠠᠵᠤ ᠳᠡᠢᠯᠬᠦ ᠦᠭᠡᠢ᠂ ᠵᠠᠯᠠᠭᠤ ᠳ᠋ᠠᠭᠠᠨ ᠵᠠᠰᠠᠨ ᠴᠢᠮᠡᠬᠦ ᠳᠤᠷᠠᠲᠠᠢ᠂ ᠨᠠᠢᠵᠢ ᠣᠯᠠᠨ ᠪᠣᠯᠪᠠᠴᠤ ᠦᠨᠡᠨ ᠰᠡᠳᠬᠢᠯ ᠦ᠋ᠨ ᠨᠠᠢᠵᠢ ᠴᠥᠭᠡᠨ᠃
● ᠲᠠᠤᠯᠠᠢ ᠶ᠋ᠢᠨ ᠳᠠᠢᠰᠤᠨ : ᠬᠤᠯᠤᠭᠠᠨ᠎ᠠ᠂ ᠳᠠᠷᠠᠭᠠᠯᠠᠪᠠᠯ ᠪᠡᠴᠢ ᠲᠠᠬᠢᠶ᠎ᠠ ᠨᠣᠬᠠᠢ ᠵᠢᠯ ᠳ᠋ᠦ᠍ᠷ ᠭᠠᠢ ᠲᠠᠢ᠂ ᠯᠤᠤ ᠪᠠᠷᠰ ᠵᠢᠯ ᠳ᠋ᠦ᠍ᠷ ᠡᠪᠡᠳᠴᠢᠨ ᠬᠦᠷᠬᠦ ᠬᠡᠯᠡ ᠠᠮᠠ ᠪᠣᠯᠵᠤ ᠠᠯᠢᠪᠠ ᠤᠯᠢᠯᠠᠰ ᠤᠷᠤᠭᠰᠢ ᠦᠭᠡᠢ᠃
● ᠲᠠᠤᠯᠠᠢ ᠶ᠋ᠢᠨ ᠨᠥᠬᠥᠷ᠄ ᠬᠣᠨᠢ᠂ ᠵᠢᠴᠢ ᠮᠣᠷᠢ ᠬᠣᠨᠢ ᠭᠠᠬᠠᠢ ᠵᠢᠯ ᠳ᠋ᠦ᠍ᠷ ᠪᠠᠶᠠᠷ ᠲᠣᠬᠢᠶᠠᠯᠳᠤᠬᠤ᠂ ᠵᠡᠷᠭᠡ ᠬᠡᠷᠬᠡᠮ ᠲᠠᠪᠰᠢᠨ ᠡᠳ᠋ ᠠᠰᠢᠭ ᠣᠯᠵᠤ᠂ ᠠᠯᠢᠪᠠ ᠦᠢᠯᠡᠰ ᠤᠷᠤᠭᠰᠢᠲᠠᠢ᠂ ᠬᠤᠯᠤᠭᠠᠨ᠎ᠠ ᠵᠢᠯ ᠳ᠋ᠦ᠍ᠷ ᠪᠠᠶᠠᠷ ᠴᠡᠩᠭᠡᠯ ᠲᠣᠬᠢᠶᠠᠯᠳᠤᠬᠤ᠃
● ᠴᠡᠭᠡᠷᠯᠡᠬᠦ ᠣᠷᠣᠨ ᠵᠦᠭ : ᠮᠣᠳᠣᠨ ᠣᠷᠣᠨ ᠳ᠋ᠤ᠌ ᠪᠠᠷᠠᠭᠤᠨᠰᠢ ᠠᠶᠠᠯᠠᠬᠤ ᠶ᠋ᠢ ᠴᠡᠭᠡᠷᠯᠡᠨ᠂ ᠤᠮᠠᠷᠠᠰᠢ ᠠᠶᠠᠯᠠᠪᠠᠯ ᠠᠰᠢᠭ ᠣᠯᠵᠠ ᠲᠠᠢ᠃
● ᠨᠠᠰᠤᠨ ᠬᠤᠲᠤᠭ : 85-90 ᠨᠠᠰᠤᠯᠠᠮᠤᠢ᠂ ᠡᠯᠢᠭᠡ ᠶ᠋ᠢᠨ ᠦᠷᠪᠢᠰᠦᠯ ᠡᠪᠡᠳᠴᠢᠨ ᠢ᠋ᠶ᠋ᠡᠷ ᠠᠷᠪᠠᠨ ᠰᠠᠷ᠎ᠠ ᠳ᠋ᠤᠷ ᠡᠴᠦᠰᠯᠡᠮᠦᠢ᠃
● ᠲᠣᠬᠢᠷᠠᠬᠤ ᠠᠵᠢᠯ : ᠰᠢᠨ᠎ᠡ ᠮᠠᠶᠢᠭ ᠤ᠋ᠨ ᠬᠤᠪᠴᠠᠰᠤ ᠵᠢᠷᠤᠭᠯᠠᠨ ᠲᠥᠯᠥᠪᠯᠡᠭᠴᠢ᠂ ᠤᠷᠠᠯᠢᠭᠴᠢᠨ᠂ ᠡᠷᠬᠢᠯᠡᠭᠴᠢ᠃
● ᠰᠣᠩᠭᠣᠬᠤ ᠬᠠᠨᠢ : ᠡᠷᠡᠭᠲᠡᠢ ᠬᠥᠮᠦᠨ ᠨᠣᠬᠠᠢ ᠬᠣᠨᠢ ᠭᠠᠬᠠᠢ ᠲᠠᠢ ᠬᠣᠯᠪᠣᠵᠤ᠂ ᠡᠮᠡᠭᠲᠡᠢ ᠬᠥᠮᠦᠨ ᠨᠣᠬᠠᠢ ᠮᠣᠷᠢ ᠭᠠᠬᠠᠢ ᠲᠠᠢ ᠬᠣᠯᠪᠣᠪᠠᠯ ᠰᠠᠢᠨ᠂ ᠲᠠᠤᠯᠠᠢ ᠨᠣᠬᠠᠢ ᠬᠣᠯᠪᠣᠪᠠᠯ ᠬᠠᠮᠤᠭ ᠰᠠᠢᠨ᠂ ᠲᠠᠤᠯᠠᠢ ᠨᠣᠬᠠᠢ ᠬᠣᠯᠪᠣᠪᠠᠯ ᠭᠡᠷ ᠪᠦᠯᠢ ᠪᠠᠶᠠᠷ ᠬᠥᠷ ᠲᠡᠢ᠂ ᠠᠯᠲᠠ ᠮᠥᠩᠭᠥ ᠠᠪᠳᠠᠷ᠎ᠠ ᠲᠦᠭᠦᠷᠡᠬᠦ᠃ ᠲᠠᠤᠯᠠᠢ ᠲᠠᠬᠢᠶ᠎ᠠ ᠲᠠᠢ ᠬᠣᠯᠪᠣᠪᠠᠯ ᠨᠢᠳᠦᠨ ᠨᠢᠯᠪᠤᠰᠤ ᠲᠠᠰᠤᠷᠠᠬᠤ ᠦᠭᠡᠢ ᠶᠡᠬᠡ ᠮᠠᠭᠤ ᠪᠣᠯᠠᠢ᠃
● ᠬᠥᠬᠡᠭᠴᠢᠨ ᠲᠠᠤᠯᠠᠢ ᠠᠨᠤ : ᠪᠤᠲᠠ ᠶ᠋ᠢᠨ ᠲᠠᠤᠯᠠᠢ᠂ ᠶᠡᠬᠡ ᠨᠠᠭᠤᠷ ᠤ᠋ᠨ ᠤᠰᠤᠨ ᠤ᠋ ᠮᠠᠬᠠᠪᠣᠳ᠂ ᠡᠷᠡᠰ ᠰᠢᠭᠤᠷᠬᠠᠢ ᠯᠠᠪᠳᠠᠭᠤᠨ᠂ ᠬᠥᠳᠡᠯᠬᠦ ᠳᠤᠷᠠᠲᠠᠢ᠂ ᠦᠭᠡ ᠳᠠᠭᠤ ᠲᠠᠢ᠂ ᠰᠡᠴᠡᠨ ᠰᠡᠷᠭᠦᠯᠡᠩ᠂ ᠬᠠᠢᠷ᠎ᠠ ᠰᠡᠳᠬᠢᠯᠭᠡ ᠪᠡᠷ ᠪᠠᠶᠠᠯᠢᠭ᠂ ᠡᠷᠬᠢᠮ ᠳᠡᠭᠡᠳᠦ ᠬᠤᠪᠢ ᠵᠠᠶᠠᠭ᠎ᠠ ᠲᠠᠢ᠂ ᠵᠢᠭᠠᠬᠠᠨ ᠬᠠᠷᠠᠮᠴᠢ᠂ ᠶᠠᠭᠠᠷᠠᠮᠲᠠᠭᠠᠢ ᠵᠠᠩ ᠲᠠᠢ᠃
● ᠤᠯᠠᠭᠴᠢᠨ ᠲᠠᠤᠯᠠᠢ ᠠᠨᠤ : ᠴᠡᠴᠡᠭ ᠡᠮᠬᠦᠭᠰᠡᠨ ᠲᠠᠤᠯᠠᠢ᠂ ᠬᠥᠭᠡᠷᠭᠡᠨ ᠭᠠᠯ ᠤ᠋ᠨ ᠮᠠᠬᠠᠪᠣᠳ᠂ ᠬᠠᠲᠠᠭᠤ ᠰᠡᠳᠬᠢᠯ ᠲᠡᠢ ᠪᠠᠴᠢᠮ ᠵᠠᠩ ᠲᠠᠢ᠂ ᠪᠤᠰᠤᠳ ᠲᠤᠷ ᠬᠠᠯᠠᠭᠤᠮᠰᠤᠭ᠂ ᠴᠠᠭᠠᠪᠤᠷᠢ ᠰᠡᠳᠬᠢᠯ ᠲᠡᠢ᠂ ᠡᠬᠢᠨ ᠳ᠋ᠡᠭᠡᠨ ᠵᠣᠪᠠᠵᠤ ᠳᠤᠮᠳᠠ ᠨᠠᠰᠤᠨ᠎ᠠ ᠠᠰᠢᠭ ᠣᠯᠵᠠ ᠲᠠᠢ᠂ ᠥᠴᠦᠬᠡᠨ ᠬᠥᠮᠦᠨ ᠤᠷᠤᠭ ᠤᠨ ᠤᠴᠢᠷ ᠢ ᠡᠪᠳᠡᠬᠦ᠃
● ᠰᠢᠷᠬᠠᠴᠢᠨ ᠲᠠᠤᠯᠠᠢ ᠠᠨᠤ᠂ ᠪᠤᠷᠴᠠᠭ ᠤ᠋ᠨ ᠴᠢᠬᠢ ᠶ᠋ᠢᠨ ᠲᠠᠤᠯᠠᠢ᠂ ᠬᠣᠲᠠ ᠶ᠋ᠢᠨ ᠣᠷᠣᠢ ᠶ᠋ᠢᠨ ᠰᠢᠷᠣᠢ ᠶ᠋ᠢᠨ ᠮᠠᠬᠠᠪᠣᠳ᠂ ᠡᠷᠡᠭᠲᠡᠢ ᠨᠢ ᠨᠣᠶᠠᠨ ᠰᠠᠭᠤᠬᠤ᠂ ᠡᠮᠡᠭᠲᠡᠢ ᠨᠢ ᠠᠯᠲᠠ ᠮᠥᠩᠭᠥ ᠡᠳ᠋ᠯᠡᠬᠦ᠃ ᠬᠥᠮᠦᠨ ᠨᠢ ᠬᠡᠭᠡᠮᠰᠦᠭ ᠲᠡᠭᠷᠢ ᠶ᠋ᠢ ᠲᠤᠯᠬᠤ ᠰᠦᠷ ᠰᠦᠯᠳᠡ ᠲᠡᠢ᠂ ᠵᠠᠩ ᠠᠭᠠᠯᠢ ᠬᠠᠯᠠᠭᠤᠮᠰᠤᠭ ᠬᠠᠢᠷ᠎ᠠ ᠰᠡᠳᠬᠢᠯᠭᠡ ᠪᠣᠷᠣᠭᠵᠢᠭᠤᠨ᠂ ᠤᠷᠤᠭ ᠬᠣᠯᠪᠣᠭ᠎ᠠ ᠰᠠᠨᠠᠭᠠᠨ ᠳ᠋ᠤᠷ ᠨᠡᠢᠴᠡᠬᠦ ᠦᠭᠡᠢ᠃
● ᠴᠠᠭᠠᠭᠴᠢᠨ ᠲᠠᠤᠯᠠᠢ ᠠᠨᠤ : ᠬᠡᠭᠡᠷ᠎ᠡ ᠶ᠋ᠢᠨ ᠲᠠᠤᠯᠠᠢ᠂ ᠠᠷᠴᠠ ᠮᠣᠳᠣᠨ ᠤ᠋ ᠮᠠᠬᠠᠪᠣᠳ᠂ ᠡᠶ᠎ᠡ ᠨᠠᠢᠷᠠᠮᠳᠠᠬᠤ᠂ ᠬᠠᠢᠷ᠎ᠠ ᠰᠡᠳᠬᠢᠯᠭᠡ ᠪᠠᠶᠠᠯᠢᠭ᠂ ᠠᠮᠢᠳᠤᠷᠠᠯ ᠳ᠋ᠤᠷ ᠪᠠᠶᠠᠷᠯᠠᠩᠭᠤᠢ᠂ ᠠᠰᠢᠭ ᠡᠯᠪᠡᠭ ᠵᠠᠶᠠᠭ᠎ᠠ ᠰᠠᠢᠨ᠃
● ᠬᠠᠷᠠᠭᠴᠢᠨ ᠲᠠᠤᠯᠠᠢ ᠠᠨᠤ : ᠲᠠᠷᠢᠶᠠᠨ ᠴᠢᠬᠢ ᠶ᠋ᠢᠨ ᠲᠠᠤᠯᠠᠢ᠂ ᠰᠢᠷ ᠦ᠋ᠨ ᠲᠡᠮᠦᠷ ᠦ᠋ᠨ ᠮᠠᠬᠠᠪᠣᠳ᠂ ᠬᠤᠪᠢ ᠵᠠᠶᠠᠭ᠎ᠠ ᠠᠨᠤ ᠪᠠᠶᠠᠨ᠂ ᠨᠠᠢᠵᠢ ᠣᠯᠠᠨ᠂ ᠥᠩᠭᠡ ᠳ᠋ᠦ᠍ᠷ ᠢᠯᠠᠭᠳᠠᠬᠤ᠃
