《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠨᠢᠭᠡᠳᠦᠭᠡᠷ ᠪᠦᠯᠦᠭ> "Хөх судар" он нөхвөр дэвтэр - Инжинаш <Дөчин нэгдүгээр бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠨᠢᠭᠡᠳᠦᠭᠡᠷ ᠪᠦᠯᠦᠭ> "Хөх судар" он нөхвөр дэвтэр - Инжинаш <Дөчин нэгдүгээр бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ < ᠳᠥᠴᠢᠨ ᠨᠢᠭᠡᠳᠦᠭᠡᠷ ᠪᠦᠯᠦᠭ> "Хөх судар" он нөхвөр дэвтэр - Инжинаш <Дөчин нэгдүгээр бүлэг>

ᠠᠩᠭᠢᠯᠠᠯ:ᠲᠡᠦᠬᠡ ᠰᠣᠶᠣᠯ
2024-04-27

304

《ᠬᠥᠬᠡ ᠰᠤᠳᠤᠷ》 ᠤᠨ ᠨᠥᠬᠥᠪᠦᠷᠢ ᠲᠡᠪᠲᠡᠷ - ᠳᠥᠴᠢᠨ ᠨᠢᠭᠡᠳᠦᠭᠡᠷ ᠪᠦᠯᠦᠭ


       ᠡᠮᠦᠨᠡᠲᠦ ᠰᠥᠩ ᠦ᠋ᠨ ᠨᠢᠩᠽᠥ᠋ᠩ ᠦ᠋ᠨ ᠺᠠᠢ ᠰᠢ ᠬᠡᠮᠡᠬᠦ ᠶ᠋ᠢᠨ ᠲᠡᠷᠢᠭᠦᠨ ᠣᠨ ᠪᠥᠭᠡᠳ ᠳᠤᠮᠳᠠᠳᠤ ᠠᠯᠲᠠᠨ ᠤᠯᠤᠰ ᠤ᠋ᠨ ᠵᠠᠩᠽᠦ᠋ᠩ ᠦ᠋ᠨ ᠲᠡᠢ ᠾᠧ ᠬᠡᠮᠡᠬᠦ ᠶ᠋ᠢᠨ ᠲᠠᠪᠤᠳᠤᠭᠠᠷ ᠣᠨ ᠪᠠᠢᠭᠰᠠᠭᠠᠷ᠂ ᠬᠣᠢᠲᠤ ᠪᠸᠲ᠋ᠠ᠋ ᠡᠤᠯᠤᠰ ᠤ᠋ᠨ ᠲᠠᠢᠽᠦ ᠳᠥᠴᠢᠨ ᠳᠥᠷᠪᠡᠨ ᠰᠡᠭᠦᠳᠡᠷᠲᠡᠢ᠂ ᠬᠥᠬᠡᠭᠴᠢᠨ ᠦᠬᠡᠷ ᠵᠢᠯ ᠪᠠᠢᠭᠰᠠᠭᠠᠷ᠃  

               ᠳᠥᠴᠢᠨ ᠨᠢᠭᠡᠳᠦᠭᠡᠷ ᠪᠦᠯᠦᠭ 

       ᠰᠣᠪ ᠰᠤᠯᠠ ᠰᠥᠩ ᠨᠢᠩᠽᠥ᠋ᠩ ᠬᠠᠭᠠᠨ ᠤ᠋ ᠰᠣᠪ ᠰᠣᠨᠢᠨ ᠬᠠᠨ ᠲᠦᠸᠧ ᠵᠧᠦ ᠴᠧᠩᠰᠢᠶᠠᠩ ᠤ᠋ᠨ ᠦᠢᠯᠡᠳᠪᠦᠷᠢ 
         ᠰᠣᠭᠲᠣᠭᠤᠷᠠᠮ᠎ᠠ ᠦᠵᠡᠰᠬᠦᠯᠡᠩ ᠰᠣᠯᠣᠩᠭᠤᠤ᠎ᠠ ᠭᠦᠩᠵᠦ ᠶ᠋ᠢᠨ ᠰᠤᠷᠭᠠᠯ ᠰᠣᠶᠣᠯᠲᠤ ᠠ ᠰᠢᠨ ᠨᠠ ᠨᠠᠭᠠᠴᠤ ᠶ᠋ᠢᠨ ᠲᠠᠢᠯᠪᠤᠷᠢ    

            ᠤᠰᠤᠨ ᠪᠣᠯᠣᠷ ᠤ᠋ᠨ ᠲᠤᠭᠤᠷᠭ᠎ᠠ ᠲᠠᠰᠤᠯᠪᠤᠷᠢ ᠶ᠋ᠢ ᠤᠬᠢᠶᠠᠨ ᠠᠷᠴᠢᠮᠠᠭᠴᠠ ᠲᠤᠶᠠᠭ᠎ᠠ ᠳᠣᠨᠣᠯᠵᠠᠵᠤ   
            ᠤᠷᠢᠳᠤᠰ ᠳᠡᠭᠡᠳᠦᠰ ᠦ᠋ᠨ ᠵᠤᠵᠠᠭᠠᠨ ᠬᠡᠰᠢᠭ ᠡᠭᠦᠷᠢ ᠤᠷᠲᠤᠳᠠ ᠭᠡᠭᠡᠬᠡᠨ ᠲᠤᠩᠭᠠᠯᠠᠭ   
            ᠤᠯᠤᠰ ᠪᠠᠢᠭᠤᠯᠤᠭᠰᠠᠨ ᠲᠠᠢᠽᠦ ᠡᠪᠦᠭᠡ ᠶ᠋ᠢᠨ ᠤᠯᠠᠮᠵᠢᠯᠠᠯ ᠤᠳᠤᠮ ᠦᠭᠡᠢ ᠪᠣᠯᠪᠠᠰᠤ    
            ᠤᠷᠠᠯᠠᠭᠰᠠᠨ ᠮᠡᠳᠡᠷᠲᠦ ᠲᠠᠪᠤᠨ ᠳᠠᠪᠬᠤᠷ ᠤᠷᠲᠤ ᠬᠠᠷᠰᠢ ᠳ᠋ᠤᠷ ᠣᠷᠣᠰᠢᠬᠤ ᠴᠡᠩᠭᠡᠯ ᠪᠠᠢᠮᠤᠢ ᠤᠤ ?

       ᠲᠡᠨᠳᠡᠴᠡ ᠡᠮᠦᠨᠡᠲᠦ ᠰᠥᠩ ᠤᠯᠤᠰ ᠤ᠋ᠨ ᠥᠭᠡᠨᠴᠡ ᠡᠵᠡᠨ ᠦ᠌ ᠥᠭᠡᠳᠡ ᠦᠭᠡᠢ ᠴᠧᠩᠰᠢᠶᠠᠩ ᠬᠠᠨ ᠲᠦᠸᠧ ᠵᠧᠦ᠂ ᠬᠠᠷᠠᠬᠠᠨ ᠨᠢᠳᠤᠨᠤᠨ ᠤ᠋ ᠬᠥᠬᠡ ᠬᠤᠯᠤᠭᠠᠨ᠎ᠠ ᠵᠢᠯ ᠡᠴᠡ ᠡᠬᠢᠯᠡᠨ᠂ ᠴᠡᠷᠢᠭ ᠪᠠᠢᠭᠤᠯᠤᠨ ᠴᠡᠴᠡᠷᠬᠡᠨ ᠦᠢᠯᠡᠳᠲᠡᠯ᠎ᠡ ᠴᠢᠪᠬᠢᠲᠡᠯ᠎ᠡ ᠨᠢᠳᠤᠨᠤᠨ ᠵᠢᠯ ᠯᠢᠨ ᠠᠨ ᠪᠠᠯᠭᠠᠰᠤᠨ᠎ᠠ ᠬᠣᠶᠠᠳᠤᠭᠠᠷ ᠤᠳᠠᠭ᠎ᠠ ᠶ᠋ᠢᠨ ᠶᠡᠬᠡ ᠭᠠᠯ ᠤ᠋ᠨ ᠭᠠᠮᠰᠢᠭ ᠳᠡᠭᠳᠡᠵᠦ ᠮᠠᠰᠢᠳᠠ ᠥᠯᠵᠡᠢ ᠪᠤᠰᠤ ᠪᠣᠯᠵᠤ᠂ ᠴᠡᠷᠢᠭ ᠢᠷᠭᠡᠨ ᠦ᠌ ᠬᠤᠳᠠᠯᠳᠤᠭ᠎ᠠ ᠵᠡᠭᠡᠯᠢ ᠶ᠋ᠢᠨ ᠭᠡᠷ ᠪᠠ ᠰᠤᠯᠠ ᠢᠷᠭᠡᠳ ᠦ᠋ᠨ ᠡᠷᠦᠬᠡ ᠬᠡᠳᠦᠢᠴᠢᠨᠡᠭᠡᠨ ᠵᠠᠭᠤᠨ ᠵᠢᠶᠠᠨ ᠲᠦᠢᠮᠡᠷᠳᠡᠭᠳᠡᠨ ᠰᠢᠲᠠᠵᠤ᠂ ᠲᠦᠰᠢᠮᠡᠯ ᠲᠦᠰᠢᠶ᠎ᠡ᠂ ᠵᠠᠩᠵᠤᠨ ᠴᠡᠷᠢᠭ ᠪᠠ ᠬᠤᠳᠠᠯᠳᠤᠭ᠎ᠠ ᠠᠷᠠᠯᠵᠢᠶ᠎ᠠ ᠠᠷᠠᠳ ᠢᠷᠭᠡᠳ ᠨᠡᠢᠲᠡ ᠪᠡᠷ ᠭᠠᠰᠠᠯᠤᠯᠴᠠᠨ ᠭᠠᠰᠢᠭᠤᠳᠠᠪᠠᠴᠤ ᠬᠡᠷᠡᠭ ᠦᠯᠦ ᠪᠣᠯᠭᠠᠨ᠂ ᠨᠡᠩ ᠪᠠᠰᠠ ᠡᠨᠡ ᠵᠢᠯ ᠦ᠋ᠨ ᠭᠤᠷᠪᠠᠨ ᠰᠠᠷ᠎ᠠ ᠶ᠋ᠢᠨ ᠰᠢᠨ᠎ᠡ ᠶ᠋ᠢᠨ ᠭᠤᠷᠪᠠᠨ ᠠ᠋ᠴᠠ ᠬᠡᠪ ᠭᠡᠭᠡᠬᠡᠨ ᠡᠳᠦᠷ ᠨᠡᠷᠡᠨ᠎ᠡ ᠲᠡᠢ ᠪᠠᠢ - ᠴᠣᠯᠮᠣᠨ ᠠᠯᠲᠠᠨ ᠣᠳᠣᠨ ᠬᠢᠯᠠᠪᠠᠯᠵᠠᠨ ᠦᠵᠡᠭᠳᠡᠵᠦ᠂ ᠳᠡᠯᠡᠬᠡᠢ ᠳ᠋ᠠᠬᠢᠨ᠎ᠠ ᠲᠡᠮᠦᠷ ᠦ᠋ᠨ ᠵᠡᠪᠰᠡᠭ ᠪᠠ ᠵᠠᠷ ᠮᠡᠰᠡ ᠬᠠᠪᠢᠷᠤᠯᠳᠤᠨ ᠬᠠᠷᠰᠢᠯᠠᠵᠤ ᠂ ᠭᠠᠩ ᠬᠠᠪᠰᠠᠷᠭᠠᠨ ᠪᠣᠯᠬᠤ ᠵᠡᠷᠭᠡ ᠶ᠋ᠢᠨ ᠢᠷᠣ᠎ᠠ ᠰᠣᠪᠢᠩ ᠢ᠋ ᠦᠵᠡᠨ ᠪᠥᠭᠡᠳ ᠥᠴᠦᠬᠡᠨ ᠴᠦ᠍ ᠬᠢᠴᠢᠶᠡᠨ ᠰᠡᠷᠡᠮᠵᠢᠯᠡᠨ ᠠᠶᠤᠨ ᠪᠣᠯᠭᠣᠮᠵᠢᠯᠠᠬᠤ ᠰᠡᠳᠬᠢᠯ ᠦᠭᠡᠢ᠃ ᠲᠡᠢ ᠪᠠᠢ - ᠴᠣᠯᠮᠣᠨ ᠣᠳᠣᠨ ᠢᠯᠡᠷᠡᠨ ᠬᠠᠭᠠᠰ ᠰᠠᠷ᠎ᠠ ᠬᠢᠯᠠᠪᠠᠯᠵᠠᠬᠤ ᠶ᠋ᠢ ᠴᠦ᠍ ᠪᠠᠢᠲᠤᠭᠠᠢ᠂ ᠬᠠᠭᠠᠰ ᠵᠢᠯ ᠬᠢᠯᠠᠪᠠᠯᠵᠠᠪᠠᠴᠤ ᠬᠡᠷᠡᠭ ᠦᠯᠦ ᠪᠣᠯᠭᠠᠨ ᠬᠠᠷᠢᠨ ᠭᠡᠳᠡᠷᠭᠦ ᠮᠢᠨᠦ ᠴᠡᠷᠢᠭ ᠬᠡᠷᠡᠭᠯᠡᠬᠦ ᠢᠨᠤ ᠲᠡᠭᠷᠢ ᠶ᠋ᠢᠨ ᠴᠠᠭ ᠢ᠋ ᠣᠯᠪᠠ ᠭᠡᠮᠡᠨ ᠨᠡᠩ ᠢᠯᠡᠭᠦᠦ ᠥᠷᠨᠢᠨ ᠣᠮᠣᠭᠰᠢᠭᠠᠳ᠂ ᠵᠦᠭ ᠵᠦᠭ ᠦ᠋ᠨ ᠲᠦᠰᠢᠮᠡᠯ ᠲᠥᠰᠢᠶ᠎ᠡ ᠶ᠋ᠢ ᠥᠪᠡᠷᠦᠨ ᠳᠤᠷ᠎ᠠ ᠵᠣᠷᠢᠭ ᠢ᠋ᠶ᠋ᠠᠷ ᠥᠭᠡᠳᠡ ᠤᠷᠤᠭᠤ ᠤᠯᠠᠷᠢᠭᠤᠯᠤᠨ ᠳᠡᠪᠰᠢᠭᠦᠯᠵᠦ ᠂ ᠥᠰᠬᠡᠭᠰᠡᠨ ᠪᠠ ᠪᠠᠭᠤᠷᠠᠭᠤᠯᠤᠭᠰᠠᠨ ᠢ᠋ ᠠᠨᠤ ᠲᠣᠭᠠᠴᠢᠪᠠᠰᠤ ᠂ ᠰᠥᠩ ᠤᠯᠤᠰ ᠤ᠋ᠨ ᠯᠢᠨ ᠠᠨ ᠨᠡᠢᠰᠯᠡᠯ ᠦ᠋ᠨ ᠰᠢᠳᠤᠷᠭᠤ ᠰᠠᠢᠳ ᠸᠧᠢ ᠱᠢ ᠶ᠋ᠢᠨ ᠬᠡᠮᠡᠭᠴᠢ ᠶ᠋ᠢ ᠵᠢᠩ ᠶᠤᠸᠠᠨ ᠹᠦ ᠬᠡᠮᠡᠬᠦ ᠲᠡᠭᠦᠨᠦ ᠴᠡᠷᠢᠭ ᠡᠯᠰᠡᠬᠦ ᠬᠣᠲᠠ ᠳ᠋ᠤᠷ ᠳᠡᠪᠰᠢᠭᠦᠯᠦᠨ ᠂ ᠭᠠᠵᠠᠷ ᠣᠷᠣᠨ ᠢ᠋ ᠰᠠᠬᠢᠬᠤ ᠰᠢᠦᠸᠠᠨ ᠸᠧᠢ ᠲᠦᠰᠢᠮᠡᠯ ᠪᠣᠯᠭᠠᠭᠰᠠᠨ ᠳ᠋ᠤᠷ ᠸᠧᠢ ᠱᠢ ᠶ᠋ᠢᠨ ᠲᠡᠭᠦᠨ ᠢ᠋ ᠳᠠᠢᠰᠤᠨ ᠢ᠋ ᠬᠠᠯᠬᠠᠯᠠᠬᠤ ᠬᠠᠯᠬᠠᠪᠴᠢ ᠪᠣᠯᠭᠠᠭᠰᠠᠨ ᠢ᠋ ᠮᠡᠳᠡᠭᠡᠳ᠂ ᠳᠠᠬᠢᠨ ᠳᠠᠪᠲᠠᠨ ᠮᠠᠷᠭᠤᠨ ᠭᠤᠶᠤᠪᠠᠴᠤ ᠪᠣᠯᠬᠤ ᠦᠭᠡᠢ ᠳ᠋ᠦ᠍ᠷ ᠠᠷᠭ᠎ᠠ ᠦᠭᠡᠢ ᠥᠪᠡᠷᠦᠨ ᠨᠡᠢᠰᠯᠡᠯ ᠦ᠋ᠨ ᠤᠭ ᠲᠤᠰᠢᠶᠠᠯ ᠵᠡᠷᠭᠡ ᠪᠡᠨ ᠣᠷᠬᠢᠨ ᠭᠡᠭᠡᠭᠡᠳ ᠤᠷᠭᠤᠨ ᠵᠠᠢᠯᠠᠵᠤ ᠤᠭ ᠨᠤᠲᠤᠭ ᠲᠠᠭᠠᠨ ᠡᠭᠡᠵᠦ ᠡᠴᠢᠪᠡ᠃ ᠵᠢᠴᠢ ᠪᠠᠰᠠ ᠳᠡᠪᠰᠢᠭᠦᠯᠦᠭᠰᠡᠨ ᠢᠨᠤ᠂ ᠥᠪᠡᠷᠦᠨ ᠮᠠᠭᠤ ᠪᠠᠨ ᠬᠠᠯᠬᠠᠯᠠᠬᠤᠢ ᠶ᠋ᠢᠨ ᠲᠤᠯᠠ᠂ ᠰᠢᠳᠤᠷᠭᠤ ᠰᠠᠢᠳ ᠴᠢᠶᠠᠨ ᠰᠢᠶᠠᠩ ᠱᠤ᠌ ᠬᠡᠮᠡᠭᠴᠢ ᠶ᠋ᠢ ᠼᠠᠨ ᡁᠢ ᠵᠧᠩ ᠱᠢ ᠲᠦᠰᠢᠮᠡᠯ ᠪᠣᠯᠭᠠᠵᠤ᠂ ᠪᠠᠰᠠ ᠯᠢᠦ ᠳᠧ ᠰᠢᠦ ᠬᠡᠮᠡᠭᠴᠢ ᠶ᠋ᠢ ᠳᠡᠪᠰᠢᠭᠦᠯᠦᠨ᠂ ᠱᠤ᠌ ᠮᠢ ᠶᠤᠸᠠᠨ ᠬᠡᠮᠡᠬᠦ ᠪᠢᠴᠢᠭ ᠴᠡᠷᠢᠭ ᠦ᠋ᠨ ᠴᠢᠬᠤᠯᠠ ᠶᠠᠮᠤᠨ ᠤ᠋ ᠬᠡᠷᠡᠭ ᠲᠦ᠍ᠷ ᠬᠠᠪᠰᠤᠷᠤᠭᠤᠯᠤᠨ ᠵᠠᠬᠢᠷᠤᠭᠤᠯᠵᠤ᠂ ᠵᠢᠴᠢ ᠪᠠᠰᠠ ᠵᠢᠩ ᠰᠢ ᠭᠠᠵᠠᠷ ᠤ᠋ᠨ ᠬᠣᠢᠲᠤ ᠵᠠᠮ ᠤ᠋ᠨ ᠵᠣᠣ ᠹᠦ ᠱᠢ ᠲᠦᠰᠢᠮᠡᠯ ᠬᠤᠸᠠᠩ ᠹᠦ ᠪᠢᠨ ᠬᠡᠮᠡᠭᠴᠢ ᠶ᠋ᠢ ᠰᠢᠶᠠᠩ ᠶᠠᠩ ᠹᠦ ᠪᠠᠯᠭᠠᠰᠤᠨ ᠤ᠋ ᠵᠣᠣ ᠹᠦ ᠱᠢ ᠪᠣᠯᠭᠠᠨ ᠶᠡᠬᠡ ᠬᠣᠲᠠ ᠳ᠋ᠤᠷ ᠳᠡᠪᠰᠢᠭᠦᠯᠪᠡ᠃ ᠡᠢᠨ ᠬᠦ᠌ ᠵᠣᠷᠢᠭ ᠮᠡᠳᠡᠵᠦ᠂ ᠴᠡᠷᠢᠭ ᠦ᠋ᠨ ᠡᠷᠬᠡ ᠪᠦᠬᠦᠨ ᠢ᠋ ᠬᠣᠷᠢᠶᠠᠨ ᠭᠠᠭᠴᠠᠭᠠᠷ ᠪᠠᠷᠢᠬᠤ ᠵᠠᠮ ᠢ᠋ᠶ᠋ᠠᠷ ᠶᠠᠪᠤᠬᠤᠢ ᠳ᠋ᠤᠷ᠂ ᠨᠡᠢᠰᠯᠡᠯ ᠳ᠋ᠦ᠍ᠷ ᠰᠠᠭᠤᠬᠤ ᠲᠠᠪᠤᠨ ᠵᠠᠭᠤᠨ ᠢᠯᠡᠭᠦᠦ ᠴᠡᠷᠢᠭ ᠦ᠋ᠨ ᠰᠤᠷᠭᠠᠭᠤᠯᠢ ᠶ᠋ᠢᠨ ᠣᠷᠣᠭᠰᠠᠳ ᠨᠠᠷ ᠤ᠋ᠨ ᠲᠡᠷᠢᠭᠦᠯᠡᠭᠴᠢ - ᠴᠡᠷᠢᠭ ᠦ᠋ᠨ ᠣᠷᠣᠭᠰᠠᠳ ᠬᠤᠸᠠ ᠶᠣᠣ ᠬᠡᠮᠡᠭᠴᠢ ᠣᠮᠣᠭᠰᠢᠨ ᠵᠥᠷᠢᠴᠡᠵᠦ᠂ ᠰᠢᠭᠤᠳ ᠬᠠᠨ ᠰᠦ᠍ ᠱᠢ᠂ ᠵᠧᠦ ᠵᠢᠶᠦ᠋ᠨ ᠨᠠᠷ ᠯᠤᠭ᠎ᠠ ᠬᠣᠷᠰᠢᠶᠠᠯᠠᠨ ᠤᠯᠤᠰ ᠢ ᠲᠡᠳᠬᠦᠰᠦᠭᠡᠢ ᠬᠡᠮᠡᠵᠦ᠂ ᠬᠠᠭᠠᠨ ᠡᠵᠡᠨ ᠳ᠋ᠡᠭᠡᠨ: 《ᠬᠠᠨ ᠲᠦᠸᠧ ᠵᠧᠦ ᠪᠡᠷ ᠴᠡᠷᠢᠭ ᠦ᠋ᠨ ᠶᠡᠬᠡ ᠡᠷᠬᠡ ᠶ᠋ᠢ ᠪᠠᠷᠢᠭᠤᠯᠤᠨ ᠵᠠᠬᠢᠷᠤᠭᠤᠯᠪᠠᠰᠤ᠂ ᠭᠠᠳᠠᠭᠠᠳᠤ ᠳᠠᠢᠰᠤᠨ ᠢ᠋ ᠡᠳᠦᠭᠡᠵᠦ ᠢᠷᠡᠭᠦᠯᠦᠭᠡᠳ ᠳᠠᠷᠤᠵᠤ ᠴᠢᠳᠠᠬᠤ ᠦᠭᠡᠢ ᠪᠡᠷ ᠦᠯᠦ ᠪᠠᠷᠠᠨ᠂ ᠭᠡᠳᠡᠷᠭᠦ ᠥᠪᠡᠷᠦᠨ ᠤᠯᠤᠰ ᠲᠠᠭᠠᠨ ᠶᠡᠬᠡ ᠰᠠᠮᠠᠭᠤᠨ ᠡᠳᠦᠭᠦᠯᠵᠦ ᠵᠣᠪᠠᠯᠠᠩ ᠪᠣᠯᠭᠠᠨ᠂ ᠪᠠᠰᠠ ᠠᠯᠲᠠᠨ ᠤᠯᠤᠰ ᠤ᠋ᠨ ᠵᠠᠬ᠎ᠠ ᠬᠢᠵᠠᠭᠠᠷ ᠨᠠᠭᠠᠯᠳᠤᠬᠤ ᠵᠠᠭᠤᠨ ᠤᠪᠤᠭᠳᠠᠨ᠎ᠠ ᠪᠤᠰᠠᠨᠢᠬᠤ ᠰᠠᠷᠨᠢᠬᠤᠢ ᠶ᠋ᠢᠨ ᠬᠦᠨᠳᠦ ᠭᠠᠮᠰᠢᠭ ᠳᠡᠭᠳᠡᠭᠡᠮᠦᠢ᠃ ᠬᠡᠷᠪᠡ ᠲᠡᠭᠦᠨᠦ ᠴᠡᠷᠢᠭ ᠦ᠋ᠨ ᠡᠷᠬᠡ ᠶ᠋ᠢ ᠬᠤᠰᠤᠭᠠᠳ ᠪᠤᠰᠤ ᠰᠠᠢᠳ ᠢ᠋ ᠲᠠᠯᠪᠢᠪᠠᠰᠤ ᠪᠢᠳᠡᠨ ᠦ᠌ ᠰᠥᠩ ᠤᠯᠤᠰ ᠤ᠋ᠨ ᠳᠡᠯᠡᠬᠡᠢ ᠳ᠋ᠠᠬᠢᠨ ᠤ᠋ ᠲᠦᠮᠡᠨ ᠬᠡᠰᠢᠭ ᠪᠣᠯᠠᠢ ! 》 ᠭᠡᠮᠡᠨ ᠬᠣᠴᠢᠯᠠᠨ ᠠᠢᠯᠠᠳᠬᠠᠭᠰᠠᠨ ᠳ᠋ᠤᠷ᠂ ᠰᠥᠩ ᠨᠢᠩᠽᠥ᠋ᠩ ᠬᠡᠮᠡᠭᠴᠢ ᠡᠭᠡᠨᠡᠭᠲᠡ ᠨᠢᠭᠡᠨ ᠲᠥᠷᠥ ᠶ᠋ᠢᠨ ᠬᠡᠷᠡᠭ ᠢ᠋ ᠥᠴᠦᠬᠡᠨ ᠴᠦ᠍ ᠦᠯᠦ ᠬᠠᠢᠬᠤᠷᠬᠤ ᠪᠦᠯᠲᠡᠭᠡᠷ ᠰᠣᠬᠣᠷ ᠬᠠᠭᠠᠨ ᠪᠣᠯᠤᠭᠰᠠᠨ ᠲᠤᠯᠠ ᠬᠣᠴᠢᠯᠠᠯ ᠤ᠋ᠨ ᠨᠤᠭᠤᠯᠪᠤᠷᠢ ᠶ᠋ᠢ ᠦᠵᠡᠭᠡᠳ ᠰᠥᠰᠥ ᠴᠠᠯᠭᠢᠲᠠᠯ᠎ᠠ ᠬᠢᠯᠢᠩᠯᠡᠪᠡᠴᠦ᠂ ᠮᠥᠨ ᠲᠡᠭᠦᠨ ᠦ᠌ ᠵᠠᠯᠢᠬᠠᠢ ᠡᠵᠡᠨ ᠬᠠᠷᠭᠢᠰ ᠰᠠᠢᠳ ᠤ᠋ᠨ ᠠᠷᠭ᠎ᠠ ᠪᠠᠨ ᠬᠡᠷᠡᠭᠯᠡᠨ ᠮᠥᠨ ᠨᠤᠭᠤᠯᠪᠤᠷᠢ ᠳ᠋ᠤᠷ :《ᠴᠡᠷᠢᠭ ᠦ᠋ᠨ ᠣᠷᠣᠭᠰᠠᠳ ᠬᠤᠸᠠ ᠶᠣᠣ ᠤᠯᠤᠰ ᠤ᠋ᠨ ᠲᠥᠯᠥᠭᠡ ᠪᠣᠳᠣᠵᠤ ᠰᠠᠨᠠᠬᠤ ᠲᠤᠯᠠ ᠨᠢᠭᠡᠨ ᠵᠡᠷᠭᠡ ᠲᠡᠮᠳᠡᠭᠯᠡᠵᠦ᠂ ᠵᠢᠶᠠ ᠨᠢᠩ ᠰᠢᠶᠠᠨ ᠤ᠋ ᠭᠠᠵᠠᠷ᠎ᠠ ᠢᠯᠡᠭᠡᠵᠦ᠂ ᠣᠯᠠᠨ ᠢ᠋ ᠤᠬᠠᠭᠤᠯᠤᠨ ᠰᠤᠷᠭ᠎ᠠ ᠭᠡᠮᠡᠨ ᠴᠣᠬᠣᠯᠠᠨ ᠪᠢᠴᠢᠵᠦ ᠪᠠᠭᠤᠯᠭᠠᠮᠠᠭᠴᠠ᠂ ᠬᠠᠷᠢᠶᠠᠲᠤ ᠲᠦᠰᠢᠮᠡᠯ ᠨᠠᠷ ᠬᠤᠸᠠ ᠶᠣᠣ ᠶ᠋ᠢ ᠱᠠᠭᠠᠷᠳᠠᠨ ᠨᠡᠢᠰᠯᠡᠯ ᠡᠴᠡ ᠭᠠᠷᠭᠠᠵᠤ᠂ ᠵᠢᠶᠠ ᠨᠢᠩ ᠰᠢᠶᠠᠨ ᠳ᠋ᠤᠷ ᠢᠯᠡᠭᠡᠵᠦ᠂ ᠬᠠᠷᠢᠶᠠᠲᠤ ᠵᠠᠬᠢᠷᠤᠭᠰᠠᠳ ᠲᠤᠷ ᠴᠢᠩᠳᠠᠯᠠᠨ ᠰᠤᠷᠭᠠᠵᠤ ᠬᠣᠷᠢᠭᠤᠯᠤᠨ ᠬᠠᠳᠠᠭᠠᠯᠠᠭᠤᠯᠪᠠᠢ᠃ ᠡᠨᠡ ᠦᠨᠡᠬᠡᠷ ᠬᠣᠴᠢᠯᠠᠨ ᠵᠠᠭᠠᠯᠳᠤᠭᠰᠠᠨ ᠠᠨᠤ ᠬᠠᠷᠢᠨ ᠡᠷᠭᠦᠨ ᠠᠢᠯᠠᠳᠬᠠᠭᠰᠠᠨ ᠠ᠋ᠴᠠ ᠳᠡᠭᠡᠷ᠎ᠡ ᠪᠣᠯᠵᠤ᠂ ᠳᠣᠯᠣᠭᠠᠨ ᠰᠠᠷ᠎ᠠ ᠳ᠋ᠤᠷ ᠵᠠᠷᠯᠢᠭ ᠪᠠᠭᠤᠯᠭᠠᠨ ᠬᠠᠨ ᠲᠦᠸᠧ ᠵᠧᠦ ᠶ᠋ᠢ ᠤᠯᠤᠰ ᠤ᠋ᠨ ᠬᠣᠲᠠᠯᠠᠭᠠᠷ ᠴᠡᠷᠢᠭ ᠢ᠋ ᠨᠡᠢᠭᠡᠮᠯᠡᠨ ᠵᠠᠬᠢᠷᠬᠤ ᠫᠢᠩ ᠵᠠᠩ ᠵᠢᠶᠦ᠋ᠨ ᠭᠦᠸᠧ ᠱᠢ ᠬᠡᠮᠡᠬᠦ ᠶᠡᠬᠡ ᠡᠷᠬᠡ ᠲᠤᠰᠢᠶᠠᠯ ᠳ᠋ᠤᠷ ᠳᠡᠪᠰᠢᠭᠦᠯᠦᠨ᠂ ᠰᠥᠩ ᠤᠯᠤᠰ ᠤ᠋ᠨ ᠬᠠᠷᠢᠶᠠᠲᠤ ᠭᠠᠵᠠᠷ ᠤ᠋ᠨ ᠳᠡᠯᠡᠬᠡᠢ ᠳ᠋ᠠᠬᠢᠨ ᠤ᠋ ᠪᠢᠴᠢᠭ ᠴᠡᠷᠢᠭ ᠦ᠋ᠨ ᠪᠦᠭᠦᠳᠡ ᠬᠡᠷᠡᠭ ᠢ᠋ ᠬᠠᠮᠲᠤᠳᠬᠠᠨ ᠮᠡᠳᠡᠭᠦᠯᠦᠭᠰᠡᠨ ᠳ᠋ᠦ᠍ᠷ ᠮᠥᠨ ᠬᠦ᠌ ᠡᠨᠡ ᠬᠠᠨ ᠲᠦᠸᠧ ᠵᠧᠦ ᠶ᠋ᠢᠨ ᠳᠣᠣᠷ᠎ᠠ ᠪᠢᠯᠳᠠᠤᠴᠢᠯᠠᠨ ᠲᠦᠰᠢᠵᠦ ᠶᠠᠪᠤᠭᠴᠢ ᠬᠤᠯᠠᠭᠠᠢ ᠶ᠋ᠢᠨ ᠵᠤᠯᠵᠠᠭ᠎ᠠ ᠴᠸᠠ ᠱᠢ ᠴᠢᠶᠠᠩ ᠬᠡᠮᠡᠭᠴᠢ ᠪᠠᠰᠠ ᠳᠠᠩ ᠢᠦ ᠯᠦᠩ ᠲᠡᠷᠢᠭᠦᠲᠡᠢ ᠂ ᠲᠥᠷᠥ ᠶ᠋ᠢᠨ ᠣᠯᠠᠨ ᠪᠢᠯᠳᠠᠤᠴᠢ ᠨᠠᠷ ᠯᠤᠭ᠎ᠠ ᠨᠡᠢᠯᠡᠵᠦ ᠪᠢᠴᠢᠭ ᠠᠢᠯᠠᠳᠬᠠᠨ ᠭᠤᠶᠤᠨ ᠪᠠᠲᠤᠯᠠᠵᠤ᠂ ᠬᠠᠨ ᠲᠦᠸᠧ ᠵᠧᠦ ᠶ᠋ᠢ ᠭᠤᠷᠪᠠᠨ ᠡᠳᠦᠷ ᠲᠦ᠍ᠷ ᠨᠢᠭᠡᠨ ᠤᠳᠠᠭ᠎ᠠ ᠲᠥᠷᠥ ᠳ᠋ᠦ᠍ᠷ ᠭᠠᠷᠬᠤ ᠶᠡᠬᠡ ᠡᠷᠬᠡ ᠶ᠋ᠢ ᠣᠯᠭᠣᠭᠰᠠᠨ ᠲᠡᠷᠡ ᠡᠳᠦᠷ ᠡᠴᠡ ᠡᠬᠢᠯᠡᠨ᠂ ᠡᠷᠬᠡ ᠰᠠᠭᠤᠷᠢᠨ ᠲᠡᠭᠷᠢ ᠳ᠋ᠦ᠍ᠷ ᠲᠤᠯᠵᠤ᠂ ᠡᠭᠦᠨᠴᠡ ᠲᠡᠷᠡ ᠦᠨᠡᠬᠡᠷ ᠭᠡᠷ ᠲᠡᠭᠡᠨ ᠰᠠᠭᠤᠵᠤ ᠳᠡᠯᠡᠬᠡᠢ ᠳ᠋ᠠᠬᠢᠨ ᠤ᠋ ᠵᠠᠰᠠᠭ ᠵᠠᠷᠯᠠᠯ ᠢ᠋ ᠴᠥᠮ ᠳᠡᠭᠦᠨᠦ ᠡᠭᠦᠳᠡᠨ᠎ᠡ ᠪᠣᠯᠭᠠᠭᠠᠳ᠂ ᠲᠥᠷᠥ ᠳ᠋ᠦ᠍ᠷ ᠭᠠᠷᠪᠠᠰᠤ᠂ ᠮᠠᠷᠭᠠᠲᠠ ᠡᠳᠦᠷ ᠦ᠋ᠨ ᠬᠡᠷᠡᠭ ᠪᠦᠷᠢ ᠶ᠋ᠢᠨ ᠬᠠᠭᠤᠯᠤᠮᠠᠯ ᠵᠠᠷᠯᠢᠭ ᠤ᠋ᠨ ᠪᠠᠭᠤᠵᠤ ᠢᠷᠡᠬᠦ ᠢᠨᠤ ᠴᠠᠰᠤᠨ ᠤ᠋ ᠯᠠᠪᠰᠠ ᠮᠡᠲᠦ᠃ ᠶᠠᠮᠪᠠᠷ ᠬᠡᠷᠡᠭ ᠢ ᠴᠦ᠍ ᠲᠡᠷᠡ ᠴᠥᠮ ᠮᠡᠳᠡᠮᠦᠢ᠂ ᠶᠠᠮᠪᠠᠷ ᠵᠡᠷᠭᠡ ᠶ᠋ᠢᠨ ᠬᠠᠷᠭᠢᠰ ᠮᠠᠭᠤ ᠶᠣᠰᠣ ᠬᠠᠤᠯᠢ ᠦᠭᠡᠢ ᠬᠡᠷᠡᠭ ᠶᠠᠪᠤᠳᠠᠯ ᠢ᠋ ᠦᠢᠯᠡᠳᠪᠡᠴᠦ᠂ ᠠᠶᠤᠮᠰᠢᠭ ᠦᠭᠡᠢ ᠨᠢᠭᠡᠨ ᠦᠭᠡ ᠴᠦ᠍ ᠬᠡᠯᠡᠬᠦ ᠬᠥᠮᠦᠨ ᠦᠭᠡᠢ ᠪᠣᠯᠪᠠ᠃ ᠡᠭᠥᠨᠴᠡ ᠬᠠᠨ ᠲᠦᠸᠧ ᠵᠧᠦ ᠶ᠋ᠢᠨ ᠰᠥᠰᠥ ᠵᠣᠷᠢᠭ ᠨᠢᠭᠡᠨᠲᠡ ᠪᠦᠳᠦᠭᠦᠷᠡᠭᠡᠳ᠂ ᠰᠦ᠍ ᠱᠢ ᠲᠠᠨ ᠬᠡᠮᠡᠭᠴᠢ ᠶ᠋ᠢ ᠰᠡᠵᠢᠭᠯᠡᠵᠦ ᠪᠠᠢᠭᠰᠠᠨ ᠲᠤᠯᠠ ᠠᠩᠬ᠎ᠠ ᠤᠳᠠᠭ᠎ᠠ ᠲᠡᠷᠡ ᠬᠤᠸᠠ ᠶᠣᠣ ᠪᠠᠷ ᠮᠢᠨᠦ ᠭᠡᠮ ᠢ ᠲᠣᠭᠠᠴᠢᠭᠤᠯᠤᠨ ᠪᠤᠷᠤᠭᠤᠰᠢᠶᠠᠨ ᠠᠢᠯᠠᠳᠬᠠᠬᠤᠢ ᠳ᠋ᠤᠷ ᠪᠤᠷᠤᠭᠤᠰᠢᠶᠠᠭᠳᠠᠭᠴᠢ ᠶ᠋ᠢᠨ ᠳᠣᠲᠣᠷ᠎ᠠ ᠪᠠᠰᠠ ᠳᠡᠭᠦᠨᠦ ᠨᠡᠷ᠎ᠡ ᠪᠡᠨ ᠵᠡᠷᠭᠡᠴᠡᠭᠦᠯᠦᠭᠰᠡᠨ ᠢᠨᠣ ᠨᠠᠮᠠᠶᠢ ᠰᠡᠵᠢᠭᠯᠡᠭᠦᠵᠡᠢ ᠭᠡᠮᠡᠨ ᠥᠪᠡᠷᠦᠨ ᠨᠡᠷ᠎ᠡ ᠪᠡᠨ ᠬᠠᠭᠤᠷᠮᠠᠭ ᠢ᠋ᠶ᠋ᠠᠷ ᠣᠷᠣᠭᠤᠯᠤᠭᠰᠠᠨ ᠪᠣᠯᠠᠢ᠃ ᠡᠨᠡ ᠠᠮᠢᠲᠠᠨ ᠡᠭᠡᠨᠡᠭᠲᠡ ᠨᠠᠳᠠ ᠠ᠋ᠴᠠ ᠳᠣᠣᠷ᠎ᠠ ᠦᠭᠡᠢ ᠲᠤᠯᠠ᠂ ᠡᠭᠦᠨ ᠢ ᠡᠰᠡ ᠵᠠᠢᠯᠠᠭᠤᠯᠪᠠᠰᠤ ᠡᠴᠦᠰ ᠲᠦ᠍ᠷ ᠰᠠᠢᠨ ᠦᠭᠡᠢ ᠬᠡᠮᠡᠵᠦ᠂ ᠰᠦ᠍ ᠱᠢ ᠲᠠᠨ ᠢ᠋ ᠠᠨ ᠶᠤᠸᠠᠨ ᠬᠡᠮᠡᠬᠦ ᠭᠠᠵᠠᠷ ᠤ᠋ᠨ ᠵᠢᠶᠧ ᠳᠦ ᠱᠢ ᠲᠦᠰᠢᠮᠡᠯ ᠪᠣᠯᠭᠠᠨ᠂ ᠪᠠᠰᠠ ᠯᠢᠩ ᠾᠧ ᠮᠸᠨ ᠬᠡᠮᠡᠬᠦ ᠪᠣᠭᠣᠮᠲᠠ ᠶ᠋ᠢᠨ ᠬᠡᠷᠡᠭ ᠲᠡᠢ ᠬᠠᠪᠰᠤᠷᠤᠭᠤᠯᠤᠨ ᠵᠠᠬᠢᠷᠤᠭᠤᠯᠤᠨ᠂ ᠨᠢᠭᠡᠮᠦᠰᠦᠨ ᠬᠣᠯᠠ ᠶᠠᠪᠤᠭᠤᠯᠤᠭᠠᠳ ᠰᠠᠶᠢ ᠰᠡᠵᠢᠭᠯᠡᠬᠦ ᠰᠡᠳᠬᠢᠯ ᠰᠤᠯᠠ ᠪᠣᠯᠤᠭᠰᠠᠨ ᠳ᠋ᠤᠷ ᠪᠠᠰᠠ ᠠᠯᠲᠠᠨ ᠤᠯᠤᠰ ᠤ᠋ᠨ ᠴᠡᠷᠢᠭ ᠢ᠋ ᠲᠦᠷ ᠬᠣᠢᠰᠢᠯᠠᠭᠤᠯᠬᠤ ᠠᠷᠭ᠎ᠠ ᠶ᠋ᠢ ᠬᠡᠷᠡᠭᠯᠡᠨ᠂ ᠱᠤ᠌ ᠮᠢ ᠶᠤᠸᠠᠨ ᠤ᠋ ᠳᠣᠲᠣᠷᠠᠬᠢ ᠰᠦᠢ ᠴᠸᠨ ᠬᠡᠮᠡᠭᠴᠢ ᠨᠢᠭᠡᠨ ᠬᠡᠯᠲᠡᠰ ᠦ᠋ᠨ ᠲᠦᠰᠢᠮᠡᠯ ᠦ᠋ᠨ ᠴᠢᠬᠢᠨ ᠳ᠋ᠦ᠍ᠷ ᠡᠢᠮᠦ ᠲᠡᠢᠮᠦ ᠭᠡᠮᠡᠨ ᠰᠤᠷᠭᠠᠵᠤ᠂ ᠠᠯᠲᠠᠨ ᠤᠯᠤᠰ ᠤ᠋ᠨ ᠫᠦ ᠰᠠᠨ ᠺᠦᠢ ᠶ᠋ᠢᠨ ᠴᠡᠷᠢᠭ ᠦ᠋ᠨ ᠬᠦᠷᠢᠶ᠎ᠡ ᠳ᠋ᠦ᠍ᠷ ᠢᠷᠡᠵᠦ᠂ ᠬᠠᠭᠠᠯᠭᠠᠨ ᠤ᠋ ᠬᠥᠮᠦᠨ ᠢ ᠬᠠᠬᠤᠤᠯᠢᠯᠠᠨ ᠫᠦ ᠰᠠᠨ ᠺᠦᠢ ᠳ᠋ᠦ᠍ᠷ ᠣᠯᠵᠤ ᠵᠣᠯᠭᠠᠭᠠᠳ ᠬᠡᠲᠦᠷᠬᠡᠶ᠎ᠡ ᠪᠢᠯᠳᠠᠤᠴᠢᠯᠠᠨ ᠠᠭᠠᠰᠢᠯᠠᠵᠤ ᠴᠡᠷᠢᠭ ᠡᠯᠰᠡᠬᠦ ᠶᠠᠪᠤᠳᠠᠯ ᠢ᠋ ᠠᠰᠠᠭᠤᠭᠰᠠᠨ ᠳ᠋ᠤᠷ ᠫᠦ ᠰᠠᠨ ᠺᠦᠢ ᠬᠡᠮᠡᠭᠴᠢ ᠡᠭᠡᠨᠡᠭᠲᠡ ᠨᠢᠭᠡᠨ ᠪᠣᠬᠢᠷ ᠪᠦᠳᠦᠭᠦᠯᠢᠭ ᠡᠷ᠎ᠡ ᠲᠤᠯᠠᠳᠠ᠂ ᠠᠭᠤᠷᠯᠠᠨ ᠥᠭᠦᠯᠡᠷᠦᠨ᠄ 
       《ᠲᠠᠨ ᠤ᠋ ᠰᠥᠩ ᠤᠯᠤᠰ ᠡᠷᠯᠢᠭ ᠢ᠋ᠶ᠋ᠡᠨ ᠡᠷᠢᠵᠦ᠂ ᠡᠯ᠎ᠡ ᠭᠠᠵᠠᠷ ᠴᠡᠷᠢᠭ ᠡᠯᠰᠡᠨ ᠲᠡᠵᠢᠭᠡᠬᠦ ᠪᠥᠭᠡᠳ ᠬᠠᠷᠢᠨ ᠮᠠᠨ ᠤ᠋ ᠤᠯᠤᠰ ᠤ᠋ᠨ ᠴᠡᠷᠢᠭ ᠢ᠋ ᠠᠰᠠᠭᠤᠮᠤᠢ ᠤᠤ ?》ᠬᠡᠮᠡᠭᠰᠡᠨ᠎ᠡ ᠂ ᠰᠦᠢ ᠴᠧᠨ ᠳᠠᠷᠤᠢ ᠤᠷᠤᠯᠳᠤᠨ ᠥᠭᠦᠯᠡᠷᠦᠨ᠄ 
       《ᠦᠵᠡᠰᠡ ᠶᠡᠬᠡ ᠶᠤᠸᠠᠨᠱᠤᠸᠠᠢ ᠮᠠᠨ ᠤ᠋ ᠰᠥᠩ ᠤᠯᠤᠰ ᠤ᠋ᠨ ᠤᠭ ᠤᠴᠢᠷ ᠢ᠋ ᠮᠡᠳᠡᠬᠦ ᠦᠭᠡᠢ᠃ ᠡᠷᠭᠢᠨ ᠪᠡᠶ᠎ᠡ ᠪᠡᠨ ᠴᠤᠤ ᠦᠭᠡᠰ ᠢ᠋ᠶ᠋ᠡᠷ ᠴᠢᠯᠡᠭᠡᠨ᠂ ᠶᠡᠬᠡ ᠴᠡᠷᠢᠭ ᠢ᠋ ᠬᠥᠳᠡᠯᠭᠡᠬᠦ ᠠᠵᠤᠭᠤ᠂ ᠮᠠᠨ ᠤ᠋ ᠰᠥᠩ ᠤᠯᠤᠰ ᠤ᠋ᠨ ᠲᠥᠷᠥ ᠳ᠋ᠦ᠍ᠷ ᠡᠳᠦᠭᠡ ᠨᠢᠭᠡᠨ ᠬᠠᠷᠭᠢᠰ ᠬᠣᠪᠳᠣᠭ ᠬᠠᠨ ᠲᠦᠸᠧ ᠵᠧᠦ ᠬᠡᠮᠡᠬᠦ ᠴᠧᠩᠰᠢᠶᠠᠩ ᠤᠯᠤᠰ ᠤ᠋ᠨ ᠡᠷᠬᠡ ᠶ᠋ᠢ ᠪᠠᠷᠢᠭᠠᠳ᠂ ᠣᠯᠠᠨ ᠢ᠋ ᠬᠢᠬᠠᠬᠤ ᠶ᠋ᠢᠨ ᠣᠴᠢᠷ᠎ᠠ ᠴᠡᠷᠢᠭ ᠡᠯᠰᠡᠮᠦᠢ᠂ ᠭᠠᠩ ᠬᠠᠪᠰᠠᠷᠭᠠᠨ᠎ᠠ ᠡᠯ᠎ᠡ ᠭᠠᠵᠠᠷ ᠣᠷᠣᠨ᠎ᠠ ᠬᠤᠯᠠᠭᠠᠢ ᠬᠤᠳᠠᠯ ᠳᠦᠭᠦᠷᠴᠦᠬᠦᠢ ᠭᠡᠮᠡᠨ ᠰᠢᠯᠲᠠᠭᠯᠠᠨ ᠠᠢᠯᠠᠳᠬᠠᠭᠰᠠᠨ ᠳ᠋ᠤᠷ᠂ ᠭᠠᠵᠠᠷ ᠣᠷᠣᠨ ᠤ᠋ ᠲᠦᠰᠢᠮᠡᠯ ᠲᠦᠰᠢᠶ᠎ᠡ ᠴᠡᠷᠢᠭ ᠢᠷᠭᠡᠨ ᠬᠠᠨ ᠲᠦᠸᠧ ᠵᠧᠦ ᠳ᠋ᠦ᠍ᠷ ᠡᠳ᠋ ᠥᠭᠬᠦ ᠦᠭᠡᠢ ᠪᠡᠷ ᠥᠪᠡᠷ ᠥᠪᠡᠷᠦᠨ ᠭᠠᠵᠠᠷ ᠣᠷᠣᠨ ᠤ᠋ ᠬᠤᠯᠠᠭᠠᠢ ᠬᠤᠳᠠᠯ ᠢ᠋ᠶ᠋ᠠᠨ ᠥᠪᠡᠷ ᠥᠪᠡᠷ ᠢ᠋ᠶ᠋ᠡᠨ ᠰᠡᠷᠭᠡᠢᠯᠡᠰᠦᠭᠡᠢ ᠭᠡᠮᠡᠨ᠂ ᠭᠠᠵᠠᠷ ᠭᠠᠵᠠᠷ ᠠ᠋ᠴᠠ ᠪᠠᠨ ᠪᠠᠬᠠᠨ ᠡᠳ᠋ ᠠᠮᠤ ᠭᠠᠷᠭᠠᠯᠴᠠᠨ ᠬᠡᠳᠦᠨ ᠪᠦᠯᠦᠭ ᠴᠡᠷᠢᠭ ᠡᠯᠰᠡᠵᠦ᠂ ᠴᠧᠩᠰᠢᠶᠠᠩ ᠬᠠᠨ ᠲᠦᠸᠧ ᠵᠧᠦ ᠶ᠋ᠢᠨ ᠠᠮᠠᠨ ᠢ᠋ ᠪᠥᠭᠯᠡᠵᠦ᠂ ᠨᠢᠭᠡᠨ ᠳᠡᠭᠡᠭᠦᠷ ᠲᠡᠭᠦᠨ ᠳ᠋ᠦ᠍ᠷ ᠠᠭᠤᠷ ᠢ᠋ᠶ᠋ᠠᠨ ᠭᠠᠷᠭᠠᠵᠤ᠂ ᠳᠡᠭᠡᠳᠦ ᠤᠯᠤᠰ ᠯᠤᠭ᠎ᠠ ᠡᠪᠳᠡᠷᠡᠭᠦᠯᠦᠨ ᠬᠠᠷᠭᠢᠰ ᠴᠧᠩᠰᠢᠶᠠᠩ ᠬᠠᠨ ᠲᠦᠸᠧ ᠵᠧᠦ ᠶ᠋ᠢᠨ ᠬᠠᠷᠢᠭᠤᠯᠠᠯ ᠢ ᠦᠵᠡᠰᠦᠭᠡᠢ ᠬᠡᠮᠡᠬᠦ ᠪᠣᠯᠠᠢ 》 ᠬᠡᠮᠡᠭᠰᠡᠨ᠎ᠡ ᠫᠦ ᠰᠠᠨ ᠺᠦᠢ ᠪᠠᠬᠠᠨ ᠢᠲᠡᠭᠡᠮᠵᠢᠯᠡᠬᠦᠶ᠎ᠡ᠂ ᠳᠠᠷᠠᠭ᠎ᠠ ᠪᠠᠷ ᠪᠠᠰᠠ ᠰᠥᠩ ᠤᠯᠤᠰ ᠤ᠋ᠨ ᠬᠠᠷᠰᠢ ᠶ᠋ᠢᠨ ᠡᠮᠦᠨᠡᠬᠢ᠂ ᠨᠡᠢᠰᠯᠡᠯ ᠦ᠋ᠨ ᠳᠠᠷᠤᠭ᠎ᠠ ᠰᠠᠢᠳ ᠶᠠᠪᠤᠬᠤ ᡁᠢ ᠾᠦᠢ ᠱᠢ ᠲᠦᠰᠢᠮᠡᠯ ᠭᠦᠸᠧ ᠨᠢ ᠬᠡᠮᠡᠭᠴᠢ ᠨᠢᠭᠡ᠂ ᠪᠠᠰᠠ ᠬᠣᠣ ᠵᠧᠦ ᠶ᠋ᠢ ᠰᠠᠬᠢᠬᠤ ᠵᠠᠩᠵᠤᠨ ᠲᠢᠶᠠᠨ ᠵᠢᠶᠦ᠋ᠨ ᠮᠠᠢ ᠬᠡᠮᠡᠭᠴᠢ ᠨᠢᠭᠡ᠂ ᠪᠠᠰᠠ ᠵᠠᠮ ᠵᠡᠭᠡᠯᠢ ᠶ᠋ᠢ ᠴᠠᠭᠳᠠᠨ ᠬᠠᠮᠢᠶᠠᠷᠬᠤ ᠾᠦᠩ ᠰᠢᠶᠠᠨ ᠤ᠋ ᠰᠤᠯᠠ ᠢᠷᠭᠡᠨ ᠢ᠋ ᠲᠡᠷᠢᠭᠦᠯᠡᠭᠰᠡᠨ ᠰᠢᠶᠠᠩ ᠵᠠᠩ ᠢᠷᠭᠡᠨ ᠰᠦ᠍ ᠬᠦᠢ ᠬᠡᠮᠡᠭᠴᠢ ᠨᠠᠷ ᠳᠠᠷᠠᠭ᠎ᠠ ᠳᠠᠷᠠᠭ᠎ᠠ ᠪᠠᠷ ᠵᠣᠯᠭᠠᠵᠤ ᠲᠡᠳᠡᠨ ᠦ᠌ ᠥᠴᠢᠬᠦ ᠢᠨᠣ ᠴᠥᠮ ᠨᠢᠭᠡᠨ ᠠᠳᠠᠯᠢ ᠪᠥᠭᠡᠳ ᠪᠠᠰᠠ ᠲᠡᠳᠡᠨ ᠡᠴᠡ ᠭᠠᠵᠠᠷ ᠪᠦᠷᠢ ᠳ᠋ᠦ᠍ᠷ ᠪᠠᠢᠬᠤ ᠴᠡᠷᠢᠭ ᠪᠦᠬᠦᠨ ᠢ ᠢᠨᠣ ᠠᠰᠠᠭᠤᠪᠠᠰᠤ᠂ ᠰᠦ᠍ ᠬᠦᠢ ᠨᠠᠷ ᠤ᠋ᠨ ᠬᠡᠯᠡᠬᠦ ᠢᠨᠣ: 《ᠲᠡᠳᠡᠭᠡᠷ ᠴᠡᠷᠢᠭ ᠦ᠋ᠳ ᠬᠡᠮᠡᠭᠴᠢ ᠭᠠᠩ ᠬᠠᠪᠰᠠᠷᠭᠠᠨ᠎ᠠ ᠶᠠᠳᠠᠭᠤᠷᠠᠭᠰᠠᠨ ᠢᠷᠭᠡᠳ ᠦ᠋ᠨ ᠨᠠᠮ ᠤ᠋ᠨ ᠬᠤᠯᠠᠭᠠᠢ ᠶ᠋ᠢ ᠰᠡᠷᠡᠮᠵᠢᠯᠡᠭᠰᠡᠨ ᠰᠤᠯᠠ ᠢᠷᠭᠡᠨ ᠤ ᠲᠤᠸᠠᠨ ᠯᠢᠶᠠᠨ ᠤ᠋ ᠴᠡᠷᠢᠭ ᠦ᠋ᠳ ᠪᠣᠢ ᠢ᠋᠎ᠠ᠂ ᠠᠯᠪᠠᠨ ᠲᠦᠰᠢᠮᠡᠯ ᠦ᠋ᠨ ᠴᠡᠷᠢᠭ ᠪᠤᠰᠤ ᠪᠣᠯᠠᠢ᠃ ᠡᠳᠡᠭᠡᠷ ᠴᠥᠮ ᠬᠠᠷᠭᠢᠰ ᠴᠧᠩᠰᠢᠶᠠᠩ ᠬᠠᠨ ᠲᠦᠸᠧ ᠵᠧᠦ ᠶ᠋ᠢᠨ ᠡᠳ᠋ ᠬᠢᠬᠠᠬᠤ ᠠᠮᠠᠨ ᠢ ᠬᠠᠯᠬᠠᠯᠠᠨ ᠪᠥᠭᠯᠡᠵᠦ ᠪᠠᠢᠭᠤᠯᠤᠭᠰᠠᠨ ᠲᠤᠸᠠᠨ ᠯᠢᠶᠠᠨ ᠤ᠋ ᠶᠠᠳᠠᠭᠤ ᠵᠦᠳᠡᠭᠦᠦ ᠪᠥᠯᠴᠢᠨ ᠪᠣᠯᠠᠢ᠃ ᠨᠡᠩᠳᠡ ᠪᠠᠰᠠ ᠲᠠᠨ ᠤ᠋ ᠳᠡᠭᠡᠳᠦ ᠤᠯᠤᠰ ᠤ᠋ᠨ ᠪᠠᠷᠰ ᠮᠡᠲᠦ ᠰᠦᠷ ᠰᠦᠯᠳᠡᠲᠦ ᠬᠡᠴᠡᠭᠦᠦ ᠪᠠᠭᠠᠲᠤᠷ ᠵᠠᠩᠵᠤᠨ ᠴᠡᠷᠢᠭ ᠦ᠋ᠳ ᠡᠳᠦᠷ ᠰᠥᠨᠢ ᠦᠭᠡᠢ ᠴᠠᠭᠳᠠᠨ ᠪᠠᠢᠴᠠᠭᠠᠵᠤ ᠶᠠᠪᠤᠬᠤ ᠪᠥᠭᠡᠲᠡᠯ᠎ᠡ᠂ ᠶᠠᠮᠪᠠᠷ ᠠᠶᠤᠮᠰᠢᠭ ᠦᠭᠡᠢ ᠥᠪᠡᠷ᠎ᠡ ᠰᠡᠳᠬᠢᠯ ᠢ ᠡᠪᠦᠷᠯᠡᠨ ᠴᠢᠳᠠᠬᠤ ᠠᠵᠠᠢ ! ᠲᠡᠳᠡᠭᠡᠷ ᠪᠣᠯᠪᠠᠰᠤ ᠴᠥᠮ ᠢ᠋ᠶ᠋ᠡᠷ ᠠᠢᠯ ᠲᠤᠰᠬᠤ ᠶ᠋ᠢᠨ ᠰᠤᠯᠠ ᠢᠷᠭᠡᠳ᠂ ᠡᠳ᠋ ᠠᠮᠤ ᠭᠤᠪᠴᠢᠭᠤᠷᠯᠠᠨ ᠬᠤᠷᠢᠶᠠᠬᠤ ᠶ᠋ᠢ ᠬᠠᠯᠬᠠᠯᠠᠨ ᠥᠪᠡᠷ ᠥᠪᠡᠷᠦᠨ ᠪᠤᠳᠠᠭ᠎ᠠ ᠪᠠᠨ ᠢᠳᠡᠵᠦ ᠥᠪᠡᠷ ᠥᠪᠡᠷᠦᠨ ᠠᠢᠯ ᠠᠢᠮᠠᠭ ᠤ᠋ᠨ ᠬᠤᠯᠠᠭᠠᠢ ᠬᠤᠳᠠᠯ ᠢ᠋ᠶ᠋ᠠᠨ ᠰᠡᠷᠡᠮᠵᠢᠯᠡᠭᠰᠡᠭᠡᠷ ᠡᠳᠦᠭᠡ ᠳ᠋ᠦ᠍ᠷ ᠬᠦᠷᠴᠦ᠂ ᠥᠯᠪᠡᠷᠴᠦ ᠦᠬᠦᠬᠦ ᠪᠠ ᠭᠠᠮᠰᠢᠭ ᠲᠤᠷ ᠦᠬᠦᠬᠦ ᠢᠨᠦ ᠲᠣᠭᠠᠯᠠᠵᠤ ᠪᠠᠷᠠᠬᠤ ᠦᠭᠡᠢ ᠪᠣᠯᠪᠠᠢ 》ᠬᠡᠮᠡᠭᠰᠡᠨ ᠳ᠋ᠦ᠍ᠷ᠂ ᠫᠦ ᠰᠠᠨ ᠺᠦᠢ ᠤᠭ ᠠ᠋ᠴᠠ ᠮᠥᠨ ᠾᠧᠨᠠᠨ ᠳ᠋ᠤᠷ ᠰᠠᠭᠤᠬᠤ ᠳᠤᠷ᠎ᠠ ᠦᠭᠡᠢ ᠶ᠋ᠢᠨ ᠳᠡᠭᠡᠷ᠎ᠡ ᠪᠠᠰᠠ ᠡᠳᠡᠭᠡᠷ ᠦᠭᠡᠰ ᠢ᠋ ᠰᠣᠨᠣᠰᠴᠤ ᠤᠯᠠᠮ ᠢ᠋ᠶ᠋ᠠᠷ ᠮᠡᠬᠡᠯᠡᠬᠦ ᠠᠷᠭ᠎ᠠ ᠳ᠋ᠤᠷ ᠤᠨᠠᠵᠤ᠂ ᠲᠠᠰᠢᠶᠠᠷᠠᠨ ᠴᠠᠯᠠᠭᠠᠢᠷᠠᠵᠤ ᠦᠨᠡᠮᠰᠢᠶᠡᠭᠡᠳ᠂ ᠡᠭᠦᠨ ᠢ᠋ ᠴᠥᠮ ᠠᠢᠯᠠᠳᠬᠠᠨ ᠶᠠᠪᠤᠭᠤᠯᠤᠭᠰᠠᠨ᠎ᠠ ᠠᠯᠲᠠᠨ ᠤᠯᠤᠰ ᠤ᠋ᠨ ᠡᠵᠡᠨ ᠵᠠᠩᠽᠥ᠋ᠩ ᠸᠠᠨ ᠶᠠᠨ ᠵᠢᠩ ᠨᠢᠭᠡᠮᠦᠰᠦᠨ ᠢᠲᠡᠭᠡᠮᠵᠢᠯᠡᠨ ᠪᠠᠶᠠᠷᠯᠠᠬᠤᠶ᠎ᠠ᠂ ᠣᠯᠠᠨ ᠰᠠᠢᠳ ᠤ᠋ᠳ ᠬᠠᠷᠢᠨ ᠢᠲᠡᠭᠡᠮᠵᠢᠯᠡᠬᠦ ᠦᠭᠡᠢ᠂《ᠡᠵᠡᠨ ᠡᠨᠡ ᠦᠭᠡᠰ ᠢ᠋ ᠦᠯᠦ ᠢᠲᠡᠭᠡᠮᠵᠢᠯᠡᠮᠦ ! 》ᠭᠡᠮᠡᠨ ᠬᠣᠷᠢᠭᠯᠠᠨ ᠠᠢᠯᠠᠳᠬᠠᠪᠠᠴᠤ  ᠬᠠᠭᠠᠨ ᠸᠠᠨ ᠶᠠᠨ ᠵᠢᠩ᠂ ᠡᠭᠡᠨᠡᠭᠲᠡ ᠠᠮᠤᠷ ᠲᠤᠩᠭᠠᠯᠠᠭ ᠲᠤᠷ ᠢ᠋ᠶ᠋ᠠᠨ ᠳᠠᠪᠰᠢᠭᠤᠷᠠᠭᠰᠠᠨ ᠢ᠋ᠶ᠋ᠠᠷ ᠡᠨᠡ ᠴᠡᠷᠢᠭ ᠢ᠋ ᠡᠳᠦᠭᠦᠯᠬᠦ ᠳᠤᠷ᠎ᠠ ᠦᠭᠡᠢ ᠲᠤᠯᠠ᠂ ᠣᠯᠠᠨ ᠰᠠᠢᠳ ᠤ᠋ᠳ ᠤ᠋ᠨ ᠵᠦᠭ ᠥᠭᠦᠯᠡᠷᠦᠨ᠄ 
       《ᠮᠡᠬᠦᠰ ᠬᠥᠮᠦᠨ ᠦ᠌ ᠲᠠᠲᠠᠭᠠᠯᠵᠠᠬᠤ ᠠᠨᠤ᠂ ᠡᠮᠦᠨᠡᠲᠦ ᠰᠥᠩ᠂ ᠮᠢᠨᠦ ᠠᠯᠲᠠᠨ ᠤ᠋ ᠡᠮᠦᠨ᠎ᠡ ᠤᠮᠠᠷ᠎ᠠ᠂ ᠬᠠᠷᠢᠯᠴᠠᠨ ᠳᠥᠴᠢ ᠢᠯᠡᠭᠦᠦ ᠣᠨ ᠨᠠᠢᠷᠠᠯᠳᠤᠨ ᠶᠠᠪᠤᠭᠰᠠᠨ ᠢ᠋ᠶ᠋ᠠᠷ ᠮᠠᠨ ᠤ᠋ ᠤᠯᠤᠰ ᠤ᠋ᠨ ᠢᠷᠭᠡᠳ ᠴᠡᠷᠢᠭ ᠲᠡᠢᠨ ᠦ᠌ ᠦᠢᠯᠡᠰ ᠢ᠋ ᠥᠴᠦᠬᠡᠨ ᠴᠦ᠍ ᠴᠢᠳᠠᠬᠤ ᠦᠭᠡᠢ ᠪᠣᠯᠤᠭᠰᠠᠨ ᠲᠤᠯᠠ ᠮᠡᠬᠦᠰ ᠪᠢ ᠣᠯᠠᠨ ᠤ᠋ ᠵᠣᠪᠠᠭᠤᠷᠢ ᠶ᠋ᠢ ᠪᠣᠳᠣᠮᠤᠢ᠃ ᠦᠨᠡᠬᠡᠷ ᠬᠡᠷᠪᠡ ᠲᠡᠢᠨ ᠳᠠᠢᠰᠤᠨ ᠦᠭᠡᠢ ᠪᠣᠯᠪᠠᠰᠤ ᠤᠯᠤᠰ ᠤ᠋ᠨ ᠡᠳ᠋ ᠢ᠋ ᠢᠯᠡᠭᠦᠴᠡ ᠪᠦᠷᠢᠯᠭᠡᠨ ᠢᠷᠭᠡᠨ ᠦ᠌ ᠬᠦᠴᠦᠨ ᠢ᠋ ᠮᠣᠬᠣᠭᠠᠵᠤ ᠶᠠᠭᠤᠬᠢᠮᠤᠢ ? 》 ᠬᠡᠮᠡᠵᠦ᠂ ᠫᠦ ᠰᠠᠨ ᠺᠦᠢ ᠶ᠋ᠢᠨ ᠨᠤᠭᠤᠯᠪᠤᠷᠢ ᠶ᠋ᠢ ᠵᠥᠪᠰᠢᠶᠡᠨ᠂ ᠾᠧᠨᠠᠨ ᠤ᠋ ᠶᠡᠬᠡ ᠰᠢᠦᠸᠠᠨ ᠹᠦ ᠱᠢ ᠶ᠋ᠢᠨ ᠴᠡᠷᠢᠭ ᠢ᠋ ᠲᠠᠲᠠᠵᠤ ᠡᠭᠡᠭᠦᠯᠦᠨ᠂ ᠰᠢᠨ᠎ᠡ ᠡᠯᠰᠡᠨ ᠴᠤᠭᠯᠠᠭᠤᠯᠤᠭᠰᠠᠨ ᠴᠡᠷᠢᠭ ᠢ᠋ ᠴᠥᠮ ᠲᠠᠷᠬᠠᠭᠠᠭᠰᠠᠨ ᠢ᠋ᠶ᠋ᠠᠷ ᠲᠡᠳᠡᠭᠡᠷ ᠴᠡᠷᠢᠭ ᠦ᠋ᠳ ᠢᠳᠡᠬᠦ ᠡᠮᠦᠰᠬᠦ ᠦᠭᠡᠢ ᠪᠣᠯᠵᠤ ᠰᠥᠩ᠂ ᠠᠯᠲᠠᠨ ᠬᠣᠶᠠᠷ ᠤᠯᠤᠰ ᠤ᠋ᠨ ᠵᠠᠪᠰᠠᠷ᠎ᠠ ᠭᠠᠵᠠᠷ ᠰᠠᠮᠠᠭᠤᠨ ᠳᠡᠭᠳᠡᠭᠡᠪᠡᠢ᠃ ᠡᠨᠡ ᠮᠡᠳᠡᠭᠡ ᠶ᠋ᠢ ᠰᠥᠩ ᠤᠯᠤᠰ ᠤ᠋ᠨ ᠬᠠᠨ ᠲᠦᠸᠧ ᠵᠧᠦ ᠰᠣᠨᠣᠰᠴᠤ᠂ ᠥᠴᠦᠬᠡᠨ ᠲᠡᠳᠦᠢ ᠠᠷᠭ᠎ᠠ ᠪᠠᠷ ᠢ᠋ᠶ᠋ᠠᠨ ᠠᠯᠲᠠᠨ ᠤᠯᠤᠰ ᠤ᠋ᠨ ᠠᠷᠪᠠᠨ ᠲᠦᠮᠡᠨ ᠢ᠋ ᠠᠷᠭᠠᠳᠠᠪᠠᠢ ᠭᠡᠮᠡᠨ ᠮᠠᠰᠢᠳᠠ ᠣᠮᠣᠭᠰᠢᠨ᠂ ᠲᠡᠭᠦᠨᠦ ᠲᠥᠯᠥᠭᠡ ᠠᠯᠲᠠᠨ ᠤᠯᠤᠰ ᠢ᠋ ᠮᠡᠬᠡᠯᠡᠭᠰᠡᠨ᠂ ᠱᠠᠨᠳᠦ᠋ᠩ ᠢ᠋ ᠵᠠᠬᠢᠷᠬᠤ ᠲᠤᠰᠢᠶᠠᠯ ᠤ᠋ᠨ ᡁᠢ ᠾᠦᠢ ᠱᠢ ᠲᠦᠰᠢᠮᠡᠯ ᠭᠦᠸᠧ ᠨᠢ ᠶ᠋ᠢ ᠳᠡᠪᠰᠢᠭᠦᠯᠦᠨ ᠶᠠᠩ ᠵᠧᠦ ᠶ᠋ᠢᠨ ᠶᠡᠬᠡ ᠪᠠᠯᠭᠠᠰᠤᠨ᠂ ᠶᠠᠩ ᠵᠧᠦ ᠬᠣᠲᠠ ᠶ᠋ᠢ ᠵᠠᠬᠢᠷᠠᠬᠤ ᡁᠢ ᠹᠦ ᠱᠢ ᠲᠦᠰᠢᠮᠡᠯ ᠪᠣᠯᠭᠠᠨ ᠡᠷᠭᠦᠭᠡᠳ᠂ ᠡᠨᠡ ᠶᠢᠰᠦᠨ ᠰᠠᠷ᠎ᠠ ᠳ᠋ᠤ᠌ ᠪᠠᠰᠠ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠲᠥᠷᠥᠭᠰᠡᠨ ᠡᠳᠦᠷ ᠲᠣᠷ ᠬᠠᠨ ᠲᠦᠸᠧ ᠵᠧᠦ᠂ ᠠᠯᠲᠠᠨ ᠤᠯᠤᠰ ᠤ᠋ᠨ ᠴᠡᠷᠢᠭ ᠦ᠋ᠨ ᠦᠨᠡᠨ ᠬᠤᠳᠠᠯ ᠢ ᠲᠡᠩᠰᠡᠭᠦᠯᠬᠦᠢ ᠶ᠋ᠢᠨ ᠲᠤᠯᠠ᠂ ᠮᠥᠨ ᠬᠦ᠌ ᠳᠡᠭᠦᠨᠦ ᠨᠢᠭᠡᠨ ᠨᠠᠮ ᠤ᠋ᠨ ᠴᠧᠨ ᠵᠢᠩ ᠱᠦᠨ ᠬᠡᠮᠡᠭᠴᠢ ᠶ᠋ᠢ ᠠᠯᠲᠠᠨ ᠤᠯᠤᠰ ᠤ᠋ᠨ ᠪᠠᠶᠠᠷ ᠲᠤᠷ ᠨᠡᠢᠯᠡᠭᠦᠯᠦᠷ᠎ᠡ ᠢᠯᠡᠭᠡᠭᠰᠡᠨ ᠳ᠋ᠦ᠍ᠷ ᠠᠯᠲᠠᠨ ᠤᠯᠤᠰ ᠶᠣᠰᠣᠴᠢᠯᠠᠨ ᠬᠦᠨᠳᠦᠯᠡᠭᠡᠳ᠂ ᠱᠠᠩᠨᠠᠨ ᠡᠭᠡᠭᠦᠯᠬᠦ ᠬᠡᠮᠡᠲᠡᠯ᠎ᠡ ᠠᠯᠲᠠᠨ ᠤ᠋ ᠬᠠᠭᠠᠨ ᠸᠠᠨ ᠶᠠᠨ ᠵᠢᠩ᠂ ᠴᠸᠨ ᠵᠢᠩ ᠱᠦᠨ ᠢ᠋ ᠪᠠᠷᠠᠭᠠᠳᠠᠭᠤᠯᠤᠨ ᠨᠢᠭᠤᠷ ᠵᠣᠯᠭᠠᠵᠤ ᠵᠠᠷᠯᠢᠭ ᠪᠣᠯᠤᠷᠤᠨ : 
       《 ᠡᠷᠲᠡ ᠮᠡᠬᠦᠰ ᠬᠥᠮᠦᠨ ᠦ᠌ ᠳᠡᠭᠡᠳᠦᠰ ᠦ᠋ᠨ ᠱᠸᠽᠥ᠋ᠩ ᠦ᠋ᠨ ᠦᠶ᠎ᠡ ᠶ᠋ᠢᠨ ᠳᠡ ᠳ᠋ᠢᠩ ᠦ᠋ᠨ ᠣᠨ ᠠ᠋ᠴᠠ ᠡᠬᠢᠯᠡᠨ᠂ ᠡᠷᠭᠢᠨ ᠲᠠᠨ ᠤ᠋ ᠰᠥᠩ ᠤᠯᠤᠰ᠂ ᠮᠠᠨ ᠤ᠋ ᠤᠯᠤᠰ ᠲᠤᠷ ᠦᠶᠡᠯᠢᠳ ᠬᠥᠪᠡᠭᠦᠨ ᠦ᠌ ᠤᠯᠤᠰ ᠪᠣᠯᠤᠨ ᠡᠶᠡᠯᠡᠨ ᠨᠠᠢᠷᠠᠯᠳᠤᠭᠰᠠᠨ ᠠ᠋ᠴᠠ ᠢᠨᠠᠭᠰᠢ᠂ ᠮᠡᠬᠦᠰ ᠬᠥᠮᠦᠨ ᠪᠢ ᠳᠡᠭᠡᠳᠦᠰ ᠦ᠋ᠨ ᠵᠠᠷᠯᠢᠭ ᠢ᠋ᠶ᠋ᠠᠨ ᠬᠢᠴᠢᠶᠡᠩᠭᠦᠢᠯᠡᠨ ᠳᠠᠭᠠᠵᠤ᠂ ᠬᠢᠷᠢ ᠬᠤᠪᠢ ᠪᠠᠨ ᠰᠠᠬᠢᠨ ᠠᠲᠠᠯ᠎ᠠ᠂ ᠲᠠᠨ ᠤ᠋ ᠤᠯᠤᠰ ᠬᠢᠯᠢ ᠬᠢᠵᠠᠭᠠᠷ ᠢ᠋ ᠳᠠᠬᠢᠨ ᠳᠠᠪᠲᠠᠨ ᠳᠠᠪᠠᠵᠤ᠂ ᠬᠠᠯᠳᠠᠨ ᠰᠠᠮᠠᠭᠤᠷᠠᠭᠤᠯᠬᠤᠶ᠎ᠠ ᠮᠡᠬᠦᠰ ᠪᠢ ᠠᠷᠭ᠎ᠠ ᠦᠭᠡᠢ ᠳ᠋ᠡᠭᠡᠨ ᠾᠧᠨᠠᠨ ᠮᠣᠵᠢ ᠳ᠋ᠤᠷ ᠶᠡᠬᠡ ᠵᠠᠩᠵᠤᠨ ᠢᠯᠡᠭᠡᠵᠦ ᠰᠢᠦᠸᠠᠨ ᠹᠦ ᠱᠢ ᠪᠠᠢᠭᠤᠯᠤᠭᠰᠠᠨ ᠪᠥᠯᠥᠭᠡ᠃ ᠲᠡᠢᠨ ᠪᠣᠯᠪᠠᠴᠤ ᠪᠢ ᠪᠠᠰᠠ ᠬᠦ᠌ ᠲᠠᠨ ᠤ᠋ ᠤᠯᠤᠰ ᠤ᠋ᠨ ᠵᠠᠬ᠎ᠠ ᠬᠡᠴᠡ ᠶ᠋ᠢᠨ ᠳᠣᠲᠣᠷ᠎ᠠ ᠥᠴᠦᠬᠡᠨ ᠴᠦ᠍ ᠬᠠᠯᠳᠠᠭᠤᠯᠤᠭᠰᠠᠨ ᠦᠭᠡᠢ᠂ ᠨᠢᠭᠡᠨ ᠬᠠᠭᠠᠰ ᠢ ᠪᠠᠰᠠ ᠮᠢᠨᠦ ᠶᠠᠨ ᠵᠢᠩ ᠳ᠋ᠦ᠍ᠷ ᠠᠪᠴᠢᠷᠠᠪᠠ᠂ ᠬᠡᠵᠢᠶ᠎ᠡ ᠲᠠᠨ ᠤ᠋ ᠤᠯᠤᠰ ᠴᠡᠷᠢᠭ ᠢ᠋ᠶ᠋ᠡᠨ ᠲᠠᠲᠠᠪᠠᠰᠤ ᠪᠢ ᠳᠠᠷᠤᠢ ᠾᠧᠨᠠᠨ ᠤ᠋ ᠰᠢᠦᠸᠠᠨ ᠹᠦ ᠱᠢ ᠶ᠋ᠢ ᠮᠥᠨ ᠪᠦᠷᠢᠨ᠎ᠡ ᠲᠠᠲᠠᠵᠤ ᠬᠤᠷᠢᠶᠠᠰᠤᠭᠠᠢ᠃ ᠦᠨᠡᠨ ᠢ᠋ ᠬᠡᠯᠡᠪᠡᠰᠦ ᠡᠷᠭᠢᠨ ᠤᠯᠤᠰ᠂ ᠮᠡᠬᠦᠰ ᠮᠢᠨᠦ ᠭᠦᠷᠦᠨ ᠬᠣᠶᠠᠷ ᠣᠨ ᠤᠳᠠᠲᠠᠯ᠎ᠠ ᠰᠠᠢᠨ ᠰᠠᠢᠬᠠᠨ ᠶᠠᠪᠤᠭᠰᠠᠨ ᠢ᠋ ᠪᠣᠳᠣᠵᠤ᠂ ᠮᠡᠬᠦᠰ ᠬᠥᠮᠦᠨ ᠪᠢ ᠰᠡᠪ ᠠᠪᠤᠨ ᠬᠡᠷᠡᠭ ᠡᠳᠦᠵᠦ ᠲᠡᠢᠨ ᠳᠡᠭᠳᠡᠭᠡᠬᠦ ᠦᠭᠡᠢ᠂ ᠬᠡᠳᠦᠨ ᠤᠳᠠᠭ᠎ᠠ ᠶ᠋ᠢ ᠴᠥᠮ ᠴᠢᠷᠮᠠᠢᠨ ᠬᠦᠯᠢᠴᠡᠨ ᠠᠬᠤᠢ ᠪᠠ ᠳᠠᠬᠢᠨ ᠳᠠᠪᠲᠠᠨ ᠲᠡᠰᠪᠦᠷᠢᠯᠡᠨ ᠥᠩᠭᠡᠷᠡᠭᠦᠯᠬᠦ ᠶ᠋ᠢ ᠲᠠᠨ ᠤ᠋ ᠤᠯᠤᠰ ᠤ᠋ᠨ ᠡᠵᠡᠨ - ᠮᠢᠨᠦ ᠲᠡᠷᠡ ᠬᠥᠪᠡᠭᠦᠨ ᠦᠶᠡᠲᠦ ᠬᠠᠭᠠᠨ ᠪᠠᠬᠠᠨ ᠴᠤ᠌ ᠮᠡᠳᠡᠬᠦ ᠦᠭᠡᠢ ᠵᠦᠭᠡᠷ ᠵᠢᠷᠭᠠᠨ ᠰᠠᠭᠤᠬᠤ ᠠᠨᠤ ᠪᠣᠯᠠᠢ᠃ ᠵᠡᠷᠭᠡᠯᠡᠳᠡᠭᠡ ᠤᠯᠤᠰ ᠤ᠋ᠨ ᠵᠣᠴᠢᠨ ᠴᠢᠩ ᠴᠢᠨᠦ ᠪᠡᠶ᠎ᠡ ᠤᠯᠤᠰ ᠲᠠᠭᠠᠨ ᠡᠭᠡᠵᠦ ᠡᠴᠢᠪᠡᠰᠦ ᠮᠢᠨᠦ ᠡᠳᠡᠭᠡᠷ ᠥᠪ ᠦᠨᠡᠩᠭᠦ ᠪᠡᠷ ᠰᠠᠢᠬᠠᠨ ᠶᠠᠪᠤᠯᠴᠠᠰᠤᠭᠠᠢ ᠬᠡᠮᠡᠬᠦ ᠰᠠᠢᠨ ᠰᠠᠨᠠᠭᠠᠨ ᠢ᠋ ᠮᠢᠨᠦ ᠬᠡᠳᠦᠢᠪᠡᠷ ᠪᠢᠴᠢᠭ ᠦᠭᠡᠢ ᠪᠣᠯᠪᠠᠴᠤ ᠪᠠᠷ ᠴᠢᠩ ᠴᠢ ᠡᠵᠡᠨ ᠳ᠋ᠡᠭᠡᠨ ᠥᠪᠡᠷᠦᠨ ᠠᠮᠠᠨ ᠢ᠋ᠶ᠋ᠠᠷ ᠰᠡᠩᠬᠡᠷᠡᠲᠡᠯ᠎ᠡ ᠬᠡᠯᠡᠵᠦ᠂ ᠤᠭ ᠶᠣᠰᠣᠭᠠᠷ ᠬᠠᠷᠢᠯᠴᠠᠨ ᠲᠡᠢᠨ ᠳᠠᠢᠰᠤᠨ ᠦᠭᠡᠢ ᠪᠡᠷ ᠶᠠᠪᠤᠯᠴᠠᠰᠤᠭᠠᠢ᠃ ᠬᠡᠳᠦᠢ ᠪᠢᠴᠢᠭ ᠪᠣᠢ ᠪᠣᠯᠪᠠᠴᠤ᠂ ᠬᠥᠪᠡᠭᠦᠨ ᠦᠶᠡᠲᠦ ᠬᠠᠭᠠᠨ ᠴᠢᠨᠦ ᠵᠢᠷᠭᠠᠯ ᠳ᠋ᠤᠷ ᠰᠢᠨᠤᠵᠤ ᠶᠠᠮᠠᠷᠪᠠ ᠪᠢᠴᠢᠭ ᠢ᠋ ᠴᠦ᠍ ᠦᠵᠡᠬᠦ ᠦᠭᠡᠢ᠂ ᠠᠯᠢᠪᠠ ᠪᠦᠬᠦᠨ ᠢ᠋ᠶ᠋ᠡᠨ ᠨᠡᠢᠲᠡ ᠪᠡᠷ ᠬᠠᠨ ᠲᠦᠸᠧ ᠵᠧᠦ ᠳ᠋ᠦ᠍ᠷ ᠲᠤᠰᠢᠶᠠᠭᠰᠠᠨ ᠲᠤᠯᠠ ᠰᠠᠶᠢ ᠳᠠᠷᠤᠭᠳᠠᠨ ᠪᠤᠯᠠᠭᠳᠠᠬᠤ ᠶ᠋ᠢ ᠮᠡᠳᠡᠵᠦ᠂ ᠵᠣᠴᠢᠨ ᠴᠢᠩ ᠴᠢᠨᠦ ᠠᠮᠠᠨ ᠢ᠋ᠶ᠋ᠠᠷ ᠬᠡᠯᠡᠭᠦᠯᠬᠦ ᠪᠣᠯᠠᠢ᠃ ᠬᠣᠶᠠᠷ ᠤᠯᠤᠰ ᠤ᠋ᠨ ᠢᠷᠭᠡᠨ ᠦ᠌ ᠭᠠᠮᠰᠢᠭ ᠢ᠋ ᠵᠣᠭᠰᠣᠭᠠᠪᠠᠰᠤ ᠵᠣᠬᠢᠨᠠᠮ ᠪᠢᠰᠢᠦ ?  》ᠬᠡᠮᠡᠵᠦᠬᠦᠢ᠃ ᠴᠸᠨ ᠵᠢᠩ ᠱᠦᠨ ᠡᠨᠡ ᠮᠡᠲᠦ ᠰᠠᠢᠬᠠᠨ ᠦᠭᠡᠰ ᠢ᠋ ᠰᠣᠨᠣᠰᠴᠤ᠂ ᠳᠣᠲᠣᠷ᠎ᠠ ᠪᠠᠨ ᠦᠨᠡᠨ ᠦᠭᠡᠰ ᠦ᠋ᠨ ᠵᠥᠪ ᠢ᠋ ᠢᠨᠤ ᠪᠣᠳᠣᠭᠰᠠᠭᠠᠷ᠂ ᠰᠥᠩ ᠤᠯᠤᠰ ᠲᠠᠭᠠᠨ ᠬᠦᠷᠴᠦ᠂ ᠡᠳᠡᠭᠡᠷ ᠦᠭᠡᠰ ᠢ ᠲᠥᠷᠥᠯ ᠦ᠋ᠨ ᠠᠬ᠎ᠠ ᠴᠧᠨ ᠱᠢ ᠴᠢᠶᠠᠩ ᠳ᠋ᠤᠷ ᠤᠷᠢᠳᠠ ᠬᠡᠯᠡᠭᠰᠡᠨ ᠳ᠋ᠦ᠍ᠷ ᠴᠧᠨ ᠱᠢ ᠴᠢᠶᠠᠩ ᠬᠡᠮᠡᠭᠴᠢ ᠬᠠᠨ ᠲᠦᠸᠧ ᠵᠧᠦ ᠶ᠋ᠢᠨ ᠲᠡᠷᠢᠭᠦᠨ ᠨᠢᠭᠡᠨ ᠪᠢᠯᠳᠠᠤᠴᠢ ᠳᠣᠣᠷᠠᠳᠤᠰ ᠲᠤᠯᠠ ᠬᠠᠭᠠᠨ ᠳ᠋ᠤᠷ ᠨᠢᠭᠡᠨ ᠦᠭᠡ ᠴᠦ᠍ ᠬᠡᠯᠡᠭᠦᠯᠦᠭᠰᠡᠨ ᠦᠭᠡᠢ ᠪᠡᠷ ᠦᠯᠦ ᠪᠠᠷᠠᠨ᠂ ᠭᠡᠳᠡᠷᠭᠦ ᠬᠠᠷᠢᠨ ᠬᠠᠷᠢᠭᠤ ᠵᠠᠷᠯᠢᠭ ᠪᠢᠴᠢᠭ ᠪᠠ ᠲᠡᠳᠡᠭᠡᠷ ᠦᠭᠡᠰ ᠲᠡᠢ ᠴᠥᠮ ᠢ᠋ ᠬᠠᠨ ᠲᠦᠸᠧ ᠵᠧᠦ ᠳ᠋ᠦ᠍ᠷ ᠪᠦᠬᠦᠯᠢ ᠪᠡᠷ ᠡᠷᠭᠦᠨ ᠬᠦᠷᠭᠡᠭᠰᠡᠨ ᠳ᠋ᠦ᠍ᠷ ᠬᠠᠨ ᠲᠦᠸᠧ ᠵᠧᠦ ᠬᠠᠲᠠᠭᠤ ᠰᠡᠳᠬᠢᠯ ᠢ᠋ ᠨᠡᠩᠳᠡ ᠬᠡᠳᠦᠢᠴᠢᠨᠡᠭᠡᠨ ᠬᠤᠪᠢ ᠨᠡᠮᠡᠵᠦ ᠪᠠᠷᠢᠨ᠂ ᠴᠡᠷᠢᠭᠯᠡᠬᠦ ᠵᠦᠢᠯ ᠢ᠋ ᠤᠯᠠᠮ ᠬᠦᠴᠦᠳᠡᠶ᠎ᠡ ᠱᠠᠭᠠᠷᠳᠠᠨ ᠴᠢᠩᠭᠠᠯᠠᠨ ᠡᠭᠦᠰᠬᠡᠵᠦ᠂ ᠴᠢᠦ ᠶᠣᠣ ᠬᠡᠮᠡᠭᠴᠢ ᠶ᠋ᠢ ᠣᠯᠠᠨ ᠢ᠋ᠶ᠋ᠠᠷ ᠰᠠᠢᠰᠢᠶᠠᠳᠠᠭ ᠲᠤᠯᠠ ᠲᠡᠭᠦᠨ ᠢ ᠡᠷᠭᠦᠨ᠂ ᠵᠢᠶᠠᠩ ᠬᠤᠸᠠᠢ ᠶ᠋ᠢᠨ ᠵᠡᠷᠭᠡ ᠶᠡᠬᠡ ᠭᠠᠵᠠᠷ᠎ᠠ ᠰᠢᠦᠸᠠᠨ ᠹᠦ ᠱᠢ ᠲᠠᠯᠪᠢᠪᠠᠰᠤ ᠣᠯᠠᠨ ᠤ᠋ ᠰᠡᠳᠬᠢᠯ ᠢ᠋ ᠬᠣᠷᠢᠶᠠᠨ ᠳᠠᠭᠠᠭᠤᠯᠵᠤ᠂ ᠴᠡᠷᠢᠭ ᠦ᠋ᠨ ᠠᠷᠠᠳ ᠦᠯᠡᠮᠵᠢ ᠪᠤᠯᠬᠤᠢ ᠳ᠋ᠤᠷ ᠰᠠᠢᠨ ᠭᠡᠮᠡᠨ ᠶᠢᠰᠦᠨ ᠰᠠᠷ᠎ᠠ ᠳ᠋ᠤ᠌ ᠬᠠᠭᠠᠨ ᠳ᠋ᠠᠭᠠᠨ ᠠᠢᠯᠠᠳᠬᠠᠨ᠂ ᠴᠢᠦ ᠶᠣᠣ ᠶ᠋ᠢ ᠲᠡᠷᠡ ᠮᠡᠲᠦᠴᠢᠯᠡᠨ ᠡᠷᠭᠦᠮᠵᠢᠯᠡᠭᠰᠡᠨ ᠳ᠋ᠦ᠍ᠷ ᠴᠢᠦ ᠶᠣᠣ ᠮᠠᠷᠭᠤᠵᠤ ᠦᠬᠦᠪᠡᠴᠦ ᠬᠦᠯᠢᠶᠡᠨ ᠠᠪᠬᠤ ᠦᠭᠡᠢ᠃ ᠤᠴᠢᠷ ᠠᠨᠤ᠂ ᠤᠷᠢᠳᠤ ᠡᠳᠦᠷ ᠬᠠᠨ ᠲᠦᠸᠧ ᠵᠧᠦ ᠣᠨᠴᠠ ᠥᠪᠡᠷᠦᠨ ᠡᠷᠬᠡ ᠰᠦᠷ ᠢ᠋ᠶ᠋ᠡᠨ ᠶᠡᠬᠡᠳᠬᠡᠬᠦ ᠶ᠋ᠢ ᠭᠣᠷᠢᠯᠠᠨ ᠠᠯᠲᠠᠨ ᠤᠯᠤᠰ ᠢ᠋ ᠳᠠᠬᠢᠨ ᠳᠠᠪᠲᠠᠨ ᠬᠠᠯᠳᠠᠨ ᠪᠠᠢᠯᠳᠤᠬᠤ ᠴᠡᠷᠢᠭ ᠪᠠᠢᠭᠤᠯᠬᠤ ᠵᠠᠮ ᠢ᠋ ᠴᠢᠦ ᠶᠣᠣ ᠯᠤᠭ᠎ᠠ ᠵᠥᠪᠳᠡᠨ ᠬᠡᠯᠡᠯᠴᠡᠬᠦᠶ᠎ᠡ ᠴᠢᠦ ᠶᠣᠣ᠂ ᠠᠯᠲᠠᠨ ᠤᠯᠤᠰ ᠯᠤᠭ᠎ᠠ ᠶ᠋ᠢᠨ ᠤᠭ ᠤ᠋ᠨ ᠰᠠᠢᠬᠠᠨ ᠨᠠᠢᠷ ᠢ᠋ ᠡᠪᠳᠡᠵᠦ ᠬᠠᠯᠳᠠᠨ ᠪᠠᠢᠯᠳᠤᠪᠠᠰᠤ ᠤᠯᠤᠰ ᠲᠥᠷᠥ ᠶ᠋ᠢᠨ ᠠᠰᠢᠭ ᠵᠣᠪᠠᠯᠠᠩ ᠪᠠ ᠣᠯᠠᠨ ᠢᠷᠭᠡᠨ ᠦ᠌ ᠠᠮᠢᠨ ᠵᠠᠶᠠᠭ᠎ᠠ ᠬᠢᠭᠡᠳ ᠣᠷᠣᠵᠤ ᠡᠭᠡᠬᠦᠢ ᠶ᠋ᠢᠨ ᠪᠡᠷᠬᠡ ᠪᠣᠯᠬᠤ ᠡᠷᠲᠡ ᠪᠠ ᠡᠳᠦᠭᠡᠬᠢ ᠶ᠋ᠢᠨ ᠡᠯ᠎ᠡ ᠤᠴᠢᠷ ᠶᠠᠪᠤᠳᠠᠯ ᠢ᠋ ᠬᠡᠳᠦᠨ ᠵᠠᠭᠤᠨ ᠦᠰᠦᠭ ᠢ᠋ᠶ᠋ᠡᠷ ᠲᠣᠭᠠᠴᠢᠨ ᠬᠣᠷᠢᠭᠯᠠᠪᠠᠴᠤ ᠬᠠᠨ ᠲᠦᠸᠧ ᠵᠧᠦ ᠶ᠋ᠢᠨ ᠥᠪᠡᠷᠴᠢᠯᠡᠯ ᠣᠮᠣᠭ ᠰᠦᠷ ᠦ᠋ᠨ ᠬᠠᠷᠠᠩᠭᠤᠢ ᠠᠭᠤᠷ ᠨᠢᠭᠡᠨᠲᠡ ᠥᠷᠨᠢᠨ ᠬᠥᠭᠵᠢᠭᠡᠳ᠂ ᠤᠯᠤᠰ ᠢᠷᠭᠡᠨ ᠣᠯᠠᠨ ᠲᠦᠮᠡᠨ ᠦ᠌ ᠭᠠᠮᠰᠢᠭ ᠬᠥᠨᠥᠭᠡᠯ ᠢ ᠥᠴᠦᠬᠡᠨ ᠴᠦ᠍ ᠪᠣᠳᠣᠬᠤ ᠦᠭᠡᠢ ᠪᠡᠷ ᠴᠢᠦ ᠶᠣᠣ ᠶ᠋ᠢᠨ ᠬᠣᠷᠢᠭᠯᠠᠭᠰᠠᠨ ᠦᠭᠡᠰ ᠢ᠋ ᠨᠢᠭᠡᠨ ᠦᠭᠡ ᠴᠦ᠍ ᠠᠪᠤᠭᠰᠠᠨ ᠦᠭᠡᠢ ᠶ᠋ᠢᠨ ᠤᠴᠢᠷ ᠪᠣᠢ ᠲᠤᠯᠠ᠂ ᠴᠢᠦ ᠶᠣᠣ ᠡᠨᠡ ᠤᠳᠠᠭ᠎ᠠ ᠶ᠋ᠢᠨ ᠡᠨᠡ ᠰᠢᠦᠸᠠᠨ ᠹᠦ ᠱᠢ ᠶ᠋ᠢᠨ ᠶᠡᠬᠡ ᠲᠤᠰᠢᠶᠠᠯ ᠢ᠋ ᠬᠦᠯᠢᠶᠡᠨ ᠠᠪᠤᠭᠰᠠᠨ ᠦᠭᠡᠢ ᠠᠵᠤᠭᠤ᠃ ᠡᠭᠦᠨ ᠳ᠋ᠦ᠍ᠷ ᠬᠠᠨ ᠲᠦᠸᠧ ᠵᠧᠦ᠂ ᠬᠠᠷᠠᠰᠠᠨ ᠠᠳᠬᠠᠭᠯᠠᠵᠤ᠂ ᠠᠩᠬᠠᠨ ᠳ᠋ᠤᠷ ᠬᠠᠷᠢᠨ ᠭᠠᠭᠴᠠ ᠥᠪᠡᠷᠦᠨ ᠡᠷᠬᠡ ᠰᠦᠷ ᠦ᠋ᠨ ᠲᠤᠯᠠ ᠱᠦᠯᠬᠦᠲᠦᠬᠦ ᠪᠥᠯᠥᠭᠡ᠂ ᠡᠳᠦᠭᠡ ᠬᠠᠷᠢᠨ ᠴᠡᠷᠢᠭ ᠪᠠᠢᠭᠤᠯᠬᠤ ᠳᠤᠷ᠎ᠠ ᠦᠭᠡᠢ ᠰᠠᠢᠳ ᠲᠦᠰᠢᠮᠡᠳ ᠪᠦᠬᠦᠨ ᠯᠦ᠍ᠭᠡ ᠥᠰᠢᠶᠡᠷᠬᠡᠨ ᠵᠥᠷᠢᠴᠡᠯᠳᠦᠨ ᠮᠤᠰᠬᠢᠨ ᠴᠢᠷᠮᠠᠢᠵᠤ ᠤᠯᠠᠮ ᠬᠦᠴᠦᠳᠡᠶ᠎ᠡ ᠰᠢᠲᠦ ᠵᠠᠭᠤᠨ ᠵᠠᠨᠤᠵᠤ ᠪᠠᠢᠲᠠᠯ᠎ᠠ ᠴᠢᠪᠬᠢᠲᠡᠯ᠎ᠡ ᠡᠨᠡ ᠠᠷᠪᠠᠨ ᠬᠣᠶᠠᠷ ᠰᠠᠷ᠎ᠠ ᠳ᠋ᠤᠷ ᠰᠥᠩ ᠤᠯᠤᠰ ᠤ᠋ᠨ ᠨᠢᠩᠽᠦ᠋ᠩ ᠬᠠᠭᠠᠨ ᠵᠣᠣ ᠺᠦᠸᠧ ᠶ᠋ᠢᠨ ᠲᠥᠷᠥᠭᠰᠡᠨ ᠲᠦᠮᠡᠨ ᠥᠯᠵᠡᠢ ᠶ᠋ᠢᠨ ᠪᠠᠶᠠᠷ ᠲᠤᠷ ᠳᠤᠮᠳᠠᠳᠤ ᠠᠯᠲᠠᠨ ᠤᠯᠤᠰ ᠤ᠋ᠨ ᠲᠠᠢ ᠴᠠᠩ ᠵᠢᠶᠧ ᠲᠦᠰᠢᠮᠡᠯ ᠵᠣᠣ ᡁᠢ ᠵᠢᠶᠧ ᠳᠡᠭᠥᠨᠣ ᠬᠠᠭᠠᠨ ᠸᠠᠨ ᠶᠠᠨ ᠵᠢᠩ ᠦ᠋ᠨ ᠡᠮᠦᠨ᠎ᠡ ᠡᠴᠡ ᠪᠠᠶᠠᠷ ᠲᠤ᠌ ᠨᠡᠢᠯᠡᠭᠦᠯᠦᠷ᠎ᠡ ᠢᠷᠡᠭᠰᠡᠨ᠎ᠡ᠂ ᠬᠠᠨ ᠲᠦᠸᠧ ᠵᠧᠦ ᠬᠡᠳᠦᠢᠨ ᠲᠡᠭᠦᠨ ᠢ᠋ ᠭᠤᠲᠤᠭᠠᠨ ᠳᠠᠷᠤᠯᠠᠵᠤ᠂ ᠠᠯᠲᠠᠨ ᠤᠯᠤᠰ ᠯᠤᠭ᠎ᠠ ᠨᠠᠢᠷ ᠡᠪᠳᠡᠷᠡᠯᠴᠡᠨ ᠦ ᠳᠡᠭᠳᠡᠭᠡᠨ ᠲᠡᠢᠨ ᠡᠳᠦᠭᠡᠬᠦ ᠳᠤᠷ᠎ᠠ ᠦᠭᠡᠢ ᠲᠦᠰᠢᠮᠡᠳ ᠲᠡᠭᠡᠨ ᠰᠦᠷ ᠦᠵᠡᠬᠦᠯᠭᠦᠢ ᠶ᠋ᠢᠨ ᠲᠤᠯᠠ ᠰᠠᠨᠠᠭ᠎ᠠ ᠠᠬᠤᠭᠤᠯᠤᠨ ᠶᠡᠬᠡ ᠬᠠᠷᠰᠢ ᠶ᠋ᠢᠨ ᠣᠯᠠᠨ ᠲᠦᠮᠡᠨ ᠦ᠌ ᠨᠢᠳᠦᠨ ᠤ ᠳᠣᠣᠷ᠎ᠠ᠂ ᠠᠯᠲᠠᠨ ᠤᠯᠤᠰ ᠤ᠋ᠨ ᠡᠯᠴᠢ ᠲᠦᠰᠢᠮᠡᠯ ᠵᠣᠣ ᡁᠢ ᠵᠢᠶᠧ ᠶ᠋ᠢᠨ ᠨᠢᠭᠤᠷ ᠤ᠋ᠨ ᠡᠮᠦᠨ᠎ᠡ ᠠᠯᠲᠠᠨ ᠤᠯᠤᠰ ᠤ᠋ᠨ ᠳᠡᠭᠡᠳᠦ ᠬᠠᠳ ᠤ᠋ᠨ ᠨᠡᠷ᠎ᠡ ᠶ᠋ᠢ ᠣᠷᠣᠭᠤᠯᠤᠨ᠂ ᠡᠢᠮᠦ ᠬᠤᠯᠠᠭᠠᠢ ᠲᠡᠢᠮᠦ ᠳᠡᠭᠡᠷᠡᠮ ᠭᠡᠮᠡᠨ ᠦᠭᠡ ᠵᠣᠬᠢᠴᠠᠭᠤᠯᠤᠨ ᠶᠡᠬᠡᠯ᠎ᠡ ᠳᠠᠭᠠᠷᠢᠨ ᠭᠤᠲᠤᠭᠠᠨ ᠬᠠᠷᠢᠶᠠᠬᠤ ᠪᠠᠷ ᠦᠯᠦ ᠪᠠᠷᠠᠨ᠂ ᠠᠯᠲᠠᠨ ᠤᠯᠤᠰ ᠤ᠋ᠨ ᠡᠯᠴᠢ ᠰᠠᠢᠳ ᠵᠣᠣ ᡁᠢ ᠵᠢᠶᠧ ᠶ᠋ᠢ ᠰᠥᠩ ᠤᠯᠤᠰ ᠤ᠋ᠨ ᠬᠠᠭᠠᠨ ᠯᠤᠭ᠎ᠠ ᠨᠢᠭᠡᠨ ᠦᠭᠡ ᠴᠦ᠍ ᠠᠢᠯᠠᠳᠬᠠᠨ ᠮᠡᠳᠡᠭᠦᠯᠬᠦ ᠵᠠᠢ ᠵᠠᠪ ᠭᠠᠷᠭᠠᠯ ᠦᠭᠡᠢ ᠪᠡᠷ ᠬᠠᠭᠠᠨ ᠢ᠋ᠶ᠋ᠠᠨ ᠳᠣᠲᠣᠭᠰᠢ ᠣᠷᠳᠣᠨ ᠳ᠋ᠠᠭᠠᠨ ᠵᠠᠯᠠᠭᠠᠳ᠂ ᠠᠯᠲᠠᠨ ᠤ᠋ ᠵᠠᠩᠽᠥ᠋ᠩ ᠸᠠᠨ ᠶᠠᠨ ᠵᠢᠩ ᠦ᠋ᠨ ᠡᠶᠡᠯᠡᠬᠦ ᠨᠠᠢᠷᠯᠠᠬᠤ ᠱᠣᠰᠢᠭ᠎ᠠ ᠪᠢᠴᠢᠭ ᠢ ᠢᠨᠣ ᠵᠣᠷᠢᠮᠠᠭ ᠢ᠋ᠶ᠋ᠠᠷ ᠭᠠᠵᠠᠷ ᠲᠤᠷ ᠠᠯᠳᠠᠵᠤ᠂ ᠬᠥᠯ ᠳᠣᠣᠷ᠎ᠠ ᠪᠠᠨ ᠭᠢᠰᠬᠢᠭᠳᠡᠭᠦᠯᠦᠨ᠂ ᠠᠯᠲᠠᠨ ᠤ᠋ ᠵᠣᠣ ᡁᠢ ᠵᠢᠶᠧ ᠳ᠋ᠦ᠍ᠷ ᠦᠵᠡᠭᠦᠯᠦᠭᠡᠳ ᠪᠠᠰᠠ ᠬᠦ᠌ ᠬᠠᠩᠬᠤ ᠦᠭᠡᠢ ᠪᠡᠷ ᠮᠥᠨ ᠰᠥᠨᠢ᠂ ᠵᠡᠭᠦᠨ ᠡᠲᠡᠭᠡᠳ ᠦ᠋ᠨ ᠯᠠᠩ ᠲᠦᠰᠢᠮᠡᠯ ᠹᠦ ᡁᠢ ᠶ᠋ᠢᠨ ᠴᠢᠬᠢᠨ ᠳ᠋ᠦ᠍ᠷ ᠰᠢᠪᠡᠨᠡᠨ ᠰᠢᠵᠢᠷ ᠠᠯᠲᠠ ᠬᠠᠬᠤᠤᠯᠢᠯᠠᠵᠤ᠂ ᠠᠯᠲᠠᠨ ᠤᠯᠤᠰ ᠤ᠋ᠨ ᠡᠯᠴᠢ ᠰᠠᠢᠳ ᠵᠣᠣ ᡁᠢ ᠵᠢᠶᠧ ᠶ᠋ᠢ ᠬᠣᠶᠠᠷ ᠰᠢᠳᠠᠷ ᠳᠠᠭᠠᠭᠰᠠᠳ ᠯᠤᠭ᠎ᠠ ᠰᠥᠨᠢ ᠨᠢᠭᠤᠴᠠ ᠪᠠᠷ ᠠᠯᠠᠵᠤ ᠬᠡᠭᠦᠷ ᠶᠠᠰᠤ ᠶ᠋ᠢ ᠣᠷᠣᠨ ᠲᠣᠷᠤᠨ ᠦᠭᠡᠢ ᠵᠠᠪᠬᠠᠭᠤᠯᠤᠭᠠᠳ᠂ ᠦᠯᠦ ᠮᠡᠳᠡᠭᠴᠢ ᠪᠣᠯᠤᠨ ᠵᠢᠮᠢᠢᠵᠦ ᠮᠡᠯᠵᠢᠭᠡᠳ᠂ ᠬᠠᠷᠢᠨ《ᠠᠯᠲᠠᠨ ᠤᠯᠤᠰ ᠤ᠋ᠨ ᠰᠠᠢᠳ᠂ ᠮᠠᠨ ᠤ᠋ ᠤᠯᠤᠰ ᠤ᠋ᠨ ᠰᠦᠷ ᠳᠦᠷᠢᠮ ᠡᠴᠡ ᠠᠶᠤᠵᠤ᠂ ᠰᠥᠨᠢ ᠪᠡᠷ ᠤᠷᠭᠤᠨ ᠵᠠᠪᠬᠠᠪᠠᠢ 》ᠭᠡᠮᠡᠨ ᠢᠨᠢᠶᠡᠯᠴᠡᠵᠦᠬᠦᠢ᠃ ᠡᠨᠡ ᠦᠨᠡᠬᠡᠷ ᠡᠷᠲᠡᠨ ᠦ᠌ ᠶᠡᠬᠡᠳᠡ ᠦᠨᠡᠮᠯᠡᠭᠰᠡᠨ ᠲᠤᠢᠯ ᠤ᠋ᠨ ᠪᠣᠭᠳᠠ ᠺᠦᠩ ᠹᠥᠽᠢ ᠶ᠋ᠢᠨ ᠠᠴᠢ ᠬᠥᠪᠡᠭᠦᠨ ᠺᠦᠩ ᠵᠢᠢ ᠶ᠋ᠢᠨ ᠵᠣᠬᠢᠶᠠᠭᠰᠠᠨ 《 ᠶᠡᠬᠡ ᠰᠤᠷᠲᠠᠬᠤᠢ ᠪᠢᠴᠢᠭ 》ᠲᠣᠷ : 《ᠤᠯᠤᠰ ᠭᠡᠷ ᠦ᠋ᠨ ᠠᠬᠠᠰ ᠵᠠᠬᠠᠰ ᠢ᠋ᠶ᠋ᠠᠷ ᠡᠳ᠋ ᠠᠰᠢᠭ ᠢ᠋ ᠬᠢᠴᠢᠶᠡᠭᠴᠢᠳ ᠢᠨᠣ ᠡᠷᠬᠡ ᠦᠭᠡᠢ ᠥᠴᠦᠬᠡᠨ ᠬᠥᠮᠦᠨ ᠡᠴᠡ ᠡᠭᠦᠰᠦᠮᠦᠢ᠃ ᠡᠭᠦᠨ ᠢ᠋ ᠰᠠᠢᠳ ᠲᠤᠷ ᠦᠵᠡᠭᠡᠳ ᠥᠴᠦᠬᠡᠨ ᠬᠥᠮᠦᠨ ᠢ ᠬᠡᠷᠡᠭᠯᠡᠵᠦ ᠤᠯᠤᠰ ᠭᠡᠷ ᠢ᠋ ᠵᠠᠰᠠᠭᠤᠯᠪᠠᠰᠤ᠂ ᠡᠪᠳᠡᠷᠡᠯ ᠭᠠᠮᠰᠢᠭ ᠡᠷᠬᠡᠪᠰᠢ ᠴᠤᠭᠭᠠᠷ ᠬᠦᠷᠴᠦ ᠢᠷᠡᠮᠦᠢ᠂ ᠡᠭᠦᠨ ᠳ᠋ᠦ᠍ᠷ ᠬᠡᠳᠦᠢ ᠰᠠᠢᠨ ᠰᠠᠢᠳ ᠪᠠᠢᠪᠠᠴᠤ ᠭᠡᠮᠡᠨ ᠮᠥᠨ ᠬᠡᠷᠬᠢᠨ ᠴᠢᠳᠠᠬᠤ ᠠᠵᠢ! 》 ᠬᠡᠮᠡᠵᠦᠬᠦᠢ᠃ ᠡᠨᠡ ᠪᠣᠯᠪᠠᠰᠤ ᠠᠷᠪᠠᠳᠤᠭᠠᠷ ᠪᠦᠯᠦᠭ ᠦ᠋ᠨ ᠰᠡᠭᠦᠯ ᠦ᠋ᠨ ᠰᠤᠷᠭᠠᠯ ᠪᠣᠯᠠᠢ᠃ ᠬᠥᠭᠡᠷᠦᠬᠦᠢ ᠰᠥᠩ ᠤᠯᠤᠰ ᠤ᠋ᠨ ᠨᠢᠩᠽᠥ᠋ᠩ ᠬᠠᠭᠠᠨ ᠵᠣᠣ ᠺᠦᠸᠧ ᠪᠡᠷ 《ᠶᠡᠬᠡ ᠰᠤᠷᠲᠠᠬᠤᠢ ᠪᠢᠴᠢᠭ 》  ᠢ ᠴᠦ᠍ ᠡᠰᠡ ᠦᠵᠡᠪᠡ ᠬᠡᠮᠡᠮᠦᠢ ᠤᠤ ? ᠡᠪᠡᠦ !  ᠶᠠᠭᠣᠨᠳᠣ ᠡᠨᠡ ᠮᠡᠲᠦ ᠥᠴᠦᠬᠡᠨ ᠡᠬᠡᠨᠡᠷ ᠮᠡᠲᠦ᠂ ᠬᠠᠨ ᠲᠦᠸᠧ ᠵᠧᠦ ᠶ᠋ᠢ ᠬᠡᠷᠡᠭᠯᠡᠨ ᠤᠯᠤᠰ ᠭᠡᠷ ᠢ᠋ ᠵᠠᠰᠠᠭᠤᠯᠤᠨ᠂ ᠤᠯᠤᠰ ᠤ᠋ᠨ ᠡᠯᠴᠢ ᠰᠠᠢᠳ ᠢ ᠨᠢᠭᠤᠴᠠ ᠪᠠᠷ ᠬᠥᠨᠥᠭᠡᠵᠦ᠂ ᠶᠡᠬᠡ ᠰᠥᠩ ᠤᠯᠤᠰ ᠤ᠋ᠨ ᠨᠡᠷ᠎ᠡ ᠶ᠋ᠢ ᠭᠤᠲᠤᠭᠠᠯᠭᠠᠬᠤ ᠠᠵᠢ ! 
       ᠰᠥᠩ ᠤᠯᠤᠰ᠂ ᠠᠯᠲᠠᠨ ᠤᠯᠤᠰ ᠤ᠋ᠨ ᠬᠥᠬᠡᠭᠴᠢᠨ ᠦᠬᠡᠷ ᠵᠢᠯ ᠦ᠋ᠨ ᠵᠢᠭᠤᠷᠭᠠᠨ ᠵᠣᠳᠣᠭᠠᠨ ᠢ᠋ ᠡᠨᠳᠡ ᠲᠦᠷ ᠲᠣᠪᠴᠢᠶᠠᠯᠠᠨ ᠭᠠᠷᠭᠠᠵᠤ ᠲᠣᠪᠬᠢᠨ ᠬᠤᠷᠢᠶᠠᠭᠠᠳ᠂ ᠲᠤᠬᠠᠢᠲᠤ ᠪᠸᠲ᠋ᠠ᠋ ᠤᠯᠤᠰ ᠤ᠋ᠨ ᠲᠤᠰ 《ᠬᠥᠬᠡ ᠰᠤᠳᠤᠷ 》 ᠤ᠋ᠨ ᠤᠴᠢᠷ ᠶᠠᠪᠤᠳᠠᠯ ᠢ᠋ ᠪᠦᠷᠢᠳᠬᠡᠨ ᠥᠭᠦᠯᠡᠬᠦ ᠢᠨᠣ : 
       ᠲᠡᠭᠷᠢᠯᠢᠭ ᠡᠵᠡᠨ ᠲᠠᠢᠽᠦ ᠶ᠋ᠢᠨ ᠲᠡᠮᠳᠡᠭᠲᠦ ᠶᠡᠬᠡ ᠴᠡᠷᠢᠭ ᠲᠠᠩᠭᠤᠳ ᠤᠯᠤᠰ ᠤ᠋ᠨ ᠵᠢᠷᠭᠠᠯᠠᠩ ᠳ᠋ᠤᠷ ᠪᠠᠷᠢᠯᠳᠤᠭᠰᠠᠨ ᠵᠢᠷᠯᠤᠭ ᠬᠣᠲᠠ ᠳ᠋ᠤᠷ ᠵᠤᠨ ᠤ᠋ ᠳᠤᠮᠳᠠᠳᠤ ᠰᠠᠷ᠎ᠠ ᠪᠣᠯᠲᠠᠯ᠎ᠠ ᠵᠠᠯᠠᠷᠠᠨ ᠰᠠᠭᠤᠬᠤ ᠴᠢᠯᠦᠭᠡᠨ᠎ᠡ᠂ ᠵᠠᠶᠠᠭᠠᠲᠠᠢ ᠲᠣᠬᠢᠶᠠᠯᠳᠤᠭᠰᠠᠨ ᠵᠢᠷᠯᠤᠭ ᠤ᠋ᠨ ᠨᠠᠢ᠍ᠮᠠᠨᠴᠢ ᠭᠦᠩᠵᠦ ᠶ᠋ᠢ ᠪᠸᠲ᠋ᠠ᠋ ᠤᠯᠤᠰ ᠤ᠋ᠨ ᠪᠦᠭᠦᠳᠡ ᠶ᠋ᠢᠨ ᠡᠬᠡ - ᠬᠠᠲᠤᠨ ᠪᠥᠷᠲᠡᠭᠡᠯᠵᠢᠨ ᠳ᠋ᠦ᠍ᠷ ᠲᠤᠰᠢᠶᠠᠯᠭᠠᠨ ᠬᠦᠷᠭᠡᠭᠦᠯᠵᠦ ᠢᠷᠡᠬᠦᠶ᠎ᠡ᠂ ᠴᠢᠪᠬᠢᠲᠡᠯ᠎ᠡ ᠬᠡᠷᠡᠢᠳ ᠨᠠᠢ᠍ᠮᠠᠨ ᠬᠣᠶᠠᠷ ᠤᠯᠤᠰ ᠤ᠋ᠨ ᠭᠡᠷᠦᠨ ᠬᠣᠲᠠᠯᠠᠭᠠᠷ ᠬᠤᠲᠤᠭᠲᠤ ᠥᠵᠢᠨ ᠡᠮᠡᠭᠡ ᠶ᠋ᠢᠨ ᠲᠦᠮᠡᠨ ᠥᠯᠵᠡᠢ ᠳ᠋ᠦ᠍ᠷ ᠢᠷᠡᠭᠡᠳ ᠬᠠᠷᠢᠭᠠᠳᠤᠢ᠂ ᠪᠤᠷᠬᠠᠨ ᠬᠠᠯᠲᠤᠨ᠎ᠠ ᠳ᠋ᠤᠷ ᠪᠠᠢᠭᠰᠠᠭᠠᠷ ᠲᠤᠯᠠᠳᠠ᠂ ᠨᠠᠢ᠍ᠮᠠᠨᠴᠢ ᠭᠦᠩᠵᠦ ᠶ᠋ᠢᠨ ᠮᠡᠳᠡᠭᠡ ᠬᠦᠷᠴᠦ ᠢᠷᠡᠮᠡᠭᠴᠡ ᠠᠯᠲᠠᠨᠱᠠᠭ᠎ᠠ ᠰᠣᠨᠣᠰᠴᠤ ᠨᠢᠳᠦᠨ ᠨᠢᠯᠪᠤᠰᠤᠨ ᠤᠨᠠᠲᠠᠯ᠎ᠠ ᠪᠠᠶᠠᠷᠯᠠᠨ᠂ ᠨᠠᠢ᠍ᠮᠠᠨ ᠤ᠋ ᠠᠷᠠᠳ ᠠᠯᠪᠠᠲᠤ ᠪᠠᠨ ᠠᠪᠴᠤ᠂ ᠶᠡᠬᠡ ᠪᠠᠭᠤᠳᠠᠯ ᠠ᠋ᠴᠠ ᠭᠤᠷᠪᠠᠨ ᠬᠣᠨᠣᠭ ᠤ᠋ᠨ ᠵᠠᠮ ᠭᠠᠷᠴᠤ᠂ ᠲᠠᠢᠽᠦ ᠶ᠋ᠢᠨ ᠥᠬᠢᠨ ᠳᠡᠭᠦᠦ ᠪᠡᠨ ᠬᠦᠷᠭᠡᠵᠦ ᠢᠷᠡᠬᠦ ᠵᠠᠷᠯᠢᠭ ᠤ᠋ᠨ ᠰᠠᠢᠳ ᠰᠠᠢᠬᠠᠨ ᠰᠤᠷᠲᠠᠯᠲᠤ ᠶ᠋ᠢᠨ ᠶᠡᠬᠡ ᠵᠢᠭᠰᠠᠭᠠᠯ ᠢ᠋ ᠤᠭᠲᠤᠬᠤ ᠪᠠᠷ ᠵᠠᠮ ᠤ᠋ᠨ ᠬᠠᠵᠠᠭᠤᠳᠠ᠂ ᠬᠦᠵᠢᠰ ᠦ᠋ᠨ ᠰᠢᠷᠡᠭᠡ ᠵᠢᠭᠰᠠᠭᠠᠨ᠂ ᠲᠠᠢᠽᠦ ᠶ᠋ᠢᠨ ᠵᠦᠭ ᠬᠠᠨᠳᠤᠵᠤ ᠬᠦᠨᠳᠦ ᠬᠡᠰᠢᠭ ᠲᠣᠷ ᠮᠥᠷᠭᠥᠭᠡᠳ᠂ ᠪᠡᠶ᠎ᠡ ᠡᠭᠡᠵᠦ ᠵᠠᠷᠯᠢᠭ ᠤ᠋ᠨ ᠰᠠᠢᠳ ᠲᠤᠷ ᠵᠣᠯᠭᠠᠬᠤ ᠶᠣᠰᠣᠯᠠᠯ ᠢ᠋ ᠭᠦᠢᠴᠡᠳᠬᠡᠭᠰᠡᠨ ᠬᠣᠢᠨ᠎ᠠ ᠰᠠᠶᠢ ᠥᠪᠡᠷᠦᠨ ᠨᠠᠢᠷ ᠢ᠋ ᠭᠦᠢᠴᠡᠳᠬᠡᠨ᠂ ᠰᠠᠢᠬᠠᠨ ᠰᠤᠷᠲᠠᠯᠲᠤ ᠶ᠋ᠢᠨ ᠵᠠᠮ ᠳ᠋ᠤᠷ ᠵᠦᠳᠡᠭᠰᠡᠨ ᠢ ᠲᠣᠬᠣᠷᠤᠭᠤᠯᠤᠨ᠂ ᠠᠷᠢᠬᠢ ᠪᠠᠷᠢᠵᠤ ᠮᠥᠷᠭᠥᠨ ᠬᠦᠨᠳᠦᠳᠬᠡᠭᠡᠳ ᠂ ᠶᠠᠭᠠᠷᠠᠨ ᠥᠬᠢᠨ ᠳᠡᠭᠦᠦ ᠶ᠋ᠢᠨ ᠰᠠᠭᠤᠭᠰᠠᠨ ᠳ᠋ᠠᠢ ᠯᠢᠶᠣᠣ ᠬᠢᠭᠡᠳ ᠨᠠᠢ᠍ᠮᠠᠨ ᠬᠣᠶᠠᠷ ᠤᠯᠤᠰ ᠤ᠋ᠨ ᠬᠠᠭᠠᠨ ᠤ᠋ ᠰᠠᠭᠤᠳᠠᠭ ᠨᠠᠢ᠍ᠮᠠᠨ ᠬᠥᠮᠦᠨ ᠦ᠌ ᠰᠡᠦᠬᠡ ᠳ᠋ᠦ᠍ᠷ ᠲᠡᠷᠢᠭᠦᠨ ᠢ᠋ᠶ᠋ᠡᠨ ᠭᠥᠷᠥᠭᠦᠯᠦᠨ ᠮᠥᠷᠭᠥᠵᠦ᠂ ᠥᠬᠢᠨ ᠳᠡᠭᠦᠦ ᠪᠡᠨ ᠰᠡᠦᠬᠡ ᠳ᠋ᠦ᠍ᠷ ᠰᠠᠭᠤᠯᠭᠠᠨ ᠡᠪᠦᠳᠦᠭ ᠢ᠋ ᠲᠡᠪᠡᠷᠢᠨ ᠱᠣᠭᠰᠢᠨ ᠤᠬᠢᠯᠠᠨ ᠵᠣᠯᠭᠠᠵᠤ᠂ ᠥᠬᠢᠨ ᠳᠡᠭᠦᠦ ᠢᠨᠤ ᠠᠬ᠎ᠠ ᠠ᠋ᠴᠠ ᠰᠠᠯᠤᠭᠰᠠᠭᠠᠷ ᠭᠤᠷᠪᠠᠨ ᠵᠢᠯ ᠢᠯᠡᠭᠦᠦ ᠪᠣᠯᠵᠤ᠂ ᠡᠬᠡ ᠢᠨᠤ ᠥᠩᠭᠡᠷᠡᠭᠡᠳ ᠠᠬ᠎ᠠ ᠪᠠᠨ ᠮᠥᠷᠥᠭᠡᠳᠴᠦ᠂ ᠥᠨᠥᠴᠢᠷᠡᠵᠦ ᠪᠠᠢᠭᠰᠠᠨ ᠬᠡᠦᠬᠡᠳ ᠦ᠋ᠨ ᠦᠶ᠎ᠡ ᠲᠤᠯᠠ᠂ ᠠᠬ᠎ᠠ ᠶ᠋ᠢᠨ ᠬᠦᠵᠦᠭᠦᠦ ᠶ᠋ᠢ ᠲᠡᠪᠡᠷᠢᠵᠦ᠂ ᠳᠠᠭᠤᠨ ᠲᠠᠯᠪᠢᠨ ᠤᠬᠢᠯᠠᠬᠤᠶ᠎ᠠ ᠠᠯᠲᠠᠨᠱᠠᠭ᠎ᠠ ᠶ᠋ᠢᠨ ᠬᠠᠵᠠᠭᠤ ᠠ᠋ᠴᠠ ᠲᠡᠭᠦᠨᠦ ᠡᠴᠢᠭᠡ ᠲᠠᠢᠶᠠᠩ ᠬᠠᠭᠠᠨ ᠤ᠋ ᠰᠢᠳᠠᠷ ᠪᠠᠢᠭᠰᠠᠨ ᠲᠠᠢᠭᠠᠨ ᠶᠦᠩ ᠴᠠᠩ ᠱᠣᠭᠰᠢᠨ ᠤᠬᠢᠯᠠᠨ᠂ ᠠᠯᠲᠠᠨᠱᠠᠭ᠎ᠠ ᠶ᠋ᠢᠨ ᠬᠥᠯ ᠢ᠋ ᠲᠡᠪᠡᠷᠢᠨ ᠮᠥᠷᠭᠥᠨ ᠵᠣᠯᠭᠠᠬᠤᠶ᠎ᠠ ᠠᠯᠲᠠᠨᠱᠠᠭ᠎ᠠ ᠨᠢᠭᠡᠨ ᠭᠠᠷ ᠢ᠋ᠶ᠋ᠠᠷ ᠥᠬᠢᠨ ᠳᠡᠭᠦᠦ ᠪᠡᠨ ᠲᠡᠪᠡᠷᠢᠨ᠂ ᠨᠢᠭᠡᠨ ᠭᠠᠷ ᠢ᠋ᠶ᠋ᠠᠨ ᠲᠠᠢᠭᠠᠨ ᠤ᠋ ᠮᠥᠷᠥ ᠳ᠋ᠦ᠍ᠷ ᠲᠠᠯᠪᠢᠨ᠂ ᠭᠤᠷᠪᠠᠭᠤᠯᠠ ᠤᠬᠢᠯᠠᠯᠳᠤᠭᠰᠠᠭᠠᠷ ᠳᠠᠭᠤᠨ ᠲᠠᠯᠪᠢᠭᠰᠠᠨ ᠳ᠋ᠤᠷ ᠰᠠᠢᠬᠠᠨ ᠰᠤᠷᠲᠠᠯᠲᠤ ᠶᠠᠭᠠᠷᠠᠨ᠂ ᠵᠠᠷᠯᠢᠭ ᠬᠣᠯᠪᠣᠭᠳᠠᠭᠰᠠᠨ ᠵᠢᠭᠰᠠᠭᠠᠯ ᠳ᠋ᠤᠷ ᠳᠠᠭᠤᠨ ᠲᠠᠯᠪᠢᠨ ᠤᠬᠢᠯᠠᠵᠤ ᠦᠯᠦ ᠪᠣᠯᠬᠤ ᠶ᠋ᠢ ᠰᠠᠨᠠᠭᠤᠯᠤᠨ ᠬᠣᠷᠢᠭᠯᠠᠵᠤ ᠵᠣᠭᠰᠣᠭᠠᠭᠠᠳ ᠰᠡᠦᠬᠡ ᠳ᠋ᠡᠭᠡᠨ ᠰᠠᠭᠤᠨ ᠮᠣᠷᠢᠨ ᠳ᠋ᠠᠭᠠᠨ ᠮᠣᠷᠳᠠᠵᠤ᠂ ᠶᠡᠬᠡ ᠵᠢᠭᠰᠠᠭᠠᠯ ᠬᠣᠶᠠᠷ ᠳᠠᠰᠢ ᠰᠠᠯᠵᠤ ᠶᠠᠪᠤᠬᠤᠶ᠎ᠠ ᠨᠢᠯᠪᠤᠰᠤ ᠪᠠᠨ ᠠᠷᠴᠢᠯᠴᠠᠨ ᠨᠢᠭᠡᠨ ᠢᠨᠤ ᠠᠰᠠᠭᠤᠨ᠂ ᠨᠢᠭᠡᠨ ᠢᠨᠤ ᠥᠴᠢᠭᠰᠡᠭᠡᠷ᠂ ᠵᠠᠮ ᠤ᠋ᠨ ᠪᠡᠯᠡᠳᠬᠡᠯ ᠦ᠋ᠨ ᠪᠠᠭᠤᠳᠠᠯ ᠳ᠋ᠤᠷ ᠬᠦᠷᠦᠯᠴᠡᠨ ᠢᠷᠡᠵᠦ ᠤᠭᠲᠤᠭᠤᠯ ᠤ᠋ᠨ ᠬᠤᠷᠢᠮ ᠪᠠᠷᠢᠨ ᠡᠭᠦᠨᠴᠡ ᠵᠠᠮ ᠤ᠋ᠨ ᠦᠳᠡ᠂ ᠬᠣᠨᠣᠭ ᠤ᠋ᠨ ᠪᠠᠭᠤᠳᠠᠯ ᠪᠦᠬᠦᠨ᠎ᠡ᠂ ᠱᠠᠪᠠᠩ ᠬᠥᠭᠵᠢᠮ ᠢ᠋ᠶ᠋ᠡᠷ ᠨᠠᠢᠷᠯᠠᠨ ᠬᠤᠷᠢᠮᠯᠠᠭᠰᠠᠭᠠᠷ᠂ ᠪᠤᠷᠬᠠᠨ ᠬᠠᠯᠲᠤᠨ᠎ᠠ ᠶ᠋ᠢᠨ ᠵᠦᠭ ᠢᠷᠡᠬᠦᠶ᠎ᠡ ᠡᠭᠡᠴᠢ ᠬᠠᠰᠲᠤᠶᠠᠭ᠎ᠠ᠂ ᠪᠡᠷᠭᠡᠨ ᠰᠤᠯᠤᠩᠭᠤᠸ᠎ᠠ ᠲᠠᠨ ᠡᠳᠦᠷ ᠦ᠋ᠨ ᠵᠠᠮ ᠭᠠᠷᠴᠤ ᠤᠭᠲᠤᠬᠤᠶ᠎ᠠ᠂ ᠲᠠᠢᠽᠦ ᠶ᠋ᠢᠨ ᠡᠷᠭᠦᠮᠵᠢᠯᠡᠯ ᠵᠠᠷᠯᠢᠭ ᠪᠣᠢ ᠶ᠋ᠢᠨ ᠲᠤᠯᠠ ᠴᠥᠮ ᠢ᠋ᠶ᠋ᠡᠷ ᠰᠥᠭᠥᠳᠴᠦ ᠤᠭᠲᠤᠯᠴᠠᠨ ᠤᠯᠤᠰ ᠤ᠋ᠨ ᠡᠬᠡ ᠶ᠋ᠢᠨ ᠡᠮᠦᠨ᠎ᠡ ᠡᠴᠡ ᠳᠥᠷᠪᠡᠳᠦᠭᠡᠷ ᠲᠠᠢᠽᠢ ᠲᠣᠯᠢ᠂ ᠤᠯᠤᠰ ᠤ᠋ᠨ ᠬᠣᠲᠠᠯᠠᠭᠠᠷ ᠤ᠋ᠨ ᠣᠯᠠᠨ ᠰᠠᠢᠳ ᠲᠦᠰᠢᠮᠡᠳ ᠢ᠋ ᠠᠪᠴᠤ᠂ ᠰᠠᠢᠬᠠᠨ ᠰᠤᠷᠲᠠᠯᠲᠤ ᠶ᠋ᠢ ᠤᠭᠲᠤᠨ ᠡᠵᠡᠨ ᠦ᠌ ᠵᠦᠭ ᠵᠦᠭᠴᠢᠯᠡᠨ ᠰᠥᠭᠥᠳᠴᠦ ᠮᠥᠷᠭᠥᠭᠰᠡᠨ ᠦ᠌ ᠬᠣᠢᠨ᠎ᠠ ᠰᠠᠢᠬᠠᠨ ᠰᠤᠷᠲᠠᠯᠲᠤ ᠪᠠᠭ᠎ᠠ ᠡᠵᠡᠨ ᠲᠣᠯᠢ ᠳ᠋ᠤᠷ ᠮᠥᠷᠭᠥᠨ ᠵᠣᠯᠭᠠᠭᠠᠳ ᠪᠦᠭᠦᠳᠡᠭᠡᠷ ᠬᠠᠷᠢᠯᠴᠠᠨ ᠵᠣᠯᠭᠠᠯᠳᠤᠨ ᠠᠭᠤᠯᠵᠠᠵᠤ᠂ ᠬᠦᠷᠭᠡᠵᠦ ᠢᠷᠡᠭᠰᠡᠨ ᠪᠠ ᠤᠭᠲᠤᠵᠤ ᠠᠪᠤᠭᠰᠠᠨ ᠲᠠᠢ ᠪᠠᠨ ᠪᠤᠷᠬᠠᠨ ᠬᠠᠯᠲᠤᠨ᠎ᠠ ᠶ᠋ᠢᠨ ᠬᠠᠭᠠᠯᠭᠠᠨ ᠭᠠᠳᠠᠨ᠎ᠠ᠂ ᠬᠡᠳᠦᠨ ᠮᠢᠩᠭᠠᠨ ᠨᠣᠶᠠᠳ ᠲᠦᠰᠢᠮᠡᠳ᠂ ᠴᠡᠷᠢᠭ ᠬᠤᠶᠠᠭ ᠬᠤᠷᠠᠯᠴᠠᠨ ᠡᠨᠡ ᠴᠠᠭ ᠤ᠋ᠨ ᠰᠦᠷ ᠭᠡᠷᠡᠯ ᠬᠥᠷ ᠨᠠᠢᠷ ᠢ ᠲᠦᠮᠡᠨ ᠦᠭᠡᠰ ᠲᠣᠷ ᠴᠦ᠍ ᠲᠣᠭᠠᠴᠢᠨ ᠪᠦᠷᠢᠳᠬᠡᠭᠳᠡᠰᠢ ᠦᠭᠡᠢ᠃ ᠲᠡᠭᠦᠨᠴᠡ ᠡᠵᠡᠨ ᠦ᠌ ᠵᠠᠷᠯᠢᠭ ᠤ᠋ᠨ ᠨᠠᠢ᠍ᠮᠠᠨᠴᠢ ᠭᠦᠩᠵᠦ᠂ ᠶᠡᠬᠡ ᠶᠣᠰᠣᠯᠠᠯ ᠬᠥᠭᠵᠢᠮ ᠡᠭᠦᠰᠬᠡᠨ ᠥᠵᠢᠨ ᠡᠮᠡᠭᠡ ᠪᠠ ᠤᠯᠤᠰ ᠤ᠋ᠨ ᠡᠬᠡ ᠲᠠᠨ᠎ᠠ ᠶᠣᠰᠣᠯᠠᠨ ᠮᠥᠷᠭᠥᠵᠦ ᠵᠣᠯᠭᠠᠬᠤᠶ᠎ᠠ ᠤᠷᠤᠭᠰᠢ ᠳᠠᠪᠰᠢᠨ᠂ ᠬᠣᠢᠰᠢ ᠤᠬᠤᠷᠢᠨ ᠬᠢᠴᠢᠶᠡᠨ ᠪᠣᠯᠭᠣᠮᠵᠢᠯᠠᠨ᠂ ᠭᠤᠷᠪᠠᠨᠲᠠ ᠰᠥᠭᠥᠳᠴᠦ᠂ ᠶᠢᠰᠦᠨᠲᠡ ᠮᠥᠷᠭᠥᠬᠦᠢ ᠳ᠋ᠦ᠍ᠷ ᠦᠨᠡᠬᠡᠷ ᠥᠨᠳᠥᠷ ᠲᠡᠭᠷᠢ ᠶ᠋ᠢᠨ ᠡᠭᠦᠯᠡᠨ ᠦ᠌ ᠳᠡᠭᠡᠷ᠎ᠡ ᠬᠥᠯᠭᠡᠯᠡᠨ ᠶᠠᠪᠤᠬᠤ ᠬᠤᠪᠢᠯᠭᠠᠨ ᠥᠬᠢᠨ ᠣᠭᠲᠠᠷᠭᠤᠢ ᠠ᠋ᠴᠠ ᠣᠷᠴᠢᠯᠠᠩ ᠳ᠋ᠤᠷ ᠪᠠᠭᠤᠭᠰᠠᠨ ᠠᠳᠠᠯᠢ ᠦᠵᠡᠰᠬᠦᠯᠡᠩ ᠰᠠᠢᠬᠠᠨ ᠳ᠋ᠤᠷ ᠣᠯᠠᠨ ᠢ᠋ᠶ᠋ᠠᠷ ᠦᠨᠡᠬᠡᠷ ᠮᠠᠰᠢ ᠭᠠᠢᠬᠠᠯᠳᠤᠪᠠᠢ᠃ ᠲᠠᠢᠽᠦ ᠶ᠋ᠢᠨ : 《ᠲᠡᠷᠡ ᠥᠬᠢᠨ ᠳ᠋ᠦ᠍ᠷ ᠭᠦᠩᠵᠦ ᠴᠣᠯᠠ ᠶ᠋ᠢ ᠠᠬᠤᠭᠤᠯᠵᠤ ᠂ ᠤᠯᠤᠰ ᠤ᠋ᠨ ᠡᠬᠡ ᠳ᠋ᠦ᠍ᠷ ᠥᠭᠴᠦ ᠲᠡᠵᠢᠭᠡᠯᠭᠡᠭᠲᠦᠨ 》ᠬᠡᠮᠡᠭᠰᠡᠨ ᠨᠢᠭᠡᠬᠡᠨ ᠦᠭᠡᠨ ᠳ᠋ᠦ᠍ᠷ ᠪᠸᠲ᠋ᠠ᠋ ᠤᠯᠤᠰ ᠤ᠋ᠨ ᠶᠡᠬᠡ ᠭᠦᠩᠵᠦ ᠰᠡᠴᠡᠨ ᠰᠡᠴᠡᠭᠯᠢᠭ ᠡᠴᠡ ᠳᠣᠣᠷ᠎ᠠ ᠦᠭᠡᠢ ᠬᠦᠨᠳᠦ ᠲᠡᠢ ᠪᠣᠯᠵᠤᠬᠤᠢ᠃ ᠡᠨᠡ ᠥᠬᠢᠨ ᠢᠷᠡᠭᠰᠡᠨ ᠡᠴᠡ ᠤᠯᠤᠰ ᠤ᠋ᠨ ᠳᠣᠲᠣᠭᠠᠳᠤ ᠣᠷᠲᠣᠨ᠎ᠠ ᠪᠠᠰᠠ ᠨᠢᠭᠡᠨ ᠦᠶ᠎ᠡ ᠡᠴᠡ ᠲᠠᠰᠤᠷᠬᠠᠢ ᠰᠠᠢᠬᠠᠨ ᠬᠥᠮᠦᠨ ᠨᠡᠮᠡᠪᠡᠢ᠃ ᠤᠭ ᠠ᠋ᠴᠠ ᠰᠣᠯᠤᠩᠭᠤᠸ᠎ᠠ ᠠ᠋ᠴᠠ ᠬᠡᠲᠦᠷᠡᠭᠰᠡᠳ ᠦᠭᠡᠢ ᠪᠥᠯᠥᠭᠡ᠃ ᠡᠳᠦᠭᠡ ᠨᠠᠢ᠍ᠮᠠᠨ ᠤ᠋ ᠬᠠᠰᠲᠤᠶᠠᠭ᠎ᠠ᠂ ᠵᠡᠭᠦᠨ ᠨᠠᠷᠠᠨ ᠬᠣᠶᠠᠷ᠂ ᠪᠡᠷᠭᠡᠨ ᠰᠤᠯᠤᠩᠭᠤᠸ᠎ᠠ ᠭᠤᠷᠪᠠᠭᠤᠯᠠ《ᠳᠣᠲᠣᠭᠠᠳᠤ ᠣᠷᠳᠣᠨ ᠤ᠋ ᠭᠤᠷᠪᠠᠨ ᠮᠠᠷᠠᠯ 》ᠬᠡᠮᠡᠭᠳᠡᠵᠦᠬᠦᠢ᠃ ᠬᠠᠰᠲᠤᠶᠠᠭ᠎ᠠ᠂ ᠵᠡᠭᠦᠨ ᠨᠠᠷᠠᠨ᠂ ᠰᠤᠯᠤᠩᠭᠤᠸ᠎ᠠ ᠬᠡᠲᠦᠷᠬᠡᠶ᠎ᠡ ᠬᠡᠭᠡᠨᠴᠢᠷ ᠦᠵᠡᠰᠬᠦᠯᠡᠩ ᠭᠡᠭᠡᠬᠡᠨ ᠲᠤᠩᠭᠠᠯᠠᠭ ᠲᠤᠷ ᠪᠠᠬᠠᠷᠬᠠᠮᠤᠢ ᠬᠡᠮᠡᠬᠦ ᠴᠦ᠍ ᠪᠠᠢᠲᠤᠭᠠᠢ᠂ ᠰᠤᠯᠤᠩᠭᠤᠸ᠎ᠠ᠂ ᠲᠡᠷᠡ ᠬᠣᠶᠠᠷ ᠬᠠᠳᠠᠮ ᠥᠬᠢᠨ ᠳᠡᠭᠦᠦ ᠶ᠋ᠢᠨ ᠣᠯᠠᠨ ᠠ᠋ᠴᠠ ᠬᠡᠲᠦᠢᠳᠦᠭᠰᠡᠨ ᠠᠷᠢᠭᠤᠨ ᠴᠠᠭᠠᠨ ᠨᠡᠮᠡᠭᠦᠨ ᠵᠥᠭᠡᠯᠡᠨ ᠳ᠋ᠦ᠍ᠷ ᠢᠨᠤ ᠠᠮᠠᠷᠬᠠᠯᠠᠨ ᠰᠠᠨᠠᠵᠤ ᠢᠨᠠᠭᠯᠠᠨ ᠬᠠᠢᠷᠠᠯᠠᠮᠤᠢ᠃ ᠨᠡᠩᠳᠡ ᠡᠨᠡ ᠨᠠᠢ᠍ᠮᠠᠨᠴᠢ ᠭᠦᠩᠵᠦ ᠡᠬᠡ ᠦᠭᠡᠢ ᠳ᠋ᠡᠭᠡᠨ ᠰᠤᠯᠤᠩᠭᠤᠸ᠎ᠠ ᠶ᠋ᠢ ᠡᠭᠡᠴᠢ ᠬᠠᠰᠲᠤᠶᠠᠭ᠎ᠠ ᠠ᠋ᠴᠠ ᠢᠯᠡᠭᠦᠦ ᠡᠯᠢᠭᠡᠰᠡᠭᠯᠡᠨ ᠦᠵᠡᠮᠦᠢ᠃ ᠰᠣᠯᠤᠩᠭᠤᠸ᠎ᠠ ᠴᠤ᠌ ᠲᠡᠭᠦᠨ ᠢ᠋ ᠳᠡᠭᠦᠨᠦ ᠡᠷ᠎ᠡ ᠶ᠋ᠢᠨ ᠨᠢᠭᠡᠨ ᠡᠬᠡ ᠡᠴᠡ ᠲᠥᠷᠥᠭᠰᠡᠨ ᠥᠬᠢᠨ ᠳᠡᠭᠦᠦ ᠡᠴᠡ ᠢᠯᠡᠭᠦᠦ ᠨᠢᠭᠡᠨ ᠬᠤᠪᠢ ᠦᠷᠦ ᠡᠪᠡᠳᠴᠦ ᠡᠨᠡᠷᠢᠨ ᠰᠠᠨᠠᠮᠤᠢ᠃ ᠨᠡᠩ ᠢᠯᠠᠩᠭᠤᠶ᠎ᠠ ᠦᠵᠢᠨ ᠡᠮᠡᠭᠡ ᠪᠠ ᠤᠯᠤᠰ ᠤ᠋ᠨ ᠡᠬᠡ ᠶ᠋ᠢᠨ ᠦᠨᠡᠨ ᠰᠡᠳᠬᠢᠯ ᠦ᠋ᠨ ᠡᠭᠦᠳᠡᠨ ᠡᠴᠡ ᠡᠬᠡ ᠦᠭᠡᠢ ᠥᠨᠥᠴᠢᠨ ᠨᠢᠯᠬ᠎ᠠ ᠭᠡᠮᠡᠨ ᠳᠠᠪᠬᠤᠷ ᠠᠰᠠᠷᠠᠯ ᠤ᠋ᠨ ᠨᠢᠭᠦᠯᠡᠰᠬᠦᠢ ᠶ᠋ᠢᠨ ᠥᠷᠥᠰᠢᠶᠡᠬᠦ ᠶ᠋ᠢ ᠬᠡᠯᠡᠯᠴᠡᠬᠦ ᠡᠴᠡ ᠭᠠᠳᠠᠨ᠎ᠠ᠂ ᠡᠨᠡ ᠤᠳᠠᠭ᠎ᠠ ᠶ᠋ᠢᠨ ᠬᠡᠷᠡᠭ ᠶᠠᠭᠠᠬᠢᠨ ᠡᠢᠮᠦ ᠦᠭᠡᠰ ᠲᠣᠷ ᠤᠴᠠᠷᠠᠯ ᠠᠵᠤ᠂ ᠬᠡᠷᠡᠭ ᠲᠦ᠍ᠷ ᠲᠣᠬᠢᠶᠠᠯ ᠪᠣᠯᠤᠭᠰᠠᠨ ᠠᠵᠢ ?  ᠬᠡᠮᠡᠪᠡᠰᠦ᠂ ᠣᠳᠣ ᠪᠠᠰᠠ ᠦᠭᠡ ᠶ᠋ᠢ ᠬᠣᠢᠰᠢ ᠡᠭᠡᠭᠦᠯᠦᠨ ᠨᠢᠭᠡᠨ ᠵᠢᠯ ᠦ᠋ᠨ ᠡᠮᠦᠨ᠎ᠡ ᠶ᠋ᠢᠨ ᠬᠥᠬᠡ ᠬᠤᠯᠤᠭᠠᠨ᠎ᠠ ᠵᠢᠯ ᠦ᠋ᠨ ᠳᠥᠷᠪᠡᠨ ᠰᠠᠷ᠎ᠠ ᠠ᠋ᠴᠠ ᠡᠬᠢᠯᠡᠵᠦ᠂ ᠤᠭ ᠤᠴᠢᠷ ᠶᠠᠪᠤᠳᠠᠯ ᠤ᠋ᠨ ᠤᠷᠰᠢᠭ ᠶᠠᠷᠰᠢᠭ ᠲᠠᠢ ᠶ᠋ᠢ ᠲᠣᠭᠠᠴᠢᠵᠤ ᠡᠰᠡ ᠪᠦᠷᠢᠳᠬᠡᠪᠡᠰᠦ᠂ ᠡᠨᠡ ᠵᠢᠯ ᠦ᠋ᠨ ᠡᠨᠡ ᠶᠠᠪᠤᠳᠠᠯ ᠯᠤᠭ᠎ᠠ ᠬᠤᠳᠬᠤᠨ ᠵᠢᠭᠤᠷᠠᠯᠳᠤᠭᠠᠳ᠂ ᠦᠵᠡᠬᠦ ᠮᠡᠷᠭᠡᠳ ᠦ᠋ᠨ ᠣᠶᠤᠨ ᠳ᠋ᠤᠷ ᠰᠠᠭᠤᠬᠤᠶ᠎ᠠ ᠪᠠᠯᠠᠷᠬᠠᠢ ᠪᠣᠯᠭᠤᠵᠠᠢ ᠭᠡᠮᠡᠨ᠂ ᠣᠳᠣ ᠨᠢᠳᠤᠨᠤᠨ ᠵᠢᠯ ᠦ᠋ᠨ ᠪᠸᠲ᠋ᠠ᠋ ᠤᠯᠤᠰ ᠤ᠋ᠨ ᠦᠵᠢᠨ ᠡᠮᠡᠭᠡ ᠶ᠋ᠢᠨ ᠶᠡᠬᠡ ᠪᠠᠶᠠᠰᠬᠤᠯᠠᠩ ᠤ᠋ᠨ ᠣᠴᠢᠷ᠎ᠠ ᠪᠠᠷᠢᠯᠳᠤᠭᠤᠯᠤᠨ᠂ ᠤᠯᠤᠰ ᠤ᠋ᠨ ᠬᠥᠪᠡᠭᠦᠨ ᠥᠬᠢᠳ ᠢ᠋ ᠬᠥᠮᠦᠵᠢᠭᠦᠯᠦᠨ ᠬᠣᠣᠰᠯᠠᠨ ᠬᠣᠯᠪᠣᠬᠤᠢ ᠶ᠋ᠢᠨ ᠤᠴᠢᠷ ᠠ᠋ᠴᠠ ᠡᠬᠢᠯᠡᠨ ᠬᠡᠯᠡᠬᠦ ᠬᠡᠷᠡᠭᠲᠡᠢ᠃ ᠲᠡᠷᠡ ᠤᠳᠠᠭ᠎ᠠ ᠬᠣᠣᠰ ᠲᠡᠭᠦᠰ ᠦ᠋ᠨ ᠡᠩ ᠲᠡᠷᠢᠭᠦᠨ ᠳ᠋ᠦ᠍ᠷ ᠰᠤᠯᠤᠩᠭᠤᠸ᠎ᠠ ᠠᠯᠲᠠᠨᠱᠠᠭ᠎ᠠ ᠶ᠋ᠢ ᠨᠡᠷ᠎ᠡ ᠵᠢᠭᠠᠨ᠂ ᠭᠤᠷᠪᠠᠨ ᠳᠠᠪᠬᠤᠷ ᠵᠠᠷᠯᠢᠭ ᠪᠠᠭᠤᠭᠰᠠᠨ᠎ᠠ ᠠᠷᠭᠠᠳᠠᠯ ᠦᠭᠡᠢ ᠤᠯᠤᠰ ᠤ᠋ᠨ ᠴᠠᠭᠠᠵᠠ ᠠ᠋ᠴᠠ ᠵᠥᠷᠢᠴᠡᠨ ᠡᠰᠡ ᠴᠢᠳᠠᠵᠤ᠂ ᠬᠠᠭᠤᠷᠠᠢ ᠡᠷ᠎ᠡ ᠡᠮ᠎ᠡ ᠲᠦᠷ ᠵᠠᠭᠤᠷ᠎ᠠ ᠲᠥᠷᠥ ᠳ᠋ᠦ᠍ ᠭᠠᠷᠴᠤ ᠬᠣᠯᠪᠣᠪᠠ ᠭᠡᠮᠡᠨ ᠬᠠᠭᠤᠷᠴᠤ᠂ ᠬᠠᠭᠤᠷᠠᠢ ᠪᠠᠷ ᠬᠣᠣᠰᠯᠠᠵᠤ ᠮᠥᠷᠭᠥᠭᠡᠳ ᠬᠣᠲᠠ ᠬᠤᠳᠠᠭᠠᠢ ᠪᠣᠯᠵᠤ᠂ ᠶᠡᠬᠡ ᠭᠦᠩᠵᠦ ᠶ᠋ᠢ ᠬᠣᠯᠪᠣᠬᠤᠢ ᠶ᠋ᠢᠨ ᠶᠣᠰᠣᠯᠠᠯ ᠢ᠋ ᠭᠦᠢᠴᠡᠳᠬᠡᠵᠦ ᠤᠯᠤᠰ ᠲᠠᠭᠠᠨ ᠡᠭᠡᠵᠦ᠂ ᠮᠥᠨ ᠬᠦ᠌ ᠬᠠᠭᠤᠷᠠᠢ ᠪᠠᠷ ᠡᠷ᠎ᠡ ᠡᠮ᠎ᠡ ᠭᠡᠮᠡᠨ ᠶᠡᠬᠡᠮᠰᠦᠭ ᠭᠡᠭᠡᠬᠡᠨ ᠵᠠᠩ ᠢ᠋ᠶ᠋ᠠᠷ ᠠᠭᠠᠰᠢᠯᠠᠨ ᠬᠤᠰᠢᠪᠠᠯᠵᠠᠨ ᠬᠠᠰᠢᠪᠠᠯᠵᠠᠨ᠂ ᠪᠢᠴᠢᠬᠠᠨ ᠭᠡᠷ ᠥᠴᠦᠬᠡᠨ ᠡᠭᠦᠳᠡᠨ ᠦ᠌ ᠮᠡᠲᠦ ᠢᠷᠪᠠᠯᠵᠠᠨ ᠰᠢᠷᠪᠠᠯᠵᠠᠬᠤ ᠦᠭᠡᠢ ᠪᠣᠯᠪᠠᠴᠤ᠂ ᠵᠡᠷᠭᠡᠴᠡᠨ ᠰᠠᠭᠤᠵᠤ᠂ ᠬᠤᠷᠢᠮ ᠬᠤᠷᠢᠮᠯᠠᠨ᠂ ᠭᠠᠷ ᠪᠠᠷᠢᠯᠴᠠᠨ ᠨᠠᠭᠠᠳᠤᠨ ᠵᠢᠷᠭᠠᠬᠤᠶ᠎ᠠ᠂ ᠳᠣᠲᠣᠷ᠎ᠠ ᠪᠠᠨ ᠰᠠᠮ ᠢ᠋ᠶ᠋ᠠᠷ ᠢᠰᠪᠡᠯᠵᠡᠨ ᠰᠢᠷᠪᠡᠭᠡᠲᠦᠬᠦᠢ ᠶ᠋ᠢ ᠦᠭᠡᠢ ᠪᠣᠯᠭᠠᠬᠤᠶ᠎ᠠ ᠪᠡᠷᠬᠡ᠂ ᠬᠣᠶᠠᠷ ᠡᠲᠡᠭᠡᠳ ᠬᠠᠷᠠᠬᠠᠨ ᠲᠡᠰᠪᠦᠷᠢᠯᠡᠬᠦᠶ᠎ᠡ ᠪᠡᠷᠬᠡ ᠪᠦᠬᠦᠢ ᠳ᠋ᠦ᠍ᠷ ᠰᠠᠶᠢ ᠠᠯᠭᠤᠷ ᠠᠭᠠᠵᠢᠮ ᠢ᠋ᠶ᠋ᠠᠷ ᠨᠠᠢ᠍ᠮᠠᠨ ᠤ᠋ ᠨᠠᠭᠠᠴᠤ ᠨᠣᠶᠠᠨ᠂ ᠠᠯᠲᠠᠨ ᠤᠯᠤᠰ ᠤ᠋ᠨ ᠠ ᠰᠢᠨ ᠨᠠ᠂ ᠬᠡᠷᠡᠢᠳ ᠠᠢᠮᠠᠭ ᠤ᠋ᠨ ᠳᠡᠭᠦᠦ ᠬᠦᠷᠭᠡᠨ ᠲᠤᠰᠬᠤ᠂ ᠥᠬᠢᠨ ᠳᠡᠭᠦᠦ ᠬᠠᠰᠲᠤᠶᠠᠭ᠎ᠠ ᠲᠠᠨ ᠲᠡᠷᠢᠭᠦᠯᠡᠨ ᠬᠣᠶᠠᠷ ᠡᠲᠡᠭᠡᠳ ᠦ᠋ᠨ ᠲᠡᠷᠢᠭᠦᠯᠡᠭᠰᠡᠨ ᠰᠠᠢᠳ ᠲᠦᠰᠢᠮᠡᠳ ᠪᠦᠭᠦᠳᠡᠭᠡᠷ ᠬᠤᠷᠠᠯᠴᠠᠵᠤ ᠲᠥᠷᠥᠭᠰᠡᠨ ᠳᠡᠭᠦᠦ ᠮᠥᠩᠭᠥᠨ ᠲᠣᠯᠢ ᠳ᠋ᠤᠷ ᠮᠡᠳᠡᠭᠦᠯᠦᠨ᠂ ᠠᠬ᠎ᠠ ᠳᠡᠭᠦᠦ ᠲᠥᠷᠥᠯ ᠲᠥᠷᠥᠭᠰᠡᠨ ᠤᠷᠤᠭ ᠰᠠᠳᠤᠨ ᠤᠯᠤᠰ ᠠᠯᠪᠠᠲᠤ ᠲᠠᠢ ᠪᠦᠭᠦᠳᠡᠭᠡᠷ ᠠᠯᠲᠠᠨᠱᠠᠭ᠎ᠠ ᠶ᠋ᠢᠨ ᠪᠡᠯᠪᠡᠰᠦᠷᠡᠯ ᠦ᠋ᠨ ᠬᠣᠨᠣᠭ ᠲᠣᠭ᠎ᠠ ᠨᠢᠭᠡᠨᠲᠡ ᠲᠡᠭᠦᠰᠦᠨ ᠳᠦᠭᠦᠷᠦᠭᠰᠡᠨ ᠪᠥᠭᠡᠳ ᠪᠠᠰᠠ ᠪᠸᠲ᠋ᠠ᠋ ᠤᠯᠤᠰ ᠤ᠋ᠨ ᠡᠵᠡᠨ ᠦ᠌ ᠵᠠᠷᠯᠢᠭ ᠲᠤᠷ ᠨᠡᠢᠴᠡᠭᠦᠯᠪᠡᠰᠦ ᠵᠣᠬᠢᠮᠤᠢ ᠭᠡᠮᠡᠨ ᠭᠤᠷᠪᠠᠨ ᠵᠡᠷᠭᠡ ᠱᠠᠭᠠᠷᠳᠠᠨ᠂ ᠰᠡᠭᠦᠯ ᠦ᠋ᠨ ᠤᠳᠠᠭ᠎ᠠ ᠳ᠋ᠤᠷ ᠠᠯᠲᠠᠨᠱᠠᠭ᠎ᠠ ᠶ᠋ᠢᠨ ᠲᠥᠷᠥᠭᠰᠡᠨ ᠡᠬᠡ᠂ ᠠ ᠰᠢᠨ ᠨᠠ᠂ ᠹᠧᠢ ᠬᠠᠲᠤᠨ ᠬᠢᠭᠡᠳ ᠠ ᠰᠢᠨ ᠨᠠ ᠨᠠᠭᠠᠴᠤ ᠪᠠᠷ ᠠᠨᠤ ᠴᠢᠩᠳᠠᠯᠠᠨ ᠵᠠᠬᠢᠭᠤᠯᠵᠤ ᠰᠠᠶᠢ ᠬᠣᠣᠰᠯᠠᠯ ᠬᠣᠯᠪᠣᠭᠠᠨ ᠤ᠋ ᠡᠳᠦᠷ ᠲᠣᠭᠲᠠᠭᠠᠨ᠂ ᠮᠥᠨ ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ ᠤ᠋ ᠰᠠᠢᠨ ᠡᠳᠦᠷ ᠦ᠋ᠨ ᠰᠠᠢᠨ ᠴᠠᠭ ᠲᠤᠷ ᠠᠯᠲᠠᠨᠱᠠᠭ᠎ᠠ᠂ ᠬᠠᠭᠠᠨ ᠬᠥᠪᠡᠭᠦᠨ ᠲᠠᠢᠽᠢ ᠬᠦᠩ ᠦ᠋ᠨ ᠰᠢᠵᠢᠷ ᠠᠯᠳᠠᠮᠠᠯ ᠲᠣᠬᠢᠮᠠᠯ ᠲᠠᠪᠤᠨ ᠰᠤᠪᠤᠳ ᠤ᠋ᠨ ᠯᠤᠤᠲᠤ ᠮᠠᠯᠠᠭ᠎ᠠ᠂ ᠰᠢᠷ᠎ᠠ ᠯᠤᠤ ᠤᠯᠠᠭᠠᠨ ᠬᠠᠵᠢᠯᠭᠠᠲᠤ ᠮᠠᠩᠨᠤᠭ ᠡᠮᠦᠰᠴᠦ᠂ ᠭᠣᠣᠯ ᠳᠤᠮᠳᠠᠳᠤ ᠬᠠᠷᠰᠢ ᠳ᠋ᠤᠷ ᠤᠯᠤᠰ ᠤ᠋ᠨ ᠡᠵᠡᠨ ᠸᠠᠩ ᠤ᠋ᠨ ᠶᠣᠰᠣᠯᠠᠯᠲᠤ ᠬᠤᠷᠢᠮ ᠤᠯᠠᠭᠠᠨ ᠭᠡᠷᠡᠯᠲᠦ ᠨᠠᠢᠷ ᠭᠡᠮᠡᠨ ᠪᠡᠯᠡᠳᠬᠡᠵᠦ᠂ ᠡᠯ᠎ᠡ ᠬᠣᠣᠰᠯᠠᠯ ᠬᠣᠯᠪᠣᠭᠠᠨ ᠤ᠋ ᠳᠦᠷᠢᠮ ᠶᠣᠰᠣᠯᠠᠯ ᠢ᠋ ᠠ ᠰᠢᠨ ᠨᠠ᠂ ᠳ᠋ᠠᠳᠠᠳᠤᠩᠭ᠎ᠠ ᠬᠣᠶᠠᠭᠤᠯᠠ ᠰᠠᠴᠠᠭᠤ ᠲᠡᠭᠰᠢ ᠬᠣᠶᠠᠷ ᠤᠯᠤᠰ ᠬᠠᠷᠢᠯᠴᠠᠨ ᠤᠷᠤᠭ ᠪᠠᠷᠢᠯᠳᠤᠬᠤ ᠶ᠋ᠢᠨ ᠬᠡᠪ ᠳᠦᠷᠢᠮ ᠢ᠋ᠶ᠋ᠡᠷ ᠲᠣᠭᠲᠠᠭᠠᠨ ᠵᠣᠬᠢᠶᠠᠵᠤ ᠠᠯᠲᠠᠨᠱᠠᠭ᠎ᠠ᠂ ᠭᠦᠩᠵᠦ ᠶ᠋ᠢᠨ ᠵᠢᠭᠰᠠᠭᠠᠯ ᠢ᠋ᠶ᠋ᠠᠷ ᠰᠣᠯᠣᠩᠭᠤᠣ᠎ᠠ ᠶ᠋ᠢᠨ ᠤᠷᠳᠣᠨ᠎ᠠ ᠵᠠᠯᠠᠷ᠎ᠠ ᠢᠷᠠᠪᠠᠰᠤ᠂ ᠡᠨᠳᠡᠭᠡ ᠡᠲᠡᠭᠡᠳ ᠡᠴᠡ ᠲᠤᠰᠬᠤ ᠬᠠᠰᠲᠤᠶᠠᠭ᠎ᠠ ᠨᠥᠬᠥᠷ ᠡᠮ᠎ᠡ᠂ ᠸᠠᠩ ᠤ᠋ᠨ ᠵᠢᠭᠰᠠᠭᠠᠯ ᠵᠢᠭᠰᠠᠭᠠᠨ ᠠᠯᠲᠠᠨᠱᠠᠭ᠎ᠠ ᠶ᠋ᠢ ᠤᠭᠲᠤᠨ ᠵᠠᠯᠠᠵᠤ ᠣᠷᠣᠭᠤᠯᠤᠨ᠂ ᠸᠠᠩ ᠤ᠋ᠨ ᠬᠤᠪᠢᠶᠠᠷᠢ ᠶ᠋ᠢᠨ ᠬᠤᠷᠢᠮ ᠤ᠋ᠨ ᠰᠠᠷᠬᠤᠳ ᠪᠠᠷᠢᠵᠤ᠂ ᠰᠠᠶᠢ ᠰᠣᠯᠣᠩᠭᠣᠣ᠎ᠠ ᠮᠥᠨ ᠬᠦ᠌ ᠶᠡᠬᠡ ᠭᠦᠩᠵᠦ ᠶ᠋ᠢᠨ ᠶᠢᠰᠦᠨ ᠺᠠᠷᠣᠳᠢ ᠶ᠋ᠢᠨ ᠴᠠᠷᠪᠠᠭ ᠬᠣᠭᠣᠯᠠᠪᠴᠢ᠂ ᠨᠠᠷᠠᠨ ᠰᠠᠷᠠᠨᠲᠤ ᠰᠢᠷ᠎ᠠ ᠯᠤᠤ ᠶ᠋ᠢᠨ ᠬᠤᠪᠴᠠᠳ ᠢ᠋ᠶ᠋ᠠᠷ ᠶᠣᠰᠣᠴᠢᠯᠠᠨ ᠡᠮᠦᠰᠴᠦ ᠠᠯᠲᠠᠨᠱᠠᠭ᠎ᠠ ᠶ᠋ᠢ ᠤᠭᠲᠤᠨ ᠭᠠᠷᠴᠤ᠂ ᠬᠤᠷᠢᠮ ᠰᠠᠷᠬᠤᠳ ᠤ᠋ᠨ ᠶᠣᠰᠣᠯᠠᠯ ᠢ᠋ ᠭᠦᠢᠴᠡᠳᠬᠡᠨ᠂ ᠲᠡᠭᠦᠨ ᠯᠦ᠍ᠭᠡ ᠵᠢᠭᠰᠠᠭᠠᠯ ᠬᠠᠮᠲᠤᠳᠬᠠᠨ ᠬᠠᠮᠲᠤ ᠢᠷᠡᠵᠦ᠂ ᠠᠯᠲᠠᠨᠱᠠᠭ᠎ᠠ ᠶ᠋ᠢᠨ ᠪᠡᠯᠡᠳᠬᠡᠭᠰᠡᠨ ᠮᠠᠨᠳᠠᠯ ᠳ᠋ᠤᠷ ᠭᠠᠷᠴᠤ ᠲᠡᠭᠷᠢ ᠭᠠᠵᠠᠷ᠂ ᠨᠠᠷᠠᠨ ᠰᠠᠷᠠᠨ᠂ ᠡᠵᠡᠳ ᠬᠤᠪᠢᠯᠭᠠᠳ᠂ ᠤᠷᠢᠳᠤᠰ ᠳᠡᠭᠡᠳᠦᠰ ᠦ᠋ᠨ ᠳᠥᠷᠪᠡᠨ ᠮᠠᠨᠳᠠᠯ ᠳ᠋ᠤᠷ ᠮᠥᠷᠭᠥᠨ ᠶᠣᠰᠣᠯᠠᠵᠤ᠂ ᠰᠠᠶᠢ ᠶᠡᠬᠡ ᠬᠠᠷᠰᠢ ᠳ᠋ᠤᠷ ᠣᠷᠣᠵᠤ᠂ ᠭᠠᠯ ᠭᠣᠯᠣᠮᠲᠠ ᠳ᠋ᠤᠷ ᠬᠠᠯᠢᠮ᠎ᠠ ᠰᠠᠷᠬᠤᠳ ᠰᠠᠴᠤᠨ᠂ ᠭᠡᠷ ᠣᠷᠲᠣᠨ᠎ᠠ ᠵᠡᠯᠮ᠎ᠡ ᠮᠢᠯᠢᠶᠠᠯᠭ᠎ᠠ ᠡᠷᠭᠦᠨ ᠪᠡᠯᠡᠭᠯᠡᠵᠦ ᠰᠢᠨ᠎ᠡ ᠤᠷᠤᠭ᠂ ᠬᠠᠭᠤᠴᠢᠨ ᠣᠢᠷᠠᠯᠴᠠᠭ᠎ᠠ ᠪᠠ ᠨᠣᠶᠠᠳ ᠲᠦᠰᠢᠮᠡᠳ ᠤᠭᠰᠠᠭ᠎ᠠ ᠲᠥᠷᠥᠯ ᠳ᠋ᠦ᠍ᠷ ᠠᠯᠲᠠᠨᠱᠠᠭ᠎ᠠ ᠬᠤᠷᠢᠮ ᠲᠠᠯᠪᠢᠭᠤᠯᠤᠨ᠂ ᠰᠠᠷᠬᠤᠳ ᠪᠠᠷᠢᠭᠰᠠᠨ ᠬᠣᠢᠨ᠎ᠠ ᠰᠠᠶᠢ ᠣᠯᠠᠨ ᠢ᠋ᠶ᠋ᠠᠷ ᠲᠠᠢᠽᠢ ᠭᠦᠩᠵᠦ ᠬᠣᠶᠠᠭᠤᠯᠠ ᠶ᠋ᠢ ᠰᠢᠷ᠎ᠠ ᠯᠤᠤᠲᠤ ᠣᠯᠪᠣᠭ ᠲᠦᠰᠢᠯᠭᠡ ᠳ᠋ᠦ᠍ᠷ ᠢᠨᠦ ᠡᠮᠦᠨᠡᠰᠢ ᠬᠠᠨᠳᠤᠭᠤᠯᠤᠨ ᠵᠡᠷᠭᠡᠴᠡᠭᠦᠯᠦᠨ ᠰᠠᠭᠤᠯᠭᠠᠵᠤ᠂ ᠬᠦᠷᠢᠶ᠎ᠡ ᠳᠦᠭᠦᠷᠡᠩ ᠬᠠᠭᠠᠨ ᠬᠥᠮᠦᠨ᠂ ᠲᠡᠭᠷᠢ ᠶ᠋ᠢᠨ ᠬᠥᠪᠡᠭᠦᠨ ᠦ᠌ ᠰᠠᠪᠠ ᠵᠡᠷᠭᠡᠴᠡᠯ᠂ ᠨᠠᠷᠢᠨ ᠵᠢᠭᠰᠠᠭᠠᠯ᠂ ᠤᠨᠵᠢᠯᠭ᠎ᠠ ᠮᠠᠨᠵᠢᠯᠭ᠎ᠠ ᠣᠭᠣᠰᠣᠷᠲᠤ ᠭᠥᠯᠢᠰ᠂ ᠰᠤᠪᠤᠳ ᠬᠡᠯᠭᠢᠶᠡᠮᠡᠯ ᠪᠣᠯᠣᠷ ᠵᠤᠯᠠ ᠪᠢᠳᠦᠷᠶ᠎ᠡ ᠡᠷᠳᠡᠨᠢ᠂ ᠪᠠᠳᠮᠠᠷᠠᠭ᠎ᠠ ᠴᠢᠯᠠᠭᠤᠨ ᠤ᠋ ᠴᠥᠭᠥᠴᠡ ᠬᠤᠨᠳᠠᠭ᠎ᠠ᠂ ᠡᠭᠡᠨᠡᠭᠲᠡ ᠶᠡᠬᠡ ᠳ᠋ᠠᠢ ᠯᠢᠶᠣᠣ ᠤᠯᠤᠰ ᠤ᠋ᠨ ᠭᠣᠣᠯ ᠰᠠᠭᠤᠷᠢᠨ ᠢ᠋ ᠡᠵᠡᠯᠡᠭᠰᠡᠨ ᠬᠡᠪ ᠲᠥᠯᠥᠪ ᠢᠯᠡᠷᠡᠨ ᠭᠠᠷᠴᠤ ᠢᠷᠡᠭᠡᠳ ᠤᠷᠢᠳᠠ ᠨᠠᠢ᠍ᠮᠠᠨ ᠤ᠋ ᠡᠲᠡᠭᠡᠳ ᠦ᠋ᠨ ᠨᠣᠶᠠᠳ ᠲᠦᠰᠢᠮᠡᠳ ᠮᠥᠩᠭᠥᠨ ᠲᠣᠯᠢ ᠲᠡᠷᠢᠭᠦᠯᠡᠨ᠂ ᠳ᠋ᠠᠳᠠᠳᠤᠩᠭ᠎ᠠ᠂ ᠮᠢᠩᠭᠠᠲᠠᠨ᠂ ᠴᠢᠦᠢ ᠱᠢ ᠯᠢ᠂ ᠢᠳᠡᠷ ᠳᠣᠪᠣ ᠶ᠋ᠢᠨ ᠵᠡᠷᠭᠡ ᠶ᠋ᠢᠨ ᠲᠡᠷᠢᠭᠦᠯᠡᠭᠰᠡᠨ ᠲᠦᠰᠢᠮᠡᠳ ᠢ᠋ ᠳᠠᠭᠠᠭᠤᠯᠤᠨ ᠣᠯᠠᠨ ᠲᠦᠰᠢᠮᠡᠯ ᠲᠦᠰᠢᠶ᠎ᠡ᠂ ᠬᠤᠷᠢᠮ ᠪᠠ ᠰᠠᠷᠬᠤᠳ ᠤ᠋ᠨ ᠰᠢᠷᠡᠭᠡ᠂ ᠬᠥᠭᠵᠢᠮ ᠦ᠋ᠨ ᠠᠷᠠᠳ ᠲᠠᠢ ᠪᠠᠷᠠᠭᠤᠨ ᠡᠲᠡᠭᠡᠳ ᠲᠣᠷ ᠵᠢᠭᠰᠠᠭᠠᠨ᠂ ᠳᠠᠭᠠᠯᠳᠤᠭ᠎ᠠ ᠬᠡᠷᠡᠢᠳ ᠦ᠋ᠨ ᠡᠲᠡᠭᠡᠳ ᠦ᠋ᠨ ᠨᠣᠶᠠᠳ ᠲᠦᠰᠢᠮᠡᠳ ᠲᠤᠰᠬᠤ ᠲᠡᠷᠢᠭᠦᠯᠡᠨ᠂ ᠵᠢᠨᠲᠦ᠂ ᠫᠤᠯᠭᠤᠲᠠᠢ ᠮᠡᠷᠭᠡᠨ ᠲᠠᠨ ᠤ᠋ ᠵᠡᠷᠭᠡ ᠶ᠋ᠢᠨ ᠲᠡᠷᠢᠭᠦᠯᠡᠭᠰᠡᠨ ᠲᠦᠰᠢᠮᠡᠳ ᠢ᠋ ᠳᠠᠭᠠᠭᠤᠯᠤᠨ᠂ ᠣᠯᠠᠨ ᠲᠦᠰᠢᠮᠡᠯ ᠲᠥᠰᠢᠶ᠎ᠡ᠂ ᠬᠤᠷᠢᠮ ᠪᠠ ᠰᠠᠷᠬᠤᠳ ᠤ᠋ᠨ ᠰᠢᠷᠡᠭᠡ᠂ ᠬᠥᠭᠵᠢᠮ ᠦ᠋ᠨ ᠠᠷᠠᠳ ᠲᠠᠢ ᠵᠡᠭᠦᠨ ᠡᠲᠡᠭᠡᠳ ᠲᠣᠷ ᠵᠢᠭᠰᠠᠭᠠᠨ᠂ ᠳᠣᠲᠣᠷ᠎ᠠ ᠠᠯᠲᠠᠨ ᠤ᠋ ᠵᠦᠩ᠂ ᠬᠠᠰ ᠤ᠋ᠨ ᠴᠢᠩ ᠳᠠᠭᠤᠷᠢᠰᠴᠤ ᠂ ᠭᠠᠳᠠᠨ᠎ᠠ ᠬᠦᠷᠡᠯ ᠬᠥᠭᠡᠷᠭᠡ᠂ ᠠᠷᠠᠰᠤᠨ ᠬᠡᠩᠭᠡᠷᠭᠡ ᠬᠥᠩᠭᠢᠷᠡᠰᠦᠨ᠂ ᠤᠷᠢᠳᠠ ᠨᠠᠢ᠍ᠮᠠᠨ ᠤ᠋ ᠳᠡᠭᠦᠦ ᠨᠣᠶᠠᠨ ᠮᠥᠩᠭᠥᠨ ᠲᠣᠯᠢ᠂ ᠠᠯᠲᠠᠨᠱᠠᠭ᠎ᠠ ᠰᠣᠯᠣᠩᠭᠣᠣ᠎ᠠ ᠳ᠋ᠤᠷ ᠠᠷᠢᠬᠢ ᠪᠠᠷᠢᠨ᠂ ᠬᠣᠶᠠᠷ ᠡᠲᠡᠭᠡᠳ ᠬᠠᠮᠲᠤᠪᠠᠷ ᠰᠥᠭᠥᠳᠴᠦ᠂ ᠢᠳᠡᠷ ᠳᠣᠪᠣ ᠤᠷᠤᠭᠰᠢ ᠳᠠᠪᠰᠢᠨ ᠰᠥᠭᠥᠳᠴᠦ ᠥᠨᠳᠥᠷ ᠡᠭᠡᠰᠢᠭᠲᠦ ᠳᠠᠭᠤᠨ ᠢ᠋ᠶ᠋ᠠᠷ ᠡᠢᠨ ᠭᠡᠮᠡᠨ ᠪᠡᠯᠡᠭᠯᠡᠨ ᠮᠡᠳᠡᠭᠦᠯᠦᠷᠦᠨ :
           ᠨᠠᠢ᠍ᠮᠠᠨ ᠤᠯᠤᠰ ᠤ᠋ᠨ ᠨᠠᠷᠠᠨ ᠬᠠᠭᠠᠨ ᠤ᠋  
           ᠨᠠᠢᠷᠠᠮᠳᠠᠭᠤ ᠭᠡᠭᠡᠬᠡᠨ ᠲᠠᠢᠽᠢ᠂   
           ᠬᠡᠷᠡᠢᠳ ᠠᠢᠮᠠᠭ ᠤ᠋ᠨ ᠾᠧ ᠸᠠᠩ ᠡᠵᠡᠨ ᠦ᠌   
           ᠬᠡᠴᠡᠭᠦᠦ ᠲᠣᠳᠣᠷᠬᠠᠢ ᠭᠦᠩᠵᠦ᠂   
           ᠬᠠᠭᠠᠨ ᠲᠡᠭᠷᠢ ᠡᠴᠡ ᠬᠠᠮᠲᠤᠳᠬᠤ ᠵᠠᠶᠠᠭᠠᠲᠠᠢ    
           ᠡᠷᠲᠡ ᠲᠥᠷᠥᠯ ᠦ᠋ᠨ ᠢᠷᠦᠭᠡᠯ᠂  
           ᠬᠠᠰ ᠬᠠᠳᠠ ᠮᠡᠲᠦ ᠬᠠᠷᠢᠯᠴᠠᠨ ᠠᠷᠢᠭᠤᠨ᠎ᠠ  
           ᠡᠵᠡᠳ ᠬᠤᠪᠢᠯᠭᠠᠨ ᠴᠤ᠌ ᠪᠢᠰᠢᠷᠡᠯᠲᠡᠢ᠃  
           ᠬᠠᠮᠤᠭ ᠳᠠᠢᠰᠤᠨ ᠢ᠋ ᠰᠢᠪᠲᠤᠯᠤᠨ ᠭᠠᠷᠴᠤ    
           ᠬᠠᠲᠠᠭᠤ ᠵᠣᠷᠢᠭ ᠢ᠋ ᠰᠠᠬᠢᠯᠴᠠᠭᠰᠠᠭᠠᠷ᠂  
           ᠬᠠᠭᠠᠴᠠᠯ ᠬᠠᠮᠲᠤᠳᠠᠯ ᠵᠣᠷᠢᠭ ᠵᠢᠷᠤᠮ   
           ᠡᠨᠡ ᠡᠳᠦᠷ ᠲᠣᠷ ᠪᠦᠷᠢᠳᠦᠭᠰᠡᠨ᠎ᠡ᠂   
           ᠬᠠᠨ ᠬᠥᠪᠡᠭᠦᠨ ᠬᠠᠲᠤᠨ ᠭᠦᠩᠵᠦ ᠳ᠋ᠦ᠍ᠷ     
           ᠬᠠᠰ ᠬᠤᠨᠳᠠᠭ᠎ᠠ ᠪᠠᠷᠢᠪᠠᠰᠤ ᠵᠣᠬᠢᠮᠤᠢ ᠃   
           ᠬᠠᠳᠠᠨ ᠵᠣᠷᠢᠭᠲᠤ ᠬᠠᠲᠤᠨ ᠭᠦᠩᠵᠦ ᠠᠪᠴᠤ   
           ᠠᠮᠰᠠᠨ ᠵᠣᠭᠣᠭᠯᠠᠬᠤ ᠠᠵᠢᠶᠠᠮᠤ ᠃ 
ᠬᠡᠮᠡᠭᠰᠡᠨ ᠳ᠋ᠦ᠍ᠷ ᠠᠯᠲᠠᠨᠱᠠᠭ᠎ᠠ ᠶᠠᠭᠠᠷᠠᠨ ᠪᠣᠰᠴᠤ᠂ ᠬᠠᠰ ᠬᠤᠨᠳᠠᠭᠠᠲᠤ ᠰᠠᠷᠬᠤᠳ ᠢ᠋ ᠠᠪᠠᠴᠢᠵᠤ ᠬᠠᠳᠬᠤᠮᠠᠯ ᠮᠠᠩᠨᠤᠭ ᠨᠢᠳᠤᠷᠭ᠎ᠠ ᠪᠠᠨ ᠪᠠᠭᠤᠯᠭᠠᠵᠤ᠂ ᠬᠠᠷᠠᠭᠰᠠᠭᠠᠷ ᠬᠦᠷᠴᠦ ᠡᠷᠭᠦᠨ ᠪᠠᠷᠢᠭᠰᠠᠨ ᠳ᠋ᠤᠷ ᠬᠠᠩᠭᠢᠨᠠᠮ᠎ᠠ ᠰᠠᠢᠬᠠᠨ ᠰᠤᠯᠣᠩᠭᠤᠸ᠎ᠠ ᠭᠦᠩᠵᠦ ᠪᠡᠷ ᠬᠠᠵᠢᠯᠭᠠᠲᠤ ᠬᠠᠨᠴᠤᠢ ᠪᠠᠷ ᠢ᠋ᠶ᠋ᠠᠨ ᠬᠠᠷᠢᠭᠤ ᠶᠣᠰᠣᠯᠠᠨ ᠬᠠᠷᠢᠯ ᠮᠢᠲᠠᠷᠠᠯ ᠦᠭᠡᠢ ᠪᠡᠷ ᠬᠠᠰ ᠤ᠋ᠨ ᠭᠠᠷ ᠲᠠᠭᠠᠨ ᠬᠦᠯᠢᠶᠡᠨ ᠠᠪᠴᠤ ᠬᠠᠭᠠᠰ ᠠᠮᠠᠨ ᠠᠮᠰᠠᠪᠠᠢ᠃ ᠬᠠᠷᠢᠭᠤ ᠳ᠋ᠤᠷ ᠬᠡᠷᠡᠢᠳ ᠦ᠋ᠨ ᠳᠡᠭᠦᠦ ᠨᠣᠶᠠᠨ ᠲᠤᠰᠬᠤ ᠪᠣᠰᠴᠤ ᠂ ᠠᠯᠲᠠᠨᠱᠠᠭ᠎ᠠ ᠰᠤᠯᠤᠩᠭᠤᠸ᠎ᠠ ᠳ᠋ᠤᠷ ᠠᠷᠢᠬᠢ ᠪᠠᠷᠢᠵᠤ᠂ ᠫᠣᠯᠭᠤᠲᠠᠢ ᠤᠷᠤᠭᠰᠢ ᠳᠠᠪᠰᠢᠨ ᠮᠥᠷᠭᠥᠭᠡᠳ ᠬᠠᠷᠢᠭᠤ ᠡᠢᠨ ᠪᠡᠯᠡᠭᠯᠡᠷᠦᠨ :  
           ᠲᠠᠢᠶᠠᠩ ᠬᠠᠭᠠᠨ ᠤ᠋ ᠲᠠᠭᠠᠮᠵᠢᠲᠤ ᠵᠢᠪᠬᠤᠯᠠᠩ  
           ᠲᠠᠰᠤᠷᠬᠠᠢ ᠭᠡᠷᠡᠯᠲᠦ ᠲᠠᠢᠽᠢ᠂  
           ᠾᠧ ᠸᠠᠩ ᠡᠵᠡᠨ ᠦ᠌ ᠬᠡᠲᠦᠷᠬᠡᠢ ᠦᠵᠡᠰᠬᠦᠯᠡᠩ  
           ᠬᠡᠴᠡᠭᠦᠦ ᠵᠣᠷᠢᠭᠲᠤ ᠭᠦᠩᠵᠦ ᠃   
           ᠡᠰᠡᠷᠸ᠎ᠠ ᠲᠡᠭᠷᠢ ᠡᠴᠡ ᠡᠷ᠎ᠡ ᠡᠮ᠎ᠡ ᠶ᠋ᠢᠨ  
           ᠡᠭᠦᠷᠢᠳᠡ ᠶ᠋ᠢᠨ ᠵᠢᠷᠤᠮ ᠢ᠋ ᠲᠣᠭᠲᠠᠭᠠᠵᠤ 
           ᠡᠷᠳᠡᠨᠢᠰ ᠰᠤᠪᠤᠳ ᠠᠳᠠᠯᠢ ᠂   
           ᠡᠴᠦᠰᠲᠡᠯ᠎ᠡ ᠭᠡᠷᠡᠯᠲᠡᠢ ᠡᠯ᠎ᠡ ᠤᠯᠤᠰ ᠲᠤᠷ ᠴᠤᠬᠠᠭ ᠃  
           ᠡᠯᠳᠡᠪ ᠵᠦᠢᠯ ᠦ᠋ᠨ ᠭᠠᠰᠢᠭᠤᠨ᠎ᠠ ᠡᠷᠳᠡᠮ ᠵᠢᠷᠤᠮ ᠢ ᠰᠠᠬᠢᠭᠰᠠᠭᠠᠷ ᠂ 
           ᠡᠪᠳᠡᠷᠡᠯ ᠰᠠᠮᠠᠭᠤᠨ ᠠ᠋ᠴᠠ ᠡᠩᠬᠡ ᠪᠡᠷ ᠭᠡᠲᠦᠯᠦᠨ  
           ᠡᠨᠡ ᠡᠳᠦᠷ ᠡᠪᠯᠡᠬᠦ ᠲᠤᠯᠠ ᠂   
           ᠡᠷᠬᠡᠲᠦ ᠭᠦᠩᠵᠦ ᠡᠵᠡᠨ ᠲᠠᠢᠽᠢ ᠳ᠋ᠤᠷ  
           ᠡᠷᠳᠡᠨᠢ ᠶ᠋ᠢᠨ ᠴᠥᠭᠥᠴᠡ ᠡᠷᠭᠦᠪᠡᠰᠦ ᠵᠣᠬᠢᠮᠤᠢ᠃   
           ᠡᠷᠳᠡᠮ ᠰᠠᠭᠤᠷᠢᠲᠤ ᠡᠵᠡᠨ ᠬᠦᠩ ᠡᠭᠦᠷᠢᠳᠡ  
           ᠡᠰᠡᠷᠭᠦᠯᠡᠨ ᠬᠠᠮᠲᠤᠳᠠ ᠵᠢᠷᠭᠠᠲᠤᠭᠠᠢ ᠃ 
ᠬᠡᠮᠡᠭᠰᠡᠨ᠎ᠡ ᠰᠤᠯᠤᠩᠭᠤᠸ᠎ᠠ ᠰᠤᠭᠤ ᠦᠰᠦᠷᠦᠨ ᠪᠣᠰᠴᠤ᠂ ᠠᠯᠲᠠᠨ ᠴᠥᠬᠥᠴᠡᠲᠦ ᠠᠷᠠᠵᠠ ᠶ᠋ᠢ ᠠᠪᠴᠤ᠂ ᠠᠯᠭᠤᠷ ᠠᠭᠠᠵᠢᠮ ᠠᠪᠠᠴᠢᠵᠤ ᠪᠠᠷᠢᠭᠰᠠᠨ ᠳ᠋ᠤᠷ᠂ ᠠᠯᠲᠠᠨᠱᠠᠭ᠎ᠠ ᠲᠠᠢᠽᠢ ᠠᠰᠤᠷᠤ ᠪᠠᠶᠠᠷ ᠪᠠᠶᠠᠰᠬᠤᠯᠠᠩᠲᠠᠶ᠎ᠠ ᠠᠯᠬᠤᠨ ᠢᠷᠡᠵᠦ ᠲᠣᠰᠴᠤ ᠠᠪᠤᠭᠠᠳ ᠪᠠᠷᠠᠲᠠᠯ᠎ᠠ ᠤᠤᠭᠤᠵᠤ᠂ ᠠᠷᠢᠬᠢ ᠪᠠᠷᠢᠭᠰᠠᠨ ᠬᠣᠶᠠᠷ ᠨᠣᠶᠠᠨ ᠪᠠ ᠠᠮᠠᠳᠠᠨ ᠪᠡᠯᠡᠭᠯᠡᠭᠰᠡᠨ ᠠᠨᠳᠠ ᠫᠣᠯᠭᠤᠲᠠᠢ ᠳ᠋ᠤᠷ ᠬᠠᠷᠢᠭᠤ ᠠᠷᠢᠬᠢ ᠬᠠᠢᠷᠠᠯᠠᠨ ᠡᠢᠨ ᠪᠡᠯᠡᠭᠯᠡᠷᠦᠨ᠄   
           ᠤᠯᠤᠰ ᠡᠪᠳᠡᠷᠡᠨ ᠣᠯᠠᠨ ᠰᠠᠮᠠᠭᠤᠷᠠᠲᠠᠯ᠎ᠠ  
           ᠤᠭ ᠵᠢᠷᠤᠮ ᠢ᠋ ᠡᠰᠡ ᠬᠠᠯᠠᠭᠰᠠᠨ ᠭᠦᠩᠵᠦ ᠶ᠋ᠢ  
           ᠤᠨᠠᠵᠤ ᠲᠤᠰᠪᠠᠴᠤ ᠤᠷᠤᠭ ᠢ᠋ ᠡᠰᠡ ᠲᠠᠰᠤᠷᠠᠭᠰᠠᠨ ᠠᠨᠤ   
           ᠣᠯᠠᠨ ᠲᠠᠨ ᠤ᠋ ᠬᠠᠮᠠᠭᠠᠯᠠᠯ ᠪᠣᠯᠠᠢ᠃  
           ᠤᠷᠢᠳ ᠬᠣᠵᠢᠳ ᠡᠬᠢ ᠡᠴᠦᠰ ᠡᠭᠡᠨᠡᠭᠲᠡ ᠨᠢᠭᠡᠨ ᠠᠳᠠᠯᠢ ᠭᠡᠭᠡᠬᠡᠨ ᠲᠣᠳᠣᠷᠬᠠᠢ ᠪᠣᠯᠤᠭᠰᠠᠨ᠂
           ᠤᠳᠤᠮᠲᠤ ᠬᠠᠳᠠᠮ ᠤ᠋ᠨ ᠲᠦᠰᠢᠮᠡᠯ ᠲᠥᠰᠢᠶ᠎ᠡ ᠲᠠᠨ ᠤ᠋ ᠲᠦᠮᠡᠨ ᠦᠶ᠎ᠡ ᠶ᠋ᠢᠨ ᠵᠢᠷᠤᠮ ᠪᠣᠯᠵᠤᠬᠤᠢ᠃ 
ᠬᠡᠮᠡᠭᠰᠡᠨ᠎ᠡ ᠰᠣᠯᠤᠩᠭᠤᠸ᠎ᠠ ᠮᠥᠨ ᠨᠠᠢᠷ ᠪᠠᠷᠢᠭᠰᠠᠨ ᠬᠣᠶᠠᠷ ᠨᠣᠶᠠᠨ ᠬᠢᠭᠡᠳ ᠨᠠᠢᠷᠠᠭᠤᠯᠤᠨ ᠪᠡᠯᠡᠭᠯᠡᠭᠰᠡᠨ ᠨᠠᠢ᠍ᠮᠠᠨ ᠤᠯᠤᠰ ᠤ᠋ᠨ ᠳ᠋ᠠᠳᠠᠳᠤᠩᠭ᠎ᠠ᠂ ᠢᠳᠡᠷ ᠳᠣᠪᠣ ᠬᠣᠶᠠᠭᠤᠯᠠ ᠳ᠋ᠤᠷ ᠭᠠᠷ ᠢ᠋ᠶ᠋ᠠᠷ ᠠᠷᠢᠬᠢ ᠬᠠᠢᠷᠠᠯᠠᠨ ᠡᠢᠨ ᠪᠡᠯᠡᠭᠯᠡᠷᠦᠨ᠄  
           ᠲᠥᠷᠥ ᠲᠦᠯᠪᠡᠷᠡᠵᠦ ᠲᠦᠰᠢᠮᠡᠯ ᠲᠥᠭᠡᠷᠢᠯᠴᠡᠲᠡᠯ᠎ᠡ  
           ᠲᠥᠪ ᠵᠢᠷᠤᠮ ᠢ᠋ ᠡᠰᠡ ᠬᠠᠯᠠᠭᠰᠠᠨ ᠲᠠᠢᠽᠢ ᠶ᠋ᠢ   
           ᠲᠦᠮᠡᠨ ᠲᠦᠭᠰᠢᠯ ᠮᠢᠩᠭᠠᠨ  ᠰᠣᠴᠢᠯ ᠠ᠋ᠴᠠ ᠭᠠᠷᠭᠠᠭᠰᠠᠨ ᠠᠨᠤ   
           ᠲᠦᠰᠢᠮᠡᠯ ᠠᠨᠳᠠ ᠨᠠᠷ ᠲᠠᠨ ᠤ᠋ ᠵᠢᠳᠬᠦᠯ ᠪᠤᠶᠤ᠃  
           ᠲᠦᠷᠭᠡᠨ ᠲᠦᠭᠦᠬᠡᠢ ᠡᠭᠦᠰᠬᠡᠯ ᠲᠡᠭᠦᠰᠲᠡᠯ᠎ᠡ ᠡᠷᠳᠡᠮ ᠵᠢᠷᠤᠮ ᠢ᠋  
           ᠰᠠᠭᠠᠷ ᠦᠭᠡᠢ ᠬᠠᠳᠠᠭᠠᠯᠠᠭᠰᠠᠨ ᠡᠨᠡ ᠪᠡᠷ   
           ᠲᠦᠪᠡᠭᠳᠡᠭᠰᠡᠨ ᠬᠠᠳᠠᠮ ᠤ᠋ᠨ ᠰᠠᠢᠳ ᠡᠷᠳᠡᠮᠲᠡᠨ ᠦ᠌    
           ᠰᠠᠯᠤᠰᠢ ᠦᠭᠡᠢ ᠰᠠᠬᠢᠭᠰᠠᠨ ᠤ᠋ ᠰᠠᠢᠨ ᠳ᠋ᠤᠷ ᠪᠣᠯᠠᠢ᠃ 
ᠬᠡᠮᠡᠵᠦ ᠪᠠᠰᠠ ᠠᠩᠭᠢᠳᠠ ᠨᠢᠭᠡᠨ ᠲᠠᠪᠰᠢ ᠳ᠋ᠤᠷ ᠰᠢᠵᠢᠷ ᠠᠯᠲᠠᠨ ᠠᠷᠪᠠᠨ ᠪᠢᠴᠢᠬᠠᠨ ᠥᠯᠥᠭᠡᠢ ᠠᠯᠲᠠᠲᠤ ᠨᠣᠯᠣᠮ ᠲᠣᠷᠭ᠎ᠠ ᠠᠷᠪᠠᠨ ᠣᠷᠢᠶᠠᠳᠠᠰᠤ ᠶ᠋ᠢ ᠠᠨᠳᠠ ᠫᠣᠯᠭᠣᠳᠠᠢ ᠪᠠᠷ ᠨᠠᠢ᠍ᠮᠠᠨ ᠤ᠋ ᠰᠢᠳᠠᠷ ᠰᠠᠢᠳ ᠦᠨᠡᠨ ᠴᠢᠩᠳᠦ ᠳ᠋ᠦ᠍ᠷ ᠱᠠᠩᠨᠠᠭᠤᠯᠤᠨ ᠡᠢᠨ ᠪᠡᠯᠡᠭᠯᠡᠷᠦᠨ᠄  
           ᠠᠮᠢᠨ ᠢ᠋ᠶ᠋ᠠᠨ ᠲᠡᠪᠴᠢᠵᠦ ᠠᠪᠤᠭᠠᠢ ᠲᠠᠢᠽᠢ ᠶ᠋ᠢ  
           ᠠᠩᠬᠠᠷᠤᠨ ᠰᠤᠪᠢᠯᠠᠭᠰᠠᠨ ᠰᠠᠢᠳ᠃   
           ᠠᠬ᠎ᠠ ᠳᠡᠭᠦᠦ ᠡᠴᠡ ᠠᠷᠪᠠᠨ ᠬᠤᠪᠢ ᠳᠡᠭᠡᠷᠡᠳᠡᠭᠰᠡᠨ  
           ᠠᠴᠢ ᠵᠢᠷᠤᠮᠲᠤ ᠲᠦᠰᠢᠮᠡᠯ ᠂ ᠠᠪᠠᠬᠠᠢ ᠮᠢᠨᠦ ᠠᠮᠠᠷᠠᠭ ᠬᠠᠢᠷᠠᠲᠤ   
           ᠠᠰᠤᠷᠤ ᠰᠠᠢᠬᠠᠨ ᠠᠷᠪᠠᠨ ᠨᠠᠢ᠍ᠮᠠᠨ ᠥᠬᠢᠳ ᠡᠴᠡ  
           ᠠᠯᠢ ᠰᠠᠢᠬᠠᠨ ᠢ ᠠᠨᠤ ᠬᠣᠶᠠᠷ ᠰᠣᠩᠭᠣᠵᠤ ᠠᠮᠠᠨ ᠭᠠᠷᠴᠤ ᠠᠪᠤᠭᠲᠤᠨ᠃ 
ᠬᠡᠮᠡᠭᠰᠡᠨ᠎ᠡ᠂ ᠢᠳᠡᠷ ᠳᠣᠪᠣ ᠠᠮᠠ ᠪᠠᠨ ᠳᠠᠷᠪᠠᠢᠨ ᠪᠠᠶᠠᠷᠯᠠᠨ ᠪᠥᠭᠡᠳ ᠤᠶᠠᠷᠠᠵᠤ ᠮᠥᠷᠭᠥᠭᠡᠳ᠂ ᠦᠨᠡᠨ ᠴᠢᠩᠳᠦ ᠳᠠᠭᠠᠭᠰᠠᠳ ᠦᠨᠡᠬᠡᠷ ᠶᠡᠬᠡᠯ᠎ᠡ ᠪᠠᠶᠠᠷᠯᠠᠨ᠂ ᠦᠯᠡᠮᠵᠢ ᠬᠡᠰᠢᠭ ᠲᠣᠷ ᠮᠥᠷᠭᠥᠨ ᠥᠨᠢᠳᠡ ᠰᠢᠳᠦᠨ ᠰᠠᠨᠠᠪᠠᠢ᠃  ᠠᠯᠲᠠᠨᠱᠠᠭ᠎ᠠ ᠶᠠᠭᠠᠷᠠᠨ ᠪᠣᠰᠴᠤ ᠶᠣᠰᠣᠯᠠᠨ ᠲᠠᠯᠠᠷᠬᠠᠵᠤ ᠂ ᠨᠥᠬᠥᠷ ᠡᠮ᠎ᠡ ᠬᠣᠶᠠᠭᠤᠯᠠ ᠬᠠᠷᠢᠯᠴᠠᠨ ᠬᠤᠨᠳᠠᠭ᠎ᠠ ᠰᠣᠯᠢᠯᠴᠠᠨ ᠪᠡᠯᠡᠭᠯᠡᠷᠦᠨ:  
           ᠰᠠᠢᠨ ᠰᠠᠢᠳ ᠤ᠋ᠳ ᠤ᠋ᠨ ᠰᠠᠢᠨ ᠢ᠋ᠶ᠋ᠠᠷ᠂  
           ᠰᠠᠭᠠᠷ ᠦᠭᠡᠢ ᠬᠠᠮᠲᠤᠳᠪᠠᠢ ᠃ 
ᠬᠠᠷᠢᠭᠤ ᠪᠡᠯᠡᠭᠯᠡᠷᠦᠨ ᠄   
          ᠰᠠᠨᠠᠭ᠎ᠠ ᠰᠠᠢᠲᠤ ᠶ᠋ᠢᠨ ᠰᠠᠨᠠᠭᠰᠠᠨ ᠢ᠋ᠶ᠋ᠠᠷ   
          ᠰᠠᠴᠠᠭᠤ ᠲᠡᠭᠰᠢ ᠪᠣᠯᠤᠯᠴᠠᠪᠠᠢ᠃ 
       ᠬᠡᠷᠡᠢᠳ ᠨᠠᠢ᠍ᠮᠠᠨ ᠬᠣᠶᠠᠷ ᠡᠲᠡᠭᠡᠳ ᠦ᠋ᠨ ᠨᠣᠶᠠᠳ ᠲᠦᠰᠢᠮᠡᠳ ᠬᠠᠷᠢᠯᠴᠠᠨ ᠠᠷᠢᠬᠢ ᠰᠣᠯᠢᠯᠴᠠᠨ ᠪᠠᠷᠢᠯᠴᠠᠵᠤ᠂ ᠨᠠᠢ᠍ᠮᠠᠨ ᠠ᠋ᠴᠠ ᠪᠡᠯᠡᠭᠯᠡᠷᠦᠨ :  
           ᠰᠠᠢᠬᠠᠨ ᠲᠡᠭᠦᠰ ᠡᠵᠡᠨ ᠬᠠᠲᠤᠨ   
           ᠰᠠᠺᠠᠷᠸᠠᠳᠢ ᠮᠡᠲᠦ ᠥᠨᠢ ᠤᠳᠠᠲᠠᠯ᠎ᠠ ᠵᠢᠷᠭᠠᠲᠤᠭᠠᠢ ᠃ 
       ᠬᠡᠷᠡᠢᠳ ᠪᠡᠯᠡᠭᠯᠡᠷᠦᠨ :  
           ᠰᠠᠢᠰᠢᠶᠠᠯᠲᠠᠢ ᠬᠣᠣᠰ ᠲᠠᠢᠽᠢ ᠭᠦᠩᠵᠦ   
           ᠽᠠᠨᠳᠠᠨ ᠠᠠᠭᠠᠷᠤ ᠠᠳᠠᠯᠢ ᠦᠷ᠎ᠡ ᠬᠥᠪᠡᠭᠦᠨ ᠳᠡᠯᠭᠡᠷᠡᠲᠦᠭᠡᠢ ᠃ 
ᠭᠡᠮᠡᠨ ᠬᠤᠨᠳᠠᠭ᠎ᠠ ᠬᠣᠯᠪᠣᠬᠤᠢ ᠶ᠋ᠢᠨ ᠶᠣᠰᠣᠯᠠᠯ ᠲᠡᠭᠦᠰᠴᠦ᠂ ᠬᠠᠰ ᠬᠠᠭᠠᠯᠭ᠎ᠠ ᠶ᠋ᠢ ᠬᠠᠮᠬᠢᠨ᠂ ᠬᠠᠳᠬᠤᠮᠠᠯ ᠵᠠᠮ᠎ᠠ ᠶ᠋ᠢ ᠪᠠᠭᠤᠯᠭᠠᠵᠤ᠂ ᠣᠯᠠᠨ ᠢ᠋ᠶ᠋ᠠᠷ ᠲᠠᠷᠬᠠᠯᠴᠠᠨ ᠭᠠᠷᠴᠤ᠂ ᠭᠠᠳᠠᠭᠠᠳᠤ ᠶᠡᠬᠡ ᠬᠠᠷᠰᠢ ᠳ᠋ᠤᠷ ᠲᠥᠪ ᠦ᠋ᠨ ᠰᠠᠭᠤᠷᠢᠨ᠎ᠠ᠂ ᠪᠸᠲ᠋ᠠ᠋ ᠤᠯᠤᠰ ᠤ᠋ᠨ ᠲᠠᠢᠽᠢ ᠵᠣᠴᠢ᠂ ᠠᠯᠲᠠᠨ ᠤᠯᠤᠰ ᠤ᠋ᠨ ᠨᠠᠭᠠᠴᠤ ᠠ ᠰᠢᠨ ᠨᠠ ᠬᠣᠶᠠᠷ ᠬᠠᠵᠠᠭᠤᠳᠠ᠂ ᠨᠠᠢ᠍ᠮᠠᠨ ᠤ᠋ ᠨᠣᠶᠠᠨ ᠮᠥᠩᠭᠥᠨ ᠲᠣᠯᠢ᠂ ᠬᠡᠷᠡᠢᠳ ᠦ᠋ᠨ ᠰᠠᠢᠳ ᠤ᠋ᠳ ᠢ᠋ ᠳᠠᠢᠴᠢᠯᠠᠨ᠂ ᠬᠡᠷᠡᠢᠳ ᠦ᠋ᠨ ᠨᠣᠶᠠᠨ ᠲᠤᠰᠬᠤ᠂ ᠨᠠᠢ᠍ᠮᠠᠨ ᠤ᠋ ᠲᠦᠰᠢᠮᠡᠯ ᠨᠠᠷ ᠢ᠋ ᠳᠠᠢᠴᠢᠯᠠᠨ᠂ ᠬᠤᠨᠳᠠᠭ᠎ᠠ ᠬᠣᠯᠪᠣᠭᠰᠠᠨ ᠶᠡᠬᠡ ᠬᠤᠷᠢᠮ ᠢ᠋ ᠬᠤᠷᠢᠮᠯᠠᠪᠠ᠃ ᠳᠣᠲᠣᠭᠠᠳᠤ ᠤᠷᠲᠣᠨ᠎ᠠ ᠨᠠᠷᠠᠨ ᠰᠢᠩᠭᠡᠮᠡᠭᠴᠡ᠂ ᠴᠡᠴᠡᠭᠲᠦ ᠵᠤᠯᠠ ᠶ᠋ᠢᠨ ᠬᠤᠷᠠᠯ᠂ ᠴᠢᠮᠡᠭᠲᠦ ᠬᠥᠰᠢᠭᠡ ᠶ᠋ᠢᠨ ᠬᠤᠷᠢᠮ ᠳ᠋ᠤᠷ ᠪᠠᠭ᠎ᠠ ᠥᠬᠢᠳ ᠪᠢᠴᠢᠬᠠᠨ ᠬᠡᠦᠬᠡᠳ᠂ ᠠᠯᠲᠠᠨ ᠬᠠᠰ ᠤ᠋ᠨ ᠬᠤᠷᠢᠮ ᠤ᠋ᠨ ᠰᠠᠪᠠ ᠶ᠋ᠢ ᠵᠥᠭᠡᠭᠡᠯᠴᠡᠨ᠂ ᠲᠦᠭ ᠲᠦᠮᠡᠨ ᠤᠯᠠᠭᠠᠨ ᠵᠤᠯᠠ ᠣᠳᠣᠨ ᠮᠡᠲᠦ ᠵᠡᠷᠭᠡᠯᠡᠨ᠂ ᠬᠣᠣᠰ ᠠᠰᠠᠷ ᠤ᠋ᠨ ᠨᠠᠷᠢᠨ ᠬᠥᠭᠵᠢᠮ ᠭᠠᠯᠠᠭᠤ ᠠᠳᠠᠯᠢ ᠵᠢᠷᠭᠢᠨ ᠂ ᠠᠯᠲᠠᠨᠱᠠᠭ᠎ᠠ ᠰᠣᠯᠣᠩᠭᠣᠣ᠎ᠠ ᠨᠥᠬᠥᠷ ᠡᠮ᠎ᠡ ᠬᠣᠶᠠᠭᠤᠯᠠ᠂ ᠠᠯᠲᠠᠨ ᠰᠤᠪᠤᠳ ᠤ᠋ᠨ ᠯᠤᠤ ᠺᠠᠷᠣᠳᠢ ᠶ᠋ᠢᠨ ᠬᠥᠰᠢᠭᠡ ᠵᠠᠮ᠎ᠠ ᠳ᠋ᠤᠷ ᠣᠷᠣᠵᠤ ᠠᠩᠬᠢᠯᠤᠮᠠᠯ ᠵᠠᠭᠠᠷ ᠤ᠋ᠨ ᠰᠢᠷ᠎ᠠ ᠮᠠᠩᠨᠤᠭ ᠤ᠋ᠨ ᠳᠡᠪᠢᠰᠬᠡᠷ᠎ᠡ᠂ ᠠᠮᠠᠷᠬᠠᠯᠠᠨ ᠢᠨᠠᠭᠯᠠᠯᠳᠤᠵᠤ᠂ ᠰᠢᠷᠡᠭᠡᠨ᠎ᠡ ᠵᠡᠷᠭᠡᠴᠡᠨ ᠰᠠᠭᠤᠵᠤ᠂ ᠦᠷᠡᠵᠢᠬᠦ ᠨᠡᠷᠡᠲᠦ ᠬᠥᠪᠡᠭᠦᠨ ᠦᠷ᠎ᠡ ᠠᠴᠢ ᠶ᠋ᠢᠨ ᠬᠢᠰᠤᠭ᠎ᠠ ᠪᠣᠭᠣᠷᠰᠣᠭ ᠢ᠋ ᠡᠷᠭᠦᠨ ᠪᠠᠷᠢᠵᠤ᠂ ᠤᠷᠠᠩᠭᠣᠣ᠎ᠠ ᠬᠡᠮᠡᠬᠦ ᠥᠬᠢᠨ᠂ ᠤᠷᠲᠤ ᠨᠠᠰᠤᠨ ᠤ᠋ ᠬᠡᠷᠴᠢᠮᠡᠯ ᠰᠢ᠌ᠰᠠ ᠮᠢᠶᠠᠨ ᠢ᠋ ᠬᠣᠣᠰᠯᠠᠨ ᠡᠷᠭᠦᠵᠦ᠂ ᠬᠡᠭᠡᠨᠴᠢᠷ ᠬᠥᠪᠡᠭᠦᠨ ᠮᠥᠩᠭᠥᠨ ᠦ᠌ ᠲᠡᠪᠰᠢ ᠶ᠋ᠢ ᠡᠷᠭᠦᠨ ᠬᠦᠰᠡᠷ᠎ᠡ ᠡᠭᠡᠯᠵᠢᠯᠡᠯᠴᠡᠨ ᠢᠷᠡᠵᠦ ᠰᠥᠭᠦᠳᠦᠯᠴᠡᠨ᠂ ᠦᠵᠡᠰᠬᠦᠯᠡᠩ ᠥᠬᠢᠳ᠂ ᠡᠷᠳᠡᠨᠢᠰ ᠦ᠋ᠨ ᠬᠤᠨᠳᠠᠭ᠎ᠠ ᠶ᠋ᠢ ᠪᠠᠷᠢᠵᠤ ᠠᠷᠢᠬᠢ ᠨᠡᠷᠡᠯᠴᠡᠨ ᠡᠷᠭᠦᠨ ᠪᠠᠷᠢᠯᠴᠠᠵᠤ᠂ ᠠᠯᠲᠠᠨᠱᠠᠭ᠎ᠠ ᠠᠷᠢᠬᠢᠨ ᠤ᠋ ᠬᠤᠨᠳᠠᠭ᠎ᠠ ᠶ᠋ᠢ ᠠᠪᠴᠤ᠂ ᠠᠪᠠᠬᠠᠢ ᠶ᠋ᠢᠨ ᠠᠮᠠᠨ᠎ᠠ ᠭᠥᠷᠥᠭᠦᠯᠦᠨ ᠠᠯᠭᠤᠷ  ᠤᠤᠭᠤᠯᠭᠠᠨ ᠥᠭᠦᠯᠡᠷᠦᠨ :  
           ᠠᠷᠪᠠᠨ ᠳᠣᠯᠣᠭᠠᠨ ᠨᠠᠰᠤᠨ᠎ᠠ ᠠᠯᠠᠯᠳᠤᠭᠠᠨ ᠤ᠋ ᠳᠣᠲᠣᠷ᠎ᠠ ᠠᠮᠠᠷᠠᠭᠯᠠᠪᠠ᠂ 
           ᠠᠴᠢ ᠵᠢᠷᠤᠮ ᠢ ᠰᠠᠬᠢᠯᠴᠠᠨ᠂ ᠡᠳᠦᠢᠴᠢᠨᠡᠭᠡᠨ ᠵᠢᠯ ᠮᠥᠷᠥᠭᠡᠳᠪᠡ᠃ 
       ᠠᠪᠠᠬᠠᠢ ᠰᠣᠯᠣᠩᠭᠣᠣ᠎ᠠ ᠠᠷᠭᠠᠳᠠᠯ ᠦᠭᠡᠢ ᠬᠠᠷᠢᠭᠤ ᠠᠷᠢᠬᠢ ᠪᠠᠷᠢᠨ ᠤᠤᠭᠤᠯᠭᠠᠵᠤ ᠥᠴᠢᠷᠦᠨ :  
           ᠠᠪᠠᠬᠠᠢ ᠪᠡᠶ᠎ᠡ ᠪᠡᠨ ᠬᠠᠳᠠᠭᠠᠯᠠᠵᠤ  
           ᠠᠪᠤᠭᠠᠢ ᠴᠢᠮᠠᠶᠢ ᠬᠦᠯᠢᠶᠡᠭᠰᠡᠭᠡᠷ  
           ᠠᠷᠠᠢ ᠡᠰᠡ ᠬᠥᠭᠰᠢᠷᠡᠪᠡ   
           ᠠᠷᠢᠬᠢ ᠪᠠᠷᠢᠪᠠᠴᠤ ᠪᠣᠯᠤᠯᠲᠠᠢ᠃ ᠬᠡᠮᠡᠭᠰᠡᠨ᠎ᠡ ᠠᠯᠲᠠᠨᠱᠠᠭ᠎ᠠ ᠠᠰᠤᠷᠤ ᠶᠡᠬᠡ ᠪᠠᠶᠠᠷᠯᠠᠨ᠂ ᠠᠪᠠᠬᠠᠢ ᠶ᠋ᠢ ᠠᠪᠴᠤ ᠲᠡᠪᠡᠷᠢᠨ ᠠᠮᠠᠨ ᠠᠮᠠᠨ ᠠ᠋ᠴᠠᠭᠠᠨ ᠤᠤᠭᠤᠯᠴᠠᠨ᠂ ᠠᠯᠲᠠᠨ ᠯᠤᠤᠲᠤ ᠬᠥᠰᠢᠭᠡ ᠶ᠋ᠢ ᠪᠠᠭᠤᠯᠭᠠᠨ᠂ ᠠᠭᠠᠷᠤ ᠽᠠᠨᠳᠠᠨ ᠤ᠋ ᠬᠦᠵᠢᠰ ᠢ᠋ᠶ᠋ᠡᠨ ᠠᠯᠲᠠᠨ ᠬᠦᠯᠢᠰ ᠲᠣᠷ ᠠᠰᠠᠭᠠᠨ᠂ ᠠᠩᠬᠢᠯᠤᠮᠠᠯ ᠵᠠᠭᠠᠷ ᠤ᠋ᠨ ᠠᠮᠲᠠᠲᠠᠢ ᠦᠨᠦᠷᠲᠦ ᠬᠥᠨᠵᠢᠯᠡ ᠳᠡᠪᠢᠰᠬᠡᠷ᠎ᠡ᠂ ᠠᠷᠢᠭᠤᠨ ᠬᠠᠰ ᠠᠷᠴᠢᠭᠰᠠᠨ ᠱᠠᠵᠠᠩ ᠤ᠋ᠨ ᠴᠣᠭᠴᠠ ᠮᠠᠬᠠᠪᠣᠳ ᠬᠠᠮᠲᠤᠳᠠ᠂ ᠠᠳᠠᠪᠠᠰᠢ ᠴᠠᠭᠠᠨ ᠵᠥᠭᠡᠯᠡᠨ ᠨᠡᠮᠡᠭᠦᠨ ᠦᠶᠡᠰ ᠭᠡᠰᠢᠭᠦᠨ ᠵᠢᠭᠤᠷᠠᠯᠳᠤᠨ᠂ ᠠᠷᠪᠠᠭᠠᠳ ᠣᠨ ᠬᠠᠷᠢᠯᠴᠠᠨ ᠬᠦᠰᠡᠯᠴᠡᠭᠰᠡᠨ ᠬᠥᠪᠡᠭᠦᠨ ᠥᠬᠢᠨ᠂ ᠠᠶ᠎ᠠ ᠪᠠᠰᠠ ᠨᠠᠰᠤᠨ ᠬᠡᠲᠦᠷᠡᠭᠰᠡᠨ ᠬᠣᠣᠰ ᠬᠣᠯᠪᠣᠭᠠᠨ ᠲᠤᠯᠠᠳᠠ :  
           ᠠᠯᠲᠠᠨᠱᠠᠭ᠎ᠠ ᠶ᠋ᠢᠨ ᠠᠰᠤᠷᠤ ᠬᠦᠰᠡᠯ ᠦ᠋ᠨ ᠬᠦᠴᠦᠲᠡᠢ ᠭᠦᠨ ᠪᠠ  
           ᠠᠪᠠᠬᠠᠢ ᠰᠣᠯᠣᠩᠭᠣᠣ᠎ᠠ ᠶ᠋ᠢᠨ ᠰᠣᠴᠢᠲᠠᠯ᠎ᠠ ᠠᠮᠰᠠᠬᠤᠢ ᠶ᠋ᠢᠨ ᠠᠮᠠᠷᠠᠵᠢᠯ ᠤ᠋ᠨ ᠠᠮᠲᠠ ᠶ᠋ᠢ  
           ᠠᠮᠠᠨ ᠬᠡᠯᠡᠨ ᠳ᠋ᠦ᠍ᠷ ᠬᠡᠯᠡᠵᠦ  ᠪᠦᠷᠢᠳᠭᠡᠰᠢ ᠦᠭᠡᠢ ᠂   
           ᠠᠷᠢᠭᠤᠨ ᠴᠢᠬᠡᠷ ᠠᠩᠬᠢᠯᠤᠮᠠᠯ ᠰᠢᠭᠦᠳᠡᠷᠢᠲᠦ ᠦᠶᠡᠰ ᠭᠡᠰᠢᠭᠦᠨ ᠢ᠋ᠶ᠋ᠡᠷ  
           ᠠᠯᠲᠠᠨᠱᠠᠭ᠎ᠠ ᠶ᠋ᠢᠨ ᠠᠷᠤ ᠥᠪᠥᠷ ᠲᠡᠢ   
           ᠠᠪᠠᠯᠴᠠᠨ ᠲᠡᠪᠡᠷᠢᠯᠴᠡᠨ ᠣᠷᠢᠶᠠᠭᠠᠳ ᠂  
           ᠠᠮᠠᠨ ᠬᠡᠯᠡᠨ ᠬᠠᠷᠢᠯᠴᠠᠨ ᠨᠡᠢᠯᠡᠯᠴᠡᠵᠦ    
           ᠠᠮᠠᠷᠠᠭ ᠬᠠᠯᠠᠭᠤᠨ ᠤ᠋ ᠲᠤᠢᠯ ᠂  
           ᠠᠰᠤᠷᠤ ᠪᠤᠴᠠᠯᠤᠮ᠎ᠠ ᠯᠢᠩᠬᠤ᠎ᠠ ᠶ᠋ᠢᠨ ᠦᠨᠳᠦᠰᠦ ᠴᠡᠴᠡᠭ ᠦ᠋ᠨ ᠭᠣᠣᠯ ᠢ᠋ ᠨᠡᠪᠲᠡᠯᠦᠷᠦᠨ 
           ᠠᠩᠭᠠᠢᠬᠤ ᠰᠢᠬᠠᠭᠰᠠᠨ ᠮᠠᠨᠳᠠᠷᠸ᠎ᠠ ᠶ᠋ᠢᠨ ᠴᠣᠮᠣᠷᠯᠢᠭ ᠠ᠋ᠴᠠ ᠤᠯᠠᠪᠢᠷ ᠰᠢᠭᠦᠳᠡᠷᠢ ᠳᠠᠪᠠᠯᠤᠮᠤᠢ᠃   
           ᠠᠷᠭᠠᠯᠠᠵᠤ ᠠᠭᠠᠰᠢᠯᠠᠬᠤ ᠶ᠋ᠢ ᠢᠴᠢᠭᠦᠷᠢ ᠪᠣᠯᠭᠠᠨ᠂   
           ᠠᠷᠪᠠᠨ ᠬᠤᠪᠢ ᠶ᠋ᠢᠨ ᠬᠠᠲᠠᠭᠤᠵᠢᠨ ᠶᠡᠬᠡᠮᠰᠦᠭᠯᠡᠪᠡᠴᠦ᠂  
           ᠠᠷᠭᠠᠳᠠᠯ ᠦᠭᠡᠢ ᠠᠩᠬ᠎ᠠ ᠠᠮᠰᠠᠬᠤᠶ᠎ᠠ᠂  
           ᠠᠳᠠᠪᠠᠰᠢ ᠰᠣᠴᠢᠨ ᠳᠣᠯᠭᠢᠰᠬᠤᠢ ᠶ᠋ᠢ ᠬᠡᠷᠬᠢᠨ ᠵᠣᠭᠰᠣᠭᠠᠮᠤᠢ ?
           ᠠᠷᠭ᠎ᠠ ᠶ᠋ᠢᠨ ᠰᠢᠮ᠎ᠡ ᠪᠢᠯᠢᠭ ᠦ᠋ᠨ ᠭᠣᠣᠯ ᠳ᠋ᠤᠷ ᠭᠠᠯ ᠮᠡᠲᠦ᠂     
           ᠪᠤᠴᠠᠯᠤᠮ᠎ᠠ ᠬᠠᠯᠠᠭᠤᠨ ᠢ᠋ᠶ᠋ᠠᠷ ᠲᠣᠰᠤᠭᠰᠠᠨ᠎ᠠ᠂   
           ᠭᠱᠠᠨ ᠵᠠᠭᠤᠷ᠎ᠠ ᠳ᠋ᠤᠷ ᠠᠮᠠᠨ ᠤ᠋ ᠳᠣᠲᠣᠷ᠎ᠠ ᠳᠠᠭᠤᠨ ᠠᠯᠳᠠᠵᠤ᠂    
           ᠠᠪᠤᠭᠠᠢ ᠮᠢᠨᠦ ᠠᠪᠠᠢ ᠬᠡᠮᠡᠵᠦ᠃     
           ᠠᠳᠬᠤᠨ ᠵᠢᠭᠤᠷᠠᠯᠳᠤᠨ ᠠᠭᠳᠤᠷᠢᠨ ᠨᠠᠭᠠᠯᠳᠤᠵᠤ᠂    
           ᠠᠮᠢᠰᠬᠤᠭ᠎ᠠ ᠶᠠᠳᠠᠯᠴᠠᠨ ᠠᠯᠭᠤᠷᠬᠠᠨ ᠰᠠᠶᠢ ᠲᠡᠪᠡᠷᠢᠯᠳᠦᠨ᠃  
           ᠠᠶᠠᠭᠠᠷᠠᠨ ᠦᠵᠡᠪᠡᠰᠦ᠂ ᠠᠯᠴᠢᠭᠤᠷ ᠳᠡᠪᠢᠰᠬᠡᠷ᠎ᠡ ᠂  
           ᠠᠷᠢᠭᠤᠨ ᠤ᠋ ᠭᠡᠷᠡᠴᠢ᠂ ᠠᠯᠠᠭ᠎ᠠ ᠶ᠋ᠢᠨ ᠲᠡᠳᠦᠢ ᠤᠯᠠᠢᠭᠰᠠᠨ᠎ᠠ ᠂  
           ᠠᠯᠲᠠᠨᠱᠠᠭ᠎ᠠ ᠶ᠋ᠢᠨ ᠠᠯᠢᠪᠠ ᠰᠡᠵᠢᠭ ᠭᠱᠠᠨ ᠵᠠᠭᠤᠷ᠎ᠠ ᠠᠷᠢᠯᠤᠨ   
           ᠠᠶ᠎ᠠ ᠭᠡᠮᠡᠨ ᠳᠠᠭᠤᠨ ᠠᠯᠲᠠᠨ ᠪᠢᠰᠢᠷᠡᠭᠡᠳ    
           ᠠᠶ᠎ᠠ ᠪᠢ ᠠᠪᠠᠬᠠᠢ ᠴᠢᠮᠠᠶᠢ  ᠳᠣᠯᠣᠭᠠᠨ ᠣᠨ᠂   
           ᠲᠣᠪ ᠳᠤᠭᠤᠢ ᠬᠢᠯᠢᠰᠳᠡᠭᠦᠯᠪᠡ ᠭᠡᠮᠡᠨ ᠭᠠᠷ ᠳᠡᠭᠡᠷ᠎ᠡ ᠮᠥᠷᠭᠥᠬᠦᠶ᠎ᠡ᠃   
           ᠠᠪᠠᠬᠠᠢ ᠶ᠋ᠢᠨ ᠨᠢᠯᠪᠤᠰᠤᠨ ᠠᠰᠠᠭᠨᠠᠨ ᠤᠨᠠᠵᠤ   
           ᠠᠯᠲᠠᠨᠱᠠᠭ᠎ᠠ ᠶ᠋ᠢᠨ ᠡᠯᠢᠭᠡ ᠶ᠋ᠢᠨ ᠳᠡᠭᠡᠷ᠎ᠡ ᠤᠨᠠᠨ ᠬᠡᠪᠲᠡᠭᠡᠳ᠂ 
           ᠠᠮᠠᠷᠠᠭ ᠬᠠᠯᠠᠭᠤᠨ ᠠᠩᠬᠠᠨ ᠠ᠋ᠴᠠ ᠨᠡᠩ ᠨᠡᠮᠡᠭᠳᠡᠨ᠂     
           ᠠᠮᠠᠭᠠᠯᠵᠠᠨ ᠰᠣᠯᠪᠢᠯᠴᠠᠨ ᠨᠠᠭᠠᠯᠳᠤᠨ ᠬᠡᠪᠲᠡᠯᠴᠡᠪᠡᠢ᠃   
           ᠰᠠᠨᠠᠮᠰᠠᠷ ᠦᠭᠡᠢ ᠨᠠᠰᠤᠨ ᠬᠡᠲᠦᠢᠳᠦᠭᠰᠡᠨ    
           ᠬᠥᠪᠡᠭᠦᠨ ᠥᠬᠢᠨ ᠡᠨᠡ ᠨᠢᠭᠡᠨᠲᠡ ᠪᠠᠷᠢᠯᠳᠤᠨ ᠠᠭᠤᠯᠵᠠᠭᠰᠠᠨ᠎ᠠ   
           ᠰᠠᠭᠠᠲᠠᠯ ᠦᠭᠡᠢ ᠰᠢᠮ᠎ᠡ ᠴᠢᠰᠤᠨ ᠰᠢᠷᠢᠯᠳᠦᠨ ᠪᠠᠷᠢᠯᠳᠤᠵᠤ ᠂    
           ᠰᠠᠢᠨ ᠦᠷᠡᠰ ᠲᠣᠪᠴᠢᠯᠠᠨ ᠵᠠᠩᠭᠢᠳᠤᠭᠠᠳ  
           ᠰᠠᠷ᠎ᠠ ᠡᠳᠦᠷ ᠦ᠋ᠨ ᠥᠩᠭᠡᠷᠡᠬᠦ ᠢᠨᠤ  
           ᠰᠠᠯᠬᠢᠨ ᠮᠡᠲᠦ ᠮᠠᠰᠢᠳᠠ ᠬᠤᠷᠳᠤᠨ ᠲᠦᠷᠭᠡᠨ ᠦ᠌ ᠲᠤᠯᠠᠳᠠ ᠂   
           ᠰᠠᠨᠠᠨ ᠰᠠᠨᠠᠨ ᠢᠰᠬᠦᠯᠡᠩ ᠢ᠋ ᠠᠮᠰᠠᠨ     
           ᠲᠣᠰᠣ ᠮᠢᠬ᠎ᠠ ᠶ᠋ᠢᠨ ᠦᠨᠦᠷ ᠲᠠᠨᠤᠷ ᠢ᠋ ᠵᠢᠭᠰᠢᠭᠰᠡᠭᠡᠷ ᠪᠠᠢᠬᠤ ᠶ᠋ᠢ  
           ᠰᠠᠭᠠᠲᠠᠨ ᠵᠣᠭᠰᠣᠵᠤ  ᠲᠦᠷ ᠥᠭᠦᠯᠡᠬᠦ ᠦᠭᠡᠢ ᠃ 
       ᠲᠡᠨᠳᠡᠴᠡ ᠵᠢᠴᠢ ᠥᠷᠯᠥᠭᠡ ᠠᠯᠲᠠᠨᠱᠠᠭ᠎ᠠ᠂ ᠰᠣᠯᠣᠩᠭᠤᠤ᠎ᠠ ᠶ᠋ᠢᠨ ᠰᠤᠭᠤᠨ ᠤ᠋ ᠳᠣᠭᠤᠤᠷ ᠰᠣᠯᠪᠢᠨ ᠲᠡᠪᠡᠷᠢᠵᠦ ᠪᠠᠢᠭᠠᠳ ᠲᠡᠷᠲᠡᠭᠡ ᠦᠷᠭᠦᠭᠡᠨ᠎ᠡ ᠡᠮᠰᠡᠭᠯᠡᠬᠦ ᠵᠢᠰᠢᠶᠠᠨ ᠤ ᠪᠠᠭ᠎ᠠ ᠥᠬᠢᠳ ᠲᠦ᠍ᠷ ᠵᠠᠬᠢᠶ᠎ᠠ ᠥᠭᠴᠦ ᠭᠠᠷᠭᠠᠭᠠᠳ᠂ ᠲᠡᠮᠳᠡᠭ ᠳᠣᠬᠢᠶᠠᠨ ᠤ᠋ ᠮᠥᠩᠭᠥᠨ ᠴᠢᠩ ᠢ᠋ ᠳᠠᠩᠭᠢᠨᠠᠨ ᠴᠠᠩᠭᠢᠨᠠᠲᠠᠯ᠎ᠠ ᠴᠣᠬᠢᠭᠤᠯᠤᠮᠠᠭᠴᠠ᠂ ᠲᠡᠷᠢᠭᠦᠯᠡᠬᠦ ᠶᠡᠬᠡ ᠦᠬᠡᠷ ᠫᠤᠤ ᠶ᠋ᠢᠨ ᠳᠠᠭᠤᠨ ᠳᠠᠷᠠᠭ᠎ᠠ ᠳᠠᠷᠠᠭ᠎ᠠ ᠪᠠᠷ ᠳᠦᠴᠢᠭᠢᠨᠡᠨ ᠳᠠᠭᠤᠷᠢᠰᠴᠤ᠂ ᠭᠠᠳᠠᠭᠠᠳᠤ ᠠᠰᠠᠷ ᠤ᠋ᠳ ᠤ᠋ᠨ ᠵᠦᠩ ᠬᠡᠩᠭᠡᠷᠭᠡ ᠵᠡᠷᠭᠡ ᠵᠡᠷᠭᠡ ᠪᠡᠷ ᠬᠦᠩᠭᠢᠨᠡᠨ ᠳᠦᠩᠭᠢᠨᠡᠨ ᠬᠥᠩᠭᠢᠷᠡᠰᠴᠦ᠂ ᠭᠠᠳᠠᠨ᠎ᠠ ᠳᠣᠲᠣᠨᠠᠳᠤ ᠬᠣᠯᠠ ᠣᠢᠷ᠎ᠠ ᠪᠠᠷ ᠰᠤᠯᠤᠩᠭᠤᠸ᠎ᠠ ᠶ᠋ᠢᠨ ᠪᠠᠶᠠᠷ ᠤ᠋ᠨ ᠴᠢᠮᠡᠭᠡ ᠮᠠᠭᠠᠳ ᠮᠡᠳᠡᠯᠴᠡᠭᠡᠳ᠂ ᠺᠠᠷᠣᠳᠢ ᠺᠠᠯᠪᠢᠩᠭ᠎ᠠ ᠶ᠋ᠢᠨ ᠦᠨᠡᠨ ᠠᠷᠢᠭᠤᠨ ᠤ᠋ ᠬᠣᠣᠰᠯᠠᠯ ᠤ᠋ᠨ ᠭᠤᠷᠪᠠᠨ ᠡᠳᠦᠷ ᠦ᠋ᠨ ᠶᠡᠬᠡ ᠬᠤᠷᠢᠮ ᠡᠬᠢᠯᠡᠵᠦ᠂ ᠭᠠᠳᠠᠷ ᠳᠣᠲᠣᠷ᠎ᠠ ᠳᠠᠯᠠᠢ ᠪᠤᠴᠠᠯᠤᠨ ᠮᠥᠷᠡᠨ ᠳᠠᠪᠠᠯᠭᠠᠯᠠᠬᠤ ᠮᠡᠲᠦ ᠶᠡᠬᠡᠯ᠎ᠡ ᠦᠢᠮᠡᠯᠳᠦᠨ ᠬᠤᠷᠠᠯᠳᠤᠨ ᠬᠤᠷᠢᠮᠯᠠᠵᠤ᠂ ᠠᠯᠢᠪᠠ ᠡᠷ᠎ᠡ ᠡᠮ᠎ᠡ ᠥᠬᠢᠳ ᠬᠡᠦᠬᠡᠳ ᠲᠣᠷ ᠬᠦᠷᠲᠡᠯ᠎ᠡ ᠦᠢᠮᠡᠯᠳᠦᠨ ᠵᠢᠷᠭᠠᠯᠳᠤᠯᠴᠠᠨ᠂ ᠠᠯᠪᠠᠨ ᠤ᠋ ᠠᠷᠠᠳ ᠂ ᠠᠢᠯ ᠤ᠋ᠨ ᠬᠥᠭᠰᠢᠳ ᠲᠣᠷ ᠬᠦᠷᠲᠡᠯ᠎ᠡ ᠠᠷᠠᠵᠠ ᠬᠣᠣᠷᠠᠵᠠ ᠳ᠋ᠤᠷ ᠰᠣᠭᠲᠣᠯᠴᠠᠵᠤ᠂ ᠠᠷᠠᠢᠬᠠᠨ ᠭᠡᠵᠦ ᠭᠤᠷᠪᠠᠨ ᠡᠳᠦᠷ ᠦ᠋ᠨ ᠭᠣᠣᠯ ᠰᠠᠢᠬᠠᠨ ᠬᠣᠣᠰ ᠪᠠᠶᠠᠷ ᠤ᠋ᠨ ᠬᠤᠷᠢᠮ ᠲᠣᠢ ᠳᠦᠭᠦᠷᠴᠦ᠂ ᠠᠯᠲᠠᠨ ᠯᠤᠤ ᠂ ᠬᠠᠰ ᠺᠠᠷᠣᠳᠢ ᠶ᠋ᠢᠨ ᠶᠢᠰᠦᠨ ᠪᠦᠴᠡᠲᠦ ᠭᠦᠷᠦᠮᠡᠯ ᠰᠤᠪᠤᠳᠯᠢᠭ ᠬᠥᠰᠢᠭᠡ ᠶ᠋ᠢ ᠲᠠᠢᠯᠬᠤᠶ᠎ᠠ᠂ ᠬᠣᠶᠠᠷ ᠡᠲᠡᠭᠡᠳ ᠦ᠋ᠨ ᠨᠣᠶᠠᠳ ᠲᠦᠰᠢᠮᠡᠳ ᠵᠠᠩᠵᠤᠨ ᠪᠠᠭᠠᠲᠤᠳ ᠡᠭᠦᠯᠡ ᠮᠡᠲᠦ ᠬᠤᠷᠠᠵᠤ ᠴᠤᠭᠯᠠᠨ ᠬᠤᠪᠢᠲᠤ ᠰᠤᠯᠤᠩᠭᠤᠸ᠎ᠠ ᠠᠯᠲᠠᠨᠱᠠᠭ᠎ᠠ ᠶ᠋ᠢ ᠵᠠᠯᠠᠨ ᠭᠠᠷᠭᠠᠵᠤ᠂ ᠳᠠᠢᠯᠠᠯᠭ᠎ᠠ ᠲᠠᠪᠢᠭᠯᠠᠭ᠎ᠠ ᠶ᠋ᠢ ᠶᠣᠰᠣᠴᠢᠯᠠᠨ ᠭᠦᠢᠴᠡᠳᠬᠡᠭᠡᠳ᠂ ᠬᠣᠣᠰ ᠲᠡᠭᠦᠰ ᠦ᠋ᠨ ᠬᠣᠷᠢᠮᠯᠠᠯ ᠤ᠋ᠨ ᠶᠣᠰᠣᠭᠠᠷ ᠬᠤᠷᠢᠮ ᠤ᠋ᠨ ᠰᠢᠷᠡᠭᠡ ᠶ᠋ᠢ ᠬᠣᠣᠰ ᠬᠣᠣᠰ ᠢ᠋ᠶ᠋ᠠᠷ ᠥᠷᠥᠯᠴᠡᠵᠦ᠂ ᠬᠣᠲᠠᠯᠠ ᠪᠦᠭᠦᠳᠡᠭᠡᠷ ᠬᠤᠷᠢᠮ ᠲᠣᠢ ᠶ᠋ᠢᠨ ᠶᠣᠰᠣᠯᠠᠯ᠂ ᠡᠬᠢᠨ ᠦ᠌ ᠡᠳᠦᠷ ᠦ᠋ᠨ ᠶᠣᠰᠣᠭᠠᠷ ᠬᠣᠶᠠᠷ ᠳᠠᠪᠬᠤᠷ ᠪᠡᠯᠡᠭᠯᠡᠨ᠂ ᠬᠣᠶᠠᠷ ᠡᠳᠦᠷ ᠦ᠋ᠨ ᠬᠤᠷᠢᠮ ᠨᠡᠮᠡᠵᠦ᠂ ᠬᠣᠲᠠ ᠬᠤᠳᠠᠭᠠᠢ ᠶ᠋ᠢ ᠬᠣᠣᠰ ᠬᠣᠣᠰ ᠰᠢᠷᠡᠭᠡ ᠪᠡᠷ ᠬᠠᠷᠢᠭᠤ ᠳᠠᠢᠯᠠᠵᠤ᠂ ᠬᠣᠶᠠᠷ ᠡᠲᠡᠭᠡᠳ ᠦ᠋ᠨ ᠪᠠᠷᠢᠯᠭ᠎ᠠ ᠪᠠᠷᠢᠴᠠ᠂ ᠠᠭᠤᠯᠠ ᠣᠪᠣᠭ᠎ᠠ ᠶ᠋ᠢᠨ ᠲᠡᠳᠦᠢ ᠶ᠋ᠢ ᠰᠣᠯᠢᠯᠴᠠᠨ ᠶᠣᠰᠣᠯᠠᠨ ᠪᠠᠷᠢᠯᠴᠠᠭᠠᠳ ᠬᠤᠷᠠᠭᠰᠠᠨ ᠣᠯᠠᠨ᠂ ᠤᠯᠤᠰ ᠠᠢᠮᠠᠭ ᠤ᠋ᠳ ᠬᠣᠨᠢ ᠰᠢᠭᠦᠰᠦ᠂ ᠵᠤᠮ᠎ᠠ ᠰᠢᠷᠠᠭᠤᠯ ᠲᠡᠷᠭᠡ ᠲᠡᠷᠭᠡ ᠪᠡᠷ ᠣᠯᠤᠯᠴᠠᠨ᠂ ᠬᠣᠲᠠ ᠬᠣᠷᠢᠶ᠎ᠠ ᠡᠷ᠎ᠡ ᠡᠮ᠎ᠡ ᠬᠣᠶᠠᠷ ᠬᠣᠶᠠᠷ ᠤ᠋ᠨ ᠳᠠᠪᠬᠤᠷ ᠱᠠᠩ ᠬᠦᠷᠲᠡᠯᠴᠡᠵᠦ ᠬᠣᠲᠠᠯᠠ ᠪᠦᠭᠦᠳᠡᠭᠡᠷ ᠲᠠᠷᠬᠠᠯᠴᠠᠪᠠᠢ᠃   
           ᠰᠠᠨᠰᠠᠷ ᠶᠢᠷᠲᠢᠨᠴᠦ ᠶ᠋ᠢᠨ ᠣᠷᠴᠢᠬᠤ ᠠᠨᠤ ᠰᠠᠯᠬᠢᠨ ᠮᠡᠲᠦ ᠲᠦᠷᠭᠡᠨ  
           ᠰᠠᠷ᠎ᠠ ᠡᠳᠦᠷ ᠦ᠋ᠨ ᠡᠷᠭᠢᠬᠦ ᠢᠨᠤ ᠬᠦᠷᠳᠦᠨ ᠠᠳᠠᠯᠢ ᠬᠤᠷᠳᠤᠨ᠃   
           ᠰᠠᠢᠬᠠᠨ ᠲᠥᠷᠥᠭᠰᠡᠨ ᠰᠤᠯᠤᠩᠭᠤᠸ᠎ᠠ ᠰᠠᠨᠠᠨ ᠰᠠᠨᠠᠨ ᠢᠰᠬᠦᠯᠡᠩ ᠠᠮᠰᠠᠭᠰᠠᠭᠠᠷ 
           ᠰᠠᠷ᠎ᠠ ᠡᠳᠦᠷ ᠰᠠᠢᠬᠠᠨ ᠭᠦᠢᠴᠡᠭᠡᠳ ᠡᠨᠡ ᠵᠢᠯ ᠦ᠋ᠨ ᠬᠠᠪᠤᠷᠤᠨ  
           ᠰᠠᠴᠤᠷᠠᠬᠤ ᠭᠤᠷᠪᠠᠨ ᠰᠠᠷ᠎ᠠ ᠶ᠋ᠢᠨ ᠭᠤᠷᠪᠠᠨ ᠤ᠋ ᠽᠸᠳᠷ᠎ᠠ ᠣᠳᠣᠨ ᠤ᠋ ᠡᠳᠦᠷ᠎ᠡ 
           ᠰᠠᠷ᠎ᠠ ᠳᠣᠲᠣᠷ᠎ᠠ ᠪᠠᠨ ᠥᠩᠭᠡ ᠵᠢᠰᠦᠲᠦ ᠰᠠᠢᠨ ᠬᠥᠪᠡᠭᠦᠨ ᠮᠡᠨᠳᠦᠯᠡᠭᠰᠡᠨ᠎ᠡ᠂ 
           ᠰᠠᠷ᠎ᠠ ᠳᠦᠭᠦᠷᠬᠦ ᠨᠢᠯᠬᠠᠰ ᠤ᠋ᠨ ᠶᠡᠬᠡ ᠬᠤᠷᠢᠮ ᠳ᠋ᠤᠷ ᠬᠣᠯᠠ ᠣᠢᠷ᠎ᠠ ᠪᠠᠷ ᠬᠤᠷᠠᠵᠤ 
           ᠰᠠᠷ᠎ᠠ ᠡᠳᠦᠷ ᠢ ᠰᠠᠢᠬᠠᠨ ᠪᠣᠳᠣᠪᠠᠰᠤ ᠪᠠᠬᠠᠨ ᠴᠤ᠌ ᠡᠨᠳᠡᠭᠦᠷᠡᠭᠰᠡᠨ ᠥᠭᠡᠶ᠎ᠡ᠃ 
       ᠠᠯᠲᠠᠨ ᠤ᠋ ᠨᠠᠭᠠᠴᠤ ᠠ ᠰᠢᠨ ᠨᠠ ᠪᠠᠰᠠ ᠢᠷᠡᠭᠡᠳ ᠡᠳᠡᠭᠡᠷ ᠤᠴᠢᠷ ᠢ᠋ ᠰᠣᠨᠣᠰᠴᠤ᠂ ᠠᠯᠲᠠᠨᠱᠠᠭ᠎ᠠ ᠵᠢᠭᠡ ᠬᠥᠪᠡᠭᠦᠨ ᠢ᠋ᠶ᠋ᠡᠨ ᠠᠳᠠᠪᠠᠰᠢ ᠮᠠᠭᠲᠠᠨ ᠰᠠᠢᠰᠢᠶᠠᠨ ᠰᠢᠯᠦᠭᠯᠡᠷᠦᠨ ᠄   
           ᠠᠯᠲᠠᠨ ᠠ᠋ᠴᠠ ᠠᠷᠭᠠᠯ ᠦᠯᠦ ᠥᠷᠥᠪᠳᠡᠰᠦᠯᠡᠮᠦᠢ   
           ᠠᠪᠤ ᠶᠤᠭᠠᠨ ᠭᠡᠷᠡᠯᠲᠦᠭᠦᠯᠪᠡᠢ ᠃   
           ᠠᠷᠢᠭᠤᠨ ᠠ᠋ᠴᠠ ᠪᠤᠷᠲᠠᠭ ᠦᠯᠦ ᠪᠤᠲᠠᠷᠠᠮᠤᠢ᠂    
           ᠠᠴᠢᠲᠠᠢ ᠬᠥᠪᠡᠭᠦᠨ ᠮᠥᠨ᠃    
           ᠠᠩᠬ᠎ᠠ ᠠ᠋ᠴᠠ ᠬᠠᠮᠲᠤ ᠡᠰᠡ ᠪᠠᠢᠭᠰᠠᠨ ᠪᠥᠭᠡᠰᠦ᠂   
           ᠠᠷᠢᠭᠤᠨ ᠢ᠋ ᠬᠡᠨ ᠣᠯᠵᠤ ᠮᠡᠳᠡᠮᠦᠢ᠃  
           ᠠᠰᠢᠳᠠ ᠰᠣᠨᠣᠰᠤᠭᠰᠠᠨ ᠯᠢᠦ ᠰᠢᠶᠠ ᠾᠦᠢ᠂ ᠮᠢ ᠵᠣ᠌ ᠶ᠋ᠢ ᠡᠰᠡ ᠢᠲᠡᠭᠡᠯᠦᠭᠡ᠃  
           ᠠᠷᠤ ᠭᠠᠵᠠᠷ ᠤ᠋ᠨ ᠡᠵᠡᠳ ᠦ᠋ᠨ ᠦᠷᠡᠰ ᠲᠣᠷ   
           ᠡᠢᠮᠦ ᠭᠠᠷᠬᠤ ᠶ᠋ᠢ ᠰᠠᠶᠢ ᠦᠵᠡᠪᠡ᠃  
           ᠠᠪᠤᠯᠴᠠᠨ ᠨᠠᠭᠠᠳᠤᠯᠴᠠᠵᠤ᠂ ᠠᠷᠢᠭᠤᠨ ᠢ᠋ ᠰᠠᠬᠢᠯᠴᠠᠭᠰᠠᠨ ᠢ᠋ 
           ᠠᠶ᠎ᠠ ᠦᠨᠡᠬᠡᠷ ᠤᠯᠠᠮᠵᠢᠯᠠᠯᠲᠠᠢ᠃   
           ᠠᠷᠤ ᠡᠯᠡᠰᠦᠨ ᠠᠯᠢᠪᠠ ᠬᠥᠮᠦᠨ ᠠᠳᠠᠪᠠᠰᠢ ᠪᠡᠯᠡᠩᠴᠢ ᠴᠤᠤᠳᠠᠮᠴᠢ ᠭᠡᠮᠡᠨ   
           ᠠᠯᠲᠠᠨ ᠡᠬᠡ ᠶ᠋ᠢᠨ ᠰᠤᠨᠤᠷ᠎ᠠ ᠭᠦᠷᠦᠭᠰᠡᠨ᠎ᠡ  
           ᠠᠷᠢᠭᠤᠨ ᠭᠦᠩᠵᠦ ᠠᠴᠢᠯᠠᠯᠲᠤ ᠲᠠᠪᠤᠨᠠᠩ ᠬᠦᠷᠭᠡᠨ ! 
ᠭᠡᠮᠡᠨ ᠮᠠᠭᠲᠠᠭᠠᠯ ᠵᠠᠷᠯᠢᠭ ᠤ᠋ᠨ ᠮᠠᠨᠴᠤᠢ ᠥᠯᠥᠭᠡᠢ ᠱᠠᠩᠨᠠᠨ ᠢᠷᠡᠭᠰᠡᠨ ᠳ᠋ᠦ᠍ᠷ ᠢᠨᠤ ᠪᠦᠭᠦᠳᠡᠭᠡᠷ ᠠᠩᠬ᠎ᠠ ᠠ᠋ᠴᠠ ᠪᠠᠢᠭᠰᠠᠨ ᠦᠭᠡᠢ ᠳ᠋ᠦ᠍ᠷ ᠠᠮᠠ ᠪᠠᠨ ᠳᠠᠷᠤᠨ᠂ ᠠᠯᠠᠭ᠎ᠠ ᠪᠠᠨ ᠲᠠᠰᠢᠯᠴᠠᠨ ᠭᠠᠢᠬᠠᠯᠳᠤᠵᠠᠭᠠᠪᠠᠢ᠃ ᠲᠡᠢᠨ ᠬᠦ᠌ ᠡᠨᠡ ᠵᠢᠯ ᠦ᠋ᠨ ᠳᠥᠷᠪᠡᠨ ᠰᠠᠷ᠎ᠠ ᠶ᠋ᠢᠨ ᠥᠵᠢᠨ ᠡᠮᠡᠭᠡ ᠶ᠋ᠢᠨ ᠮᠡᠨᠳᠦᠯᠡᠭᠰᠡᠨ ᠲᠦᠮᠡᠨ ᠥᠯᠵᠡᠢ ᠶ᠋ᠢᠨ ᠪᠠᠶᠠᠷ᠎ᠠ᠂ ᠲᠤᠰᠬᠤ ᠬᠠᠰᠲᠤᠶᠠᠭ᠎ᠠ ᠬᠣᠶᠠᠭᠤᠯᠠ ᠬᠠᠷᠢᠨ ᠤᠷᠢᠳᠠ ᠬᠥᠪᠡᠭᠦᠨ ᠲᠡᠢ ᠪᠣᠯᠵᠤ᠂ ᠳᠠᠭᠠᠯᠳᠤᠭ᠎ᠠ ᠰᠠᠢᠬᠠᠨ ᠰᠤᠷᠲᠠᠯᠲᠤ᠂ ᠬᠣᠩᠭᠣᠷ ᠵᠤᠯᠠ ᠪᠠᠰᠠ ᠬᠥᠪᠡᠭᠦᠨ ᠣᠯᠵᠤ᠂ ᠡᠳᠦᠭᠡ ᠪᠠᠰᠠ ᠠᠯᠲᠠᠨᠱᠠᠭ᠎ᠠ᠂ ᠰᠣᠯᠤᠩᠭᠤᠸ᠎ᠠ ᠶ᠋ᠢᠨ ᠡᠨᠡ ᠬᠥᠪᠡᠭᠦᠨ ᠲᠡᠢ᠂ ᠭᠤᠷᠪᠠᠨ ᠪᠠᠯᠩ ᠪᠦᠷᠢᠳᠦᠨ᠂ ᠰᠡᠴᠡᠨ ᠰᠡᠴᠡᠭᠯᠢᠭ ᠭᠦᠩᠵᠦ ᠪᠠ ᠵᠢᠷᠠᠩ ᠵᠡᠷᠭᠡ ᠬᠠᠲᠤᠨ ᠲᠠᠨ᠎ᠠ ᠪᠠᠶᠠᠷ ᠦᠵᠡᠭᠦᠯᠵᠦ ᠪᠡᠯᠡᠭᠯᠡᠰᠦᠭᠡᠢ ᠭᠡᠮᠡᠨ ᠴᠥᠮ ᠴᠤᠭᠯᠠᠭᠤᠯᠵᠤ ᠬᠤᠷᠢᠮᠯᠠᠨ ᠱᠠᠩᠨᠠᠬᠤᠶ᠎ᠠ᠂ ᠬᠠᠮᠲᠤᠪᠠᠷ ᠡᠨᠳᠡ ᠪᠠᠢᠭᠰᠠᠨ ᠠᠵᠤᠭᠤ᠃ ᠲᠡᠢᠨ ᠬᠦ᠌ ᠤᠷᠢᠳ ᠬᠣᠵᠢᠳ ᠲᠠᠢ ᠲᠣᠪᠴᠢᠶᠠᠯᠠᠨ ᠡᠨᠳᠡ ᠪᠦᠷᠢᠳᠬᠡᠪᠡᠢ᠃ ᠴᠣᠬᠣᠮ ᠳ᠋ᠤᠷ ᠡᠨᠡ ᠨᠠᠷᠠᠨ ᠬᠠᠭᠠᠨ ᠤ᠋ ᠨᠠᠢᠷᠠᠮᠳᠠᠭᠤ ᠭᠡᠷᠡᠯ ᠲᠤᠰᠬᠠᠭᠳᠠᠵᠤ᠂ ᠰᠣᠯᠣᠩᠭ᠎ᠠ ᠰᠠᠶᠢ ᠢᠯᠡᠷᠡᠭᠰᠡᠨ ᠪᠥᠭᠡᠲᠡᠯ᠎ᠡ᠂ ᠨᠠᠷᠠᠨ ᠤᠨᠠᠭᠰᠠᠨ ᠨᠠᠢ᠍ᠮᠠᠨ ᠤᠯᠤᠰ ᠬᠠᠷᠢᠨ ᠭᠡᠳᠡᠷᠭᠦ ᠰᠣᠯᠣᠩᠭ᠎ᠠ ᠶ᠋ᠢᠨ ᠰᠠᠴᠤᠷᠠᠯ ᠢ᠋ᠶ᠋ᠠᠷ ᠨᠠᠢᠷᠠᠯᠳᠤᠨ ᠰᠠᠢᠵᠢᠷᠠᠪᠠ ᠭᠡᠮᠡᠨ 《ᠬᠥᠬᠡ ᠰᠤᠳᠤᠷ᠎ᠠ 》ᠰᠤᠳᠤᠷᠯᠠᠵᠤᠬᠤᠢ᠃ ᠵᠢᠴᠢ ᠪᠠᠰᠠ ᠨᠠᠢ᠍ᠮᠠᠨ᠂ ᠬᠡᠷᠡᠢᠳ ᠦ᠋ᠨ ᠵᠡᠷᠭᠡ ᠶ᠋ᠢᠨ ᠪᠠᠭ᠎ᠠ ᠪᠠᠭ᠎ᠠ ᠠᠢᠮᠠᠭ ᠤ᠋ᠳ ᠤ᠋ᠨ ᠥᠴᠦᠬᠡᠨ ᠭᠡᠷ ᠦ᠋ᠨ ᠰᠤᠯᠠ ᠶᠠᠷᠰᠢᠭ ᠤᠷᠰᠢᠭ ᠢ᠋ ᠰᠤᠳᠤᠷᠴᠢ ᠲᠦᠰᠢᠮᠡᠯ ᠳᠡᠪᠲᠡᠷ ᠲᠣᠷ ᠴᠥᠯᠪᠡᠬᠦᠢ ᠶ᠋ᠢ ᠪᠠᠢᠰᠤᠭᠠᠢ ᠭᠡᠮᠡᠨ ᠤᠮᠳᠠᠭᠠᠳ᠂ ᠵᠢᠴᠢ ᠥᠷᠯᠥᠭᠡ ᠶ᠋ᠢᠨ ᠵᠡᠭᠦᠳᠦᠨ᠎ᠡ ᠳ᠋ᠧᠦ ᠨᠢᠦ ᠨᠡᠷᠡᠲᠦ ᠣᠳᠣᠨ ᠵᠡᠭᠦᠳᠦᠨ᠎ᠡ ᠣᠷᠣᠵᠤ ᠳᠠᠭᠤᠳᠠᠨ ᠰᠡᠷᠢᠭᠡᠭᠰᠡᠨ ᠳ᠋ᠦ᠍ᠷ ᠭᠡᠨᠡᠳᠲᠡ ᠨᠢᠦ ᠯᠠᠩ᠂ ᡁᠢ ᠨᠢᠦᠢ ᠬᠡᠮᠡᠬᠦ ᠦᠯᠢᠭᠡᠷ ᠢ ᠰᠠᠨᠠᠭᠠᠯᠵᠠᠵᠤ᠂ ᠡᠨᠡ ᠠᠯᠲᠠᠨᠱᠠᠭ᠎ᠠ᠂ ᠰᠣᠯᠣᠩᠭᠤᠸ᠎ᠠ ᠨᠥᠬᠥᠷ ᠡᠮ᠎ᠡ ᠬᠣᠶᠠᠭᠤᠯᠠ ᠶ᠋ᠢᠨ ᠦᠢᠯᠡ ᠶᠠᠪᠤᠳᠠᠯ ᠤᠷᠰᠢᠭ ᠶᠠᠷᠰᠢᠭ ᠲᠡᠭᠦᠨ ᠳ᠋ᠦ᠍ᠷ ᠠᠳᠠᠯᠢ ᠪᠣᠯᠤᠭᠰᠠᠨ ᠢ᠋ᠶ᠋ᠠᠷ ᠡᠨᠡ ᠬᠣᠶᠠᠷ ᠤ᠋ᠨ ᠦᠨᠡᠨ ᠰᠦᠨᠡᠰᠦᠨ ᠦᠨᠡᠨ ᠬᠡᠷᠡᠭ ᠪᠠᠯᠠᠷᠠᠪᠠᠰᠤ ᠦᠯᠦ ᠪᠣᠯᠬᠤ ᠴᠤ᠌ ᠪᠣᠯᠪᠠᠤ ᠭᠡᠮᠡᠨ ᠠᠶᠤᠮᠰᠢᠭ ᠦᠭᠡᠢ ᠬᠠᠰᠤᠭᠰᠠᠨ ᠦᠭᠡᠢ ᠪᠡᠷ ᠤᠭ ᠰᠤᠳᠤᠷ ᠤ᠋ᠨ ᠶᠣᠰᠣᠭᠠᠷ ᠤᠷᠰᠢᠬᠴᠢᠯᠠᠨ ᠪᠢᠴᠢᠪᠡᠢ᠃ ᠣᠯᠠᠨ ᠠᠢᠮᠠᠭ ᠤ᠋ᠨ ᠤᠷᠰᠢᠭ ᠶᠠᠷᠰᠢᠭᠲᠤ ᠰᠤᠯᠠ ᠤᠴᠢᠷ ᠢ ᠬᠣᠷᠢᠶᠠᠨ ᠲᠠᠯᠪᠢᠵᠤ ᠵᠣᠭᠰᠣᠭᠠᠳ᠂ ᠣᠳᠣ ᠤᠯᠤᠰ ᠲᠥᠷᠥ ᠶ᠋ᠢᠨ ᠶᠡᠬᠡ ᠦᠢᠯᠡᠰ ᠢ᠋ ᠥᠭᠦᠯᠡᠬᠦ ᠢᠨᠤ ᠄ ᠲᠡᠨᠳᠡᠴᠡ ᠮᠥᠨ ᠳᠥᠷᠪᠡᠨ ᠰᠠᠷ᠎ᠠ ᠶ᠋ᠢᠨ ᠰᠡᠭᠦᠯ ᠡᠴᠡ ᠡᠵᠡᠨ ᠦ᠌ ᠮᠡᠳᠡᠭᠡ ᠵᠢᠩ ᠵᠧᠦ ᠬᠣᠲᠠ ᠠ᠋ᠴᠠ ᠳᠠᠷᠠᠭ᠎ᠠ ᠳᠠᠷᠠᠭ᠎ᠠ ᠳᠣᠪᠲᠣᠯᠤᠨ ᠢᠷᠡᠯᠴᠡᠵᠦ᠂ ᠪᠸᠲ᠋ᠠ᠋ ᠤᠯᠤᠰ ᠤ᠋ᠨ ᠳᠣᠲᠣᠷ᠎ᠠ ᠶᠡᠬᠡᠯ᠎ᠡ ᠦᠢᠮᠡᠯᠳᠦᠨ᠂ ᠶᠢᠰᠦᠨ ᠡᠩ ᠦ᠋ᠨ ᠨᠣᠶᠠᠳ ᠲᠦᠰᠢᠮᠡᠳ ᠴᠢᠭ ᠴᠢᠭ ᠲᠡᠭᠡᠨ ᠤᠭᠲᠤᠬᠤ ᠶ᠋ᠢ ᠶᠠᠭᠠᠷᠠᠯᠴᠠᠨ᠂ ᠡᠵᠡᠨ ᠦ᠌ ᠠᠯᠲᠠᠨ ᠤᠯᠤᠰ ᠢ᠋ ᠳᠡᠢᠯᠦᠭᠰᠡᠨ ᠶᠡᠬᠡ ᠴᠡᠷᠢᠭ ᠦ᠋ᠨ ᠪᠠᠶᠠᠷ ᠤ᠋ᠨ ᠶᠣᠰᠣᠭᠠᠷ᠂ ᠬᠣᠯᠠ ᠣᠢᠷ᠎ᠠ ᠭᠤᠷᠪᠠᠨ ᠤᠭᠲᠤᠯᠭ᠎ᠠ ᠪᠠᠷ ᠤᠭᠲᠤᠯᠴᠠᠨ᠂ ᠵᠠᠭᠤᠨ ᠬᠥᠭᠵᠢᠮ ᠬᠥᠩᠭᠢᠷᠡᠰᠦᠨ ᠲᠠᠪᠤᠨ ᠰᠠᠷ᠎ᠠ ᠳ᠋ᠤᠷ ᠡᠵᠡᠨ ᠦ᠌ ᠶᠡᠬᠡ ᠵᠢᠭᠰᠠᠭᠠᠯ ᠬᠦᠷᠴᠦ ᠢᠷᠡᠨ᠂ ᠶᠡᠬᠡ ᠲᠤᠭ ᠢ᠋ ᠳᠠᠬᠢᠵᠤ᠂ ᠪᠠᠶᠠᠷ ᠤ᠋ᠨ ᠶᠡᠬᠡ ᠬᠤᠷᠢᠮ ᠬᠤᠷᠢᠮᠯᠠᠵᠤ᠂ ᠣᠯᠠᠨ ᠵᠠᠩᠵᠤᠨ ᠴᠡᠷᠢᠭ ᠦ᠋ᠨ ᠭᠠᠪᠢᠶ᠎ᠠ ᠵᠢᠳᠬᠦᠯᠭᠡ ᠶ᠋ᠢ ᠳᠠᠬᠢᠨ ᠨᠠᠷᠢᠪᠴᠢᠯᠠᠨ ᠢᠯᠭᠠᠨ ᠳᠠᠪᠠᠭᠤᠯᠤᠨ ᠱᠠᠩᠨᠠᠵᠤ᠂ ᠵᠢᠨᠦᠩ ᠮᠤᠬᠤᠯᠢ: 《ᠳᠠᠯᠠᠨ ᠲᠠᠪᠤᠨ ᠣᠯᠠᠨ ᠠᠢᠮᠠᠭ ᠤ᠋ᠳ ᠤ᠋ᠨ ᠳᠠᠩ ᠲᠡᠭᠰᠢ ᠶ᠋ᠢ ᠡᠰᠡ ᠢᠯᠭᠠᠪᠠᠰᠤ ᠡᠵᠡᠨ ᠰᠠᠢᠳ ᠪᠢᠳᠡᠨ ᠦ᠌ ᠶᠠᠯ᠎ᠠ ᠪᠣᠯᠬᠤ ᠲᠤᠯᠠ᠂ ᠡᠨᠡ ᠵᠢᠯ ᠦ᠋ᠨ ᠡᠳᠦᠭᠡ ᠡᠴᠡ ᠡᠬᠢᠯᠡᠨ ᠬᠣᠢᠲᠤ ᠣᠨ ᠤ᠋ ᠡᠳᠦᠢ ᠪᠣᠯᠲᠠᠯ᠎ᠠ ᠬᠡᠷᠬᠢᠪᠡᠴᠦ ᠳᠠᠩ ᠲᠠᠭ᠌ᠰᠢᠲᠠᠢ ᠪᠣᠯᠤᠨ ᠴᠢᠳᠠᠮᠤᠢ᠃  ᠪᠣᠭᠣᠯ ᠳᠠᠷᠤᠢ ᠮᠤᠩ ᠭᠣᠣᠯ ᠤ᠋ᠨ ᠠᠮᠠᠨ ᠤ᠋ ᠶᠡᠬᠡ ᠮᠠᠨᠳᠠᠯ ᠳ᠋ᠤᠷ ᠡᠴᠢᠵᠦ ᠲᠡᠭᠰᠢᠯᠡᠨ ᠲᠣᠭᠲᠠᠭᠠᠨ ᠲᠡᠭᠦᠰᠦᠮᠡᠭᠴᠡ ᠡᠵᠡᠨ ᠢ ᠵᠠᠯᠠᠷ᠎ᠠ ᠢᠷᠡᠮᠦᠢ 》ᠭᠡᠮᠡᠨ ᠮᠥᠷᠭᠥᠵᠦ᠂ ᠪᠤᠭᠤᠷᠵᠢ ᠶ᠋ᠢ ᠥᠪᠡᠷᠦᠨ ᠣᠷᠣ ᠶ᠋ᠢ ᠰᠠᠬᠢᠭᠤᠯᠵᠤ᠂ ᠥᠪᠡᠷ ᠢ᠋ᠶ᠋ᠡᠨ ᠶᠢᠰᠦᠨ ᠡᠩ ᠢ ᠠᠪᠴᠤ ᠮᠣᠷᠳᠠᠪᠠᠢ᠃ ᠲᠡᠨᠳᠡᠴᠡ ᠤᠯᠤᠰ ᠲᠤᠷ ᠰᠤᠯᠠ ᠲᠤᠩᠭᠠᠯᠠᠭ ᠬᠡᠷᠡᠭ ᠦᠭᠡᠢ ᠳ᠋ᠦ᠍ᠷ ᠲᠠᠢᠽᠦ ᠭᠡᠭᠡᠬᠡᠨ ᠪᠤᠯᠠᠭ ᠲᠤᠷ ᠭᠡᠷ ᠦ᠋ᠨ ᠬᠤᠷᠢᠮ ᠬᠤᠷᠢᠮᠯᠠᠬᠤᠶ᠎ᠠ᠂ ᠨᠠᠢ᠍ᠮᠠᠨᠴᠢ ᠭᠦᠩᠵᠦ ᠪᠡᠷ ᠰᠠᠢᠬᠠᠨ ᠰᠤᠷᠲᠠᠯᠲᠤ ᠳ᠋ᠤᠷ ᠱᠠᠩ ᠥᠭᠭᠦᠭᠦᠯᠦᠨ᠂ ᠠᠷᠢᠬᠢ ᠱᠠᠩᠨᠠᠭᠤᠯᠬᠤᠶ᠎ᠠ ᠰᠢᠳᠠᠷ ᠶᠠᠪᠤᠭᠴᠢ ᠰᠠᠢᠬᠠᠨ ᠰᠤᠷᠲᠠᠯᠲᠤ ᠱᠠᠩ ᠳ᠋ᠤᠷ ᠮᠥᠷᠭᠥᠵᠦ᠂ ᠱᠠᠭᠰᠢᠨ ᠭᠠᠢᠬᠠᠭᠰᠠᠨ ᠢ᠋ᠶ᠋ᠠᠨ ᠭᠠᠷᠭᠠᠵᠤ ᠮᠡᠳᠡᠭᠦᠯᠦᠷᠦᠨ : 
           ᠡᠨᠡ ᠬᠦ᠌ ᠨᠠᠢ᠍ᠮᠠᠨᠴᠢ ᠭᠦᠩᠵᠦ ᠡᠲᠡᠭᠡᠳ ᠰᠣᠨᠢᠨ ᠪᠠᠢᠨᠠᠮ  
           ᠡᠭᠡᠵᠦ ᠢᠷᠡᠬᠦ ᠵᠠᠮ ᠳ᠋ᠤᠷ ᠡᠳᠦᠷ ᠪᠦᠦ ᠤᠨᠲᠠ ᠬᠡᠮᠡᠯᠦᠭᠡ᠃    
           ᠡᠵᠡᠨ ᠦ᠌ ᠬᠦᠨᠳᠦ ᠬᠡᠰᠢᠭ ᠡᠳᠦᠷ ᠳᠠᠭᠤᠰᠤᠨ ᠬᠤᠷᠢᠮ ᠨᠠᠢᠷ ᠡᠭᠡᠯᠵᠢᠯᠡᠨ ᠪᠠᠶᠠᠷ ᠬᠢᠬᠦᠶ᠎ᠡ   
           ᠡᠷᠢᠶᠡᠯᠡᠨ ᠪᠠᠢᠭᠰᠠᠭᠠᠷ ᠰᠣᠭᠲᠣᠭᠠᠳ᠂  
           ᠡᠪᠯᠢᠭ ᠵᠦᠯᠭᠡ ᠳ᠋ᠦ᠍ᠷ ᠰᠡᠷᠢᠭᠦᠴᠡᠨ     
           ᠡᠯ᠎ᠡ ᠬᠤᠪᠴᠠᠳ ᠢ ᠳᠠᠢᠴᠢᠨ᠂    
           ᠡᠷᠬᠡᠯᠡᠨ ᠬᠡᠪᠲᠡᠭᠰᠡᠭᠡᠷ ᠤᠨᠲᠠᠭᠰᠠᠨ᠎ᠠ     
           ᠡᠵᠡᠲᠦᠭᠰᠡᠨ ᠣᠭᠣᠯᠢ ᠢᠷᠡᠵᠦ᠂    
           ᠡᠷᠭᠢᠵᠦ ᠲᠣᠭᠣᠷᠢᠨ ᠳᠣᠩᠭᠣᠳᠬᠤᠢ ᠳ᠋ᠤᠷ     
           ᠡᠪᠡᠰᠦᠨ᠎ᠡ ᠬᠡᠪᠲᠡᠭᠰᠡᠨ ᠪᠣᠭᠣᠯ     
           ᠡᠮᠦᠰᠴᠦ ᠪᠠᠢᠭᠰᠠᠨ ᠭᠤᠲᠤᠯ ᠢ᠋ᠶ᠋ᠠᠷ     
           ᠡᠷᠢᠨ ᠨᠢᠭᠡᠨᠲᠡ ᠴᠣᠬᠢᠭᠰᠠᠨ᠎ᠠ᠂    
           ᠡᠷᠢᠶᠡᠨ ᠲᠦᠷᠦᠢᠲᠦ ᠭᠤᠲᠤᠯ ᠤ᠋ᠨ ᠳᠣᠲᠣᠷ᠎ᠠ ᠠ᠋ᠴᠠ   
           ᠡᠯᠢᠭᠡ ᠤᠯᠠᠭᠠᠨ ᠬᠣᠣᠷᠠᠲᠤ ᠡᠷᠢᠶᠡᠨ ᠮᠣᠭᠠᠢ ᠤᠨᠠᠵᠤ᠂  
           ᠡᠨᠳᠡ ᠲᠡᠨᠳᠡ ᠦᠰᠦᠷᠬᠢᠯᠡᠨ᠂   
           ᠡᠳᠦᠷ ᠤᠨᠲᠠᠭᠰᠠᠨ ᠠ᠋ᠴᠠ ᠪᠣᠯᠵᠤᠬᠤᠢ᠂   
           ᠡᠵᠡᠨ ᠦ᠌ ᠰᠦᠯᠳᠡ ᠢᠪᠡᠭᠡᠵᠦ   
           ᠡᠳᠦᠷ ᠨᠠᠷᠠᠨ ᠤ᠋ ᠭᠡᠭᠡᠭᠡᠨ᠎ᠡ    
           ᠡᠰᠡ ᠣᠭᠣᠯᠢ ᠳᠣᠩᠭᠣᠳᠪᠠᠰᠤ   
           ᠡᠨᠡ ᠪᠡᠶ᠎ᠡ ᠦᠬᠦᠨ ᠲᠡᠭᠦᠰᠪᠡᠢ᠃    
           ᠡᠷᠭᠢᠨ ᠨᠠᠢ᠍ᠮᠠᠨᠴᠢ ᠭᠥᠭᠵᠦ ᠡᠢᠮᠦ ᠮᠠᠭᠤ ᠪᠠᠢᠬᠤ ᠶ᠋ᠢ     
           ᠡᠷᠲᠡ ᠮᠡᠳᠡᠭᠰᠡᠨ ᠢ᠋ ᠠᠰᠠᠭᠤᠪᠠᠰᠤ ᠂    
           ᠢᠨᠢᠶᠡᠵᠦ ᠥᠴᠢᠬᠦ ᠦᠭᠡᠢ᠃  
ᠬᠡᠮᠡᠬᠦᠶ᠎ᠡ᠂ ᠡᠵᠡᠨ ᠲᠠᠢᠽᠦ ᠰᠣᠨᠣᠰᠴᠤ᠂ ᠢᠨᠢᠶᠡᠮᠰᠦᠭᠯᠡᠨ ᠳᠣᠬᠢᠯᠭᠢᠯᠠᠨ ᠵᠠᠬᠢᠷᠤᠨ : ᠮᠠᠭᠤ ᠢᠷᠣᠸᠠᠲᠦ ᠣᠭᠣᠯᠢ ᠮᠠᠰᠢ ᠵᠢᠭᠰᠢᠭᠦᠷᠢᠲᠡᠢ ᠪᠥᠭᠡᠲᠡᠯ᠎ᠡ ᠮᠠᠨᠳᠤᠭᠴᠢ ᠰᠠᠢᠳ ᠴᠢᠮᠠᠳᠤᠷ ᠮᠠᠭᠠᠳ ᠪᠠᠶᠠᠷ ᠤ᠋ᠨ ᠢᠷᠣ᠎ᠠ ᠪᠣᠯᠵᠤᠬᠤᠢ᠃ ᠮᠠᠷᠭᠠᠲᠠ ᠴᠢ ᠦᠷ᠎ᠡ ᠠᠴᠢ ᠳ᠋ᠠᠭᠠᠨ ᠮᠠᠭᠠᠳ ᠢ᠋ᠶ᠋ᠠᠷ ᠰᠤᠷᠭᠠᠵᠤ᠂ ᠮᠠᠭᠤ ᠣᠭᠣᠯᠢ ᠶ᠋ᠢᠨ ᠤᠳᠤᠮ ᠢ᠋ ᠮᠠᠷᠭᠤᠵᠤ ᠪᠢᠲᠡᠭᠡᠢ ᠠᠯᠠᠭᠤᠯᠤᠭᠲᠤᠨ ᠬᠡᠮᠡᠪᠡ᠃  ᠡᠷᠲᠡᠨ ᠦ᠌ ᠬᠠᠭᠤᠴᠢᠨ  《ᠬᠥᠬᠡ ᠰᠤᠳᠤᠷ 》 ᠲᠤ᠌ ᠪᠣᠭᠳᠠ ᠬᠥᠮᠦᠨ ᠦ᠌ ᠠᠪᠤᠷᠠᠯ᠂ ᠪᠤᠯᠲᠤ ᠪᠦᠬᠦᠨ᠎ᠡ ᠲᠦᠭᠡᠮᠡᠯ᠂ ᠪᠤᠰᠤᠴᠢᠷ ᠣᠭᠣᠯᠢ ᠪᠣᠯᠪᠠᠴᠤ᠂ ᠪᠤᠶᠠᠨᠲᠤ ᠡᠵᠡᠨ᠎ᠡ ᠥᠷᠥᠰᠢᠶᠡᠭᠳᠡᠪᠡ ᠬᠡᠮᠡᠭᠴᠢ᠂ ᠪᠣᠳᠠᠲᠠᠶ᠎ᠠ ᠡᠭᠦᠨ ᠢ᠋ ᠬᠡᠯᠡᠵᠦᠬᠦᠢ᠃ ᠪᠤᠷᠤᠭᠤ ᠣᠭᠣᠯᠢ ᠪᠥᠭᠡᠲᠡᠯ᠎ᠡ᠂ ᠪᠣᠭᠳᠠ ᠶ᠋ᠢᠨ ᠬᠡᠰᠢᠭ ᠲᠣᠷ ᠬᠦᠷᠲᠡᠭᠰᠡᠨ ᠢᠨᠣ᠂ ᠪᠣᠯᠵᠤ ᠪᠦᠲᠦᠬᠦ ᠲᠥᠷᠥ ᠶ᠋ᠢᠨ ᠪᠣᠯᠤᠮᠠᠷ ᠰᠠᠢᠳ ᠤ᠋ᠨ ᠲᠥᠯᠥᠭᠡ ᠪᠤᠶᠤ᠃ ᠪᠣᠱᠣᠭ ᠵᠢᠷᠭᠠᠯᠠᠩᠲᠤ ᠮᠢᠩ ᠬᠤᠸᠠᠩ ᠤ᠋ᠨ ᠪᠤᠷᠬᠢᠷᠠᠯᠳᠤ ᠨᠠᠭᠠᠳᠤᠮ ᠤ᠋ᠨ ᠳᠥᠷᠪᠡᠯᠵᠢ ᠶ᠋ᠢᠨ ᠳᠥᠷᠪᠡᠨ ᠦ᠌ ᠦᠭᠡ ᠴᠠᠭᠤᠷᠬᠠᠢ ᠳ᠋ᠤᠷ ᠪᠣᠷᠣ ᠤᠯᠠᠭᠠᠨ ᠤ᠋ ᠥᠩᠭᠡ ᠬᠦᠷᠲᠡᠭᠡᠭᠰᠡᠨ ᠡᠴᠡ ᠪᠣᠳᠣᠬᠤ ᠳᠣᠳᠣᠮ ᠳᠡᠭᠡᠷᠡᠳᠡᠵᠦ᠂ ᠪᠣᠯᠪᠠᠰᠤᠷᠠᠭᠤᠯᠬᠤ ᠳᠣᠳᠣᠮ ᠡᠷᠬᠢᠮ ᠪᠣᠯᠵᠤᠬᠤᠢ᠃  
       ᠤᠯᠤᠰ ᠢ᠋ ᠮᠥᠯᠵᠢᠵᠦ ᠡᠵᠡᠨ ᠢ᠋ᠶ᠋ᠡᠨ ᠳᠠᠷᠤᠯᠠᠬᠤ  ᠬᠠᠨ ᠲᠦᠸᠧ ᠵᠧᠦ ᠪᠣᠭᠣᠯ ᠢ᠋ ᠦᠨᠡᠨ ᠢ᠋ᠶ᠋ᠡᠷ ᠠᠯᠠᠯᠲᠠᠢ᠂ 
       ᠤᠷᠤᠭ ᠢ ᠪᠠᠷᠢᠯᠳᠤᠨ ᠣᠯᠠᠨ ᠢ᠋ ᠬᠤᠷᠢᠮᠯᠠᠬᠤ ᠬᠠᠳ ᠤ᠋ᠨ ᠦᠷᠡᠰ ᠬᠠᠷᠢᠨᠴᠤ ᠠᠰᠢᠳᠠ ᠴᠡᠩᠭᠡᠯᠲᠡᠢ᠃  
       ᠤᠳᠬ᠎ᠠ ᠤᠶᠠᠩᠭᠠᠲᠤ ᠠᠯᠲᠠᠨ ᠤ᠋ ᠤᠭᠰᠠᠭ᠎ᠠ ᠶ᠋ᠢᠨ ᠠ ᠰᠢᠨ ᠨᠠ ᠨᠠᠭᠠᠴᠤ ᠠᠶ᠎ᠠ ᠶᠠᠭᠤᠲᠠᠢ ᠪᠠᠬᠠᠷᠬᠠᠯᠲᠠᠢ 
       ᠣᠭᠣᠯᠢ ᠠᠪᠤᠷᠠᠭᠰᠠᠨ ᠰᠠᠢᠬᠠᠨ ᠰᠤᠷᠲᠠᠯᠲᠤ ᠶ᠋ᠢᠨ ᠤᠴᠢᠷ ᠶᠠᠪᠤᠳᠠᠯ ᠠᠪᠠᠢ ᠤᠯᠠᠮ ᠰᠦᠰᠦᠭᠯᠡᠯᠲᠡᠢ !