ᠮᠥᠩᠬᠡ ᠶ᠋ᠢᠨ ᠳᠡᠷᠭᠡᠳᠡ ᠡᠵᠢ ᠮᠢᠨᠢ-ᠱ᠂ ᠭᠦᠷᠦᠪᠠᠽᠠᠷМөнхийн дэргэд ээж минь-Ш᠂ Гүрбазар
ᠮᠥᠩᠬᠡ ᠶ᠋ᠢᠨ ᠳᠡᠷᠭᠡᠳᠡ ᠡᠵᠢ ᠮᠢᠨᠢ
— ᠱ᠂ ᠭᠦᠷᠦᠪᠠᠽᠠᠷ
ᠰᠦ ᠲᠡᠢ ᠡᠩᠭᠡᠷ ᠢ᠋ ᠨᠢ ᠴᠡᠴᠡᠷᠬᠡᠵᠦ
ᠤᠬᠢᠯᠠᠬᠤ ᠳ᠋ᠤ᠌ ᠮᠢᠨᠢ ᠰᠡᠷᠡᠭᠦᠨ ᠡᠵᠢ ᠮᠢᠨᠢ
ᠰᠠᠭᠤᠭ᠎ᠠ ᠬᠣᠨᠣᠭᠰᠠᠨ ᠰᠥᠨᠢ ᠨᠢ
ᠣᠳᠣᠨ ᠠ᠋ᠴᠠ ᠪᠠᠨ ᠣᠯᠠᠨ ᠪᠠᠢᠭ᠎ᠠ ᠳᠠ
ᠵᠤᠯᠠᠢ ᠳᠡᠭᠡᠷ᠎ᠡ ᠮᠢᠨᠢ ᠵᠠᠯᠪᠠᠷᠢᠭᠰᠠᠨ
ᠪᠤᠷᠬᠠᠨ ᠴᠤ᠌ ᠶᠤᠮ ᠤᠤ᠂ ᠡᠵᠢ ᠮᠢᠨᠢ
ᠵᠠᠶᠠᠭ᠎ᠠ ᠪᠤᠶᠠᠨ ᠢ᠋ ᠮᠢᠨᠢ ᠨᠥᠮᠥᠷᠦᠭᠰᠡᠨ
ᠬᠣᠷᠸ᠎ᠠ ᠴᠤ᠌ ᠶᠤᠮ ᠤᠤ᠂ ᠡᠵᠢ ᠮᠢᠨᠢ
ᠳᠠᠭᠤᠤ ᠶ᠋ᠢᠨ ᠰᠡᠵᠢᠭᠦᠷ ᠠᠷᠭᠠᠳᠠᠨ
ᠳᠠᠭᠤᠳᠠᠬᠤ ᠳ᠋ᠤᠨᠢ ᠣᠢᠷᠠᠬᠠᠨ ᠪᠠᠢᠶ᠎ᠠ ᠳᠠ
ᠡᠭᠦᠯᠡᠨ ᠰᠡᠭᠦᠳᠡᠷ ᠵᠠᠢᠴᠢᠯᠠᠵᠤ
ᠦᠨᠦᠰᠬᠦ ᠳ᠋ᠦ᠍ᠨᠢ ᠣᠢᠷᠠᠬᠠᠨ ᠶᠠᠪᠤᠶ᠎ᠠ ᠳᠠ
ᠨᠢᠭᠤᠷ ᠤ᠋ᠨ ᠳᠡᠭᠡᠷ᠎ᠡ ᠮᠢᠨᠢ ᠮᠠᠨᠳᠤᠭᠰᠠᠨ
ᠨᠠᠷᠠᠨ ᠴᠤ᠌ ᠶᠤᠮ ᠤᠤ ᠳᠠ᠂ ᠡᠵᠢ ᠮᠢᠨᠢ
ᠨᠢᠳᠦ ᠪᠡᠨ ᠨᠡᠭᠡᠭᠡᠬᠦ ᠳ᠋ᠦ᠍ ᠮᠢᠨᠢ ᠬᠠᠷᠠᠭᠳᠠᠭᠰᠠᠨ
ᠲᠩᠷᠢ ᠴᠤ᠌ ᠶᠤᠮ ᠤᠤ ᠳᠠ᠂ ᠡᠵᠢ ᠮᠢᠨᠢ
ᠰᠠᠭᠠᠯᠢ ᠶ᠋ᠢᠨ ᠵᠡᠯ᠎ᠡ ᠡᠴᠡ ᠣᠢᠷᠠᠬᠠᠨ ᠴᠤ᠌
ᠬᠣᠯᠠᠳᠬᠤ ᠳ᠋ᠤᠨᠢ ᠬᠣᠷᠮᠣᠢᠳᠠᠭᠰᠠᠨ ᠬᠦᠦ ᠪᠡᠨ
ᠰᠠᠨᠠᠭ᠎ᠠ ᠠᠯᠳᠠᠬᠤ ᠶ᠋ᠢ ᠨᠢ ᠴᠦ᠍ ᠠᠷᠭᠠᠳᠠᠬᠤ ᠭᠡᠵᠦ
ᠮᠥᠩᠬᠡ ᠶ᠋ᠢᠨ ᠳᠡᠷᠭᠡᠳᠡ ᠡᠵᠢ ᠮᠢᠨᠢ
ᠨᠠᠳᠠ ᠠ᠋ᠴᠠ ᠤᠶᠠᠭᠠᠲᠠᠢ ᠰᠡᠳᠬᠢᠯ ᠲᠡᠢ
ᠨᠠᠮᠬᠠᠨ ᠪᠤᠷᠬᠠᠨ ᠡᠵᠢ ᠮᠢᠨᠢ
ᠨᠠᠷᠠ ᠪᠠᠨ ᠲᠣᠭᠣᠷᠢᠨ ᠡᠷᠭᠢᠯᠳᠦᠬᠦ
ᠰᠦ ᠲᠡᠢ ᠬᠣᠷᠸ᠎ᠠ ᠡᠵᠢ ᠮᠢᠨᠢ!
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠣ᠎ᠠ
2024 4 25
