ᠮᠡᠯᠡᠬᠡᠢ ᠵᠠᠮᠠᠭМэлхий замаг

ᠮᠡᠯᠡᠬᠡᠢ ᠵᠠᠮᠠᠭ
ᠮᠡᠯᠡᠬᠡᠢ ᠵᠠᠮᠠᠭ ᠤ᠋ᠨ ᠢᠵᠠᠭᠤᠷ
ᠤᠰᠤᠨ ᠳᠡᠭᠡᠷ᠎ᠡ ᠪᠦᠯᠦᠭᠯᠡᠨ ᠬᠥᠪᠴᠦ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠃ ᠡᠰᠢ ᠨᠢ ᠤᠷᠲᠤ ᠰᠤᠨᠵᠤ ᠵᠡᠯᠡᠯᠡᠨ ᠤᠷᠭᠤᠬᠤ ᠪᠥᠭᠡᠳ ᠦᠶ᠎ᠡ ᠪᠦᠷᠢ ᠳ᠋ᠦ᠍ᠨᠢ ᠰᠠᠬᠠᠯ ᠦᠨᠳᠦᠰᠦ ᠪᠣᠯᠤᠨ ᠨᠠᠪᠴᠢ ᠤᠷᠭᠤᠳᠠᠭ᠃ ᠨᠠᠪᠴᠢ ᠨᠢ ᠲᠣᠭᠣᠷᠢᠭ ᠵᠢᠷᠦᠬᠡᠨ ᠬᠡᠯᠪᠡᠷᠢ ᠲᠡᠢ ᠪᠤᠶᠤ ᠲᠣᠭᠣᠷᠢᠭ᠂ ᠪᠦᠲᠦᠨ ᠬᠥᠪᠡᠭᠡ ᠲᠡᠢ᠂ ᠵᠢᠷᠦᠬᠡᠨ ᠬᠡᠯᠪᠡᠷᠢᠲᠦ ᠤᠭ ᠲᠠᠢ᠂ 2.5—6cm ᠤᠷᠲᠤ ; ᠨᠠᠪᠴᠢᠨ ᠤ᠋ ᠳᠡᠭᠡᠳᠦ ᠲᠠᠯ᠎ᠠ ᠨᠢ ᠭᠦᠨ ᠨᠣᠭᠣᠭᠠᠨ ᠪᠣᠯᠪᠠᠴᠤ ᠳᠣᠣᠷᠠᠲᠤ ᠲᠠᠯ᠎ᠠ ᠨᠢ ᠵᠢᠭᠠᠬᠠᠨ ᠣᠯᠠᠪᠲᠤᠷ ᠪᠣᠷᠣ᠂ ᠳᠡᠭᠡᠷ᠎ᠡ ᠨᠢ ᠲᠠᠪᠤᠨ ᠵᠤᠷᠪᠤᠰ ᠭᠤᠯᠳᠤ ᠰᠤᠳᠠᠯ ᠲᠠᠢ ᠪᠠ ᠮᠠᠰᠢ ᠣᠯᠠᠨ ᠬᠥᠨᠳᠡᠯᠡᠨ ᠵᠢᠵᠢᠭ ᠰᠤᠳᠠᠯ ᠲᠠᠢ᠂ ᠨᠠᠪᠴᠢᠨ ᠤ᠋ ᠳᠣᠲᠣᠷ᠎ᠠ ᠨᠢ ᠥᠷᠭᠡᠨ ᠥᠨᠳᠡᠭᠡᠯᠵᠢᠨ ᠬᠡᠯᠪᠡᠷᠢ ᠲᠡᠢ ᠬᠡᠢ ᠶ᠋ᠢᠨ ᠴᠥᠪᠥᠷᠢᠭᠦᠦ ᠨᠦ᠍ᠭᠦᠳ ᠪᠣᠢ᠃ ᠴᠡᠴᠡᠭ ᠨᠢ ᠵᠢᠵᠢᠭ᠂ ᠭᠠᠭᠴᠠ ᠪᠡᠯᠭᠡ ᠲᠡᠢ᠂ ᠣᠨᠳᠣᠣ ᠭᠡᠷ ᠲᠡᠢ ; ᠡᠷ᠎ᠡ ᠴᠡᠴᠡᠭ ᠨᠢ ᠬᠣᠶᠠᠷ ᠨᠠᠪᠴᠢ ᠰᠢᠭ ᠪᠠᠭᠯᠠᠭᠴᠢ ᠶ᠋ᠢᠨ ᠥᠪᠥᠷ ᠡᠴᠡ ᠭᠠᠷᠤᠭᠰᠠᠨ ᠨᠢᠭᠡᠨ ᠪᠠᠷᠢᠭᠤᠯ ᠳᠡᠭᠡᠷ᠎ᠡ2—3 ᠬᠦᠢᠰ ᠢ᠋ᠶ᠋ᠡᠷ ᠪᠠᠭᠯᠠᠷᠠᠨ ᠳᠡᠯᠭᠡᠷᠡᠨ᠎ᠡ᠂ ᠴᠡᠴᠡᠭ ᠦ᠋ᠨ ᠲᠣᠭᠳᠣᠢ ᠶ᠋ᠢᠨ ᠢᠯᠲᠠᠰᠤ ᠨᠢ ᠭᠤᠷᠪᠠ᠂ ᠵᠤᠤᠪᠠᠩ ; ᠴᠡᠴᠡᠭ ᠦ᠋ᠨ ᠬᠡᠯᠲᠡᠰ ᠨᠢ ᠭᠤᠷᠪᠠ᠂ ᠴᠠᠭᠠᠨ ; ᠡᠷ᠎ᠡ ᠲᠣᠭᠣᠷᠴᠣᠭ ᠨᠢ6—9 ᠪᠠᠰᠠ3—6 ᠳᠣᠷᠣᠢᠲᠠᠭᠰᠠᠨ ᠬᠠᠭᠤᠷᠮᠠᠭ ᠡᠷ᠎ᠡ ᠲᠣᠭᠣᠷᠴᠣᠭ ᠲᠠᠢ᠃ ᠡᠮ᠎ᠡ ᠴᠡᠴᠡᠭ ᠨᠢ ᠲᠦᠷᠦᠭᠦᠪᠴᠢ ᠶ᠋ᠢᠨ ᠳᠣᠲᠣᠷᠠᠬᠢ ᠤᠷᠲᠤ ᠪᠠᠷᠢᠭᠤᠯ ᠳᠡᠭᠡᠷ᠎ᠡ ᠭᠠᠭᠴᠠᠭᠠᠷ ᠳᠡᠯᠭᠡᠷᠡᠨ᠎ᠡ᠂ ᠡᠷ᠎ᠡ ᠴᠡᠴᠡᠭ ᠲᠡᠢ ᠪᠡᠨ ᠠᠳᠠᠯᠢ ᠲᠣᠭ᠎ᠠ ᠪᠦᠬᠦᠢ ᠴᠡᠴᠡᠭ ᠦ᠋ᠨ ᠰᠢᠳᠠᠷ ᠲᠠᠢ᠂ ᠵᠢᠷᠭᠤᠭᠠᠨ ᠳᠣᠷᠣᠢᠲᠠᠭᠰᠠᠨ ᠡᠷ᠎ᠡ ᠲᠣᠭᠣᠷᠴᠣᠭ ᠲᠠᠢ ; ᠤᠮᠠᠢ ᠨᠢ ᠥᠨᠳᠡᠭᠡᠯᠵᠢᠨ᠂ ᠣᠯᠠᠨ ᠦᠷ᠎ᠡ ᠨᠠᠬᠢᠶ᠎ᠠ ᠲᠠᠢ᠂ ᠳᠣᠣᠷᠠᠲᠤ ᠣᠷᠣᠨ ᠲᠠᠢ᠂ ᠵᠢᠷᠭᠤᠭᠠᠨ ᠲᠠᠰᠤᠭ ᠲᠠᠢ ; ᠴᠡᠴᠡᠭ ᠦ᠋ᠨ ᠪᠠᠭᠠᠨ᠎ᠠ ᠶ᠋ᠢᠨ ᠠᠮᠠᠰᠠᠷ ᠨᠢ ᠵᠢᠷᠭᠤᠭ᠎ᠠ᠂ ᠪᠦᠰᠡ ᠬᠡᠯᠪᠡᠷᠢ ᠲᠡᠢ᠃ ᠵᠢᠮᠢᠰ ᠨᠢ ᠮᠢᠬᠠᠯᠢᠭ᠂ ᠥᠨᠳᠡᠭᠡᠯᠵᠢᠨ ᠪᠤᠶᠤ ᠤᠷᠲᠤ ᠵᠤᠤᠪᠠᠩ ᠬᠡᠯᠪᠡᠷᠢ ᠲᠡᠢ ᠪᠥᠭᠡᠳ ᠣᠯᠠᠨ ᠦᠷ᠎ᠡ ᠲᠡᠢ᠃
ᠨᠠᠭᠤᠷ ᠴᠥᠭᠥᠷᠥᠮ᠂ ᠤᠰᠤᠨ ᠤ᠋ ᠭᠣᠣ ᠰᠤᠪᠠᠭ᠂ ᠲᠤᠲᠤᠷᠭ᠎ᠠ ᠶ᠋ᠢᠨ ᠲᠠᠷᠢᠶᠠᠨ ᠳ᠋ᠤ᠌ ᠤᠷᠭᠤᠨ᠎ᠠ᠃
ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠠᠷᠤᠭ ᠪᠦᠷ ᠤᠷᠭᠤᠳᠠᠭ᠃
ᠵᠢᠭᠠᠰᠤᠨ ᠤ᠋ ᠪᠣᠷᠳᠣᠭ᠎ᠠ ᠬᠢᠭᠡᠳ ᠭᠠᠬᠠᠢ ᠶ᠋ᠢᠨ ᠪᠣᠷᠳᠣᠭ᠎ᠠ ᠪᠣᠯᠭᠠᠵᠤ ᠪᠣᠯᠤᠨ᠎ᠠ᠃ ᠲᠤᠲᠤᠷᠭᠠᠨ ᠲᠠᠷᠢᠶᠠᠨ ᠤ᠋ ᠬᠣᠭ ᠡᠪᠡᠰᠦ ᠶᠦᠮ᠃
ᠬᠢᠲᠠᠳ ᠨᠡᠷ᠎ᠡ᠄水鳖
ᠠᠩᠭ᠌ᠯᠢ ᠨᠡᠷ᠎ᠡ᠄ Hydrocharis dubia (BI.) Backer
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠫᠣ· ᠴᠠᠭᠠᠨ ᠣᠳᠬᠠᠨᠰᠣ᠎ᠠ
