ᠵᠢᠷᠠᠨ ᠵᠢᠰᠦ ᠬᠡᠮᠡᠬᠦ ᠭᠡᠭᠡᠨ ᠲᠣᠯᠢ ᠣᠷᠣᠰᠢᠮᠤᠢ - 4 Жаран зүс хэмээх гэгээн толь оршмуй - 4
ᠪᠡᠴᠢᠨ ᠵᠢᠯ
○ ᠤᠯᠠᠭᠠᠨ ᠪᠡᠴᠢᠨ ᠵᠢᠯᠲᠦ ᠶ᠋ᠢᠨ ᠠᠮᠢᠨ | ᠲᠡᠮᠦᠷ᠂ ᠪᠡᠶ᠎ᠡ| ᠭᠠᠯ᠂ ᠡᠷᠬᠡᠲᠡᠨ | ᠭᠠᠯ᠂ ᠬᠡᠢᠮᠣᠷᠢ| ᠮᠣᠳᠣᠨ᠂ ᠰᠦᠨᠡᠰᠦ |ᠮᠣᠳᠣᠨ᠃ ᠠᠭᠤᠯᠠᠨ ᠳᠡᠭᠡᠷᠡᠬᠢ ᠭᠠᠯ ᠪᠤᠶᠤ᠃ ᠠᠭᠠᠯᠢ ᠵᠠᠩ ᠲᠥᠷᠭᠡᠨ᠎ᠡ᠂ ᠨᠡᠷ᠎ᠡ ᠠᠯᠳᠠᠷ ᠶᠡᠬᠡ᠂ ᠪᠤᠶᠠᠨ ᠬᠡᠰᠢᠭᠲᠦ᠂ ᠪᠠᠭᠤᠷᠠᠯ ᠣᠯᠠᠨ᠂ ᠠᠮᠢᠨ ᠣᠮᠣᠭ ᠤ᠋ᠨ ᠳᠠᠢᠰᠤᠨ᠂ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠳᠣᠣᠷᠠᠲᠤ ᠪᠤᠶᠤ᠂ ᠢᠳᠡᠭᠡᠨ ᠬᠤᠪᠴᠠᠰᠤᠨ ᠤ᠋ ᠬᠡᠰᠢᠭ ᠳᠤᠮᠳᠠ᠂ ᠡᠳ᠋ ᠮᠠᠯ ᠤ᠋ᠨ ᠬᠡᠰᠢᠭ ᠪᠠᠭ᠎ᠠ᠂ ᠦᠷ᠎ᠡ ᠠᠴᠢ ᠶ᠋ᠢᠨ ᠬᠡᠰᠢᠭ ᠦᠭᠡᠢ᠂ ᠰᠡᠵᠢᠭ ᠰᠦᠰᠦᠭ ᠠᠳᠠᠯᠢ᠂ ᠰᠦᠰᠦᠭ ᠦᠭᠡᠢ ᠢᠨᠣ ᠡᠴᠢᠭᠡ ᠡᠬᠡ ᠡᠷ᠎ᠡ ᠡᠮ᠎ᠡ ᠳ᠋ᠡᠭᠡᠨ ᠬᠠᠷᠰᠢ᠂ ᠠᠩᠭᠢᠵᠢᠷᠠᠬᠤ ᠰᠠᠯᠬᠤ ᠦᠢᠯᠡ ᠣᠯᠠᠨ᠂ ᠭᠠᠭᠴᠠ ᠨᠢᠴᠦᠭᠦᠨ ᠬᠥᠮᠦᠨ ᠪᠥᠵᠢᠭᠯᠡᠬᠦᠢ ᠠᠳᠠᠯᠢ ᠠᠮᠢᠳᠤᠷᠠᠮᠤᠢ᠂ ᠡᠭᠦᠰᠬᠡᠯ ᠪᠦᠬᠦᠢ ᠲᠡᠭᠦᠰᠬᠡᠯ ᠦᠭᠡᠢ᠂ ᠳᠠᠢᠰᠤᠨ ᠢ᠋ᠶ᠋ᠠᠨ ᠦᠯᠦ ᠳᠠᠷᠤᠨ ᠪᠠᠷᠠᠬᠤ᠂ ᠠᠰᠢᠳᠠ ᠶ᠋ᠢᠨ ᠠᠯᠪᠢᠨ ᠯᠤᠤᠰ ᠤ᠋ᠨ ᠬᠣᠣᠷᠯᠠᠯ ᠠᠮᠤᠢ ᠵᠡ᠂ ᠨᠠᠰᠤᠳᠠ ᠦᠨᠡᠨ ᠭᠤᠷᠪᠠᠨ ᠡᠷᠳᠡᠨᠢ ᠳ᠋ᠦ᠍ᠷ ᠢᠲᠡᠭᠡᠯ ᠶᠠᠪᠤᠭᠤᠯᠤᠨ᠂ ᠵᠢᠯ ᠪᠦᠷᠢ ᠳᠣᠩᠬᠢᠯᠠᠢ ᠭᠠᠷᠭᠠᠪᠠᠰᠤ ᠰᠠᠢᠨ᠂ ᠤᠨᠤᠬᠤ ᠮᠣᠷᠢ ᠬᠠᠷ᠎ᠠ ᠰᠠᠢᠨ᠂ ᠡᠮᠦᠰᠬᠦᠢ ᠬᠤᠪᠴᠠᠰᠤᠨ ᠬᠥᠬᠡ ᠰᠠᠢᠨ ᠢᠪᠡᠭᠡᠯᠲᠦ ᠪᠣᠢ᠃
○ ᠰᠢᠷ᠎ᠠ ᠪᠡᠴᠢᠨ ᠵᠢᠯᠳᠣ ᠶ᠋ᠢᠨ ᠠᠮᠢᠨ | ᠲᠡᠮᠦᠷ᠂ ᠪᠡᠶ᠎ᠡ| ᠰᠢᠷᠣᠢ᠂ ᠡᠷᠬᠡᠲᠡᠨ | ᠰᠢᠷᠣᠢ᠂ ᠬᠡᠢᠮᠣᠷᠢ | ᠮᠣᠳᠣᠨ᠂ ᠰᠦᠨᠡᠰᠦ |ᠭᠠᠯ ᠪᠤᠶᠤ᠂ ᠬᠦᠷᠢᠶᠡᠨ ᠳᠤᠮᠳᠠᠬᠢ ᠰᠢᠷᠣᠢ᠂ ᠣᠮᠣᠷᠬᠠᠭ ᠵᠠᠩ ᠲᠠᠢ᠂ ᠢᠷᠦᠭᠡᠯ ᠶᠡᠬᠡ ᠮᠠᠲᠠᠯ ᠨᠠᠷᠢᠨ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠡᠬᠡ᠂ ᠵᠠᠶᠠᠭ᠎ᠠ ᠳᠤᠮᠳᠠ ᠮᠠᠭᠤ ᠪᠤᠶᠤ᠂ ᠢᠳᠡᠭᠡᠨ ᠬᠤᠪᠴᠠᠰᠤᠨ ᠢ ᠴᠢᠷᠮᠠᠢᠵᠤ ᠣᠯᠤᠮᠤᠢ᠂ ᠡᠳ᠋ ᠮᠠᠯ ᠤ᠋ᠨ ᠬᠡᠰᠢᠭ ᠥᠴᠦᠬᠡᠨ᠂ ᠦᠷ᠎ᠡ ᠴᠤᠬᠠᠭ᠂ ᠨᠠᠰᠤᠨ ᠪᠣᠢ᠂ ᠡᠭᠦᠰᠬᠡᠯ ᠪᠣᠢ ᠲᠡᠭᠦᠰᠬᠡᠯ ᠦᠭᠡᠢ᠂ ᠠᠯᠢᠪᠠ ᠦᠢᠯᠡᠰ ᠮᠣᠳᠣᠨ ᠳ᠋ᠠᠬᠢ ᠥᠷᠪᠦᠯᠭᠡ ᠮᠡᠲᠦ᠂ ᠡᠳ᠋ ᠮᠠᠯ ᠲᠣᠭᠲᠠᠪᠤᠷᠢ ᠦᠭᠡᠢ ᠵᠣᠯᠪᠢᠨ ᠬᠥᠮᠦᠨ ᠠᠳᠠᠯᠢ᠂ ᠠᠰᠤᠷᠤ ᠰᠡᠷᠡᠭᠦᠨ ᠲᠠᠴᠢᠶᠠᠩᠭᠤᠢ ᠶᠡᠬᠡ ᠪᠤᠶᠤ ᠡᠮ᠎ᠡ ᠶ᠋ᠢᠨ ᠲᠤᠯᠠ ᠦᠭᠡ ᠳᠠᠭᠤᠨ ᠪᠣᠯᠬᠤᠢ᠂ ᠪᠤᠰᠤᠳ ᠲᠤᠷ ᠨᠠᠷᠢᠨ ᠬᠣᠣᠷ ᠪᠣᠯᠤᠭᠴᠢ ᠵᠠᠶᠠᠭ᠎ᠠ᠂ ᠵᠠᠯᠠᠭᠤ ᠴᠠᠭ ᠲᠤ᠌ ᠵᠣᠪᠠᠯ ᠠᠷᠪᠢᠨ ᠦᠳᠡᠯᠡᠬᠦᠶ᠎ᠡ ᠵᠢᠷᠭᠠᠬᠤ ᠬᠤᠪᠢ ᠪᠣᠢ᠂ ᠠᠰᠢᠳᠠ ᠪᠤᠷᠲᠠᠭ ᠰᠦᠨᠡᠰᠦ ᠬᠣᠣᠷᠯᠠᠯ ᠪᠣᠯᠤᠮᠤᠢ᠂ ᠪᠠᠽᠠᠷᠪᠠᠳᠠᠷᠠ ᠰᠢᠲᠦᠪᠡᠰᠦ ᠰᠠᠢᠨ᠂ ᠤᠨᠤᠬᠤ ᠮᠣᠷᠢ ᠬᠥᠬᠡ᠂ ᠡᠮᠦᠰᠬᠦᠢ ᠬᠤᠪᠴᠠᠰᠤᠨ ᠰᠢᠷ᠎ᠠ ᠰᠠᠢᠨ ᠢᠪᠡᠭᠡᠯᠲᠦ ᠪᠣᠢ᠃
○ ᠴᠠᠭᠠᠨ ᠪᠡᠴᠢᠨ ᠵᠢᠯᠳᠣ ᠶ᠋ᠢᠨ ᠠᠮᠢᠨ | ᠲᠡᠮᠦᠷ᠂ ᠪᠡᠶ᠎ᠡ | ᠮᠣᠳᠣᠨ᠂ ᠡᠷᠬᠡᠲᠡᠨ| ᠲᠡᠮᠦᠷ᠂ ᠬᠡᠢᠮᠣᠷᠢ | ᠮᠣᠳᠣᠨ᠂ ᠰᠦᠨᠡᠰᠦ |ᠰᠢᠷᠣᠢ᠂ ᠵᠢᠮᠢᠰ ᠦ᠋ᠨ ᠮᠣᠳᠣᠨ ᠪᠤᠶᠤ᠃ ᠠᠭᠠᠯᠢ ᠰᠠᠢᠨ᠂ ᠦᠭᠯᠢᠭᠡᠡ ᠳ᠋ᠦ᠍ᠷ ᠳᠤᠷᠠᠲᠠᠢ᠂ ᠨᠡᠷ᠎ᠡ ᠵᠡᠷᠭᠡ ᠣᠯᠬᠤ ᠬᠡᠰᠢᠭ ᠶᠡᠬᠡ ᠬᠡᠮᠡᠬᠦᠢ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠠᠳᠠᠯᠢ᠂ ᠵᠠᠶᠠᠭ᠎ᠠ ᠠᠨᠤ ᠳᠤᠮᠳᠠ ᠮᠠᠭᠤ ᠪᠤᠶᠤ᠃ ᠢᠳᠡᠭᠡ ᠬᠤᠪᠴᠠᠰᠤᠨ ᠤ᠋ ᠬᠡᠰᠢᠭ ᠡᠴᠢᠭᠡ ᠡᠬᠡ ᠡᠴᠡ ᠣᠯᠤᠮᠤᠢ᠂ ᠡᠳ᠋ ᠮᠠᠯ ᠤ᠋ᠨ ᠬᠡᠰᠢᠭ ᠥᠴᠦᠬᠡᠨ᠂ ᠦᠷ᠎ᠡ ᠡᠳ᠋ ᠨᠠᠰᠤᠨ ᠭᠤᠷᠪᠠᠨ ᠨᠢᠭᠡᠨ ᠪᠣᠢ ᠠᠪᠠᠰᠤ ᠪᠤᠰᠤᠳ ᠦᠭᠡᠢ᠂ ᠡᠭᠦᠰᠬᠡᠯ ᠥᠴᠦᠬᠡᠨ᠂ ᠡᠳ᠋ ᠮᠠᠯ ᠥᠰᠬᠦᠢ ᠪᠠᠭᠤᠷᠠᠬᠤᠢ ᠦᠶᠡᠷ ᠦ᠋ᠨ ᠤᠰᠤᠨ ᠮᠡᠲᠦ ᠲᠦᠷᠭᠡᠨ ᠡᠳ᠋ ᠠᠭᠤᠷᠠᠰᠤᠨ ᠨᠥᠬᠥᠷ ᠰᠡᠭᠦᠳᠡᠷ ᠲᠡᠭᠡᠨ ᠬᠠᠷᠰᠢ ᠵᠠᠶᠠᠭ᠎ᠠ᠂ ᠡᠮ᠎ᠡ ᠡᠷ᠎ᠡ ᠬᠠᠭᠠᠴᠠᠯ ᠤ᠋ᠨ ᠢᠷᠣ᠎ᠠ ᠲᠠᠢ᠂ ᠲᠡᠭᠦᠨ᠎ᠡ ᠬᠠᠷ᠎ᠠ ᠰᠢᠮᠨᠤᠰ ᠬᠣᠣᠷᠯᠠᠵᠤ ᠶᠠᠷ᠎ᠠ ᠪᠠ ᠡᠪᠡᠳᠴᠢᠨ ᠪᠣᠯᠤᠮᠤᠢ᠂ ᠨᠠᠰᠤᠳᠠ ᠠᠶᠤᠰᠢ ᠨᠣᠮ ᠨᠠᠢ᠍ᠮᠠᠨ ᠮᠢᠩᠭᠠᠲᠤ ᠤᠩᠰᠢᠭᠤᠯᠵᠤ ᠮᠠᠨᠽᠤᠰᠢᠷᠢ ᠰᠢᠲᠦᠪᠡᠰᠦ ᠰᠠᠢᠨ᠂ ᠤᠨᠤᠬᠤ ᠮᠣᠷᠢ ᠬᠠᠯᠲᠠᠷ ᠬᠠᠷ᠎ᠠ᠂ ᠰᠠᠢᠨ᠂ ᠡᠮᠦᠰᠬᠦᠢ ᠬᠤᠪᠴᠠᠰᠤᠨ ᠬᠠᠷ᠎ᠠ ᠰᠠᠢᠨ ᠢᠪᠡᠭᠡᠯᠲᠦ᠃
○ ᠬᠠᠷ᠎ᠠ ᠪᠡᠴᠢᠨ ᠵᠢᠯᠲᠦ ᠶ᠋ᠢᠨ ᠠᠮᠢᠨ | ᠲᠡᠮᠦᠷ᠂ ᠪᠡᠶ᠎ᠡ | ᠲᠡᠮᠦᠷ᠂ ᠡᠷᠬᠡᠲᠡᠨ | ᠤᠰᠤ᠂ ᠬᠡᠢᠮᠣᠷᠢ| ᠮᠣᠳᠣᠨ᠂ ᠰᠦᠨᠡᠰᠦ |ᠲᠡᠮᠦᠷ᠂ ᠢᠯᠳᠦᠨ ᠪᠠᠯᠳᠠᠩ ᠤ᠋ᠨ ᠲᠡᠮᠦᠷ ᠪᠤᠶᠤ᠃ ᠡᠴᠢᠭᠡ ᠡᠬᠡ ᠠᠬ᠎ᠠ ᠳᠡᠭᠦᠨᠡᠷ ᠲᠡᠭᠡᠨ ᠥᠯᠵᠡᠢᠲᠦ ᠰᠠᠢᠨ ᠪᠤᠶᠤ ᠠᠮᠢᠨ ᠣᠮᠣᠭ ᠤ᠋ᠨ ᠨᠢᠭᠡᠨ ᠠᠳᠠᠯᠢ᠂ ᠡᠷᠬᠡᠲᠡᠨ ᠠᠮᠢᠨ ᠤ᠋ ᠬᠥᠪᠡᠭᠦᠨ᠂ ᠵᠠᠶᠠᠭ᠎ᠠ ᠳᠡᠭᠡᠳᠦ ᠰᠠᠢᠨ ᠪᠤᠶᠤ᠂ ᠢᠳᠡᠭᠡᠨ ᠬᠤᠪᠴᠠᠰᠤᠨ ᠰᠠᠢᠨ ᠢ ᠬᠡᠷᠡᠭᠯᠡᠨ᠂ ᠡᠳ᠋ ᠮᠠᠯ ᠤ᠋ᠨ ᠬᠡᠰᠢᠭ ᠪᠣᠢ᠂ ᠡᠭᠦᠰᠬᠡᠯ ᠪᠣᠢ ᠪᠥᠭᠡᠳ ᠡᠷᠬᠢᠰ ᠦ᠋ᠨ ᠦᠢᠯᠡᠰ ᠢ ᠣᠯᠵᠤ ᠡᠷ᠎ᠡ ᠡᠮ᠎ᠡ ᠳ᠋ᠡᠭᠡᠨ ᠥᠯᠵᠡᠢᠲᠦ ᠥᠪᠡᠷ ᠪᠤᠰᠤᠳ ᠲᠤᠷ ᠢᠪᠡᠭᠡᠯᠲᠦ ᠪᠤᠶᠤ᠂ ᠬᠥᠮᠦᠨ ᠤ ᠳᠣᠣᠷ᠎ᠠ ᠦᠯᠦ ᠣᠷᠣᠬᠤᠢ ᠪᠠᠭᠠᠲᠤᠷ ᠠᠭᠠᠯᠢᠲᠤ᠂ ᠭᠡᠮ ᠢ ᠥᠭᠦᠯᠡᠪᠡᠰᠦ ᠶᠡᠬᠡᠰ ᠦ᠋ᠨ ᠬᠡᠰᠢᠭ ᠨᠢ ᠬᠦᠷᠲᠡᠵᠦ ᠴᠢᠳᠠᠬᠤ ᠪᠥᠭᠡᠲᠡᠯ᠎ᠡ ᠡᠳ᠋ ᠮᠠᠯ ᠢ᠋ᠶ᠋ᠠᠨ ᠪᠠᠷᠠᠵᠤ ᠵᠣᠪᠠᠮᠤᠢ ᠬᠡᠴᠢᠶᠡ᠂ ᠠᠰᠢᠳᠠ ᠠᠯᠪᠢᠨ ᠯᠤᠤᠰ ᠤ᠋ᠨ ᠬᠣᠣᠷᠯᠠᠯ ᠪᠣᠯᠵᠤ ᠦᠷ᠎ᠡ ᠠᠴᠢᠨᠠᠷ ᠢ ᠬᠡᠨᠳᠡᠬᠦᠯᠬᠦᠢ᠂ ᠨᠠᠰᠤᠳᠠ ᠳ᠋ᠠᠷ᠎ᠠ ᠡᠬᠡ ᠰᠢᠲᠦᠵᠦ ᠳ᠋ᠠᠮᠷᠠᠯ ᠵᠠᠩ ᠦᠢᠯᠡ ᠶ᠋ᠢ ᠦᠢᠯᠡᠳ᠂ ᠤᠨᠤᠬᠤ ᠮᠣᠷᠢ ᠬᠥᠬᠡ ᠬᠠᠯᠲᠠᠷ᠂ ᠡᠮᠦᠰᠬᠦᠢ ᠬᠤᠪᠴᠠᠰᠤᠨ ᠰᠢᠷ᠎ᠠ ᠰᠠᠢᠨ᠃
ᠲᠠᠬᠢᠶ᠎ᠠ ᠵᠢᠯ
○ ᠬᠥᠬᠡᠭᠴᠢᠨ ᠲᠠᠬᠢᠶ᠎ᠠ ᠵᠢᠯᠳᠣ ᠶ᠋ᠢᠨ ᠠᠮᠢᠨ| ᠲᠡᠮᠦᠷ᠂ ᠪᠡᠶ᠎ᠡ | ᠤᠰᠤᠨ᠂ ᠡᠷᠬᠡᠲᠡᠨ | ᠮᠣᠳᠣᠨ᠂ ᠬᠡᠢᠮᠣᠷᠢ | ᠤᠰᠤ᠂ ᠰᠦᠨᠡᠰᠦ |ᠤᠰᠤ᠂ ᠲᠤᠨᠤᠮᠠᠯ ᠤᠰᠤᠨ ᠪᠤᠶᠤ᠂ ᠡᠴᠢᠭᠡ ᠡᠬᠡ ᠳ᠋ᠡᠭᠡᠨ ᠠᠴᠢᠲᠤ᠂ ᠰᠠᠨᠠᠭ᠎ᠠ ᠰᠠᠢᠨ᠂ ᠪᠤᠶᠠᠨ ᠰᠠᠢᠨ᠂ ᠬᠤᠪᠢᠲᠤ᠂ ᠠᠮᠢᠨ ᠣᠮᠣᠭ ᠤ᠋ᠨ ᠡᠬᠡ᠂ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠳᠤᠮᠳᠠ ᠰᠠᠢᠨ ᠪᠤᠶᠤ᠂ ᠢᠳᠡᠭᠡᠨ ᠬᠤᠪᠴᠠᠰᠤᠨ ᠤ᠋ ᠬᠡᠰᠢᠭ ᠳᠤᠮᠳᠠ ᠵᠡᠷᠭᠡ᠂ ᠡᠳ᠋ ᠮᠠᠯ ᠪᠣᠢ ᠠᠪᠠᠰᠤ ᠦᠷ᠎ᠡ ᠬᠥᠪᠡᠭᠦᠨ ᠴᠤᠬᠠᠭ᠂ ᠡᠬᠡᠨᠡᠷ ᠪᠥᠭᠡᠰᠦ ᠨᠡᠩᠳᠡ ᠮᠠᠭᠤ᠂ ᠠᠰᠢᠳᠠ ᠭᠡᠮᠰᠢᠭᠦᠯᠡᠩ ᠦᠯᠦ ᠲᠠᠰᠤᠷᠠᠬᠤ᠂ ᠪᠤᠰᠤᠳ ᠢ ᠦᠯᠦ ᠲᠣᠭᠣᠬᠤᠢ ᠣᠮᠣᠭ ᠲᠠᠢ ᠲᠤᠯᠠ ᠡᠴᠢᠭᠡ ᠡᠬᠡ ᠬᠢᠭᠡᠳ ᠠᠬ᠎ᠠ ᠲᠡᠭᠦᠦᠨᠠᠷ ᠲᠦ᠍ ᠲᠤᠰᠠ ᠥᠴᠦᠬᠡᠨ ᠪᠥᠭᠡᠳ ᠪᠤᠰᠤᠳ ᠲᠡᠭᠦᠨ ᠢ ᠦᠯᠦ ᠲᠣᠭᠣᠬᠤᠢ᠂ ᠡᠳ᠋ ᠮᠠᠯ ᠲᠣᠭᠲᠠᠪᠤᠷᠢ ᠥᠴᠦᠬᠡᠨ᠂ ᠡᠴᠢᠭᠡ ᠡᠬᠡ ᠶ᠋ᠢᠨ ᠨᠢᠭᠡᠨ ᠯᠦ᠍ᠭᠡ ᠥᠨᠢᠳᠡ ᠦᠯᠦ ᠰᠠᠭᠤᠬᠤᠢ᠂ ᠡᠭᠦᠰᠬᠡᠯ ᠪᠣᠢ ᠲᠡᠭᠦᠰᠬᠡᠯ ᠦᠭᠡᠢ᠂ ᠨᠠᠰᠤᠳᠠ ᠠᠯᠪᠢᠨ ᠠᠳᠠ ᠬᠣᠣᠷᠯᠠᠬᠤᠢ᠂ ᠨᠠᠰᠤᠳᠠ ᠬᠠᠢᠩᠬᠢᠷᠣᠡ ᠰᠢᠲᠦᠵᠦ ᠳᠣᠩᠭᠢᠯᠠᠢ ᠭᠠᠷᠭᠠᠪᠠᠰᠤ ᠰᠠᠢᠨ᠂ ᠤᠨᠤᠬᠤ ᠮᠣᠷᠢ ᠬᠣᠩᠭᠣᠷ ᠰᠠᠢᠨ᠂ ᠡᠮᠦᠰᠬᠦᠢ ᠬᠤᠪᠴᠠᠰᠤᠨ ᠴᠠᠭᠠᠨ ᠰᠠᠢᠨ ᠢᠪᠡᠭᠡᠯᠲᠦ ᠪᠣᠢ᠃
○ ᠤᠯᠠᠭᠴᠢᠨ ᠲᠠᠬᠢᠶ᠎ᠠ ᠵᠢᠯᠳᠣ ᠶ᠋ᠢᠨ ᠠᠮᠢᠨ | ᠲᠡᠮᠦᠷ᠂ ᠪᠡᠶ᠎ᠡ| ᠭᠠᠯ᠂ ᠡᠷᠬᠡᠲᠡᠨ |ᠭᠠᠯ᠂ ᠬᠡᠢᠮᠣᠷᠢ | ᠤᠰᠤ᠂ ᠰᠦᠨᠡᠰᠦ | ᠮᠣᠳᠣᠨ᠂ ᠠᠭᠤᠯᠠᠨ ᠦᠵᠦᠭᠦᠷ ᠦ᠋ᠨ ᠭᠠᠯ ᠪᠤᠶᠤ᠃ ᠠᠭᠠᠯᠢ ᠵᠠᠩ ᠲᠦᠷᠭᠡᠨ᠂ ᠰᠠᠢᠬᠠᠨ ᠨᠡᠷ᠎ᠡ ᠠᠯᠳᠠᠷ ᠶᠡᠬᠡ᠂ ᠰᠦᠷ ᠪᠤᠶᠠᠨᠲᠤ᠂ ᠠᠮᠢᠨ ᠣᠮᠣᠭ ᠤ᠋ᠨ ᠳᠠᠢᠰᠤᠨ᠂ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠳᠤᠮᠳᠠ ᠳᠣᠣᠷ᠎ᠠ ᠪᠤᠶᠤ᠂ ᠢᠳᠡᠭᠡᠨ ᠬᠤᠪᠴᠠᠰᠤᠨ ᠤ᠋ ᠰᠢᠷ᠎ᠠ ᠠᠪᠬᠤ ᠡᠯᠢᠶ᠎ᠡ ᠪᠤᠶᠤ᠂ ᠡᠳ᠋ ᠮᠠᠯ ᠤ᠋ᠨ ᠬᠡᠰᠢᠭ ᠪᠣᠢ ᠪᠣᠯᠪᠠᠴᠤ ᠦᠰᠬᠦᠢ ᠪᠠᠭᠤᠷᠠᠬᠤᠢ ᠪᠥᠭᠡᠳ ᠰᠢᠳᠤᠷᠭᠤ ᠪᠥᠭᠡᠲᠡᠯ᠎ᠡ ᠠᠯᠠᠵᠤ ᠦᠯᠦ ᠪᠠᠷᠠᠬᠤ ᠳᠠᠢᠰᠤᠨ ᠲᠠᠢ᠂ ᠡᠴᠢᠭᠡ ᠡᠴᠡ ᠠᠩᠭᠢᠵᠢᠷᠠᠬᠤ ᠬᠠᠭᠠᠴᠠᠬᠤ ᠦᠢᠯᠡ ᠣᠯᠠᠨ᠂ ᠢᠨᠠᠭ ᠦᠷ᠎ᠡ ᠴᠥᠭᠡᠨ᠂ ᠡᠷ᠎ᠡ ᠡᠮ᠎ᠡ ᠳ᠋ᠡᠭᠡᠨ ᠬᠠᠷᠰᠢ᠂ ᠨᠢᠭᠡᠨ ᠨᠠᠰᠦᠨ᠎ᠠ ᠴᠢᠷᠮᠠᠢᠨ ᠶᠠᠪᠤᠪᠠᠰᠤ ᠪᠣᠯᠤᠮᠤᠢ᠂ ᠠᠰᠢᠳᠠ ᠲᠠᠴᠢᠶᠠᠩᠭᠤᠢ ᠲᠤᠯᠠ ᠪᠤᠰᠤᠳ ᠦᠯᠦ ᠲᠣᠭᠣᠨᠠᠮ᠂ ᠡᠭᠦᠰᠬᠡᠯ ᠪᠠ ᠲᠡᠭᠦᠰᠬᠡᠯ ᠪᠠᠭ᠎ᠠ ᠥᠴᠦᠬᠡᠨ᠂ ᠮᠣᠳᠣᠨ ᠴᠢᠯᠠᠭᠤᠨ ᠤ᠋ ᠡᠵᠡᠳ ᠦ᠋ᠨ ᠬᠣᠣᠷ ᠦᠯᠡᠮᠵᠢ᠂ ᠨᠠᠰᠤᠳᠠ ᠴᠠᠭᠠᠨ ᠡᠪᠦᠭᠡᠨ ᠢ ᠬᠣᠢᠰᠢ ᠬᠠᠨ ᠢ ᠰᠢᠲᠦᠪᠡᠰᠦ ᠰᠠᠢᠨ᠂ ᠤᠨᠤᠬᠤ ᠮᠣᠷᠢ ᠬᠠᠷ᠎ᠠ᠂ ᠡᠮᠦᠰᠬᠦᠢ ᠬᠤᠪᠴᠠᠰᠤᠨ ᠬᠥᠬᠡ ᠰᠠᠢᠨ᠃ ᠤᠩᠰᠢᠬᠤ ᠨᠣᠮ ᠬᠠᠮᠴᠢᠨ ᠠᠨᠠᠪᠣ ᠪᠣᠯᠪᠠᠰᠤ ᠰᠠᠢᠨ ᠪᠣᠢ᠃
○ ᠰᠢᠷᠬᠠᠴᠢᠨ ᠲᠠᠬᠢᠶ᠎ᠠ ᠵᠢᠯᠳᠣ ᠶ᠋ᠢᠨ ᠠᠮᠢᠨ| ᠲᠡᠮᠦᠷ᠂ ᠪᠡᠶ᠎ᠡ | ᠰᠢᠷᠣᠢ᠂ ᠡᠷᠬᠡᠲᠡᠨ | ᠰᠢᠷᠣᠢ᠂ ᠬᠡᠢᠮᠣᠷᠢ | ᠤᠰᠤᠨ᠂ ᠰᠦᠨᠡᠰᠦ| ᠭᠠᠯ᠂ ᠬᠦᠷᠢᠶᠡᠨ ᠤ ᠭᠠᠯ ᠪᠤᠶᠤ᠃ ᠪᠠᠷᠳᠠᠩ ᠣᠮᠣᠷᠬᠠᠭ᠂ ᠵᠢᠷᠦᠬᠡ ᠶᠡᠬᠡ᠂ ᠨᠠᠷᠢᠨ ᠮᠡᠳᠡᠯᠲᠦ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠡᠬᠡ᠂ ᠵᠠᠶᠠᠭ᠎ᠠ ᠳᠤᠮᠳᠠ ᠰᠠᠢᠨ᠂ ᠢᠳᠡᠭᠡᠨ ᠬᠤᠪᠴᠠᠰᠤᠨ ᠤ᠋ ᠬᠡᠰᠢᠭ ᠳᠤᠮᠳᠠ᠂ ᠡᠳ᠋ ᠮᠠᠯ ᠤ᠋ᠨ ᠬᠡᠰᠢᠭ ᠰᠠᠢᠨ᠂ ᠦᠷ᠎ᠡ ᠨᠠᠰᠤᠨ ᠲᠡᠭᠰᠢ ᠪᠥᠭᠡᠳ ᠠᠯᠢᠪᠠ ᠦᠢᠯᠡᠰ ᠢ ᠵᠥᠭᠡᠯᠡᠨ ᠴᠢᠳᠠᠬᠤ᠂ ᠡᠭᠦᠰᠬᠡᠯ ᠲᠡᠭᠦᠰᠬᠡᠯ ᠥᠴᠦᠬᠡᠨ᠂ ᠥᠪᠡᠷ ᠪᠤᠰᠤᠳ ᠲᠤᠷ ᠬᠣᠣᠷ ᠪᠣᠯᠤᠭᠴᠢ ᠵᠠᠶᠠᠭ᠎ᠠ ᠪᠤᠶᠤ᠂ ᠭᠠᠳᠠᠨ᠎ᠠ ᠶ᠋ᠢᠨ ᠬᠥᠮᠥᠨ᠎ᠡ ᠦᠵᠦᠭᠦᠷ ᠪᠣᠯᠪᠠᠴᠤ ᠭᠡᠷ ᠦ᠋ᠨ ᠳᠣᠲᠣᠷ᠎ᠠ ᠦᠯᠦ ᠵᠣᠬᠢᠯᠳᠤᠬᠤ᠂ ᠵᠠᠯᠠᠭᠤ ᠳ᠋ᠤᠷ ᠵᠣᠪᠠᠪᠠᠴᠤ ᠦᠳᠡᠯᠡᠬᠦᠶ᠎ᠡ ᠵᠢᠷᠭᠠᠬᠤ᠂ ᠡᠮ᠎ᠡ ᠶ᠋ᠢᠨ ᠲᠤᠯᠠ ᠦᠭᠡ ᠳᠠᠭᠤᠨ ᠪᠣᠯᠤᠮᠤᠢ᠂ ᠠᠰᠢᠳᠠ ᠪᠤᠵᠠᠷ ᠰᠦᠨᠡᠰᠦ ᠪᠠ ᠲᠠᠴᠢᠶᠠᠩᠭᠤᠢ ᠶ᠋ᠢᠨ ᠰᠢᠮᠨᠤᠰ ᠬᠣᠣᠷᠯᠠᠵᠤ ᠡᠷ᠎ᠡ ᠡᠮ᠎ᠡ ᠶ᠋ᠢᠨ ᠡᠪᠡᠳᠴᠢᠨ ᠪᠣᠯᠤᠶᠤ᠂ ᠠᠰᠢᠳᠠ ᠤᠬᠢᠶᠠᠯ ᠤ᠋ᠨ ᠨᠣᠮ ᠳᠠᠯᠠᠯᠭ᠎ᠠ ᠠᠪᠴᠤ ᠶᠠᠪᠤᠪᠠᠰᠤ ᠰᠠᠢᠨ᠂ ᠤᠨᠤᠬᠤ ᠮᠣᠷᠢ ᠬᠤᠯᠤ ᠰᠠᠢᠨ᠂ ᠡᠮᠦᠰᠬᠦᠢ ᠬᠤᠪᠴᠠᠰᠤᠨ ᠤᠯᠠᠭᠠᠨ ᠰᠠᠢᠨ ᠢᠪᠡᠭᠡᠯᠲᠦ᠃
○ ᠴᠠᠭᠠᠭᠴᠢᠨ ᠲᠠᠬᠢᠶ᠎ᠠ ᠵᠢᠯᠲᠦ ᠶ᠋ᠢᠨ ᠠᠮᠢᠨ| ᠲᠡᠮᠦᠷ᠂ ᠪᠡᠶ᠎ᠡ| ᠮᠣᠳᠣᠨ᠂ ᠡᠷᠬᠡᠲᠡᠨ| ᠲᠡᠮᠦᠷ᠂ ᠬᠡᠢᠮᠣᠷᠢ| ᠤᠰᠤᠨ᠂ ᠰᠦᠨᠡᠰᠦ| ᠰᠢᠷᠭᠠᠢ᠂ ᠢᠯᠠᠮᠠᠨ ᠮᠣᠳᠣᠨ ᠪᠤᠶᠤ᠃ ᠠᠭᠠᠯᠢ ᠰᠠᠢᠨ᠂ ᠦᠭᠯᠢᠭᠡᠡ ᠳ᠋ᠦ᠍ᠷ ᠳᠤᠷᠠᠲᠠᠢ᠂ ᠨᠡᠷ᠎ᠡ ᠵᠡᠷᠭᠡ ᠣᠯᠬᠤ᠂ ᠶᠡᠬᠡ ᠬᠡᠰᠢᠭᠲᠦ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠤ᠋ ᠨᠢᠭᠡᠨ ᠠᠳᠠᠯᠢ᠂ ᠵᠠᠶᠠᠭ᠎ᠠ ᠠᠨᠤ ᠳᠣᠣᠷᠠᠲᠤ ᠪᠤᠶᠤ᠂ ᠡᠴᠢᠭᠡ ᠪᠡᠨ ᠰᠢᠲᠦᠵᠦ ᠡᠯᠪᠡᠷᠢᠯᠳᠦ ᠪᠠ ᠦᠨᠡᠨ ᠢ᠋ᠶ᠋ᠡᠷ ᠶᠠᠪᠤᠪᠠᠰᠤ ᠰᠠᠶᠢ ᠢᠳᠡᠭᠡᠨ ᠬᠤᠪᠴᠠᠰᠤᠨ ᠢ᠋ ᠣᠯᠵᠤ ᠵᠢᠷᠭᠠᠬᠤ᠂ ᠡᠳ᠋ ᠮᠠᠯ ᠤ᠋ᠨ ᠬᠡᠰᠢᠭ ᠪᠣᠢ ᠪᠣᠯᠪᠠᠴᠤ ᠡᠪᠡᠰᠦᠨ ᠦ᠌ ᠰᠢᠭᠦᠳᠡᠷᠢ ᠮᠡᠲᠦ᠂ ᠦᠷ᠎ᠡ ᠴᠤᠬᠠᠭ᠂ ᠡᠭᠦᠰᠬᠡᠯ ᠪᠣᠢ ᠲᠡᠭᠦᠰᠬᠡᠯ ᠦᠭᠡᠢ ᠪᠥᠭᠡᠳ ᠥᠪᠡᠷ᠎ᠡ ᠪᠤᠰᠤᠳ ᠲᠤᠷ ᠲᠤᠰᠠ ᠦᠭᠡᠢ᠂ ᠡᠳ᠋ ᠮᠠᠯ ᠨᠥᠬᠥᠷ ᠬᠠᠨᠢ ᠳ᠋ᠤᠷ ᠬᠣᠣᠷ ᠶᠡᠬᠡ ᠪᠥᠭᠡᠳ ᠡᠴᠦᠰ ᠲᠡᠭᠡᠨ ᠥᠪᠡᠷ ᠲᠡᠭᠡᠨ ᠭᠡᠮᠰᠢᠭᠦᠯᠡᠩ ᠪᠤᠯᠬᠤᠢ ᠪᠠᠨ ᠦᠯᠦ ᠮᠡᠳᠡᠬᠦᠢ᠂ ᠪᠤᠶᠠᠨ ᠤ᠋ ᠣᠷᠣᠨ ᠢ᠋ ᠡᠯᠢᠶ᠎ᠡ ᠪᠤᠯᠢᠶᠠᠭᠰᠠᠨ ᠤ᠋ ᠣᠴᠢᠷ᠎ᠠ ᠨᠠᠰᠤᠳᠠ ᠭᠣᠮᠴᠣᠢ ᠰᠦᠮ᠎ᠡ ᠶ᠋ᠢᠨ ᠬᠠᠩᠰᠢᠭ᠋ ᠤᠩᠰᠢᠭᠤᠯᠤᠨ ᠰᠢᠲᠦᠪᠡᠰᠦ ᠰᠠᠢᠨ ᠪᠤᠶᠤ᠂ ᠤᠨᠤᠬᠤ ᠮᠣᠷᠢ ᠴᠠᠭᠠᠨ᠂ ᠡᠮᠦᠰᠬᠦᠢ ᠬᠤᠪᠴᠠᠰᠤᠨ ᠬᠠᠷ᠎ᠠ ᠪᠣᠷᠣ ᠰᠠᠢᠨ ᠢᠪᠡᠭᠡᠯᠲᠦ ᠪᠣᠢ᠃
○ ᠬᠠᠷᠠᠭᠴᠢᠨ ᠲᠠᠬᠢᠶ᠎ᠠ ᠵᠢᠯᠲᠦ ᠶ᠋ᠢᠨ ᠠᠮᠢᠨ | ᠲᠡᠮᠦᠷ᠂ ᠪᠡᠶ᠎ᠡ| ᠲᠡᠮᠦᠷ᠂ ᠡᠷᠬᠡᠲᠡᠨ| ᠤᠰᠤᠨ᠂ ᠬᠡᠢᠮᠣᠷᠢ| ᠤᠰᠤᠨ᠂ ᠰᠦᠨᠡᠰᠦ| ᠲᠡᠮᠦᠷ᠂ ᠢᠯᠳᠦᠨ ᠪᠠᠯᠳᠠᠩ ᠤ᠋ᠨ ᠲᠡᠮᠦᠷ ᠪᠤᠶᠤ᠃ ᠡᠴᠢᠭᠡ ᠠᠬ᠎ᠠ ᠲᠡᠭᠦᠦᠳᠡᠭᠡᠨ ᠥᠯᠵᠡᠢᠲᠦ᠂ ᠰᠦᠰᠦᠭᠲᠡᠢ ᠪᠣᠯᠪᠠᠰᠤ ᠰᠠᠢᠨ ᠪᠤᠶᠤ᠂ ᠠᠮᠢᠨ ᠣᠮᠣᠭ ᠤ᠋ᠨ ᠨᠢᠭᠡᠨ ᠠᠳᠠᠯᠢ᠂ ᠡᠷᠬᠡᠲᠡᠨ ᠠᠮᠢᠨ ᠤ᠋ ᠬᠥᠪᠡᠭᠦᠨ᠂ ᠵᠠᠶᠠᠭ᠎ᠠ ᠳᠤᠮᠳᠠ ᠰᠠᠢᠨ᠂ ᠢᠳᠡᠭᠡᠨ ᠬᠤᠪᠴᠠᠰᠤᠨ ᠤ᠋ ᠬᠡᠰᠢᠭ ᠪᠣᠢ᠂ ᠮᠡᠷᠭᠡᠨ ᠪᠣᠯᠪᠠᠰᠤ ᠡᠷᠬᠢᠮ ᠢ᠋ ᠣᠯᠤᠶᠤ᠂ ᠡᠳ᠋ ᠮᠠᠯ ᠤ᠋ᠨ ᠬᠡᠰᠡᠭ ᠳᠤᠮᠳᠠ᠂ ᠦᠷ᠎ᠡ ᠴᠤᠬᠠᠭ ᠨᠠᠰᠤᠨ ᠥᠨᠳᠥᠷ᠂ ᠭᠡᠮ ᠦ᠋ᠨ ᠬᠡᠢ ᠬᠤᠢ ᠬᠥᠳᠡᠯᠪᠡᠰᠦ ᠦᠯᠦ ᠳᠠᠷᠤᠭᠳᠠᠬᠤ᠂ ᠡᠭᠦᠰᠬᠡᠯ ᠪᠠᠭ᠎ᠠ ᠲᠡᠭᠦᠰᠬᠡᠯ ᠪᠣᠢ᠂ ᠡᠴᠢᠭᠡ ᠡᠬᠡ ᠶ᠋ᠢ ᠰᠢᠲᠦᠪᠡᠰᠦ ᠵᠢᠷᠭᠠᠬᠤᠢ᠂ ᠢᠨᠤ ᠥᠪᠡᠷ ᠦ᠋ᠨ ᠶᠠᠪᠤᠳᠠᠯ ᠢ᠋ᠶ᠋ᠠᠨ ᠥᠪᠡᠷ ᠢ᠋ᠶ᠋ᠡᠨ ᠡᠪᠳᠡᠬᠦᠢ᠂ ᠡᠳ᠋ ᠮᠠᠯ ᠲᠣᠭᠲᠠᠪᠤᠷᠢ ᠦᠭᠡᠢ᠂ ᠪᠤᠰᠤᠳ ᠢ᠋ ᠦᠯᠦ ᠲᠣᠭᠣᠮᠤ᠂ ᠣᠮᠣᠭ ᠠᠭᠤᠷ ᠶᠡᠬᠡ᠂ ᠠᠰᠢᠳᠠ ᠵᠥᠷᠢᠭᠦᠦ ᠪᠣᠯᠪᠠ ᠬᠡᠮᠡᠬᠦᠢ᠂ ᠡᠬᠡᠨᠡᠷ ᠪᠥᠭᠡᠰᠦ ᠦᠷ᠎ᠡ ᠦᠭᠡᠢ ᠭᠡᠮᠰᠢᠭᠦᠯᠡᠩ ᠦᠯᠦ ᠲᠠᠰᠤᠷᠠᠬᠤ᠂ ᠡᠷ᠎ᠡ ᠡᠮ᠎ᠡ ᠬᠣᠶᠠᠷ ᠬᠠᠷᠢ ᠪᠣᠯᠬᠤ᠂ ᠠᠰᠢᠳᠠ ᠯᠤᠤᠰ ᠠᠯᠪᠢᠨ ᠬᠣᠣᠷᠯᠠᠮᠤᠢ᠂ ᠠᠰᠢᠳᠠ ᠭᠤᠷᠪᠠᠨ ᠢᠵᠠᠭᠤᠷᠲᠠᠨ ᠢ᠋ ᠰᠢᠲᠦᠪᠡᠰᠦ ᠰᠠᠢᠨ᠂ ᠯᠤᠤᠰ ᠳᠠᠬᠢᠪᠠᠰᠤ ᠰᠠᠢᠨ᠂ ᠤᠨᠤᠬᠤ ᠮᠣᠷᠢ ᠤᠯᠠᠭᠠᠨ ᠬᠥᠬᠡ᠂ ᠡᠮᠦᠰᠬᠦᠢ ᠬᠤᠪᠴᠠᠰᠤᠨ ᠰᠢᠷ᠎ᠠ ᠬᠠᠷ᠎ᠠ ᠰᠠᠢᠨ ᠢᠪᠡᠭᠡᠯᠲᠦ᠃
ᠨᠣᠬᠠᠢ ᠵᠢᠯ
○ ᠬᠥᠬᠡ ᠨᠣᠬᠠᠢ ᠵᠢᠯᠲᠦ ᠶ᠋ᠢᠨ ᠠᠮᠢᠨ| ᠰᠢᠷᠣᠢ᠂ ᠪᠡᠶ᠎ᠡ |ᠭᠠᠯ᠂ ᠡᠷᠬᠡᠲᠡᠨ |ᠮᠣᠳᠣᠨ᠂ ᠬᠡᠢᠮᠣᠷᠢ | ᠲᠡᠮᠦᠷ᠂ ᠰᠦᠨᠡᠰᠦ| ᠤᠰᠤᠨ᠂ ᠠᠭᠤᠯᠠᠨ ᠣᠷᠣᠢ ᠶ᠋ᠢᠨ ᠭᠠᠯ᠃ ᠵᠠᠩ ᠠᠭᠠᠯᠢ ᠰᠠᠢᠨ᠂ ᠰᠠᠢᠨ ᠠᠢ᠍ᠵᠠᠭᠤᠷᠲᠤ᠂ ᠢᠳᠡᠬᠦ ᠡᠮᠦᠰᠬᠦ ᠡᠯᠪᠡᠭ᠂ ᠠᠮᠢᠨ ᠣᠮᠣᠭ ᠤ᠋ᠨ ᠳᠠᠢᠰᠤᠨ᠂ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠳᠤᠮᠳᠠ ᠲᠡᠭᠰᠢ ᠰᠠᠢᠨ᠂ ᠢᠳᠡᠬᠦᠢ ᠡᠮᠦᠰᠬᠦᠢ ᠰᠠᠢᠨ ᠢ ᠬᠡᠷᠡᠭᠯᠡᠨ᠂ ᠡᠳ᠋ ᠮᠠᠯ ᠤ᠋ᠨ ᠬᠡᠰᠢᠭ ᠰᠠᠢᠨ ᠪᠣᠯᠪᠠᠴᠤ ᠥᠰᠬᠦᠢ ᠪᠠᠭᠤᠷᠠᠬᠤᠢ ᠪᠤᠶᠤ᠂ ᠳᠠᠢᠰᠤᠨ ᠶᠠᠪᠤᠳᠠᠯ ᠣᠯᠠᠨ᠂ ᠨᠠᠰᠤᠨ ᠤ᠋ ᠬᠤᠲᠤᠭ ᠪᠣᠢ᠂ ᠰᠠᠢᠨ ᠮᠠᠭᠤ ᠤᠯᠠᠷᠢᠬᠤ ᠵᠠᠶᠠᠭ᠎ᠠ᠂ ᠦᠷ᠎ᠡ ᠪᠣᠢ ᠪᠣᠯᠪᠠᠴᠤ ᠡᠴᠦᠰ ᠲᠦ᠍ᠷ ᠦᠷ᠎ᠡ ᠲᠠᠰᠤᠷᠠᠬᠤ ᠪᠤᠶᠤ᠂ ᠠᠬ᠎ᠠ ᠳᠡᠭᠦᠦ ᠳ᠋ᠦ᠍ᠷ ᠦᠯᠦ ᠲᠤᠰᠠᠯᠠᠨᠠᠮ᠂ ᠰᠦᠰᠦᠭ ᠪᠢᠰᠢᠷᠡᠯᠲᠡᠢ ᠶᠠᠪᠤᠪᠠᠰᠤ ᠰᠠᠢᠨ᠂ ᠨᠠᠰᠤᠳᠠ ᠭᠠᠵᠠᠷ ᠤᠰᠤᠨ ᠤ᠋ ᠬᠣᠣᠷᠯᠠᠯ ᠪᠣᠢ ᠲᠤᠯᠠ ᠰᠡᠳᠬᠢᠯ ᠰᠡᠷᠡᠭᠦᠨ ᠬᠦᠢᠲᠡᠨ ᠡᠪᠡᠳᠴᠢᠨ ᠪᠣᠯᠤᠮᠤᠢ᠂ ᠨᠠᠰᠤᠳᠠ ᠯᠤᠤᠰ ᠤ᠋ᠨ ᠣᠪᠣᠭ᠎ᠠ ᠳᠠᠬᠢᠵᠤ ᠳ᠋ᠠᠷ᠎ᠠ ᠡᠬᠡ ᠰᠢᠲᠦᠪᠡᠰᠦ ᠰᠠᠢᠨ᠂ ᠤᠨᠤᠬᠤ ᠮᠣᠷᠢ ᠬᠤᠯᠤ ᠰᠠᠢᠨ᠂ ᠡᠮᠦᠰᠬᠦᠢ ᠬᠤᠪᠴᠠᠰᠤᠨ ᠤᠯᠠᠭᠠᠨ ᠰᠠᠢᠨ ᠢᠪᠡᠭᠡᠯᠲᠦ ᠪᠣᠢ᠃
○ ᠤᠯᠠᠭᠠᠨ ᠨᠣᠬᠠᠢ ᠵᠢᠯᠲᠦ ᠶ᠋ᠢᠨ ᠠᠮᠢᠨ| ᠰᠢᠷᠣᠢ᠂ ᠪᠡᠶ᠎ᠡ |ᠰᠢᠷᠣᠢ᠂ ᠡᠷᠬᠡᠲᠡᠨ| ᠭᠠᠯ᠂ ᠬᠡᠢᠮᠣᠷᠢ|ᠲᠡᠮᠦᠷ᠂ ᠰᠦᠨᠡᠰᠦ | ᠮᠣᠳᠣᠨ᠂ ᠭᠡᠷ ᠦ᠋ᠨ ᠳᠡᠭᠡᠷᠡᠬᠢ ᠰᠢᠷᠣᠢ ᠪᠣᠢ᠃ ᠪᠤᠶᠠᠨ ᠥᠴᠦᠬᠡᠨ ᠨᠠᠰᠤᠨ ᠣᠬᠣᠷ᠂ ᠲᠠᠪᠤᠨ ᠰᠠᠷ᠎ᠠ ᠳ᠋ᠤ᠌ ᠲᠦᠷᠦᠪᠡᠰᠦ ᠳᠤᠮᠳᠠ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠡᠬᠡ᠂ ᠳᠣᠣᠷᠠᠲᠤ ᠵᠠᠶᠠᠭ᠎ᠠ ᠪᠤᠶᠤ᠂ ᠢᠳᠡᠬᠦᠢ ᠡᠮᠦᠰᠬᠦᠢ ᠪᠣᠢ ᠪᠣᠯᠪᠠᠴᠤ ᠬᠦᠴᠦᠯᠡᠨ ᠊ ᠶᠠᠪᠤᠵᠤ ᠣᠯᠬᠤ᠂ ᠡᠳ᠋ ᠮᠠᠯ ᠤ᠋ᠨ ᠬᠡᠰᠢᠭ ᠥᠴᠦᠬᠡᠨ᠂ ᠦᠷ᠎ᠡ ᠨᠠᠰᠤᠨ ᠬᠤᠲᠤᠭ ᠪᠣᠢ ᠪᠣᠯᠪᠠᠴᠤ ᠡᠴᠢᠭᠡ ᠡᠬᠡ ᠪᠠ ᠡᠷ᠎ᠡ ᠡᠮ᠎ᠡ ᠳ᠋ᠡᠭᠡᠨ ᠬᠠᠷᠰᠢ ᠪᠥᠭᠡᠳ ᠪᠠᠢᠨ ᠪᠠᠢᠨ ᠭᠠᠷᠤᠵᠠ ᠪᠠ ᠭᠡᠮᠰᠢᠯ ᠪᠣᠯᠤᠮᠤᠢ᠂ ᠡᠭᠦᠰᠬᠡᠯ ᠲᠡᠭᠦᠰᠬᠡᠯ ᠥᠴᠦᠬᠡᠨ᠂ ᠣᠮᠣᠭ ᠠᠭᠤᠷ ᠶᠡᠬᠡ ᠲᠤᠯᠠ ᠡᠳ᠋ ᠢ᠋ ᠪᠠᠷᠠᠬᠤ ᠪᠣᠯᠤᠮᠤᠢ᠂ ᠵᠠᠯᠠᠭᠤ ᠳ᠋ᠤᠷ ᠵᠣᠪᠠᠯ ᠠᠷᠪᠢᠨ᠂ ᠦᠳᠡᠯᠡᠬᠦ ᠦᠶ᠎ᠡ ᠰᠠᠢᠨ᠂ ᠨᠠᠰᠤᠳᠠ ᠡᠮ᠎ᠡ ᠰᠦᠨᠡᠰᠦ ᠬᠣᠣᠷᠯᠠᠵᠤ ᠦᠭᠡ ᠳᠠᠭᠤᠨ ᠢ ᠡᠭᠦᠰᠬᠡᠮᠦᠢ᠂ ᠠᠰᠢᠳᠠ ᠰᠦᠰᠦᠭ ᠪᠢᠰᠢᠷᠡᠯᠲᠦ ᠶᠠᠪᠤᠭᠲᠤᠨ᠂ ᠰᠠᠩ ᠤᠬᠢᠶᠠᠯ ᠢ᠋ ᠬᠡᠴᠢᠶᠡ᠂ ᠤᠨᠤᠬᠤ ᠮᠣᠷᠢ ᠬᠥᠬᠡ ᠪᠠ ᠬᠤᠯᠤ ᠰᠠᠢᠨ᠂ ᠡᠮᠦᠰᠬᠦᠢ ᠬᠤᠪᠴᠠᠰᠤᠨ ᠤᠯᠠᠭᠠᠨ ᠰᠠᠢᠨ ᠢᠪᠡᠭᠡᠯᠲᠦ ᠪᠣᠢ᠃
○ ᠰᠢᠷ᠎ᠠ ᠨᠣᠬᠠᠢ ᠵᠢᠯᠲᠦ ᠶ᠋ᠢᠨ ᠠᠮᠢᠨ| ᠰᠢᠷᠣᠢ᠂ ᠪᠡᠶ᠎ᠡ | ᠮᠣᠳᠣᠨ᠂ ᠡᠷᠬᠡᠲᠡᠨ |ᠰᠢᠭᠤᠢ᠂ ᠬᠡᠢᠮᠣᠷᠢ| ᠲᠡᠮᠦᠷ᠂ ᠰᠦᠨᠡᠰᠦ| ᠭᠠᠯ᠂ ᠲᠡᠭᠰᠢ ᠲᠠᠯ᠎ᠠ ᠶ᠋ᠢᠨ ᠮᠣᠳᠣᠨ᠃ ᠨᠠᠰᠤᠨ ᠤᠷᠲᠤ ᠰᠡᠳᠬᠢᠯ ᠵᠥᠭᠡᠯᠡᠨ᠂ ᠡᠳ᠋ ᠮᠠᠯ ᠢ᠋ ᠣᠯᠪᠠᠴᠤ ᠭᠠᠷᠭᠠᠬᠤ ᠶᠡᠬᠡ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠠᠳᠠᠯᠢ᠂ ᠵᠠᠶᠠᠭ᠎ᠠ ᠳᠡᠭᠡᠳᠦ ᠪᠤᠶᠤ᠂ ᠢᠳᠡᠬᠦ ᠡᠮᠦᠰᠬᠦ ᠬᠡᠰᠢᠭ ᠶᠡᠬᠡ᠂ ᠡᠳ᠋ ᠮᠠᠯ ᠡᠯᠪᠡᠭ ᠦᠷ᠎ᠡ ᠨᠠᠰᠤᠨ ᠲᠡᠭᠰᠢ ᠥᠪᠡᠷ᠎ᠡ ᠪᠤᠰᠤᠳ ᠲᠤᠷ ᠲᠤᠰᠠᠲᠤ᠂ ᠡᠭᠦᠰᠬᠡᠯ ᠲᠡᠭᠦᠰᠬᠡᠯ ᠪᠣᠢ᠂ ᠡᠷ᠎ᠡ ᠡᠮ᠎ᠡ ᠬᠠᠭᠠᠴᠠᠬᠤ ᠢᠷᠸ᠎ᠠ ᠲᠡᠢ᠂ ᠡᠳ᠋ ᠮᠠᠯ ᠥᠰᠬᠦᠢ ᠬᠠᠷᠢᠬᠤᠢ᠂ ᠦᠳᠡᠯᠡᠬᠦ ᠴᠠᠭ ᠵᠢᠷᠭᠠᠯ ᠶᠡᠬᠡ᠂ ᠠᠬ᠎ᠠ ᠳᠡᠭᠦᠦ ᠶ᠋ᠢᠨ ᠲᠤᠰᠠ ᠶ᠋ᠢ ᠦᠯᠦ ᠣᠯᠬᠤ᠂ ᠠᠰᠢᠳᠠ ᠬᠠᠷ᠎ᠠ ᠠᠯᠢᠶ᠎ᠠ ᠬᠠᠷ᠎ᠠ ᠯᠤᠤᠰ ᠤ᠋ᠨ ᠬᠣᠣᠷᠯᠠᠯ ᠪᠣᠢ᠂ ᠨᠠᠰᠤᠲᠠᠨ ᠮᠠᠨᠽᠤᠰᠢᠷᠢ ᠸᠴᠢᠷᠪᠠᠨᠢ ᠰᠢᠲᠦᠪᠡᠰᠦ ᠰᠠᠢᠨ᠂ ᠣᠪᠣᠭ᠎ᠠ ᠰᠡᠴᠢ ᠳᠠᠭᠢᠪᠠᠰᠤ ᠡᠳ᠋ ᠮᠠᠯ ᠲᠣᠭᠲᠠᠮᠤᠢ᠂ ᠤᠨᠤᠬᠤ ᠮᠣᠷᠢ ᠴᠠᠭᠠᠨ᠂ ᠡᠮᠦᠰᠬᠦᠢ ᠬᠤᠪᠴᠠᠰᠤᠨ ᠬᠠᠷ᠎ᠠ ᠰᠠᠢᠨ ᠢᠪᠡᠭᠡᠯᠲᠦ᠃
○ ᠴᠠᠭᠠᠨ ᠨᠣᠬᠠᠢ ᠵᠢᠯᠲᠦ ᠶ᠋ᠢᠨ ᠠᠮᠢᠨ| ᠰᠢᠷᠣᠢ᠂ ᠪᠡᠶ᠎ᠡ| ᠲᠡᠮᠦᠷ᠂ ᠡᠷᠬᠡᠲᠡᠨ |ᠲᠡᠮᠦᠷ᠂ ᠬᠡᠢᠮᠣᠷᠢ| ᠲᠡᠮᠦᠷ᠂ ᠰᠦᠨᠡᠰᠦ| ᠰᠢᠷᠣᠢ᠂ ᠴᠢᠮᠡᠭᠯᠡᠨ ᠬᠢᠭᠰᠡᠨ ᠲᠡᠮᠦᠷ ᠪᠤᠶᠤ᠃ ᠢᠳᠡᠬᠦᠢ ᠡᠮᠦᠰᠬᠦᠢ ᠦᠯᠦ ᠳᠤᠲᠠᠬᠤ᠂ ᠪᠤᠶᠠᠨ ᠦᠷ᠎ᠡ ᠪᠣᠢ᠂ ᠵᠣᠪᠠᠯᠠᠩ ᠶᠠᠷᠰᠢᠭ ᠣᠯᠠᠨ᠂ ᠠᠮᠢᠨ ᠣᠮᠣᠭ ᠤ᠋ᠨ ᠨᠢᠭᠡᠨ ᠠᠳᠠᠯᠢ᠂ ᠡᠷᠬᠡᠲᠡᠨ ᠠᠮᠢᠨ ᠤ᠋ ᠬᠥᠪᠡᠭᠦᠨ᠂ ᠵᠠᠶᠠᠭ᠎ᠠ ᠳᠣᠭᠰᠢᠨ ᠪᠤᠶᠤ᠂ ᠢᠳᠡᠬᠦᠢ ᠡᠮᠦᠰᠬᠦᠢ ᠶ᠋ᠢᠨ ᠬᠡᠰᠢᠭ ᠥᠴᠦᠬᠡᠨ᠂ ᠡᠳ᠋ ᠮᠠᠯ ᠤ᠋ᠨ ᠬᠡᠰᠢᠭ ᠳᠤᠮᠳᠠ᠂ ᠦᠷ᠎ᠡ ᠨᠠᠰᠤᠨ ᠬᠤᠲᠤᠭ ᠴᠤᠬᠠᠭᠠᠷ᠂ ᠥᠪᠡᠷ ᠪᠤᠰᠤᠳ ᠲᠤᠷ ᠬᠣᠣᠷ ᠶᠡᠬᠡᠲᠦ᠂ ᠡᠴᠢᠭᠡ ᠡᠬᠡ ᠨᠥᠬᠥᠷ ᠰᠡᠭᠦᠳᠡᠷ ᠲᠦ᠍ ᠬᠠᠷᠰᠢ ᠵᠠᠶᠠᠭ᠎ᠠ ᠰᠠᠢᠨ ᠮᠠᠭᠤ ᠬᠣᠶᠠᠷ ᠤ᠋ᠨ ᠡᠴᠦᠰ ᠬᠦᠷᠬᠦᠶ᠎ᠡ ᠪᠡᠷᠬᠡ᠂ ᠡᠭᠦᠰᠬᠡᠯ ᠲᠡᠭᠦᠰᠬᠡᠯ ᠦᠭᠡᠢ ᠬᠡᠮᠡᠮᠦᠢ᠂ ᠲᠠᠴᠢᠶᠠᠯ ᠤᠷᠠᠨ ᠶᠡᠬᠡ᠂ ᠨᠢᠭᠡᠨ ᠡᠲᠡᠭᠡᠳ ᠦ᠋ᠨ ᠵᠣᠪᠠᠯᠠᠩ ᠪᠣᠢ ᠠᠮᠤᠢ᠂ ᠠᠰᠢᠳᠠ ᠭᠠᠵᠠᠷ ᠤᠰᠤᠨ ᠤ᠋ ᠬᠣᠣᠷᠯᠠᠯ ᠪᠤᠶᠤ᠂ ᠬᠥᠮᠦᠨ ᠮᠠᠯ ᠬᠣᠣᠷ ᠬᠣᠮᠰᠠ ᠪᠣᠯᠤᠮᠤᠢ᠂ ᠨᠠᠰᠤᠳᠠ ᠭᠠᠵᠠᠷ ᠤᠰᠤᠨ ᠢ᠋ ᠳᠠᠬᠢᠵᠤ ᠨᠠᠢ᠍ᠮᠠᠨ ᠭᠡᠭᠡᠨ ᠣᠯᠠᠨ ᠤᠩᠰᠢᠭᠤᠯᠤᠨ ᠬᠥᠮᠦᠨ ᠮᠠᠯ ᠤ᠋ᠨ ᠳᠣᠩᠭᠢᠯᠠᠢ ᠬᠢᠪᠡᠰᠦ ᠰᠠᠢᠨ᠂ ᠤᠨᠤᠬᠤ ᠮᠣᠷᠢ ᠴᠠᠭᠠᠨ ᠰᠠᠢᠨ᠂ ᠡᠮᠦᠰᠬᠦᠢ ᠬᠤᠪᠴᠠᠰᠤᠨ ᠬᠠᠷ᠎ᠠ ᠢᠪᠡᠭᠡᠯᠲᠦ᠃
○ ᠬᠠᠷ᠎ᠠ ᠨᠣᠬᠠᠢ ᠵᠢᠯᠲᠦ ᠶ᠋ᠢᠨ ᠠᠮᠢᠨ| ᠰᠢᠷᠣᠢ᠂ ᠪᠡᠶ᠎ᠡ| ᠤᠰᠤ᠂ ᠡᠷᠬᠡᠲᠡᠨ| ᠤᠰᠤ᠂ ᠬᠡᠢᠮᠣᠷᠢ | ᠲᠡᠮᠦᠷ᠂ ᠰᠦᠨᠡᠰᠦ | ᠲᠡᠮᠦᠷ᠂ ᠶᠡᠬᠡ ᠳᠠᠯᠠᠢ ᠶ᠋ᠢᠨ ᠤᠰᠤ᠃ ᠰᠠᠨᠠᠭ᠎ᠠ ᠠᠭᠤᠳᠠᠮ ᠶᠡᠬᠡᠰ ᠲᠣᠷ ᠬᠠᠢᠷᠠᠲᠠᠢ᠂ ᠪᠤᠶᠠᠨ ᠰᠠᠢᠨ᠂ ᠨᠠᠰᠤᠨ ᠤᠷᠲᠤ᠂ ᠠᠮᠢᠨ ᠣᠮᠣᠭ ᠤ᠋ᠨ ᠡᠬᠡ᠂ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠳᠡᠭᠡᠳᠦ ᠰᠠᠢᠨ ᠪᠤᠶᠤ᠂ ᠰᠠᠢᠨ ᠢᠵᠠᠭᠤᠷᠲᠤ ᠲᠥᠷᠥᠭᠰᠡᠨ ᠡᠬᠡ ᠡᠷᠳᠡᠨᠢ ᠬᠣᠮᠤᠭ ᠲᠤᠷ ᠪᠤᠷᠲᠠᠭ ᠬᠢᠭᠰᠡᠨ ᠮᠡᠲᠦ᠂ ᠢᠳᠡᠭᠡᠨ ᠬᠤᠪᠴᠠᠰᠤᠨ ᠤ᠋ ᠰᠠᠢᠨ ᠢ᠋ ᠪᠦᠷᠢᠨ᠎ᠡ ᠰᠣᠩᠭᠣᠵᠤ᠂ ᠶᠡᠬᠡᠰ ᠨᠣᠶᠠᠳ ᠲᠤᠷ ᠬᠠᠢᠷᠠᠯᠠᠭᠳᠠᠬᠤᠢ᠂ ᠡᠳ᠋ ᠮᠠᠯ ᠤ᠋ᠨ ᠬᠡᠰᠢᠭ ᠳᠤᠮᠳᠠ ᠪᠤᠶᠤ᠂ ᠡᠭᠦᠰᠬᠡᠯ ᠲᠡᠭᠦᠰᠬᠡᠯ ᠪᠠᠭ᠎ᠠ᠂ ᠭᠠᠭᠴᠠ ᠪᠡᠶ᠎ᠡ ᠪᠡᠷ ᠬᠦᠴᠦᠯᠡᠨ ᠠᠮᠢᠳᠤᠷᠠᠮᠤᠢ᠂ ᠦᠷ᠎ᠡ ᠪᠣᠢ ᠪᠥᠭᠡᠰᠦ ᠡᠳ᠋ ᠴᠤᠬᠠᠭ᠂ ᠨᠠᠰᠤᠨ ᠪᠣᠢ ᠪᠥᠭᠡᠲᠡᠯ᠎ᠡ ᠨᠢᠭᠡᠨ ᠡᠲᠡᠭᠡᠳ ᠵᠣᠪᠠᠯᠠᠩᠲᠤ᠂ ᠬᠣᠶᠠᠷ ᠣᠷᠣ ᠪᠤᠯᠬᠤᠢ᠂ ᠡᠴᠢᠭᠡ ᠡᠬᠡ ᠯᠦ᠍ᠭᠡ ᠥᠨᠢᠳᠡ ᠦᠯᠦ ᠰᠠᠭᠤᠬᠤ ᠵᠠᠶᠠᠭ᠎ᠠ᠂ ᠲᠠᠴᠢᠶᠠᠩᠭᠤᠢ ᠣᠮᠣᠭ ᠠᠭᠤᠷ ᠶᠡᠬᠡ ᠲᠤᠯᠠ ᠡᠮ᠎ᠡ ᠰᠢᠮᠨᠤᠰ ᠬᠣᠣᠷᠯᠠᠵᠤ ᠰᠠᠢᠨ ᠠᠨᠤ ᠪᠠᠭᠤᠷᠠᠵᠤ ᠮᠣᠳᠣᠨ ᠢ᠋ ᠴᠤᠭᠴᠢᠯᠠᠨ ᠠᠳᠠᠯᠢ᠂ ᠨᠠᠰᠤᠲᠠᠨ ᠭᠤᠷᠪᠠᠨ ᠢᠵᠠᠭᠤᠷᠲᠤ ᠪᠤᠷᠬᠠᠨ ᠢ ᠰᠢᠲᠦᠪᠡᠰᠦ ᠰᠠᠢᠨ᠂ ᠨᠠᠢ᠍ᠮᠠᠨ ᠭᠡᠭᠡᠨ ᠳᠣᠩᠭᠢᠯᠠᠢ ᠰᠠᠢᠨ᠂ ᠤᠨᠤᠬᠤ ᠮᠣᠷᠢ ᠴᠠᠭᠠᠨ ᠬᠤᠯᠤ ᠰᠠᠢᠨ᠂ ᠡᠮᠦᠰᠬᠦ ᠬᠤᠪᠴᠠᠰᠤ ᠴᠠᠭᠠᠨ ᠰᠠᠢᠨ ᠢᠪᠡᠭᠡᠯᠲᠦ᠃
ᠭᠠᠬᠠᠢ ᠵᠢᠯ
○ ᠤᠯᠠᠭᠴᠢᠨ ᠭᠠᠬᠠᠢ ᠵᠢᠯᠲᠦ ᠶ᠋ᠢᠨ ᠠᠮᠢᠨ| ᠤᠰᠤ᠂ ᠪᠡᠶ᠎ᠡ – ᠰᠢᠷᠣᠢ᠂ ᠡᠷᠬᠡᠲᠡᠨ – ᠭᠠᠯ᠂ ᠬᠡᠢᠮᠣᠷᠢ |ᠭᠠᠯ᠂ ᠰᠦᠨᠡᠰᠦ| ᠮᠣᠳᠣᠨ᠃ ᠠᠮᠢᠨ ᠣᠮᠣᠭ ᠤ᠋ᠨ ᠡᠬᠡ᠂ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠳᠤᠮᠳᠠ ᠪᠤᠶᠤ᠂ ᠢᠳᠡᠭᠡᠨ ᠬᠤᠪᠴᠠᠰᠤᠨ ᠤ᠋ ᠬᠡᠰᠢᠭ ᠪᠣᠢ ᠡᠳ᠋ ᠮᠠᠯ ᠤ᠋ᠨ ᠬᠦᠨᠡᠰᠦ ᠪᠠ ᠦᠷ᠎ᠡ ᠨᠠᠰᠤᠨ ᠳᠤᠮᠳᠠ ᠪᠣᠢ᠂ ᠡᠭᠦᠰᠬᠡᠯ ᠲᠡᠭᠦᠰᠬᠡᠯ ᠥᠴᠦᠬᠡᠨ ᠪᠤᠶᠤ᠂ ᠭᠡᠮ ᠴᠢᠨᠦ ᠠᠷᠰᠯᠠᠨ ᠨᠣᠬᠠᠢ ᠪᠣᠯᠤᠭᠰᠠᠨ ᠮᠡᠲᠦ᠂ ᠳᠡᠭᠡᠳᠦ ᠰᠠᠢᠨ ᠠᠨᠤ ᠡᠴᠦᠰ ᠲᠦ᠍ᠷ ᠪᠠᠭᠤᠷᠠᠭᠠᠳ ᠪᠠᠶᠠᠨ ᠪᠥᠭᠡᠲᠡᠯ᠎ᠡ ᠦᠭᠡᠢᠷᠡᠬᠦ᠂ ᠠᠷᠢᠭᠤᠨ ᠪᠥᠭᠡᠲᠡᠯ᠎ᠡ ᠬᠦᠴᠢᠷ ᠦᠭᠡᠰ ᠪᠣᠯᠬᠤᠢ᠂ ᠠᠮᠢᠨ ᠡᠴᠢᠭᠡ ᠡᠬᠡ ᠥᠪᠡᠷ ᠲᠣᠷ ᠬᠠᠷᠰᠢ ᠡᠷᠬᠡᠲᠡᠨ ᠬᠠᠮᠲᠤ ᠬᠥᠪᠡᠭᠦᠨ᠂ ᠡᠳ᠋ ᠮᠠᠯ ᠲᠣᠭᠲᠠᠪᠤᠷᠢ ᠦᠭᠡᠢ᠂ ᠨᠠᠭᠠᠴᠤ ᠶ᠋ᠢᠨ ᠰᠢᠮᠨᠤᠰ ᠠᠲᠠᠯᠠᠵᠤ ᠬᠡᠯᠡ ᠠᠮᠠᠨ ᠪᠣᠯᠤᠮᠤᠢ᠂ ᠨᠠᠰᠤᠳᠠ ᠨᠠᠢ᠍ᠮᠠᠨ ᠭᠡᠭᠡᠨ ᠤ ᠳᠣᠩᠭᠢᠯᠠᠢ ᠭᠠᠷᠭᠠᠪᠠᠰᠤ ᠰᠠᠢᠨ᠂ ᠬᠡᠰᠢᠭ ᠳᠠᠯᠠᠯᠤᠨ ᠬᠡᠴᠢᠶᠡᠨ ᠶᠠᠪᠤᠪᠠᠰᠤ ᠰᠠᠢᠨ᠂ ᠤᠨᠤᠬᠤ ᠮᠣᠷᠢ ᠬᠥᠬᠡ ᠪᠣᠷᠣ᠂ ᠡᠮᠦᠰᠬᠦᠢ ᠬᠤᠪᠴᠠᠰᠤᠨ ᠤᠯᠠᠭᠠᠨ ᠢᠪᠡᠭᠡᠯᠲᠦ᠃
○ ᠰᠢᠷᠠᠭᠴᠢᠨ ᠭᠠᠬᠠᠢ ᠵᠢᠯᠲᠦ ᠶ᠋ᠢᠨ ᠠᠮᠢᠨ| ᠤᠰᠤ᠂ ᠪᠡᠶ᠎ᠡ| ᠮᠣᠳᠣᠨ᠂ ᠡᠷᠬᠡᠲᠡᠨ| ᠰᠢᠷᠣᠢ᠂ ᠬᠡᠢᠮᠣᠷᠢ| ᠭᠠᠯ᠂ ᠰᠦᠨᠡᠰᠦ| ᠭᠠᠯ᠃ ᠲᠡᠭᠰᠢ ᠲᠠᠯ᠎ᠠ ᠶ᠋ᠢᠨ ᠮᠣᠳᠣᠨ ᠪᠤᠶᠤ᠃ ᠨᠠᠰᠤᠨ ᠤᠷᠲᠤ᠂ ᠰᠡᠳᠬᠢᠯ ᠵᠥᠭᠡᠯᠡᠨ᠂ ᠡᠳ᠋ ᠮᠠᠯ ᠢ ᠣᠯᠪᠠᠴᠤ ᠭᠠᠷᠭᠠᠬᠤ ᠶᠡᠬᠡ᠂ ᠠᠮᠢᠨ ᠣᠮᠣᠭ ᠤ᠋ᠨ ᠳᠠᠢᠰᠤᠨ᠂ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠳᠤᠮᠳᠠ ᠪᠤᠶᠤ᠂ ᠢᠳᠡᠭᠡᠨ ᠬᠤᠪᠴᠠᠰᠤᠨ ᠢ᠋ ᠬᠦᠴᠦᠯᠡᠨ ᠣᠯᠵᠤ ᠡᠳ᠋ᠯᠡᠬᠦ᠂ ᠡᠳ᠋ ᠮᠠᠯ ᠤ᠋ᠨ ᠬᠡᠰᠢᠭ ᠳᠤᠮᠳᠠ ᠪᠤᠶᠤ᠂ ᠦᠷ᠎ᠡ ᠨᠠᠰᠤᠨ ᠬᠤᠲᠤᠭ ᠥᠨᠳᠥᠷ ᠪᠠ ᠳᠤᠮᠳᠠ ᠪᠣᠢ᠂ ᠴᠢᠳᠠᠪᠤᠷᠢ ᠠᠨᠤ ᠭᠠᠳᠠᠨ᠎ᠠ ᠳᠣᠲᠣᠨ᠎ᠠ ᠪᠠᠨ ᠴᠢᠳᠠᠬᠤᠢ ᠨᠠᠷᠢᠨ ᠭᠦᠨ᠎ᠡ ᠤᠬᠠᠭᠠᠨᠲᠤ ᠪᠥᠭᠡᠳ ᠪᠤᠰᠤᠳ ᠤ᠋ᠨ ᠰᠡᠳᠬᠢᠯ ᠢ ᠮᠡᠳᠡᠬᠦᠢ᠂ ᠭᠡᠮ ᠢᠨᠤ ᠡᠭᠦᠰᠬᠡᠯ ᠲᠡᠭᠦᠰᠬᠡᠯ ᠥᠴᠦᠬᠡᠨ᠂ ᠥᠪᠡᠷ ᠦ᠋ᠨ ᠰᠠᠢᠨ ᠢ᠋ ᠥᠪᠡᠷ ᠢ᠋ᠶ᠋ᠡᠨ ᠡᠪᠳᠡᠬᠦᠢ᠂ ᠠᠬ᠎ᠠ ᠲᠡᠭᠦᠦᠨᠠᠷ ᠦᠯᠦ ᠲᠤᠰᠠᠯᠠᠨᠠᠮ᠂ ᠠᠯᠠᠵᠤ ᠦᠯᠦ ᠪᠠᠷᠠᠬᠤ ᠳᠠᠢᠰᠤᠨ ᠲᠠᠢ᠂ ᠡᠳ᠋ ᠮᠠᠯ ᠥᠰᠬᠦᠢ ᠬᠠᠷᠢᠬᠤᠢ᠂ ᠯᠤᠤᠰ ᠪᠠ ᠭᠠᠷᠤᠵᠠ ᠡᠵᠡᠳ ᠬᠣᠣᠷᠯᠠᠵᠤ ᠽᠠᠨᠳᠠᠨ ᠮᠣᠳᠣᠨ ᠢ ᠮᠣᠭᠠᠢ ᠮᠡᠯᠡᠬᠡᠢ ᠣᠷᠢᠶᠠᠭᠰᠠᠨ ᠮᠡᠲᠦ ᠰᠡᠷᠡᠭᠦᠨ ᠵᠢᠬᠡᠭᠦᠨ ᠪᠣᠯᠭᠠᠮᠤ᠂ ᠦᠷᠭᠦᠯᠵᠢ ᠯᠤᠤᠰ ᠤ᠋ᠨ ᠬᠠᠭᠠᠳ ᠳᠠᠬᠢᠵᠤ ᠬᠠᠮᠴᠢᠨ ᠠᠨᠠᠪᠤ ᠤᠩᠰᠢᠵᠤ ᠮᠠᠨᠽᠤᠰᠢᠷᠢ ᠰᠢᠲᠦᠪᠡᠰᠦ ᠰᠠᠢᠨ᠂ ᠤᠨᠤᠬᠤ ᠮᠣᠷᠢ ᠰᠠᠷᠠᠯ ᠰᠠᠢᠨ᠂ ᠡᠮᠦᠰᠬᠦᠢ ᠬᠤᠪᠴᠠᠰᠤᠨ ᠬᠠᠷ᠎ᠠ ᠪᠤᠶᠤ ᠪᠣᠷᠣ ᠰᠠᠢᠨ ᠢᠪᠡᠭᠡᠯᠲᠦ᠃
○ ᠴᠠᠭᠠᠭᠴᠢᠨ ᠭᠠᠬᠠᠢ ᠵᠢᠯᠲᠦ ᠶ᠋ᠢᠨ ᠠᠮᠢᠨ| ᠤᠰᠤ᠂ ᠪᠡᠶ᠎ᠡ| ᠲᠡᠮᠦᠷ᠂ ᠡᠷᠬᠡᠲᠡᠨ | ᠲᠡᠮᠦᠷ᠂ ᠬᠡᠢᠮᠣᠷᠢ| ᠭᠠᠯ᠂ ᠰᠦᠨᠡᠰᠦ| ᠰᠢᠷᠣᠢ᠂ ᠴᠢᠮᠡᠭᠯᠡᠨ ᠬᠢᠭᠰᠡᠨ ᠲᠡᠮᠦᠷ ᠪᠤᠶᠤ᠃ ᠢᠳᠡᠬᠦᠢ ᠡᠮᠦᠰᠬᠦᠢ ᠦᠯᠦ ᠳᠤᠲᠠᠬᠤᠢ᠂ ᠦᠷ᠎ᠡ ᠪᠣᠢ ᠶᠠᠷᠰᠢᠭ ᠣᠯᠠᠨ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠡᠬᠡ᠂ ᠵᠠᠶᠠᠭ᠎ᠠ ᠡᠬᠡᠨᠡᠷ ᠬᠥᠮᠦᠨ ᠨᠡᠢᠲᠡ ᠮᠠᠭᠤ ᠪᠤᠶᠤ᠂ ᠢᠳᠡᠭᠡᠨ ᠬᠤᠪᠴᠠᠰᠤᠨ ᠤ᠋ ᠬᠡᠰᠢᠭ ᠥᠴᠦᠬᠡᠨ᠂ ᠡᠳ᠋ ᠮᠠᠯ ᠡᠪᠡᠰᠦᠨ ᠤ ᠰᠢᠭᠦᠳᠡᠷᠢ ᠠᠳᠠᠯᠢ᠂ ᠡᠭᠦᠰᠬᠡᠯ ᠪᠤᠶᠤ ᠲᠡᠭᠦᠰᠬᠡᠯ ᠦᠭᠡᠢ᠂ ᠦᠷ᠎ᠡ ᠨᠠᠰᠤᠨ ᠬᠤᠲᠤᠭ ᠭᠠᠵᠠᠷᠤᠨ ᠵᠡᠷᠭᠡᠯᠭᠡᠨ ᠮᠡᠲᠦ᠂ ᠥᠩᠭᠡᠲᠦ ᠡᠳ᠋ ᠦ᠋ᠨ ᠬᠣᠢᠨ᠎ᠠ ᠠ᠋ᠴᠠ ᠡᠯᠢᠶ᠎ᠡ ᠳᠠᠭᠠᠵᠤ ᠪᠦᠬᠦᠢ ᠶ᠋ᠢᠨ ᠲᠤᠯᠠ ᠨᠡᠮᠡᠬᠦ ᠪᠠᠭᠤᠷᠠᠬᠤᠢ ᠣᠯᠠᠨ ᠢ᠋ ᠦᠵᠡᠬᠦᠢ᠂ ᠲᠠᠪᠤᠨ ᠬᠢᠩᠭᠠᠷ ᠮᠡᠲᠦ ᠤᠷᠢᠳᠤ ᠪᠠᠨ ᠵᠠᠭᠤᠵᠤ ᠬᠣᠢᠲᠤ ᠪᠠᠨ ᠢᠰᠬᠦᠯᠬᠦᠢ᠂ ᠡᠴᠢᠭᠡ ᠡᠬᠡ ᠡᠷ᠎ᠡ ᠡᠮ᠎ᠡ ᠳ᠋ᠡᠭᠡᠨ ᠬᠠᠷᠰᠢ ᠵᠠᠶᠠᠭᠠᠲᠤ ᠪᠤᠶᠤ᠂ ᠨᠠᠰᠤᠳᠠ ᠭᠡᠮᠰᠢᠭᠦᠯᠡᠩ ᠦᠯᠦ ᠲᠠᠰᠤᠷᠠᠬᠤ᠂ ᠥᠪᠡᠷ ᠪᠤᠰᠤᠳ ᠤ᠋ᠨ ᠲᠤᠰᠠ ᠦᠭᠡᠢ᠂ ᠬᠣᠣᠷ ᠶᠡᠬᠡᠲᠦ ᠪᠤᠶᠤ᠂ ᠠᠰᠢᠳᠠ ᠪᠤᠷᠲᠠᠭ ᠢ᠋ᠶ᠋ᠠᠷ ᠦᠬᠦᠭᠰᠡᠨ ᠰᠦᠨᠡᠰᠦ ᠬᠣᠣᠷᠯᠠᠵᠤ ᠡᠪᠡᠳᠴᠢᠨ ᠪᠠ ᠡᠮ᠎ᠡ ᠶ᠋ᠢᠨ ᠲᠤᠯᠠ ᠭᠡᠮᠲᠡᠬᠦᠢ᠂ ᠠᠰᠢᠳᠠ ᠰᠡᠷᠡᠭᠦᠨ ᠰᠡᠳᠬᠢᠯ ᠲᠠᠴᠢᠶᠠᠩᠭᠤᠢ ᠶ᠋ᠢ ᠨᠣᠮᠣᠬᠠᠳᠬᠠᠵᠤ ᠤᠬᠢᠶᠠᠯ ᠪᠠ ᠢᠲᠡᠭᠡᠯ ᠭᠤᠷᠪᠠᠨ ᠡᠷᠳᠡᠨᠢ ᠶ᠋ᠢ ᠰᠢᠲᠦᠪᠡᠰᠦ ᠰᠠᠢᠨ᠂ ᠤᠨᠤᠬᠤ ᠮᠣᠷᠢ ᠬᠠᠯᠲᠠᠷ ᠬᠡᠭᠡᠷ᠎ᠡ᠂ ᠡᠮᠦᠰᠬᠦᠢ ᠬᠤᠪᠴᠠᠰᠤᠨ ᠬᠠᠷ᠎ᠠ ᠰᠠᠢᠨ ᠢᠪᠡᠭᠡᠯᠲᠦ᠃
○ ᠬᠠᠷᠠᠭᠴᠢᠨ ᠭᠠᠬᠠᠢ ᠵᠢᠯᠲᠦ ᠶ᠋ᠢᠨ ᠠᠮᠢᠨ| ᠤᠰᠤᠨ᠂ ᠪᠡᠶ᠎ᠡ | ᠤᠰᠤᠨ᠂ ᠡᠷᠬᠡᠲᠡᠨ| ᠤᠰᠤᠨ᠂ ᠬᠡᠢᠮᠣᠷᠢ| ᠭᠠᠯ᠂ ᠰᠦᠨᠡᠰᠦ | ᠲᠡᠮᠦᠷ᠂ ᠳᠠᠯᠠᠢ ᠶ᠋ᠢᠨ ᠤᠰᠤᠨ ᠪᠤᠶᠤ᠃ ᠰᠠᠨᠠᠭ᠎ᠠ ᠠᠭᠤᠳᠠᠮ ᠂ ᠶᠡᠬᠡᠰ ᠲᠣᠷ ᠬᠠᠢᠷᠠᠲᠠᠢ᠂ ᠪᠤᠶᠠᠨ ᠳᠤᠮᠳᠠ᠂ ᠨᠠᠰᠤᠨ ᠥᠨᠳᠥᠷ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠤ᠋ ᠨᠢᠭᠡᠨ ᠠᠳᠠᠯᠢ᠂ ᠵᠠᠶᠠᠭ᠎ᠠ ᠳᠤᠮᠳᠠ ᠪᠤᠶᠤ᠂ ᠢᠳᠡᠭᠡᠨ ᠬᠤᠪᠴᠠᠰᠤᠨ ᠤ᠋ ᠬᠡᠰᠢᠭ ᠪᠣᠢ ᠠᠲᠠᠯ᠎ᠠ ᠥᠷᠯᠥᠭᠡ ᠶ᠋ᠢᠨ ᠰᠢᠭᠦᠳᠡᠷᠢ ᠮᠡᠲᠦ᠂ ᠡᠳ᠋ ᠮᠠᠯ ᠦᠰᠬᠦᠢ ᠪᠠᠭᠤᠷᠠᠬᠤᠢ ᠠᠨᠤ ᠦᠶᠡᠷ ᠦ᠋ᠨ ᠤᠰᠤᠨ ᠮᠡᠲᠦ ᠲᠦᠷᠭᠡᠨ᠂ ᠡᠴᠢᠭᠡ ᠡᠬᠡ ᠡᠷ᠎ᠡ ᠡᠮ᠎ᠡ ᠬᠠᠭᠠᠴᠠᠬᠤᠢ ᠶ᠋ᠢᠨ ᠢᠷᠣ᠎ᠠ ᠲᠠᠢ᠂ ᠠᠮᠢᠨ ᠤ᠋ ᠠᠭᠤᠯᠠ ᠶ᠋ᠢ ᠪᠣᠳᠣᠩ ᠪᠦᠷᠬᠦᠭᠰᠡᠨ ᠮᠡᠲᠦ᠂ ᠪᠤᠷᠬᠠᠨ ᠤ ᠣᠷᠣᠨ ᠢ ᠡᠯᠢᠶ᠎ᠡ ᠪᠤᠯᠢᠶᠠᠭᠰᠠᠨ ᠤ᠋ ᠲᠤᠯᠠ ᠨᠠᠰᠤᠳᠠ ᠭᠡᠮᠰᠢᠭᠦᠯᠡᠩ ᠦᠯᠦ ᠲᠠᠰᠤᠷᠠᠬᠤ᠂ ᠡᠳ᠋ ᠪᠣᠢ ᠪᠥᠭᠡᠰᠦ ᠦᠷ᠎ᠡ ᠴᠤᠬᠠᠭ᠂ ᠦᠷ᠎ᠡ ᠨᠠᠰᠤᠨ ᠬᠤᠲᠤᠭ ᠢ ᠡᠯᠢᠶ᠎ᠡ ᠪᠤᠯᠢᠶᠠᠵᠤ᠂ ᠡᠬᠡᠨᠡᠷ ᠬᠥᠮᠦᠨ ᠨᠡᠩ ᠮᠠᠭᠤ᠂ ᠨᠠᠰᠤᠳᠠ ᠡᠴᠢᠭᠡ ᠡᠬᠡ ᠳ᠋ᠦ᠍ᠷ ᠡᠯᠪᠡᠷᠢᠯᠳᠦ ᠪᠣᠯᠤᠭᠠᠳ ᠭᠣᠮᠴᠣᠢ ᠯᠾ ᠰᠦᠮ᠎ᠡ ᠶ᠋ᠢ ᠰᠢᠲᠦᠵᠦ ᠬᠠᠩᠰᠢᠭ ᠡᠭᠦᠷᠢᠳᠡ ᠤᠩᠰᠢᠵᠤ ᠵᠠᠯᠪᠠᠷᠢᠪᠠᠰᠤ ᠰᠠᠢᠨ᠂ ᠤᠨᠤᠬᠤ ᠮᠣᠷᠢ ᠰᠢᠷᠭᠠᠯ ᠪᠠ ᠰᠢᠷ᠎ᠠ ᠰᠠᠢᠨ᠂ ᠡᠮᠦᠰᠬᠦᠢ ᠬᠤᠪᠴᠠᠰᠤᠨ ᠤᠯᠠᠭᠠᠨ ᠪᠣᠷᠣ ᠰᠠᠢᠨ᠃
