ᠬᠠᠷᠠᠴᠠ - ᠴᠣ ᠂ ᠣᠷᠱᠤᠨ Харц – Чо ᠂ Оршин
ᠬᠠᠷᠠᠴᠠ
ᠢᠲᠡᠭᠡᠯ ᠦ᠋ᠨ ᠬᠦᠴᠦᠨ ᠴᠢᠮ᠎ᠠ ᠳ᠋ᠤ᠌ ᠪᠠᠢᠭ᠎ᠠ ᠲᠤᠯᠠ
ᠡᠮᠢᠶᠡᠬᠦ ᠪᠣᠳᠣᠯ ᠳ᠋ᠠᠭᠠᠨ ᠬᠠᠯᠢᠷᠠᠵᠤ ᠪᠤᠴᠠᠯ ᠦᠭᠡᠢ
ᠡᠮᠵᠡᠭᠬᠡᠨ ᠰᠡᠳᠬᠢᠯ ᠢ᠋ᠶ᠋ᠡᠨ ᠴᠦᠯᠲᠦ ᠬᠡᠯᠡᠬᠦ ᠳ᠋ᠦ᠍
ᠣᠴᠢ ᠪᠠᠳᠠᠷᠠᠭᠰᠠᠨ ᠨᠢᠳᠦᠨ ᠦ᠌ ᠴᠢᠨᠢ ᠴᠡᠭᠡᠯ ᠳ᠋ᠦ᠍
ᠤᠴᠢᠷᠲᠠᠢᠬᠠᠨ ᠬᠠᠷᠠᠴᠠ ᠲᠣᠨᠣᠯᠵᠢᠨ ᠮᠡᠯᠲᠡᠩᠨᠡᠯᠡ᠂
ᠤᠤᠭᠠᠨ ᠢᠨᠠᠭ ᠤ᠋ᠨ ᠭᠠᠯ ᠬᠠᠢᠷ᠎ᠠ ᠳ᠋ᠤ᠌
ᠤᠶᠠᠷᠠᠬᠤ ᠬᠦᠳᠡᠷ ᠰᠢᠭ ᠮᠡᠯᠡᠷᠡᠨ ᠬᠠᠢᠯᠤᠯᠠ᠃
ᠳᠤᠭᠤᠢ ᠪᠠᠢᠲᠠᠯ᠎ᠠ ᠡᠶᠡᠯᠳᠡᠭᠬᠡᠨ ᠪᠣᠳᠣᠭᠳᠠᠬᠤ
ᠳᠤᠷᠠᠯᠠᠯ ᠤ᠋ᠨ ᠴᠣᠭ ᠴᠢᠮ᠎ᠠ ᠳ᠋ᠤ᠌ ᠪᠠᠢᠭ᠎ᠠ ᠪᠣᠯᠬᠣᠷ
ᠳᠤᠭᠲᠤᠢᠯᠠᠵᠤ ᠦᠭᠡᠢ ᠠᠮᠢᠳᠤᠷᠠᠯ ᠦᠨᠡᠨ ᠢ᠋ᠶ᠋ᠡᠨ
ᠳᠣᠭᠣᠯᠭᠠᠬᠤ ᠪᠣᠳᠣᠯ ᠢ᠋ᠶ᠋ᠠᠷ ᠬᠠᠯᠲᠤ ᠬᠡᠯᠡᠬᠦ ᠳ᠋ᠦ᠍
ᠬᠣᠶᠠᠷ ᠪᠡᠶ᠎ᠡ ᠪᠡᠨ ᠢᠲᠡᠭᠡᠭᠰᠡᠭᠡᠷ ᠵᠢᠷᠭᠠᠬᠤ
ᠬᠣᠷᠸ᠎ᠠ ᠶ᠋ᠢᠨ ᠨᠢᠭᠡᠨ ᠭᠡᠷᠭᠡᠢ ᠪᠠᠢᠵᠠᠢ
ᠬᠣᠢᠴᠢ ᠶ᠋ᠢᠨ ᠪᠦᠪᠡᠢ ᠳ᠋ᠦ᠍ ᠡᠨᠡᠷᠢᠯ ᠰᠦᠯᠡᠬᠦ
ᠬᠣᠣᠰ ᠦᠭᠡᠢ ᠮᠢᠨᠦ ᠪᠦᠰᠡᠭᠦᠢ ᠪᠠᠢᠵᠠᠢ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 21
