ᠳᠣᠷᠣᠭᠣ ᠰᠤᠤᠰᠠᠷ ᠬᠣᠶᠠᠷДорго суусар хоёр
ᠳᠣᠷᠣᠭᠣ ᠰᠤᠤᠰᠠᠷ ᠬᠣᠶᠠᠷ
ᠡᠷᠲᠡ ᠤᠷᠢᠳᠤ ᠶ᠋ᠢᠨ ᠴᠠᠭ ᠲᠤ ᠂ ᠳᠣᠷᠣᠭᠣ ᠰᠤᠤᠰᠠᠷ ᠬᠣᠶᠠᠷ ᠲᠣᠭᠯᠠᠵᠤ ᠶᠠᠪᠤᠭᠠᠳ ᠨᠢᠭᠡ ᠪᠢᠰᠢᠯᠠᠭ ᠣᠯᠵᠠᠢ᠃ ᠳᠣᠷᠣᠭᠣ ᠬᠠᠷᠠᠩᠭᠤᠲᠠ ᠪᠠᠨ ᠰᠢᠭᠤᠳ ᠯᠠ᠄《ᠬᠥᠶᠢ ᠠ᠋ ᠂ ᠡᠨᠡ ᠴᠢᠨᠢ ᠮᠢᠨᠦ ᠪᠢᠰᠢᠯᠠᠭ ᠬᠡᠪᠲᠡᠵᠦ ᠪᠠᠢᠨ᠎ᠠ ᠰᠢᠦ ᠳᠡ 》ᠭᠡᠳ ᠪᠤᠯᠢᠶᠠᠭᠠᠳ ᠠᠪᠴᠢᠬᠠᠪᠠ᠃ ᠬᠠᠷᠢᠨ ᠰᠤᠤᠰᠠᠷ ᠄《ᠬᠥᠶᠢ ᠂ᠬᠥᠶᠢ ᠂ᠬᠥᠶᠢ ᠨᠠᠭᠠᠳᠤᠬᠢ ᠴᠢᠨᠢ ᠶᠠᠭᠠᠬᠢᠬᠤ ᠪᠠᠷ ᠢ᠋ᠶ᠋ᠠᠨ ᠴᠢᠨᠦ ᠪᠢᠰᠢᠯᠠᠭ ᠪᠠᠢᠳᠠᠭ ᠶᠤᠮ ᠃ᠨᠠᠭᠠᠳᠤᠬᠢ ᠴᠢᠨᠢ ᠮᠢᠨᠦ ᠪᠢᠰᠢᠯᠠᠭ》
ᠳᠣᠷᠣᠭᠣ᠄《ᠬᠥᠶᠢ᠂ ᠰᠤᠤᠰᠠᠷ ᠠ᠋᠂ ᠨᠠᠭᠠᠳᠤ ᠪᠢᠰᠢᠯᠠᠭ ᠢ᠋ ᠴᠢᠨᠢ ᠪᠢ ᠬᠠᠮᠤᠭ ᠤ᠋ᠨ ᠲᠦᠷᠦᠭᠦᠨ ᠳ᠋ᠦ᠍ ᠬᠠᠷᠠᠭᠠᠳ ᠬᠠᠮᠤᠭ ᠤ᠋ᠨ ᠲᠦᠷᠦᠭᠦᠨ ᠳ᠋ᠦ᠍ ᠠᠪᠤᠭᠰᠠᠨ ᠪᠢᠵᠡ ᠳᠡ ᠂ ᠲᠡᠢᠮᠦ ᠶᠦᠮ ᠴᠢᠨᠢ ᠮᠢᠨᠦ ᠪᠢᠰᠢᠯᠠᠭ ᠰᠢᠦ ᠳᠡ》 ᠭᠡᠵᠦ ᠮᠠᠷᠭᠤᠯᠳᠤᠭᠰᠠᠭᠠᠷ ᠪᠠᠢᠭᠠᠳ ᠲᠡᠷᠡ ᠬᠣᠶᠠᠷ ᠰᠢᠭᠦᠭᠴᠢ ᠦᠨᠡᠭᠡ ᠠᠪᠠᠬᠠᠢ ᠳᠡᠭᠡᠷ᠎ᠡ ᠣᠴᠢᠵᠠᠢ᠃
ᠰᠢᠭᠦᠭᠴᠢ ᠦᠨᠡᠭᠡ ᠠᠪᠠᠬᠠᠢ᠄《ᠦ᠂ ᠬᠦ ᠨᠠᠭᠠᠳᠤ ᠮᠠᠷᠭᠤᠭᠠᠨ ᠢ᠋ ᠴᠢᠨᠢ ᠰᠢᠢᠳᠪᠦᠷᠢᠯᠡᠬᠦ ᠳ᠋ᠦ᠍ ᠮᠠᠰᠢ ᠠᠮᠠᠷᠬᠠᠨ ᠂ ᠠᠯᠢ ᠳᠠ᠂ ᠡᠭᠦᠨ ᠢ᠋ ᠴᠢᠨᠢ ᠬᠣᠶᠠᠷ ᠲᠡᠩᠴᠡᠭᠦᠦ ᠬᠤᠪᠢᠶᠠᠭᠠᠳ ᠯᠠ ᠪᠣᠯᠤᠭ᠎ᠠ ᠰᠢᠦ ᠳᠡ᠂ ᠵᠠ ᠮᠠᠢ》 ᠭᠡᠳ ᠥᠭᠴᠡᠢ᠃ ᠳᠣᠷᠣᠭᠣ ᠥᠪᠡᠷ ᠦ᠋ᠨ ᠢ᠋ᠶ᠋ᠡᠨ ᠪᠢᠰᠢᠯᠠᠭ ᠢ᠋ ᠢᠳᠡᠬᠦ ᠭᠡᠳ ᠰᠤᠤᠰᠠᠷ ᠤ᠋ᠨ ᠤᠷᠤᠭᠤ ᠬᠠᠷᠠᠲᠠᠯ᠎ᠠ ᠥᠪᠡᠷ ᠦ᠋ᠨ ᠬᠢᠨᠢ ᠬᠠᠮᠢᠶ᠎ᠠ ᠦᠭᠡᠢ ᠵᠢᠵᠢᠭᠬᠡᠨ ᠪᠠᠢᠯ᠎ᠠ᠂ ᠳᠣᠷᠣᠭᠣ ᠠᠭᠤᠷᠯᠠᠪᠠ᠄
《ᠦ ᠦ ᠦ ᠦ ᠂ᠮᠢᠨᠦ ᠪᠢᠰᠢᠯᠠᠭ ᠰᠤᠤᠰᠠᠷ ᠤ᠋ᠨ ᠬᠢ ᠡᠴᠡ ᠵᠢᠵᠢᠭᠬᠡᠨ ᠪᠠᠢᠨ᠎ᠠ ᠂ ᠪᠢ ᠡᠢᠮᠦ ᠶᠠᠭᠤᠮ᠎ᠠ ᠢᠳᠡᠬᠦ ᠦᠭᠡᠢ》 ᠭᠡᠬᠦ ᠳ᠋ᠦ᠍ ᠦᠨᠡᠭᠡ ᠰᠢᠭᠦᠭᠴᠢ ᠠᠪᠠᠬᠠᠢ᠄《ᠠ᠂ ᠶᠠᠭᠠᠬᠢᠭᠠᠳ ᠡᠢᠮᠦ ᠶᠠᠭᠤᠮ᠎ᠠ ᠪᠠᠢᠳᠠᠭ ᠪᠢᠯᠡ? ᠠᠯᠢ ᠳᠠ᠂ ᠦ᠂ ᠶᠠᠭᠠᠬᠢᠨ᠎ᠠ ᠠ᠋᠂ ᠲᠡᠢᠮᠦ ᠰᠢᠲᠠ᠂ ᠵᠠ ᠮᠠᠢ》 ᠭᠡᠳ ᠥᠭᠴᠡᠢ᠃
ᠬᠠᠷᠢᠨ ᠰᠤᠤᠰᠠᠷ ᠥᠪᠡᠷ ᠦ᠋ᠨ ᠢ᠋ᠶ᠋ᠡᠨ ᠪᠢᠰᠢᠯᠠᠭ ᠢ᠋ ᠢᠳᠡᠬᠦ ᠭᠡᠳ ᠳᠣᠷᠣᠭᠣ ᠶ᠋ᠢᠨ ᠤᠷᠤᠭᠤ ᠬᠠᠷᠠᠲᠠᠯ᠎ᠠ ᠬᠠᠷᠢᠨ ᠥᠪᠡᠷ ᠦ᠋ᠨ ᠬᠢ ᠨᠢ ᠵᠢᠵᠢᠭᠬᠡᠨ ᠪᠣᠯᠤᠭᠰᠠᠨ ᠪᠠᠢᠯ᠎ᠠ᠃
ᠰᠤᠤᠰᠠᠷ᠄《ᠦ᠂ᠣᠳᠣ ᠮᠢᠨᠦ ᠪᠢᠰᠢᠯᠠᠭ ᠵᠢᠵᠢᠭᠬᠡᠨ ᠪᠣᠯᠤᠭᠰᠠᠨ ᠪᠠᠢᠨ᠎ᠠ ᠂ ᠪᠢ ᠡᠢᠮᠦ ᠶᠠᠭᠤᠮ᠎ᠠ ᠢᠳᠡᠬᠦ ᠦᠭᠡᠢ》
ᠦᠨᠡᠭᠡ ᠰᠢᠭᠦᠭᠴᠢ ᠠᠪᠠᠬᠠᠢ᠄《ᠠᠯᠢ ᠳᠠ᠂ ᠦ᠂ ᠨᠡᠭᠡᠷᠡᠨ ᠲᠡᠢᠮᠦ ᠪᠠᠢᠨ᠎ᠠ ᠰᠢᠳᠡ》
《ᠬᠠᠪ ᠬᠠᠪ》ᠭᠡᠳ ᠪᠦᠭᠦᠳᠡ ᠶ᠋ᠢ ᠢᠳᠡᠭᠡᠳ ᠳᠠᠭᠤᠰᠬᠠᠴᠢᠬᠠᠪᠠ᠃
ᠳᠣᠷᠣᠭᠣ ᠰᠤᠤᠰᠠᠷ ᠬᠣᠶᠠᠷ᠄《ᠦ᠂ ᠣᠳᠣ ᠲᠠ ᠪᠦᠭᠦᠳᠡ ᠶ᠋ᠢ ᠨᠢ ᠢᠳᠡᠭᠡᠳ ᠳᠠᠭᠤᠰᠬᠠᠴᠢᠬᠠᠯ᠎ᠠ ᠰᠢᠳᠡ》
ᠰᠢᠭᠦᠭᠴᠢ ᠦᠨᠡᠭᠡ ᠠᠪᠠᠬᠠᠢ᠄《ᠲᠠ ᠬᠣᠶᠠᠷ ᠤᠬᠠᠭᠠᠨ ᠲᠠᠢ ᠂ ᠪᠢ ᠪᠢᠰᠢᠯᠠᠭ ᠲᠠᠢ 》ᠭᠡᠳ ᠶᠠᠪᠤᠭᠠᠳ ᠥᠭᠴᠡᠢ᠃
ᠬᠡᠦᠬᠡᠳ ᠦ᠋ᠳ ᠠ᠋᠂
ᠳᠣᠷᠣᠭᠣ ᠰᠤᠤᠰᠠᠷ ᠬᠣᠶᠠᠷ ᠡᠪᠲᠡᠢ ᠨᠠᠢᠷᠲᠠᠢ ᠪᠠᠢᠭᠰᠠᠨ ᠪᠣᠯ ᠪᠢᠰᠢᠯᠠᠭ ᠲᠠᠢ ᠯᠠ ᠬᠣᠴᠣᠷᠬᠤ ᠪᠠᠢᠭᠰᠠᠨ ᠶᠤᠮ ᠳᠠ᠃
ᠦᠰᠦᠭ ᠠᠮᠢᠯᠠᠭᠤᠯᠤᠭᠴᠢ᠄ ᠲ· ᠲᠦᠮᠡᠨᠴᠡᠴᠡᠭ
ᠦᠰᠦᠭ ᠬᠠᠳᠠᠭᠴᠢ᠄ ᠰᠣᠶᠣᠯ
