ᠠᠯᠴᠢᠩᠭᠤАлчинга ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠴᠢᠩᠭᠤАлчинга

ᠠᠯᠴᠢᠩᠭᠤАлчинга

2024-04-26

301

ᠠᠯᠴᠢᠩᠭᠤ

                ᠠᠯᠴᠢᠩᠭᠤ ᠶ᠋ᠢᠨ ᠢᠵᠠᠭᠤᠷ 
   ᠤᠰᠤᠨ ᠳ᠋ᠤ᠌ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠂ ᠮᠠᠰᠢ ᠪᠦᠳᠦᠭᠦᠨ ᠬᠥᠨᠳᠡᠯᠡᠨ ᠤᠷᠭᠤᠬᠤ ᠦᠨᠳᠦᠰᠦᠯᠢᠭ ᠡᠰᠢ ᠲᠡᠢ᠃ ᠨᠠᠪᠴᠢ ᠨᠢ ᠰᠢᠯᠤᠭᠤᠨ᠂ ᠤᠰᠤᠨ ᠠ᠋ᠴᠠ ᠳᠡᠭᠡᠭᠰᠢ ᠴᠤᠬᠤᠢᠨ᠎ᠠ᠂ ᠭᠤᠷᠪᠠᠨ ᠢᠷᠮᠡᠭ ᠲᠡᠢ᠂ ᠪᠦᠰᠡ ᠬᠡᠯᠪᠡᠷᠢ ᠲᠡᠢ᠂ 30—120cm  ᠤᠷᠲᠤ᠂  3—7cm  ᠥᠷᠭᠡᠨ᠂ᠱᠣᠪᠲᠣᠭᠣᠷ ᠦᠵᠦᠭᠦᠷ ᠲᠡᠢ᠂ ᠤᠭ ᠲᠤᠨᠢ ᠲᠣᠭᠳᠣᠢ ᠲᠠᠢ᠃ ᠴᠡᠴᠡᠭ ᠦ᠋ᠨ ᠡᠰᠢ ᠨᠢ 150cm  ᠥᠨᠳᠥᠷ᠂ ᠭᠤᠯᠳᠤ ᠠᠷᠲᠠᠢ;  ᠰᠢᠬᠦᠷ ᠬᠡᠯᠪᠡᠷᠢᠲᠦ ᠪᠠᠭ ᠴᠡᠴᠡᠭ ᠨᠢ 4—10cm  ᠤᠷᠲᠤ᠂ ᠣᠯᠠᠨ ᠴᠡᠴᠡᠭ ᠳᠡᠯᠭᠡᠷᠡᠨ᠎ᠡ᠂ ᠤᠭ ᠲᠤᠨᠢ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢᠲᠦ 10—20mm  ᠤᠷᠲᠤ ᠪᠠᠭᠯᠠᠭᠴᠢ ᠲᠠᠢ; ᠴᠡᠴᠡᠭ ᠦ᠋ᠨ ᠳ᠋ᠢᠶᠠᠮᠧᠲ᠋ᠷ ᠨᠢ1.5—2cm ᠂ ᠭᠦᠢᠬᠡᠨ ᠤᠯᠠᠭᠠᠨ ᠥᠩᠭᠡᠲᠡᠢ᠂ ᠬᠣᠶᠠᠷ ᠴᠠᠭᠠᠷᠢᠭ ᠢ᠋ᠶ᠋ᠠᠷ ᠪᠠᠢᠷᠢᠯᠠᠬᠤ ᠵᠢᠷᠭᠤᠭᠠᠨ ᠴᠡᠴᠡᠭ ᠦ᠋ᠨ ᠰᠢᠳᠠᠷ ᠲᠠᠢ; ᠡᠷ᠎ᠡ ᠲᠣᠭᠣᠷᠴᠣᠭ ᠨᠢ ᠶᠢᠰᠦ᠂ ᠤᠭ ᠤ᠋ᠨ ᠬᠡᠰᠡᠭ ᠲᠡᠭᠡᠨ ᠨᠡᠯᠢᠶᠡᠳ ᠥᠷᠭᠡᠨ ᠳᠣᠬᠢᠭᠤᠷ ᠲᠠᠢ᠂ᠤᠯᠠᠭᠠᠨ ᠲᠣᠭᠣᠰᠣᠪᠴᠢ ᠲᠠᠢ;  ᠤᠮᠠᠢ ᠶ᠋ᠢᠨ ᠬᠠᠯᠢᠰᠤ ᠨᠢ ᠵᠢᠷᠭᠤᠭ᠎ᠠ᠂ ᠰᠠᠯᠤᠩᠭᠢ᠂ ᠳᠣᠲᠣᠷ ᠬᠠᠨ᠎ᠠ ᠳ᠋ᠤᠨᠢ ᠣᠯᠠᠨ ᠦᠷ᠎ᠡ ᠨᠠᠬᠢᠶ᠎ᠠ ᠪᠣᠢ᠂ ᠨᠢᠯᠬ᠎ᠠ ᠦᠶ᠎ᠡ ᠳ᠋ᠡᠭᠡᠨ  ᠶᠠᠭᠠᠨ᠃ ᠴᠠᠨ᠎ᠠ ᠵᠢᠮᠢᠰ ᠨᠢ ᠤᠷᠲᠤ ᠬᠣᠰᠢᠭᠤ ᠲᠠᠢ᠃ ᠭᠣᠣᠯ᠂ ᠨᠠᠭᠤᠷ ᠴᠥᠭᠥᠷᠥᠮ ᠦ᠋ᠨ ᠬᠥᠪᠡᠭᠡ ᠶ᠋ᠢᠨ ᠨᠠᠮᠤᠭ ᠭᠠᠵᠠᠷ ᠤᠷᠭᠤᠳᠠᠭ᠂ ᠵᠠᠷᠢᠮ ᠳ᠋ᠠᠭᠠᠨ ᠤᠷᠤᠰᠬᠠᠯᠲᠤ ᠭᠣᠣᠯ ᠤ᠋ᠨ ᠭᠦᠢᠬᠡᠨ ᠤᠰᠤ ᠲᠠᠢ ᠭᠠᠵᠠᠷ ᠢ᠋ᠶ᠋ᠠᠷ ᠪᠠᠰᠠ ᠤᠷᠭᠤᠨ᠎ᠠ᠃
   ᠮᠠᠨ ᠤ᠋ ᠤᠯᠤᠰ ᠤ᠋ᠨ ᠯᠢᠶᠣᠤᠨᠢᠩ᠂ ᠥᠪᠥᠷ ᠮᠣᠩᠭᠣᠯ᠂ ᠾᠧᠪᠧᠢ᠂ ᠱᠠᠨ ᠰᠢ᠂ ᠱᠠᠨᠳᠦ᠋ᠩ᠂ ᠾᠧᠨᠠᠨ᠂ ᠵᠢᠶᠠᠩᠰᠦ᠂ ᠠᠨᠾᠥ᠋ᠢ ᠬᠢᠭᠡᠳ ᠪᠠᠷᠠᠭᠤᠨ ᠬᠣᠢᠲᠤ ᠣᠷᠣᠨ ᠤ᠋ ᠡᠯ᠎ᠡ ᠮᠣᠵᠢ ᠣᠷᠣᠨ ᠳ᠋ᠤ᠌ ᠪᠦᠷ ᠤᠷᠭᠤᠳᠠᠭ᠃ 
   ᠦᠨᠳᠦᠰᠦᠯᠢᠭ ᠡᠰᠢ ᠨᠢ ᠴᠠᠷᠳᠠᠭᠤᠯ ᠲᠠᠢ ᠪᠣᠯᠬᠣᠷ ᠢᠳᠡᠬᠦ ᠪᠤᠶᠤ ᠠᠷᠢᠬᠢ ᠨᠡᠷᠡᠵᠦ ᠪᠣᠯᠤᠨ᠎ᠠ᠃ ᠡᠰᠢ᠂ ᠨᠠᠪᠴᠢ ᠨᠢ ᠰᠢᠷᠬᠡᠭ ᠲᠡᠢ ᠪᠣᠯᠬᠣᠷ ᠴᠠᠭᠠᠰᠤ ᠬᠢᠬᠦ ᠪᠤᠶᠤ ᠨᠡᠬᠡᠵᠦ ᠬᠦᠷᠦᠬᠦ ᠳ᠋ᠦ᠍ ᠬᠡᠷᠡᠭᠯᠡᠵᠦ ᠪᠣᠯᠤᠨ᠎ᠠ᠃ 
        ᠬᠢᠲᠠᠳ ᠨᠡᠷ᠎ᠡ᠄花蔺
        ᠠᠩᠭ᠌ᠯᠢ ᠨᠡᠷ᠎ᠡ᠄ Butomus umbellatus L. 
             ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ 
               ᠬᠢᠨᠠᠭᠴᠢ᠄ ᠫᠣ· ᠴᠠᠭᠠᠨ