ᠵᠢᠷᠠᠨ ᠵᠢᠰᠦ ᠬᠡᠮᠡᠬᠦ ᠭᠡᠭᠡᠨ ᠲᠣᠯᠢ ᠣᠷᠣᠰᠢᠮᠤᠢ - 3 Жаран зүс хэмээх гэгээн толь оршмуй - 3
ᠯᠤᠤ ᠵᠢᠯ
○ ᠤᠯᠠᠭᠠᠨ ᠯᠤᠤ ᠵᠢᠯᠲᠦ ᠶ᠋ᠢᠨ ᠠᠮᠢᠨ – ᠰᠢᠷᠣᠢ᠂ ᠪᠡᠶ᠎ᠡ – ᠰᠢᠷᠣᠢ᠂ ᠡᠷᠬᠡᠲᠡᠨ – ᠭᠠᠯ᠂ ᠬᠡᠢᠮᠣᠷᠢ – ᠮᠣᠳᠣᠨ᠂ ᠰᠦᠨᠡᠰᠦ – ᠮᠣᠳᠣᠨ᠃ ᠬᠣᠮᠣᠭ ᠤ᠋ᠨ ᠳᠣᠲᠣᠷᠠᠬᠢ ᠰᠢᠷᠣᠢ᠃ ᠤᠬᠠᠭᠠᠨ ᠲᠣᠳᠣᠷᠬᠠᠢ ᠪᠣᠯᠪᠠᠴᠤ ᠪᠤᠶᠠᠨ ᠥᠴᠦᠬᠡᠨ᠂ ᠪᠠᠭ᠎ᠠ ᠴᠠᠭ ᠲᠤ᠌ ᠮᠠᠭᠤ ᠬᠡᠮᠡᠬᠦᠢ᠂ ᠠᠮᠢᠨ ᠣᠮᠣᠭ ᠤ᠋ᠨ ᠠᠳᠠᠯᠢ᠂ ᠡᠷᠬᠡᠲᠡᠨ ᠠᠮᠢᠨ ᠤ᠋ ᠨᠢᠭᠡ᠂ ᠵᠠᠶᠠᠭ᠎ᠠ ᠲᠣᠣᠷᠲᠤ ᠪᠤᠶᠤ᠂ ᠢᠳᠡᠭᠡᠨ ᠬᠤᠪᠴᠠᠰᠤᠨ ᠤ᠋ ᠬᠡᠰᠢᠭ ᠪᠣᠢ ᠪᠣᠯᠪᠠᠴᠤ ᠰᠡᠳᠬᠢᠯ ᠰᠡᠷᠡᠭᠦᠨ ᠤ ᠲᠤᠯᠠᠳᠠ ᠡᠳ᠋ ᠮᠠᠯ ᠳᠠᠢᠰᠤᠨ ᠮᠡᠲᠦ᠂ ᠦᠷ᠎ᠡ ᠪᠣᠢ ᠪᠣᠯᠪᠠᠴᠤ ᠦᠷᠭᠦᠯᠵᠢ ᠵᠣᠪᠠᠯᠠᠩ ᠬᠦᠷᠲᠡᠵᠦ ᠡᠪᠴᠢᠭᠦᠦ ᠪᠡᠨ ᠳᠡᠯᠡᠳᠬᠦᠢ᠂ ᠠᠬ᠎ᠠ ᠳᠡᠭᠦᠦ ᠲᠥᠷᠥᠯ ᠲᠥᠷᠥᠭᠰᠡᠨ ᠳ᠋ᠡᠭᠡᠨ ᠬᠣᠣᠷ ᠬᠠᠷᠰᠢ ᠶᠡᠬᠡ ᠪᠤᠶᠤ᠂ ᠨᠢᠭᠡᠨ ᠨᠠᠰᠦᠨ᠎ᠠ ᠨᠡᠮᠡᠬᠦᠢ ᠪᠠᠭᠤᠷᠠᠬᠤᠢ ᠣᠯᠠᠨ ᠢ ᠦᠵᠡᠬᠦᠢ᠂ ᠠᠰᠢᠳᠠ ᠡᠮ᠎ᠡ ᠡᠯᠢᠶ᠎ᠡ ᠨᠢᠭᠦᠯ ᠦ᠋ᠨ ᠰᠢᠮᠨᠤᠰ ᠬᠣᠣᠷᠯᠠᠵᠤ ᠨᠠᠰᠤᠳᠠ ᠤᠬᠢᠶᠠᠯ ᠤ᠋ᠨ ᠨᠣᠮ ᠨᠡᠮᠡᠨ ᠭᠡᠭᠡᠨ ᠲᠤᠩᠶᠠᠯᠢ ᠪᠠᠨᠽᠠᠷᠠᠭᠴᠢᠨ ᠪᠤᠷᠬᠠᠨ ᠢ ᠰᠢᠲᠦᠪᠡᠰᠦ ᠰᠠᠢᠨ᠂ ᠤᠨᠤᠬᠤ ᠮᠣᠷᠢ ᠴᠢᠪᠲᠠᠷ ᠰᠠᠢᠨ᠂ ᠡᠮᠦᠰᠬᠦᠢ ᠬᠤᠪᠴᠠᠰᠤᠨ ᠤᠯᠠᠭᠠᠨ ᠰᠠᠢᠨ ᠢᠪᠡᠭᠡᠯᠲᠦ᠃
○ ᠰᠢᠷ᠎ᠠ ᠯᠤᠤ ᠵᠢᠯᠲᠦ ᠶ᠋ᠢᠨ ᠠᠮᠢᠨ |ᠰᠢᠷᠣᠢ᠂ ᠪᠡᠶ᠎ᠡ | ᠮᠣᠳᠣᠨ᠂ ᠡᠷᠬᠡᠲᠡᠨ |ᠰᠢᠷᠣᠢ᠂ ᠬᠡᠢᠮᠣᠷᠢ| ᠮᠣᠳᠣᠨ᠂ ᠰᠦᠨᠡᠰᠦ| ᠭᠠᠯ᠃ ᠶᠡᠬᠡ ᠣᠢ ᠶ᠋ᠢᠨ ᠮᠣᠳᠣᠨ ᠪᠤᠶᠤ᠃ ᠲᠥᠪ ᠰᠡᠳᠬᠢᠯᠲᠦ ᠪᠤᠰᠤᠳ ᠲᠤᠷ ᠬᠤᠪᠢᠲᠤ ᠨᠠᠰᠤᠨ ᠬᠡᠰᠢᠭ ᠥᠴᠦᠬᠡᠨ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠤ᠋ ᠠᠳᠠᠯᠢ᠂ ᠵᠠᠶᠠᠭ᠎ᠠ ᠳᠣᠣᠷᠠᠲᠤ ᠪᠤᠶᠤ᠂ ᠢᠳᠡᠭᠡᠨ ᠬᠤᠪᠴᠠᠰᠤᠨ ᠡᠳ᠋ ᠮᠠᠯ ᠤ᠋ᠨ ᠬᠡᠰᠢᠭ ᠥᠴᠦᠬᠡᠨ᠂ ᠡᠴᠢᠭᠡ ᠡᠬᠡ ᠯᠦ᠍ᠭᠡ ᠬᠠᠷᠰᠢ ᠵᠠᠶᠠᠭ᠎ᠠ ᠠᠬ᠎ᠠ ᠳᠡᠭᠦᠦᠨᠠᠷ ᠯᠦ᠍ᠭᠡ ᠠᠶ᠎ᠠ ᠲᠡᠳᠦᠢ᠂ ᠱᠠᠷᠮᠠᠨ ᠡᠬᠡᠨᠡᠷ ᠬᠥᠮᠦᠨ ᠳᠠᠭᠤᠯᠠᠬᠤ ᠮᠡᠲᠦ ᠪᠤᠰᠤᠳ ᠲᠤ᠌ ᠥᠴᠦᠬᠡᠨ ᠬᠣᠣᠷᠯᠠᠵᠤ ᠡᠷ᠎ᠡ ᠡᠮ᠎ᠡ ᠬᠠᠭᠠᠴᠠᠬᠤ ᠢᠷᠣ᠎ᠠ ᠲᠠᠢ ᠬᠡᠷᠡᠭ ᠪᠣᠯᠬᠤᠢ᠂ ᠠᠮᠢᠨ ᠤ᠋ ᠠᠭᠤᠯᠠ ᠶ᠋ᠢ ᠪᠣᠳᠣᠩ ᠪᠦᠷᠬᠦᠭᠰᠡᠨ ᠮᠡᠲᠦ᠂ ᠠᠰᠢᠳᠠ ᠡᠪᠴᠢᠲᠤ ᠯᠤᠤᠰ ᠬᠣᠣᠷᠯᠠᠵᠤ ᠬᠥᠪᠡᠭᠦᠨ ᠡᠳ᠋ ᠮᠠᠯ ᠦᠯᠦ ᠨᠡᠮᠡᠭᠦᠯᠦᠮᠦᠢ ᠂ ᠡᠭᠦᠰᠬᠡᠯ ᠲᠡᠭᠦᠰᠬᠡᠯ ᠦᠭᠡᠢ ᠪᠤᠶᠤ ᠂ ᠨᠠᠰᠤᠳᠠ ᠭᠣᠮᠪᠣ ᠶ᠋ᠢ ᠰᠢᠲᠦᠪᠡᠰᠦ ᠰᠠᠢᠨ᠂ ᠤᠨᠤᠬᠤ ᠮᠣᠷᠢ ᠴᠠᠭᠠᠨ ᠰᠠᠢᠨ᠂ ᠡᠮᠦᠰᠬᠦᠢ ᠬᠤᠪᠴᠠᠰᠤᠨ ᠬᠠᠷ᠎ᠠ ᠰᠠᠢᠨ᠃
○ ᠴᠠᠭᠠᠨ ᠯᠤᠤ ᠵᠢᠯᠲᠤ ᠶ᠋ᠢᠨ ᠠᠮᠢᠨ| ᠰᠢᠷᠣᠢ᠂ ᠪᠡᠶ᠎ᠡ |ᠲᠡᠮᠦᠷ᠂ ᠡᠷᠬᠡᠲᠡᠨ| ᠲᠡᠮᠦᠷ᠂ ᠬᠡᠢᠮᠣᠷᠢ |ᠮᠣᠳᠣᠨ᠂ ᠰᠦᠨᠡᠰᠦ| ᠰᠢᠷᠣᠢ᠃ ᠭᠡᠭᠡᠨ ᠵᠤᠯᠠ ᠶ᠋ᠢᠨ ᠲᠡᠮᠦᠷ ᠪᠤᠶᠤ᠃ ᠰᠠᠨᠠᠭ᠎ᠠ ᠮᠠᠭᠤ ᠰᠡᠴᠡᠨ ᠰᠡᠷᠭᠦᠯᠡᠩ ᠢᠳᠡᠬᠦ ᠡᠮᠦᠰᠬᠦ ᠡᠯᠪᠡᠭ ᠶᠠᠪᠤᠳᠠᠯ ᠣᠯᠠᠨ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠬᠥᠪᠡᠭᠦᠨ᠂ ᠵᠠᠶᠠᠭ᠎ᠠ ᠰᠠᠢᠨ ᠣᠭᠲᠠᠷᠭᠤᠢ ᠶ᠋ᠢᠨ ᠨᠠᠷᠠᠨ ᠰᠠᠷᠠᠨ ᠮᠡᠲᠦ᠂ ᠬᠠᠮᠤᠭ ᠲᠤᠰᠠ ᠶᠡᠷᠦ ᠡᠴᠢᠭᠡ ᠡᠬᠡ ᠨᠥᠬᠥᠷ ᠲᠡᠭᠡᠨ ᠥᠯᠵᠡᠢᠲᠦ᠂ ᠢᠳᠡᠭᠡᠨ ᠬᠤᠪᠴᠠᠰᠤᠨ ᠢ ᠰᠠᠢᠨ ᠡᠳᠡᠯᠡᠬᠦ ᠡᠭᠦᠰᠬᠡᠯ ᠲᠡᠭᠦᠰᠬᠡᠯ ᠪᠣᠢ᠂ ᠣᠯᠠᠨ ᠬᠦᠴᠦᠲᠡᠨ ᠬᠤᠷᠠᠪᠠᠴᠤ ᠲᠡᠭᠦᠨ ᠢ ᠦᠯᠦ ᠴᠢᠳᠠᠬᠤ ᠰᠡᠷᠡᠭᠦᠨ᠂ ᠲᠠᠴᠢᠶᠠᠩᠭᠤᠢ ᠶᠡᠬᠡ ᠪᠣᠯ ᠵᠤᠯᠪᠢᠨ ᠬᠥᠮᠦᠨ ᠮᠡᠲᠦ ᠪᠠᠭᠤᠷᠠᠬᠤ ᠠᠰᠢᠳᠠ ᠯᠤᠤᠰ ᠤ᠋ᠨ ᠠᠳᠠ ᠬᠣᠣᠷᠯᠠᠭᠴᠢ ᠳᠤᠯᠠᠳᠠᠨ ᠡᠷ᠎ᠡ ᠡᠮ᠎ᠡ ᠨᠥᠬᠥᠷ ᠡᠴᠡ ᠰᠠᠯᠬᠤ ᠵᠣᠪᠠᠯᠠᠩ ᠪᠣᠯᠤᠮᠤᠢ᠂ ᠨᠠᠰᠤᠳᠠ ᠳᠣᠭᠰᠢᠳ ᠤ᠋ᠨ ᠬᠠᠩᠰᠢᠭ᠋ ᠤᠩᠰᠢᠵᠤ ᠪᠠᠯᠢᠩ ᠲᠤᠷᠠᠮ ᠦᠭᠪᠡᠰᠦ ᠰᠠᠢᠨ᠂ ᠤᠨᠤᠬᠤ ᠮᠣᠷᠢ ᠤᠯᠠᠭᠠᠨ ᠬᠤᠪᠴᠠᠰᠤᠨ ᠬᠠᠷ᠎ᠠ ᠰᠠᠢᠨ᠃
○ ᠬᠠᠷ᠎ᠠ ᠯᠤᠤ ᠵᠢᠯᠲᠦ ᠶ᠋ᠢᠨ ᠠᠮᠢᠨ |ᠰᠢᠷᠣᠢ᠂ ᠪᠡᠶ᠎ᠡ | ᠤᠰᠤ᠂ ᠡᠷᠬᠡᠲᠡᠨ |ᠤᠰᠤ᠂ ᠬᠡᠢᠮᠣᠷᠢ| ᠮᠣᠳᠣᠨ᠂ ᠰᠦᠨᠡᠰᠦ |ᠲᠡᠮᠦᠷ᠂ ᠭᠣᠣᠯ ᠤ᠋ᠨ ᠤᠷᠤᠰᠬᠠᠯ ᠤ᠋ᠨ ᠤᠰᠤᠨ ᠪᠤᠶᠤ᠂ ᠰᠠᠨᠠᠭ᠎ᠠ ᠲᠦᠷᠭᠡᠨ : ᠬᠦᠰᠡᠯ ᠶᠡᠬᠡ᠂ ᠪᠤᠶᠠᠨ ᠬᠡᠰᠢᠭ ᠰᠠᠢᠨ᠂ ᠠᠮᠢᠨ ᠣᠮᠣᠭ ᠤ᠋ᠨ ᠡᠬᠡ᠂ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠳᠤᠮᠳᠠ ᠪᠤᠶᠤ᠂ ᠢᠳᠡᠭᠡᠨ ᠬᠤᠪᠴᠠᠰᠤᠨ ᠤ᠋ ᠬᠡᠰᠢᠭ ᠪᠣᠢ ᠡᠳ᠋ ᠮᠠᠯ ᠤ᠋ᠨ ᠬᠡᠰᠢᠭ ᠳᠤᠮᠳᠠ᠂ ᠭᠠᠭᠴᠠ ᠡᠴᠢᠭᠡ ᠡᠬᠡ ᠡᠷ᠎ᠡ ᠡᠮ᠎ᠡ ᠳ᠋ᠡᠭᠡᠨ ᠬᠠᠷᠰᠢ ᠲᠠᠢ᠂ ᠪᠠᠢᠨ ᠪᠠᠢᠨ ᠭᠡᠮᠰᠢᠭᠦᠯᠡᠩ ᠪᠣᠯᠬᠤ ᠪᠣᠢ᠂ ᠨᠠᠭᠠᠴᠤ ᠶ᠋ᠢᠨ ᠡᠭᠦᠳᠡᠨ ᠡᠰᠡ ᠵᠣᠬᠢᠶᠠᠭᠰᠠᠨ ᠢ᠋ᠶ᠋ᠠᠷ ᠡᠳ᠋ ᠮᠠᠯ ᠥᠰᠬᠦᠢ ᠪᠠᠭᠤᠷᠠᠬᠤᠢ ᠣᠯᠠᠨ ᠢ ᠦᠵᠡᠬᠦᠢ᠂ ᠦᠷ᠎ᠡ ᠬᠥᠪᠡᠭᠦᠨ ᠪᠣᠢ ᠪᠣᠯᠪᠠᠴᠤ ᠡᠪᠡᠳᠴᠢᠨ ᠲᠠᠬᠤᠯ ᠲᠠᠢ᠂ ᠲᠡᠭᠦᠰᠬᠡᠯ ᠪᠤᠶᠤ ᠲᠡᠭᠦᠰᠬᠡᠯ ᠥᠴᠦᠬᠡᠨ ᠪᠤᠶᠤ᠂ ᠡᠯᠪᠡᠷᠢᠯᠳᠦ ᠪᠡᠷ ᠡᠴᠢᠭᠡ ᠡᠬᠡ ᠶ᠋ᠢ ᠳᠠᠭᠢᠪᠡᠰᠤ ᠳᠡᠭᠡᠳᠦ ᠨᠠᠷᠠᠨ ᠠᠰᠢᠭ ᠲᠣᠭᠲᠠᠮᠤᠢ᠂ ᠭᠡᠪᠡᠴᠦ ᠬᠣᠶᠠᠷ ᠣᠷᠣ ᠪᠣᠯᠤᠮᠤᠢ᠂ ᠠᠰᠢᠳᠠ ᠬᠡᠭᠦᠷ ᠦ᠋ᠨ ᠠᠯᠪᠢᠨ ᠬᠣᠣᠷᠯᠠᠵᠤ ᠨᠠᠰᠤᠳᠠ ᠭᠣᠮᠴᠣᠢ ᡀ ᠰᠤᠮᠡ ᠶ᠋ᠢᠨ ᠬᠠᠩᠰᠢᠭ᠋ ᠤᠩᠰᠢᠭᠤᠯᠤᠨ ᠰᠢᠭᠳᠦᠷ ᠡᠷᠭᠦᠯᠪᠡᠰᠦ ᠰᠠᠢᠨ᠂ ᠡᠮᠦᠰᠬᠦ ᠬᠤᠪᠴᠠᠰᠤᠨ ᠴᠠᠭᠠᠨ ᠰᠠᠢᠨ᠃
ᠮᠣᠭᠠᠢ ᠵᠢᠯ
○ ᠤᠯᠠᠭᠴᠢᠨ ᠮᠣᠭᠠᠢ ᠵᠢᠯᠲᠤ ᠶ᠋ᠢᠨ ᠠᠮᠢᠨ |ᠭᠠᠯ᠂ ᠪᠡᠶ᠎ᠡ| ᠰᠢᠷᠣᠢ᠂ ᠡᠷᠬᠡᠲᠡᠨ| ᠭᠠᠯ᠂ ᠬᠡᠢᠮᠣᠷᠢ| ᠤᠰᠤᠨ᠂ ᠰᠦᠨᠡᠰᠦ| ᠮᠣᠳᠣᠨ᠂ ᠬᠣᠮᠤᠭ ᠤ᠋ᠨ ᠳᠣᠲᠣᠷᠠᠬᠢ ᠰᠢᠷᠣᠢ ᠪᠤᠶᠤ᠃ ᠤᠬᠠᠭᠠᠨ ᠲᠣᠳᠣ ᠪᠣᠯᠪᠠᠴᠤ ᠪᠤᠶᠠᠨ ᠥᠴᠦᠬᠡᠨ᠂ ᠨᠡᠷ᠎ᠡ ᠵᠡᠷᠭᠡ ᠣᠯᠬᠤ ᠪᠤᠶᠤ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠤ᠋ ᠠᠳᠠᠯᠢ᠂ ᠡᠨᠡ ᠵᠢᠯᠳᠤᠷ ᠲᠥᠷᠥᠭᠰᠡᠨ ᠳᠣᠣᠷᠠᠲᠤ ᠵᠠᠶᠠᠭ᠎ᠠ ᠪᠤᠶᠤ ᠢᠳᠡᠬᠦᠢ ᠡᠮᠦᠰᠬᠦᠢ ᠶ᠋ᠢᠨ ᠬᠡᠰᠢᠭ ᠢᠨᠤ ᠡᠴᠢᠭᠡ ᠠᠪᠠᠭ᠎ᠠ ᠠ᠋ᠴᠠ ᠣᠯᠤᠮᠤᠢ᠂ ᠠᠮᠢᠨ ᠡᠴᠢᠭᠡ ᠡᠬᠡ ᠳ᠋ᠡᠭᠡᠨ ᠬᠠᠷᠰᠢ᠂ ᠡᠷᠬᠡᠲᠡᠨ ᠲᠥᠷᠥᠯ ᠲᠥᠷᠥᠭᠰᠡᠨ ᠳ᠋ᠡᠭᠡᠨ ᠬᠠᠷᠰᠢ᠂ ᠪᠡᠶ᠎ᠡ ᠡᠮ᠎ᠡ ᠨᠥᠬᠥᠷ ᠲᠡᠭᠡᠨ ᠬᠠᠷᠰᠢ᠂ ᠡᠳ᠋ ᠮᠠᠯ ᠤ᠋ᠨ ᠬᠡᠰᠢᠭ ᠥᠴᠦᠬᠡᠨ᠂ ᠦᠷ᠎ᠡ ᠪᠣᠢ ᠪᠥᠭᠡᠰᠦ ᠡᠳ᠋ ᠦᠭᠡᠢ᠂ ᠡᠳ᠋ ᠪᠣᠢ ᠪᠥᠭᠡᠰᠦ ᠨᠠᠰᠤᠨ ᠣᠬᠣᠷ᠂ ᠡᠷ᠎ᠡ ᠡᠮ᠎ᠡ ᠭᠠᠭᠠᠴᠠᠬᠤ ᠢᠷᠣ᠎ᠠ ᠲᠠᠢ᠂ ᠦᠷᠭᠦᠯᠵᠢ ᠵᠣᠪᠠᠯᠠᠩ ᠬᠦᠷᠲᠡᠵᠦ ᠨᠠᠰᠤᠨ᠎ᠠ ᠭᠡᠮᠰᠢᠭᠦᠯᠡᠩ ᠦᠯᠦ ᠲᠠᠰᠤᠷᠠᠬᠤ ᠪᠤᠶᠤ᠂ ᠡᠳ᠋ ᠮᠠᠯ ᠦᠰᠬᠦᠢ ᠪᠠᠭᠤᠷᠠᠬᠤᠢ ᠦᠶᠡᠷ ᠦ᠋ᠨ ᠤᠰᠤᠨ ᠮᠡᠲᠦ ᠲᠦᠷᠭᠡᠨ᠂ ᠤᠪ ᠦᠭᠡᠢ᠂ ᠬᠦᠴᠦᠨ ᠳ᠋ᠡᠭᠡᠨ ᠡᠷᠡᠮᠰᠢᠵᠦ ᠵᠣᠪᠠᠯᠠᠩ ᠳ᠋ᠤᠷ ᠣᠷᠣᠬᠤ ᠪᠤᠶᠤ᠂ ᠡᠭᠦᠰᠬᠡᠯ ᠲᠡᠭᠦᠰᠬᠡᠯ ᠦᠭᠡᠢ᠂ ᠠᠰᠢᠳᠠ ᠬᠠᠷ᠎ᠠ ᠯᠤᠤᠰ ᠡᠯᠢᠶ᠎ᠡ ᠰᠢᠮᠨᠤᠰ ᠬᠣᠣᠷᠯᠠᠮᠤᠢ᠂ ᠨᠠᠰᠤᠳᠠ ᠳᠣᠭᠰᠢᠳ ᠤ᠋ᠨ ᠬᠠᠩᠰᠢᠭ ᠤᠩᠰᠢᠭᠤᠯᠤᠨ ᠰᠤᠸᠠᠷᠢ ᠤᠷᠭᠢᠪᠠᠰᠤ ᠰᠠᠢᠨ᠂ ᠤᠨᠤᠬᠤ ᠮᠣᠷᠢ ᠬᠥᠬᠡ ᠰᠠᠢᠨ᠂ ᠡᠮᠦᠰᠬᠦᠢ ᠬᠤᠪᠴᠠᠰᠤᠨ ᠤᠯᠠᠭᠠᠨ ᠰᠠᠢᠨ ᠪᠣᠢ᠃
○ᠰᠢᠷᠬᠠᠴᠢᠨ ᠮᠣᠭᠠᠢ ᠵᠢᠯᠲᠤ ᠶ᠋ᠢᠨ ᠠᠮᠢᠨ |ᠭᠠᠯ᠂ ᠪᠡᠶ᠎ᠡ| ᠮᠣᠳᠣᠨ᠂ ᠡᠷᠬᠡᠲᠡᠨ|ᠰᠢᠷᠣᠢ᠂ ᠬᠡᠢᠮᠣᠷᠢ|ᠤᠰᠤ᠂ ᠰᠦᠨᠡᠰᠦ| ᠭᠠᠯ᠂ ᠶᠡᠬᠡ ᠲᠦᠩ ᠦ᠋ᠨ ᠮᠣᠳᠣᠨ ᠪᠤᠶᠤ᠃ ᠲᠣᠪ ᠰᠡᠳᠬᠢᠯᠲᠦ ᠪᠤᠰᠤᠳ ᠲᠤᠷ ᠬᠤᠪᠢᠲᠤ᠂ ᠨᠠᠰᠤᠨ ᠥᠨᠳᠥᠷ᠂ ᠡᠳ᠋ ᠮᠠᠯ ᠣᠷᠣᠬᠤ ᠭᠠᠷᠬᠤ ᠠᠳᠠᠯᠢ᠂ ᠡᠷᠬᠡᠲᠡᠨ ᠠᠮᠢᠨ ᠤ᠋ ᠬᠥᠪᠡᠭᠦᠨ᠂ ᠡᠨᠡ ᠵᠢᠯᠳᠤᠷ ᠲᠥᠷᠥᠭᠰᠡᠨ ᠠᠨᠤ ᠳᠡᠭᠡᠳᠦ ᠰᠠᠢᠨ᠂ ᠢᠳᠡᠬᠦᠢ ᠬᠤᠪᠴᠠᠰᠤᠨ ᠤ᠋ ᠰᠠᠢᠨ ᠢ ᠰᠣᠩᠭᠣᠵᠤ ᠪᠤᠷᠬᠠᠨ ᠰᠠᠬᠢᠭᠤᠯᠰᠤᠨ ᠢᠪᠡᠭᠡᠬᠦᠢ ᠪᠣᠢ᠂ ᠡᠳ᠋ ᠮᠠᠯ ᠤ᠋ᠨ ᠬᠡᠰᠢᠭ ᠪᠣᠢ᠂ ᠭᠡᠮ ᠲᠡᠢ ᠬᠡᠢ ᠬᠥᠳᠡᠯᠪᠡᠴᠦ ᠲᠡᠭᠦᠨ ᠦᠯᠦ ᠴᠢᠳᠠᠬᠤᠢ᠂ ᠡᠭᠦᠰᠬᠡᠯ ᠲᠡᠭᠦᠰᠬᠡᠯ ᠪᠣᠢ ᠪᠥᠭᠡᠳ ᠥᠪᠡᠷ ᠪᠤᠰᠤᠳ ᠲᠤᠷ ᠲᠣᠰᠲᠤ : ᠪᠣᠭᠣᠯ ᠪᠠ ᠵᠠᠷᠤᠳᠠᠰᠤᠨ ᠣᠯᠠᠨ᠂ ᠡᠷᠬᠢᠰ ᠦ᠋ᠨ ᠦᠢᠯᠡᠰ ᠢ ᠣᠯᠵᠤ ᠳᠣᠲᠣᠷ᠎ᠠ ᠪᠠᠨ ᠠᠯᠢᠪᠠ ᠶ᠋ᠢ ᠲᠣᠭᠲᠠᠭᠠᠨ ᠴᠢᠳᠠᠬᠤ ᠶᠡᠬᠡ ᠣᠷᠣᠭᠲᠤ᠂ ᠭᠠᠭᠴᠠ ᠬᠥᠪᠡᠭᠦᠨ ᠵᠠᠶᠠᠭᠠᠲᠤ᠂ ᠠᠰᠢᠳᠠ ᠯᠤᠤᠰ ᠳᠠᠭᠢᠪᠠᠰᠤ ᠰᠠᠢᠨ᠂ ᠤᠨᠤᠬᠤ ᠮᠣᠷᠢ ᠰᠠᠷᠠᠯ ᠪᠠ ᠡᠮᠦᠰᠬᠦᠢ ᠬᠤᠪᠴᠠᠰᠤᠨ ᠪᠣᠷᠣ ᠰᠢᠷ᠎ᠠ ᠰᠠᠢᠨ ᠢᠪᠡᠭᠡᠯᠲᠦ ᠪᠣᠢ᠃
○ ᠴᠠᠭᠠᠭᠴᠢᠨ ᠮᠣᠭᠠᠢ ᠵᠢᠯᠲᠦ ᠶ᠋ᠢᠨ ᠠᠮᠢᠨ |ᠭᠠᠯ᠂ ᠪᠡᠶ᠎ᠡ | ᠲᠡᠮᠦᠷ᠂ ᠡᠷᠬᠡᠲᠡᠨ| ᠲᠡᠮᠦᠷ᠂ ᠬᠡᠢᠮᠣᠷᠢ| ᠤᠰᠤᠨ᠂ ᠰᠦᠨᠡᠰᠦ| ᠰᠢᠷᠣᠢ᠂ ᠭᠡᠭᠡᠨ ᠵᠤᠯᠠᠨ ᠲᠡᠮᠦᠷ ᠪᠤᠶᠤ᠃ ᠰᠡᠴᠡ ᠤᠬᠠᠭᠠᠨᠲᠤ᠂ ᠢᠳᠡᠬᠦ ᠡᠮᠦᠰᠬᠦᠢ ᠡᠯᠪᠡᠭ᠂ ᠭᠠᠭᠴᠠ ᠰᠠᠨᠠᠭ᠎ᠠ ᠮᠠᠭᠤ ᠪᠣᠯᠪᠠᠰᠤ ᠤᠷᠰᠢᠭ ᠣᠯᠠᠨ᠂ ᠠᠮᠢᠨ ᠣᠮᠣᠭ ᠤ᠋ᠨ ᠡᠬᠡ᠂ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠳᠡᠭᠡᠳᠦ ᠰᠠᠢᠨ᠂ ᠢᠳᠡᠬᠦᠢ ᠡᠮᠦᠰᠬᠦ ᠬᠡᠰᠢᠭ ᠶᠡᠬᠡ᠂ ᠡᠳ᠋ ᠮᠠᠯ ᠤ᠋ᠨ ᠬᠡᠰᠢᠭ ᠲᠡᠭᠷᠢ ᠶ᠋ᠢᠨ ᠬᠥᠪᠡᠭᠦᠨ ᠥᠬᠢᠨ ᠮᠡᠲᠦ ᠪᠥᠭᠡᠳ ᠠᠮᠢᠨ ᠨᠠᠰᠤᠨ ᠡᠷᠳᠡᠨᠢ ᠬᠤᠮᠤᠬᠡ ᠳᠦᠭᠦᠷᠡᠩ ᠷᠠᠰᠢᠶᠠᠨ ᠠᠳᠠᠯᠢ᠂ ᠣᠯᠠᠨ ᠬᠥᠪᠡᠭᠦᠨ ᠤ ᠬᠡᠰᠢᠭᠲᠦ᠂ ᠡᠭᠦᠰᠬᠡᠯ ᠲᠡᠭᠦᠰᠬᠡᠯ ᠪᠣᠢ᠂ ᠭᠡᠮ ᠢ ᠥᠭᠦᠯᠡᠪᠡᠰᠦ ᠰᠡᠷᠡᠭᠦᠨ᠂ ᠬᠣᠣᠷᠲᠤ ᠪᠥᠭᠡᠰᠦ ᠳᠡᠭᠡᠳᠦ ᠰᠠᠢᠨ ᠠᠨᠤ ᠡᠴᠦᠰ ᠲᠦ᠍ᠷ ᠪᠠᠭᠤᠷᠠᠬᠤᠢ ᠭᠠᠳᠠᠨ᠎ᠠ ᠪᠠᠶᠠᠨ ᠳᠣᠲᠣᠷ᠎ᠠ ᠦᠭᠡᠢᠭᠦᠦ᠂ ᠬᠤᠷᠢᠶᠠᠭᠰᠠᠨ ᠡᠳ᠋ ᠮᠠᠯ ᠥᠰᠬᠦ ᠪᠠᠭᠤᠷᠠᠬᠤᠢ ᠪᠤᠶᠤ᠂ ᠠᠷᠰᠯᠠᠨ ᠨᠣᠬᠠᠢ ᠪᠣᠯᠬᠤ ᠮᠡᠲᠦ ᠬᠡᠭᠦᠷ ᠦ᠋ᠨ ᠶᠠᠭᠴᠠ ᠬᠣᠣᠷᠯᠠᠮᠤᠢ᠂ ᠨᠠᠰᠤᠲᠠᠨ ᠨᠠᠮ ᠰᠡᠩᠭᠡᠲᠡᠢ ᠤᠩᠰᠢᠭᠤᠯᠤᠨ ᠷᠤᠯᠮ᠎ᠡ ᠰᠢᠲᠦᠪᠡᠰᠦ ᠰᠠᠢᠨ᠂ ᠤᠨᠤᠬᠤ ᠮᠣᠷᠢ ᠵᠡᠭᠡᠷᠳᠡ᠂ ᠡᠮᠦᠰᠬᠦᠢ ᠬᠤᠪᠴᠠᠰᠤᠨ ᠰᠢᠷᠭᠠᠯ ᠰᠠᠢᠨ᠃
○ ᠬᠠᠷᠠᠭᠴᠢᠨ ᠮᠣᠭᠠᠢ ᠵᠢᠯᠲᠦ ᠶ᠋ᠢᠨ ᠠᠮᠢᠨ| ᠭᠠᠯ᠂ ᠪᠡᠶ᠎ᠡ |ᠤᠰᠤᠨ᠂ ᠡᠷᠬᠡᠲᠡᠨ |ᠤᠰᠤ᠂ ᠬᠡᠢᠮᠣᠷᠢ| ᠤᠰᠤᠨ᠂ ᠰᠦᠨᠡᠰᠦ |ᠲᠡᠮᠦᠷ᠂ ᠭᠣᠣᠯ ᠤ᠋ᠨ ᠤᠰᠤᠨ ᠪᠤᠶᠤ᠃ ᠰᠠᠨᠠᠭ᠎ᠠ ᠲᠦᠷᠭᠡᠨ ᠬᠦᠰᠡᠯ ᠶᠡᠬᠡ᠂ ᠪᠤᠶᠠᠨ ᠬᠡᠰᠢᠭᠲᠦ᠂ ᠪᠠᠭ᠎ᠠ ᠳ᠋ᠤᠷ ᠮᠠᠭᠤ ᠶᠡᠬᠡ ᠪᠣᠯᠪᠠᠰᠤ ᠰᠠᠢᠨ᠂ ᠠᠮᠢᠨ ᠣᠮᠣᠭ ᠤ᠋ᠨ ᠳᠠᠢᠰᠤᠨ᠂ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠳᠣᠣᠷᠠᠲᠤ ᠪᠤᠶᠤ᠂ ᠢᠳᠡᠬᠦᠢ ᠡᠮᠦᠰᠬᠦ ᠶ᠋ᠢᠨ ᠬᠡᠰᠢᠭ ᠢᠨᠤ ᠡᠴᠢᠭᠡ ᠡᠬᠡ ᠠᠬ᠎ᠠ ᠶᠡᠬᠡᠰ ᠡᠴᠡ ᠬᠦᠷᠲᠡᠬᠦ᠂ ᠥᠪᠡᠷ ᠦ᠋ᠨ ᠵᠠᠶᠠᠭ᠎ᠠ ᠬᠥᠬᠡ ᠮᠣᠭᠠᠢ ᠶ᠋ᠢᠨ ᠬᠡᠯᠡ ᠪᠡᠷ ᠳᠣᠯᠢᠶᠠᠬᠤ ᠮᠡᠲᠦ ᠡᠳ᠋ ᠠᠭᠤᠷᠠᠰᠤᠨ ᠨᠥᠬᠥᠷ ᠰᠡᠭᠦᠳᠡᠷ ᠲᠡᠭᠡᠨ ᠬᠠᠷᠰᠢ ᠮᠠᠭᠤ ᠪᠤᠶᠤ᠂ ᠬᠡᠷᠪᠡ ᠡᠳ᠋ ᠮᠠᠯ ᠪᠣᠢ ᠪᠥᠭᠡᠰᠦ ᠦᠷ᠎ᠡ ᠦᠭᠡᠢ ᠪᠥᠭᠡᠳ ᠠᠯᠠᠵᠤ ᠦᠯᠦ ᠪᠠᠷᠠᠬᠤ ᠳᠠᠢᠰᠤᠨ ᠲᠠᠢ ᠪᠤᠶᠤ᠂ ᠰᠡᠳᠬᠢᠯ ᠰᠡᠷᠡᠭᠦᠨ ᠲᠠᠴᠢᠶᠠᠩᠭᠤᠢ ᠶᠡᠬᠡ ᠪᠣᠯᠪᠠᠰᠤ ᠡᠳ᠋ ᠮᠠᠯ ᠥᠰᠬᠦ ᠪᠠᠭᠤᠷᠠᠬᠤᠢ ᠪᠤᠶᠤ᠂ ᠰᠦᠰᠦᠭ ᠪᠢᠰᠢᠷᠡᠯᠲᠦ ᠪᠥᠭᠡᠳ ᠨᠠᠰᠤᠳᠠ ᠪᠠᠨᠲᠠᠢ ᠪᠣᠮᠪᠣ ᠨᠠᠷ ᠤ᠋ᠨ ᠰᠠᠬᠢᠭᠤᠰᠤ ᠰᠠᠬᠢᠵᠤ᠂ ᠡᠭᠦᠰᠬᠡᠯ ᠪᠣᠢ ᠲᠡᠭᠦᠰᠬᠡᠯ ᠥᠴᠦᠬᠡᠨ᠂ ᠠᠰᠢᠳᠠ ᠡᠮ᠎ᠡ ᠯᠤᠤᠰ ᠤ᠋ᠨ ᠰᠢᠮᠨᠤᠰ ᠬᠣᠣᠷᠯᠠᠵᠤ ᠡᠮ᠎ᠡ ᠶ᠋ᠢᠨ ᠵᠦᠭ ᠲᠦ᠍ᠷ ᠦᠭᠡ ᠳᠠᠭᠤᠨ ᠪᠣᠯᠤᠮᠤᠢ᠂ ᠤᠨᠤᠬᠤ ᠮᠣᠷᠢ ᠬᠠᠯᠢᠭᠤᠨ ᠰᠠᠢᠨ᠂ ᠡᠮᠦᠰᠬᠦᠢ ᠬᠤᠪᠴᠠᠰᠤᠨ ᠬᠥᠬᠡ ᠰᠠᠢᠨ ᠢᠪᠡᠭᠡᠯᠲᠦ ᠪᠣᠢ᠃
ᠮᠣᠷᠢᠨ ᠵᠢᠯ
○ ᠬᠥᠬᠡ ᠮᠣᠷᠢᠨ ᠵᠢᠯᠲᠤ ᠶ᠋ᠢᠨ ᠠᠮᠢᠨ| ᠭᠠᠯ᠂ ᠪᠡᠶ᠎ᠡ| ᠲᠡᠮᠦᠷ᠂ ᠡᠷᠬᠡᠲᠡᠨ |ᠮᠣᠳᠣᠨ᠂ ᠬᠡᠢᠮᠣᠷᠢ| ᠲᠡᠮᠦᠷ᠂ ᠰᠦᠨᠡᠰᠦ| ᠤᠰᠤ᠂ ᠬᠤᠮᠤᠭ ᠳᠣᠲᠣᠷᠠᠬᠢ ᠲᠡᠮᠦᠷ ᠪᠤᠶᠤ᠃ ᠰᠡᠳᠬᠢᠯ ᠠᠭᠤᠳᠠᠮ᠂ ᠢᠳᠡᠬᠦᠢ ᠡᠮᠦᠰᠬᠦᠢ ᠡᠯᠪᠡᠭ᠂ ᠨᠠᠰᠤᠨ ᠤᠷᠲᠤ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠡᠬᠡ᠂ ᠵᠠᠶᠠᠭ᠎ᠠ ᠳᠡᠭᠡᠳᠦ ᠰᠠᠢᠨ᠂ ᠢᠳᠡᠬᠦᠢ ᠡᠮᠦᠰᠬᠦᠢ ᠬᠡᠰᠢᠭ ᠶᠡᠬᠡ᠂ ᠡᠳ᠋ ᠮᠠᠯ ᠤ᠋ᠨ ᠬᠡᠰᠢᠭ ᠳᠤᠮᠳᠠ᠂ ᠦᠷ᠎ᠡ ᠨᠠᠰᠤᠨ ᠲᠡᠭᠰᠢ᠂ ᠡᠭᠦᠰᠬᠡᠯ ᠲᠡᠭᠦᠰᠬᠡᠯ ᠥᠴᠦᠬᠡᠨ᠂ ᠭᠡᠮ ᠢ ᠥᠭᠦᠯᠡᠪᠡᠰᠦ ᠥᠪᠡᠷ ᠪᠤᠰᠤᠳ ᠲᠤᠷ ᠲᠤᠰᠠ ᠦᠭᠡᠢ ᠰᠡᠳᠬᠢᠯ ᠰᠡᠷᠡᠭᠦᠨ ᠤᠷᠠᠨ ᠲᠠᠴᠢᠶᠠᠩᠭᠤᠢ ᠶᠡᠬᠡ᠂ ᠡᠮ᠎ᠡ ᠶ᠋ᠢᠨ ᠤᠴᠢᠷ ᠰᠤᠨᠵᠢᠭᠳᠠᠬᠤᠢ ᠪᠥᠭᠡᠳ ᠥᠩᠭᠡᠲᠦ ᠡᠳ᠋ ᠳᠠᠢᠰᠤᠨ ᠪᠣᠯᠵᠤ ᠦᠰᠬᠦᠢ ᠪᠠᠭᠤᠷᠠᠬᠤᠢ ᠣᠯᠠᠨ ᠢ ᠦᠵᠡᠬᠦᠢ᠂ ᠠᠰᠢᠳᠠ ᠲᠠᠴᠢᠶᠠᠩᠭᠤᠢ ᠶ᠋ᠢᠨ ᠰᠢᠮᠨᠤᠰ ᠬᠣᠣᠷᠯᠠᠵᠤ ᠢᠬᠢᠷ ᠰᠢᠬᠢᠷ ᠬᠡᠯᠡ ᠠᠮᠠᠨ ᠪᠣᠯᠤᠶᠤ᠂ ᠨᠠᠰᠤᠳᠠ ᠬᠦᠯᠢᠴᠡᠯ ᠬᠢᠴᠢᠶᠡᠨ ᠤᠬᠢᠶᠠᠯ ᠤ᠋ᠨ ᠨᠣᠮ ᠪᠠᠨᠽᠠᠷᠠᠭᠴᠠ ᠲᠠᠷᠸᠠᠴᠢᠨᠪᠤ ᠰᠢᠲᠦᠪᠡᠰᠦ ᠳᠡᠭᠡᠳᠦ᠂ ᠤᠨᠤᠬᠤ ᠮᠣᠷᠢ ᠬᠦᠷᠡᠩ᠂ ᠡᠮᠦᠰᠬᠦᠢ ᠬᠤᠪᠴᠠᠰᠤᠨ ᠴᠠᠭᠠᠨ ᠬᠥᠬᠡ ᠰᠠᠢᠨ᠃
○ᠤᠯᠠᠭᠠᠨ ᠮᠣᠷᠢᠨ ᠵᠢᠯᠲᠦ ᠶ᠋ᠢᠨ ᠠᠮᠢᠨ| ᠭᠠᠯ᠂ ᠪᠡᠶ᠎ᠡ | ᠤᠰᠤ᠂ ᠡᠷᠬᠡᠲᠡᠨ| ᠭᠠᠯ᠂ ᠬᠡᠢᠮᠣᠷᠢ| ᠲᠡᠮᠦᠷ᠂ ᠰᠦᠨᠡᠰᠦ| ᠮᠣᠳᠣᠨ᠂ ᠶᠡᠬᠡ ᠮᠥᠷᠡᠨ ᠤ ᠭᠦᠨ ᠤᠰᠤᠨ ᠪᠤᠶᠤ᠃ ᠠᠵᠤ ᠲᠦᠷᠦᠬᠦᠢ ᠮᠡᠬᠦᠰ ᠵᠠᠶᠠᠭᠠᠲᠤ᠂ ᠠᠯᠢᠪᠠ ᠶ᠋ᠢ ᠥᠰᠬᠡᠬᠦᠢ ᠪᠡᠷᠬᠡ᠂ ᠠᠮᠢ ᠣᠮᠣᠭ ᠤ᠋ᠨ ᠬᠥᠪᠡᠭᠦᠨ᠂ ᠡᠷᠬᠡᠲᠡᠨ ᠠᠮᠢᠨ ᠤ᠋ ᠨᠢᠭᠡᠨ ᠠᠳᠠᠯᠢ᠂ ᠵᠠᠶᠠᠭ᠎ᠠ ᠳᠣᠣᠷᠠᠲᠤ ᠮᠠᠭᠤ ᠪᠤᠶᠤ᠂ ᠡᠴᠢᠭᠡ ᠪᠡᠨ ᠰᠢᠲᠦᠪᠡᠰᠦ ᠢᠳᠡᠬᠦ ᠡᠮᠦᠰᠬᠦᠢ ᠦᠯᠦ ᠳᠤᠲᠠᠬᠤᠢ᠂ ᠦᠨᠡᠨ ᠢ ᠰᠢᠲᠦᠪᠡᠰᠦ ᠪᠣᠭᠣᠯ ᠵᠠᠷᠤᠳᠠᠰᠤᠨ ᠨᠡᠮᠡᠬᠦ᠂ ᠡᠭᠦᠰᠬᠡᠯ ᠪᠤᠶᠤ ᠲᠡᠭᠦᠰᠬᠡᠯ ᠦᠭᠡᠢ᠂ ᠭᠡᠮ ᠢ ᠥᠭᠦᠯᠡᠪᠡᠰᠦ ᠪᠤᠷᠬᠠᠨ ᠤ᠋ ᠣᠷᠣᠨ ᠢ ᠡᠯᠢᠶ᠎ᠡ ᠪᠤᠯᠢᠶᠠᠭᠰᠠᠨ ᠲᠤᠯᠠ ᠠᠬ᠎ᠠ ᠳᠡᠭᠦᠦ ᠨᠠᠷ ᠲᠡᠮᠡᠴᠡᠯᠲᠦ᠂ ᠮᠢᠩᠭᠠᠨ ᠬᠥᠮᠦᠨ ᠳᠠᠷᠤᠯᠠᠪᠠᠴᠤ ᠥᠴᠦᠬᠡᠨ ᠢ᠋ᠶ᠋ᠡᠷ ᠳᠠᠷᠤᠭᠳᠠᠬᠤ ᠦᠭᠡᠢ᠂ ᠣᠩᠭᠣᠴᠠ ᠪᠠᠷ ᠭᠡᠲᠦᠯᠬᠦ ᠠᠳᠠᠯᠢ᠂ ᠰᠠᠢᠨ ᠮᠠᠭᠤ ᠬᠣᠶᠠᠷ ᠤ᠋ᠨ ᠡᠴᠦᠰ ᠲᠦ᠍ᠷ ᠬᠦᠷᠬᠦᠢ ᠵᠠᠶᠠᠭ᠎ᠠ ᠪᠣᠯᠪᠠᠴᠤ ᠶᠡᠷᠦ ᠡᠳ᠋ ᠮᠠᠯ ᠢᠨᠠᠭ ᠰᠠᠳᠤᠨ ᠨᠥᠬᠥᠷ ᠪᠦᠬᠦᠨ ᠳ᠋ᠡᠭᠡᠨ ᠶᠡᠬᠡᠯ᠎ᠡ ᠬᠠᠷᠰᠢ ᠭᠠᠢ ᠪᠣᠯᠤᠭᠴᠢ ᠵᠠᠶᠠᠭ᠎ᠠ ᠪᠤᠶᠤ᠂ ᠦᠢᠯᠡᠳᠦᠭᠰᠡᠨ ᠶᠠᠪᠤᠳᠠᠯ ᠥᠪᠡᠷ ᠪᠤᠰᠤᠳ ᠲᠤᠷ ᠲᠤᠰᠠ᠂ ᠬᠠᠷᠢᠶᠠᠯᠴᠢ ᠯᠤᠤᠰ ᠠᠰᠢᠳᠠ ᠬᠣᠣᠷᠯᠠᠵᠤ ᠠᠯᠢᠪᠠ ᠰᠠᠢᠨ ᠢ ᠤᠬᠠᠭᠤᠯᠬᠤᠶᠠ ᠪᠡᠷᠬᠡ ᠪᠣᠯᠭ᠋ᠭᠠᠮᠤ ᠨᠠᠰᠤᠨ ᠲᠤᠷᠰᠢᠳᠠ ᠬᠣᠣᠷ ᠪᠣᠯᠤᠮᠤᠢ᠂ ᠦᠷᠭᠦᠯᠵᠢ ᠲᠣᠭᠰᠢᠨ ᠬᠠᠩᠰᠢᠭ᠋ ᠤᠩᠰᠢᠭᠤᠯᠤᠨ ᠬᠢᠴᠢᠶᠡ᠂ ᠤᠨᠤᠬᠤ ᠮᠣᠷᠢ ᠰᠢᠷ᠎ᠠ ᠬᠦᠷᠡᠩ ᠰᠠᠢᠨ᠂ ᠡᠮᠦᠰᠬᠦᠢ ᠬᠤᠪᠴᠠᠰᠤᠨ ᠴᠠᠭᠠᠨ ᠰᠠᠢᠨ᠂ ᠰᠢᠲᠦᠬᠦᠢ ᠭᠤᠷᠪᠠᠨ ᠢᠵᠠᠭᠤᠷᠲᠠᠨ ᠪᠤᠷᠬᠠᠨ ᠪᠤᠶᠤ᠃
○ ᠰᠢᠷ᠎ᠠ ᠮᠣᠷᠢᠨ ᠵᠢᠯᠲᠦ ᠶ᠋ᠢᠨ ᠠᠮᠢᠨ |ᠭᠠᠯ᠂ ᠪᠡᠶ᠎ᠡ | ᠭᠠᠯ᠂ ᠡᠷᠬᠡᠲᠡᠨ |ᠰᠢᠷᠣᠢ᠃ ᠬᠡᠢᠮᠣᠷᠢ | ᠲᠡᠮᠦᠷ᠂ ᠰᠦᠨᠡᠰᠦ| ᠭᠠᠯ᠂ ᠣᠭᠲᠠᠷᠭᠤᠢ ᠶ᠋ᠢᠨ ᠭᠠᠯ ᠪᠤᠶᠤ᠃ ᠰᠠᠨᠠᠭ᠎ᠠ ᠲᠦᠷᠭᠡᠨ ᠭᠡᠷᠡᠯ ᠪᠤᠶᠠᠨ ᠶᠡᠬᠡ᠂ ᠦᠷ᠎ᠡ ᠪᠠ ᠡᠳ᠋ ᠮᠠᠯ ᠡᠯᠪᠡᠭ ᠪᠣᠯᠪᠠᠴᠤ ᠭᠠᠷᠤᠵᠠ ᠶᠡᠬᠡ : ᠠᠮᠢᠨ ᠣᠮᠣᠭ ᠤ᠋ᠨ ᠨᠢᠭᠡᠨ ᠠᠳᠠᠯᠢ᠂ ᠡᠷᠬᠡᠲᠡᠨ ᠠᠮᠢᠨ ᠤ᠋ ᠬᠥᠪᠡᠭᠦᠨ᠂ ᠵᠠᠶᠠᠭ᠎ᠠ ᠠᠨᠤ ᠳᠡᠭᠡᠳᠦ ᠰᠠᠢᠨ᠂ ᠢᠳᠡᠭᠡ ᠬᠤᠪᠴᠠᠰᠤᠨ ᠤ᠋ ᠰᠠᠢᠨ ᠢ ᠪᠦᠷᠢᠨ᠎ᠡ ᠰᠣᠩᠭᠣᠬᠤ᠂ ᠪᠤᠷᠬᠠᠨ ᠲᠡᠭᠷᠢ ᠲᠡᠭᠦᠨ ᠢ ᠢᠪᠡᠭᠡᠮᠦᠢ᠂ ᠣᠭᠲᠠᠷᠭᠤᠢ ᠶ᠋ᠢᠨ ᠨᠠᠷᠠᠨ ᠰᠠᠷᠠᠨ ᠮᠡᠲᠦ ᠣᠯᠠᠨ ᠬᠦᠴᠦᠲᠡᠨ ᠨᠢᠭᠡᠪᠦᠷᠢ ᠴᠤᠭᠯᠠᠪᠠᠴᠤ ᠦᠯᠦ ᠳᠠᠷᠤᠭᠳᠠᠬᠤ᠂ ᠲᠡᠷᠡ ᠪᠤᠰᠤᠳ ᠢ᠋ ᠦᠯᠦ ᠡᠷᠢᠬᠦ᠂ ᠡᠷᠬᠢᠮ ᠦ᠋ᠨ ᠰᠠᠢᠨ ᠢ ᠣᠯᠵᠤ ᠶᠡᠷᠦ ᠪᠦᠬᠦᠢ ᠨᠡᠷᠡᠲᠦ ᠥᠯᠵᠡᠢᠲᠦ ᠥᠪᠡᠷ ᠪᠤᠰᠤᠳ ᠤ᠋ᠨ ᠲᠤᠰᠠ ᠪᠦᠲᠦᠭᠡᠬᠦ ᠪᠠᠭᠰᠢ ᠪᠤᠶᠤ᠂ ᠡᠳ᠋ ᠮᠠᠯ ᠤ᠋ᠨ ᠬᠡᠰᠢᠭ ᠪᠣᠢ ᠪᠥᠭᠡᠳ ᠡᠭᠦᠰᠬᠡᠯ ᠲᠡᠭᠦᠰᠬᠡᠯ ᠪᠦᠷᠢᠨ ᠪᠣᠢ᠂ ᠭᠡᠮ ᠢ ᠥᠭᠦᠯᠡᠪᠡᠰᠦ ᠯᠤᠤᠰ ᠤ᠋ᠨ ᠰᠢᠮᠨᠤᠰ ᠠᠯᠪᠢᠨ ᠬᠣᠣᠷᠯᠠᠵᠤ ᠬᠥᠮᠦᠨ ᠡᠳ᠋ ᠮᠠᠯ ᠬᠣᠣᠷ ᠬᠣᠮᠰᠠ ᠪᠣᠯᠤᠮᠤᠢ ᠡᠴᠦᠰ ᠲᠡᠭᠡᠨ ᠡᠯᠡᠰᠦᠨ ᠭᠠᠵᠠᠷ ᠲᠠᠷᠢᠶ᠎ᠠ ᠲᠠᠷᠢᠭᠰᠠᠨ ᠮᠡᠲᠦ᠂ ᠨᠠᠰᠤᠳᠠ ᠯᠤᠤᠰ ᠳᠠᠬᠢᠵᠤ ᠶ᠋ᠢᠨ ᠲᠤᠷᠠᠮ ᠥᠭᠴᠦ ᠸᠴᠢᠷᠪᠠᠨᠢ ᠰᠢᠲᠦᠪᠡᠰᠦ ᠰᠠᠢᠨ᠂ ᠤᠨᠤᠬᠤ ᠮᠣᠷᠢ ᠬᠥᠬᠡ ᠪᠣᠷᠣ᠂ ᠡᠮᠦᠰᠬᠦᠢ ᠬᠤᠪᠴᠠᠰᠤᠨ ᠬᠥᠬᠡ ᠰᠠᠢᠨ᠃
○ ᠴᠠᠭᠠᠨ ᠮᠣᠷᠢᠨ ᠵᠢᠯᠲᠦ ᠶ᠋ᠢᠨ ᠠᠮᠢᠨ |ᠭᠠᠯ᠂ ᠪᠡᠶ᠎ᠡ| ᠰᠢᠷᠣᠢ᠂ ᠡᠷᠬᠡᠲᠡᠨ |ᠲᠡᠮᠦᠷ᠂ ᠬᠡᠢᠮᠣᠷᠢ |ᠲᠡᠮᠦᠷ᠂ ᠰᠦᠨᠡᠰᠦ| ᠰᠢᠷᠣᠢ᠂ ᠵᠠᠮ ᠤ᠋ᠨ ᠬᠠᠪᠢᠷᠭᠠᠨ ᠤ᠋ ᠰᠢᠷᠣᠢ ᠪᠤᠶᠤ᠃ ᠡᠴᠢᠭᠡ ᠡᠬᠡ ᠳ᠋ᠡᠭᠡᠨ ᠬᠠᠷᠰᠢ ᠂ ᠠᠬ᠎ᠠ ᠳᠡᠭᠦᠦ ᠴᠤᠬᠠᠭ ᠂ ᠴᠠᠭᠠᠨ ᠰᠠᠷ᠎ᠠ ᠳ᠋ᠤᠷ ᠲᠥᠷᠥᠭᠰᠡᠨ ᠭᠠᠢᠭᠤᠢ ᠂ ᠠᠮᠢᠨ ᠣᠮᠣᠭ ᠤ᠋ᠨ ᠡᠬᠡ ᠂ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠠᠨᠤ ᠳᠤᠮᠳᠠ ᠰᠠᠢᠨ᠃ ᠢᠳᠡᠭᠡ ᠬᠤᠪᠴᠠᠰᠤᠨ ᠤ᠋ ᠬᠡᠰᠢᠭ ᠳᠤᠮᠳᠠ ᠪᠥᠭᠡᠳ ᠡᠳ᠋ ᠮᠠᠯ ᠤ᠋ᠨ ᠬᠡᠰᠢᠭ ᠦᠷ᠎ᠡ ᠲᠡᠭᠰᠢ᠂ ᠲᠩᠷᠢ ᠶ᠋ᠢᠨ ᠬᠥᠪᠡᠭᠦᠨ ᠥᠬᠢᠨ ᠠᠳᠠᠯᠢ ᠰᠠᠢᠨ ᠢᠵᠠᠭᠤᠷᠲᠠᠨ᠂ ᠡᠭᠦᠰᠬᠡᠯ ᠲᠡᠭᠦᠰᠬᠡᠯ ᠪᠣᠢ᠂ ᠭᠡᠮ ᠢ ᠥᠭᠦᠯᠡᠪᠡᠰᠦ ᠳᠡᠭᠡᠳᠦ ᠰᠠᠢᠨ ᠠᠨᠤ ᠡᠴᠦᠰ ᠲᠦ᠍ᠷ ᠪᠠᠭᠤᠷᠠᠬᠤᠢ᠂ ᠡᠳ᠋ ᠮᠠᠯ ᠲᠣᠭᠲᠠᠪᠤᠷ ᠦᠭᠡᠢ᠂ ᠠᠷᠠᠳ ᠪᠥᠭᠡᠲᠡᠯ᠎ᠡ ᠢᠬᠢᠷ ᠰᠢᠬᠢᠷ ᠭᠠᠷᠤᠵᠠ ᠬᠡᠯᠡ ᠠᠮᠠᠨ ᠪᠣᠯᠤᠮᠤᠢ᠂ ᠡᠴᠢᠭᠡ ᠡᠬᠡ ᠯᠦ᠍ᠭᠡ ᠦᠷᠭᠦᠯᠵᠢ ᠦᠯᠦ ᠵᠣᠬᠢᠬᠤ ᠠᠰᠢᠳᠠ ᠵᠠᠪᠰᠠᠷ ᠤ᠋ᠨ ᠡᠯᠢᠶ᠎ᠡ ᠬᠣᠣᠷᠯᠠᠵᠤ ᠡᠪᠡᠳᠴᠢᠨ ᠪᠣᠯᠭᠠᠮᠤ᠂ ᠨᠠᠰᠤᠳᠠ ᠲᠠᠪᠤᠨ ᠬᠠᠭᠠᠨ ᠳᠠᠬᠢᠵᠤ ᠮᠠᠷᠤᠽᠢ ᠥᠬᠢᠨ ᠲᠩᠷᠢ ᠰᠢᠲᠦᠪᠡᠰᠦ ᠰᠠᠢᠨ᠂ ᠤᠨᠤᠬᠤ ᠮᠣᠷᠢ ᠬᠥᠬᠡ ᠬᠦᠷᠡᠩ ᠰᠠᠢᠨ᠂ ᠡᠮᠦᠰᠬᠦᠢ ᠬᠤᠪᠴᠠᠰᠤᠨ ᠤᠯᠠᠭᠠᠨ ᠰᠠᠢᠨ ᠢᠪᠡᠭᠡᠯᠲᠦ᠃
○ ᠬᠠᠷ᠎ᠠ ᠮᠣᠷᠢᠨ ᠵᠢᠯᠲᠦ ᠶ᠋ᠢᠨ ᠠᠮᠢᠨ |ᠭᠠᠯ᠂ ᠪᠡᠶ᠎ᠡ | ᠮᠣᠳᠣᠨ᠂ ᠡᠷᠬᠡᠲᠡᠨ|ᠤᠰᠤ᠂ ᠬᠡᠢᠮᠣᠷᠢ| ᠲᠡᠮᠦᠷ᠂ ᠰᠦᠨᠡᠰᠦ|ᠲᠡᠮᠦᠷ᠂ ᠤᠳᠠ| ᠮᠣᠳᠣᠨ ᠪᠤᠶᠤ᠃ ᠰᠡᠳᠬᠢᠯ ᠵᠥᠭᠡᠯᠡᠨ ᠪᠢᠯᠳᠠᠤᠴᠢ ᠵᠠᠩᠲᠤ᠂ ᠪᠤᠶᠠᠨ ᠳᠤᠮᠳᠠ᠂ ᠰᠦᠰᠦᠭᠲᠡᠢ ᠪᠣᠯᠪᠠᠰᠤ ᠰᠠᠢᠨ ᠪᠢᠯᠡ ᠠᠮᠢᠨ ᠣᠮᠣᠭ ᠤ᠋ᠨ ᠳᠠᠢᠰᠤᠨ᠂ ᠡᠷᠬᠡᠲᠡᠨ ᠠᠮᠢᠨ ᠤ᠋ ᠳᠠᠢᠰᠤᠨ᠂ ᠪᠣᠯᠤᠭᠰᠠᠨ ᠵᠠᠶᠠᠭ᠎ᠠ ᠳᠤᠮᠳᠠ ᠪᠤᠶᠤ᠂ ᠭᠠᠳᠠᠷ ᠳᠣᠲᠣᠷ ᠢ᠋ᠶ᠋ᠠᠨ ᠴᠢᠳᠠᠬᠤᠢ ᠨᠠᠷᠢᠨ ᠣᠶᠤᠨᠲᠤ᠂ ᠪᠤᠰᠤᠳ ᠤ᠋ᠨ ᠲᠤᠰᠠ ᠬᠣᠣᠷ᠎ᠠ ᠶᠢ ᠢᠯᠭᠠᠨ ᠮᠡᠳᠡᠬᠦᠢ᠂ ᠢᠳᠡᠭᠡᠨ ᠬᠤᠪᠴᠠᠰᠤᠨ ᠤ᠋ ᠬᠡᠰᠢᠭ ᠳᠤᠮᠳᠠ ᠰᠠᠢᠨ᠂ ᠡᠳ᠋ ᠮᠠᠯ ᠪᠣᠢ ᠪᠥᠭᠡᠳ ᠦᠷ᠎ᠡ ᠠᠴᠢᠷ ᠳᠡᠯᠭᠡᠷᠡᠬᠦᠢ᠂ ᠡᠭᠦᠰᠬᠡᠯ ᠲᠡᠭᠦᠰᠬᠡᠯ ᠥᠴᠦᠬᠡᠨ᠂ ᠬᠥᠮᠥᠨ᠎ᠡ ᠦᠯᠦ ᠳᠠᠷᠤᠯᠠᠭᠳᠠᠬᠤ ᠪᠥᠭᠡᠳ ᠬᠢᠴᠢᠶᠡᠩᠭᠦᠢ ᠪᠣᠯᠭᠣᠮᠵᠢᠯᠠᠯ ᠪᠣᠢ ᠪᠤᠶᠤ᠂ ᠭᠡᠮ ᠢ ᠥᠭᠦᠯᠡᠪᠡᠰᠦ ᠠᠯᠠᠵᠤ ᠦᠯᠦ ᠪᠠᠷᠠᠬᠤᠢ ᠳᠠᠢᠰᠤᠨ ᠲᠠᠢ : ᠡᠴᠢᠭᠡ ᠡᠬᠡ ᠯᠦᠭᠡ ᠦᠯᠦ ᠵᠣᠬᠢᠬᠤ᠂ ᠠᠬ᠎ᠠ ᠳᠡᠭᠦᠨᠡᠷ ᠦᠯᠦ ᠲᠤᠰᠯᠠᠬᠤ᠂ ᠡᠳ᠋ ᠮᠠᠯ ᠦᠰᠬᠦᠢ ᠬᠠᠷᠢᠬᠤᠢ ᠪᠤᠶᠤ᠂ ᠥᠪᠡᠷ ᠦ᠋ᠨ ᠶᠠᠪᠤᠳᠠᠯ ᠢ ᠥᠪᠡᠷ ᠡᠪᠳᠡᠮᠦᠢ᠂ ᠲᠡᠭᠦᠨ᠎ᠡ ᠭᠠᠵᠠᠷᠤᠨ ᠡᠵᠡᠨ ᠯᠤᠤᠰ ᠬᠣᠣᠷᠯᠠᠵᠤ ᠨᠠᠰᠤᠳᠠ ᠳᠠᠢᠰᠤᠨ ᠲᠡᠭᠷᠢ ᠰᠠᠬᠢᠮᠤᠢ᠂ ᠬᠠᠮᠴᠢᠨ ᠠᠨᠠᠪᠤ ᠮᠠᠷᠤᠽᠢ ᠰᠢᠲᠦ᠂ ᠤᠨᠤᠬᠤ ᠮᠣᠷᠢ ᠬᠥᠬᠡ ᠬᠦᠷᠡᠩ᠂ ᠡᠮᠦᠰᠦᠬᠦᠢ ᠬᠤᠪᠴᠠᠰᠤᠨ ᠤᠯᠠᠭᠠᠨ ᠪᠣᠷᠣ ᠰᠠᠢᠨ ᠢᠪᠡᠭᠡᠯᠲᠦ᠃
ᠬᠣᠨᠢᠨ ᠵᠢᠯ
○ ᠬᠥᠬᠡᠭᠴᠢᠨ ᠬᠣᠨᠢᠨ ᠵᠢᠯᠲᠤ ᠶ᠋ᠢᠨ ᠠᠮᠢᠨ | ᠰᠢᠷᠣᠢ᠂ ᠪᠡᠶ᠎ᠡ | ᠲᠡᠮᠦᠷ᠂ ᠡᠷᠬᠡᠲᠡᠨ| ᠮᠣᠳᠣᠨ᠂ ᠬᠡᠢᠮᠣᠷᠢ|ᠭᠠᠯ᠂ ᠰᠦᠨᠡᠰᠦ |ᠤᠰᠤ᠂ ᠬᠤᠮᠤᠭ ᠤ᠋ᠨ ᠳᠣᠲᠣᠷᠠᠬᠢ ᠲᠡᠮᠦᠷ ᠪᠤᠶᠤ᠃ ᠢᠳᠡᠬᠦᠢ ᠡᠮᠦᠰᠬᠦᠢ ᠡᠯᠪᠡᠭ᠂ ᠨᠠᠰᠤᠨ ᠤᠷᠲᠤ ᠰᠦᠰᠦᠭᠲᠡᠢ ᠪᠣᠯᠪᠠᠰᠤ ᠰᠠᠢᠨ᠂ ᠠᠮᠢᠨ ᠣᠮᠣᠭ ᠤ᠋ᠨ ᠳᠠᠢᠰᠤᠨ᠂ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠳᠣᠣᠷᠠᠲᠤ ᠪᠤᠶᠤ᠃ ᠢᠳᠡᠭᠡᠨ ᠬᠤᠪᠴᠠᠰᠤᠨ ᠤ ᠬᠡᠰᠢᠭ ᠪᠣᠢ ᠪᠥᠭᠡᠲᠡᠯ᠎ᠡ ᠡᠳ᠋ ᠮᠠᠯ ᠤ᠋ᠨ ᠬᠡᠰᠢᠭ ᠪᠠᠭ᠎ᠠ᠂ ᠦᠷ᠎ᠡ ᠬᠥᠪᠡᠭᠦᠨ ᠪᠣᠢ ᠪᠥᠭᠡᠲᠡᠯ᠎ᠡ ᠡᠴᠢᠭᠡ ᠡᠬᠡ ᠡᠷ᠎ᠡ ᠡᠮ᠎ᠡ ᠳ᠋ᠡᠭᠡᠨ ᠬᠠᠷᠰᠢ ᠵᠠᠶᠠᠭ᠎ᠠ᠂ ᠪᠠᠢᠨ ᠪᠠᠢᠨ ᠭᠡᠮᠰᠢᠭᠦᠯᠡᠩ ᠪᠣᠯᠬᠤᠢ ᠪᠤᠶᠤ᠂ ᠳᠠᠢᠰᠤᠨ ᠡᠯᠪᠡᠭ ᠪᠥᠭᠡᠳ ᠥᠩᠭᠡ ᠰᠠᠢᠬᠠᠨ ᠤᠬᠠᠭᠠᠨ ᠭᠦᠨ᠎ᠡ ᠠᠲᠠᠯ᠎ᠠ ᠪᠤᠰᠤᠳ ᠲᠤᠷ ᠰᠤᠨᠵᠢᠭᠳᠠᠬᠤᠢ᠂ ᠡᠭᠦᠰᠬᠡᠯ ᠪᠣᠢ ᠲᠡᠭᠦᠰᠬᠡᠯ ᠦᠭᠡᠢ᠂ ᠠᠬ᠎ᠠ ᠲᠡᠭᠦᠳᠡᠷ ᠦ᠋ᠨ ᠲᠤᠰᠠ ᠦᠯᠦ ᠣᠯᠬᠤ᠂ ᠡᠳ᠋ ᠮᠠᠯ ᠲᠣᠭᠲᠠᠪᠤᠷ ᠦᠭᠡᠢ ᠪᠥᠭᠡᠳ ᠠᠰᠢᠳᠠ ᠡᠪᠡᠳᠴᠢᠨᠲᠦ ᠯᠤᠤᠰ ᠬᠣᠣᠷᠯᠠᠵᠤ ᠪᠠᠭᠤᠷᠠᠯ ᠵᠣᠪᠠᠯ ᠪᠣᠯᠤᠮᠤᠢ᠂ ᠨᠠᠰᠤᠳᠠ ᠠᠷᠢᠶᠠᠪᠠᠯᠤ ᠶ᠋ᠢ ᠳᠠᠭᠢᠪᠠᠰᠤ ᠰᠠᠢᠨ᠂ ᠤᠨᠤᠬᠤ ᠮᠣᠷᠢ ᠰᠢᠷᠭᠠᠯ᠂ ᠡᠮᠦᠰᠬᠦᠢ ᠬᠤᠪᠴᠠᠰᠤᠨ ᠬᠠᠷ᠎ᠠ ᠰᠠᠢᠨ ᠢᠪᠡᠭᠡᠯᠲᠦ ᠪᠣᠢ᠃
○ ᠤᠯᠠᠭᠠᠭᠴᠢᠨ ᠬᠣᠨᠢᠨ ᠵᠢᠯᠲᠦ ᠶ᠋ᠢᠨ ᠠᠮᠢᠨ |ᠰᠢᠷᠣᠢ᠂ ᠪᠡᠶ᠎ᠡ |ᠤᠰᠤ᠂ ᠡᠷᠬᠡᠲᠡᠨ| ᠭᠠᠯ᠂ ᠬᠡᠢᠮᠣᠷᠢ| ᠭᠠᠯ᠂ ᠰᠦᠨᠡᠰᠦ| ᠮᠣᠳᠣᠨ᠃ ᠶᠡᠬᠡ ᠮᠥᠷᠡᠨ ᠤ ᠤᠰᠤᠨ᠃ ᠪᠤᠶᠠᠨ ᠥᠴᠦᠬᠡᠨ ᠪᠣᠯᠪᠠᠴᠤ ᠴᠢᠳᠠᠯ ᠲᠡᠭᠦᠰ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠡᠬᠡ᠂ ᠵᠠᠶᠠᠭ᠎ᠠ ᠳᠣᠣᠷᠠᠲᠤ ᠠ᠋ᠴᠠ ᠳᠡᠭᠡᠭᠰᠢ᠂ ᠢᠳᠡᠬᠦᠢ ᠡᠮᠦᠰᠬᠦᠢ ᠬᠦᠴᠦᠯᠡᠨ ᠶᠠᠪᠤᠵᠤ ᠣᠯᠤᠮᠤᠢ᠂ ᠡᠳ᠋ ᠮᠠᠯ ᠤ᠋ᠨ ᠬᠡᠰᠢᠭ ᠪᠣᠢ ᠪᠣᠯᠪᠠᠴᠤ ᠡᠪᠡᠰᠦᠨ ᠤ ᠰᠢᠭᠦᠳᠡᠷᠢ ᠮᠡᠲᠦ᠂ ᠰᠡᠳᠬᠢᠯ ᠠᠷᠢᠭᠤᠨ ᠪᠣᠯᠪᠠᠰᠤ ᠡᠴᠢᠭᠡ ᠡᠬᠡ ᠶ᠋ᠢᠨ ᠬᠡᠰᠢᠭ ᠪᠤᠶᠠᠨ ᠵᠢᠷ ᠦᠷ᠎ᠡ ᠯᠦᠭᠡ ᠠᠮᠢᠳᠤᠷᠠᠮᠤᠢ᠂ ᠬᠣᠶᠠᠷ ᠭᠡᠷ ᠲᠦ᠍ ᠵᠠᠶᠠᠭᠠᠲᠤ᠂ ᠵᠣᠯᠪᠢᠨ ᠬᠥᠮᠦᠨ ᠮᠡᠲᠦ᠂ ᠨᠡᠮᠡᠬᠦᠢ ᠪᠠᠭᠤᠷᠠᠬᠤᠢ ᠣᠯᠠᠨ ᠢ ᠦᠵᠡᠬᠦᠢ᠂ ᠡᠷ᠎ᠡ ᠡᠮ᠎ᠡ ᠶ᠋ᠢ ᠲᠤᠯᠠ ᠦᠭᠡ ᠳᠠᠭᠤᠨ ᠪᠤᠯᠬᠤᠢ ᠶᠢ ᠬᠡᠴᠢᠶᠡ᠂ ᠰᠠᠢᠨ ᠮᠠᠭᠤ ᠬᠣᠶᠠᠷ ᠤ᠋ᠨ ᠡᠴᠦᠰ ᠲᠦ᠍ ᠬᠦᠷᠬᠦᠢ᠂ ᠥᠪᠡᠷ ᠪᠤᠰᠤᠳ ᠲᠤᠷ ᠬᠣᠣᠷ ᠶᠡᠭ ᠲᠤᠰᠠ ᠦᠭᠡᠢ᠂ ᠡᠭᠦᠰᠬᠡᠯ ᠪᠤᠶᠤ ᠲᠡᠭᠦᠰᠬᠡᠯ ᠦᠭᠡᠢ᠂ ᠠᠰᠢᠳᠠ ᠪᠤᠷᠲᠠᠭ ᠰᠦᠨᠡᠰᠦ ᠬᠣᠣᠷᠯᠠᠵᠤ ᠡᠪᠡᠳᠴᠢᠨ ᠪᠣᠯᠭᠠᠮᠤ᠂ ᠨᠠᠰᠤᠳᠠ ᠳ᠋ᠠᠮᠷᠠᠯ ᠰᠢᠲᠦᠵᠦ ᠤᠬᠢᠶᠠᠯ ᠤ᠋ᠨ ᠨᠣᠮ ᠢ ᠬᠢᠴᠢᠶᠡ᠂ ᠤᠨᠤᠬᠤ ᠮᠣᠷᠢ ᠰᠢᠷᠭᠠᠯ᠂ ᠡᠮᠦᠰᠬᠦᠢ ᠬᠤᠪᠴᠠᠰᠤᠨ ᠴᠠᠭᠠᠨ ᠢᠪᠡᠭᠡᠯᠲᠦ᠃
○ ᠰᠢᠷᠠᠭᠴᠢᠨ ᠬᠣᠨᠢᠨ ᠵᠢᠯᠳᠦ ᠶ᠋ᠢᠨ ᠠᠮᠢᠨ| ᠰᠢᠷᠣᠢ᠂ ᠪᠡᠶ᠎ᠡ |ᠭᠠᠯ᠂ ᠡᠷᠬᠡᠲᠡᠨ |ᠰᠢᠷᠣᠢ᠂ ᠬᠡᠢᠮᠣᠷᠢ| ᠭᠠᠯ᠂ ᠰᠦᠨᠡᠰᠦ| ᠭᠠᠯ᠂ ᠣᠭᠲᠠᠷᠭᠤᠢ ᠶ᠋ᠢᠨ ᠭᠠᠯ ᠪᠤᠶᠤ᠃ ᠰᠠᠨᠠᠭ᠎ᠠ ᠲᠦᠷᠭᠡᠨ ᠪᠤᠶᠠᠨ ᠶᠡᠬᠡ᠂ ᠦᠷ᠎ᠡ ᠡᠳ᠋ ᠮᠠᠯ ᠨᠢ ᠥᠰᠬᠡᠬᠦᠢ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠤ᠋ ᠨᠢᠭᠡᠨ ᠠᠳᠠᠯᠢ᠂ ᠳᠤᠮᠳᠠ ᠲᠡᠭᠰᠢ ᠰᠠᠢᠨ ᠵᠠᠶᠠᠭᠠᠲᠤ ᠪᠤᠶᠤ᠂ ᠢᠳᠡᠭᠡᠨ ᠬᠤᠪᠴᠠᠰᠤᠨ ᠤ᠋ ᠬᠡᠰᠢᠭ ᠳᠤᠮᠳᠠ ᠪᠣᠢ᠂ ᠡᠳ᠋ ᠮᠠᠯ ᠤ᠋ᠨ ᠬᠡᠰᠢᠭ ᠪᠣᠢ᠂ ᠡᠴᠢᠭᠡ ᠡᠬᠡ ᠨᠥᠬᠥᠷ ᠰᠡᠭᠦᠳᠡᠷ ᠲᠡᠭᠡᠨ ᠲᠤᠰᠠ ᠥᠯᠵᠡᠢᠲᠦ᠂ ᠦᠷ᠎ᠡ ᠲᠡᠭᠰᠢ ᠨᠠᠰᠤ ᠳᠤᠮᠳᠠ᠂ ᠡᠭᠦᠰᠬᠡᠯ ᠪᠣᠢ ᠲᠡᠭᠦᠰᠬᠡᠯ ᠥᠴᠦᠬᠡᠨ᠂ ᠥᠪᠡᠷ ᠪᠤᠰᠤᠳ ᠤ᠋ᠨ ᠬᠣᠣᠷ ᠪᠠ ᠲᠤᠰᠠ ᠦᠭᠡᠢ᠂ ᠰᠢᠳᠤᠷᠭᠤ ᠰᠠᠢᠨ ᠢ᠋ᠶ᠋ᠠᠷ ᠨᠠᠰᠤ ᠶ᠋ᠢᠨ ᠡᠴᠦᠰ ᠲᠦ᠍ᠷ ᠬᠥᠷᠥᠮᠦᠢ᠂ ᠬᠣᠣᠷᠯᠠᠭᠴᠢ ᠶᠡᠬᠡ ᠳᠠᠯᠠᠢ ᠶ᠋ᠢᠨ ᠯᠤᠤᠰ ᠪᠥᠭᠡᠳ ᠠᠪᠤᠷᠠᠭᠴᠢ ᠪᠠᠭᠰᠢ ᠪᠤᠶᠠᠨ ᠰᠠᠳᠤᠨ ᠡᠴᠢᠭᠡ ᠡᠬᠡ ᠪᠤᠶᠤ᠂ ᠰᠠᠢᠲᠤᠷ ᠢᠲᠡᠭᠡᠮᠵᠢᠯᠡ᠂ ᠤᠨᠤᠬᠤ ᠮᠣᠷᠢ ᠰᠢᠷᠭᠠᠯ ᠰᠠᠢᠨ᠂ ᠡᠮᠦᠰᠬᠦᠢ ᠬᠤᠪᠴᠠᠰᠤᠨ ᠤᠯᠠᠭᠠᠨ ᠰᠢᠷ᠎ᠠ ᠰᠠᠢᠨ ᠢᠪᠡᠭᠡᠯᠲᠦ᠃
○ ᠴᠠᠭᠠᠭᠴᠢᠨ ᠬᠣᠨᠢᠨ ᠵᠢᠯᠲᠦ ᠶ᠋ᠢᠨ ᠠᠮᠢᠨ| ᠰᠢᠷᠣᠢ᠂ ᠪᠡᠶ᠎ᠡ | ᠰᠢᠷᠣᠢ᠂ ᠡᠷᠬᠡᠲᠡᠨ | ᠲᠡᠮᠦᠷ᠂ ᠬᠡᠢᠮᠣᠷᠢ | ᠭᠠᠯ᠂ ᠰᠦᠨᠡᠰᠦ | ᠰᠢᠷᠣᠢ᠂ ᠵᠠᠮ ᠤ᠋ᠨ ᠬᠠᠪᠢᠷᠭᠠᠨ ᠤ᠋ ᠰᠢᠷᠣᠢ ᠪᠤᠶᠤ᠂ ᠡᠴᠢᠭᠡ ᠡᠬᠡ ᠳ᠋ᠡᠭᠡᠨ ᠬᠠᠷᠰᠢ᠂ ᠠᠬ᠎ᠠ ᠳᠡᠭᠦᠨᠡᠷ ᠴᠤᠬᠠᠭ᠂ ᠠᠮᠢᠨ ᠣᠮᠣᠭ ᠤ᠋ᠨ ᠨᠢᠭᠡᠨ ᠠᠳᠠᠯᠢ᠂ ᠡᠷᠬᠡᠲᠡᠨ ᠠᠮᠢᠨ ᠤ᠋ ᠬᠥᠪᠡᠭᠦᠨ᠂ ᠵᠠᠶᠠᠭ᠎ᠠ ᠠᠨᠤ ᠳᠣᠣᠷᠠᠲᠤ ᠪᠤᠶᠤ᠂ ᠢᠳᠡᠬᠦᠢ ᠡᠮᠦᠰᠬᠦᠢ ᠶ᠋ᠢᠨ ᠬᠡᠰᠢᠭ ᠪᠠᠭ᠎ᠠ ᠳ᠋ᠤᠷ ᠶᠡᠬᠡ ᠪᠥᠭᠡᠳ ᠡᠳ᠋ ᠮᠠᠯ ᠤ᠋ᠨ ᠬᠡᠰᠢᠭ ᠥᠴᠦᠬᠡᠨ᠂ ᠡᠭᠦᠰᠬᠡᠯ ᠪᠣᠢ ᠲᠡᠭᠦᠰᠬᠡᠯ ᠦᠭᠡᠢ᠂ ᠦᠷ᠎ᠡ ᠪᠣᠢ ᠪᠥᠭᠡᠰᠦ ᠡᠳ᠋ ᠦᠭᠡᠢ᠂ ᠡᠬᠡᠨᠡᠷ ᠬᠥᠮᠥᠨ᠎ᠡ ᠨᠡᠩ ᠮᠠᠭᠤ᠂ ᠨᠠᠰᠤᠳᠠ ᠭᠡᠮᠰᠢᠭᠦᠯᠡᠩ ᠢ ᠥᠪᠡᠷ ᠢ᠋ᠶ᠋ᠡᠨ ᠠᠪᠴᠤ ᠭᠠᠰᠠᠯᠠᠮᠤᠢ᠂ ᠰᠡᠷᠭᠦᠯᠡᠩ ᠪᠥᠭᠡᠲᠡᠯ᠎ᠡ ᠪᠤᠵᠠᠷ ᠦᠢᠯᠡᠳᠦᠭᠰᠡᠨ ᠦᠢᠯᠡᠰ ᠪᠤᠰᠤᠳ ᠲᠤᠷ ᠬᠣᠣᠷ ᠬᠠᠢᠳᠤ ᠪᠤᠶᠤ᠂ ᠲᠣᠭᠰᠢᠨ ᠰᠢᠳᠤᠷᠭᠤ ᠬᠣᠶᠠᠷ ᠤ᠋ᠨ ᠡᠴᠦᠰ ᠬᠦᠷᠬᠦᠢ᠂ ᠠᠰᠢᠳᠠ ᠵᠠᠪᠰᠠᠷ ᠤ᠋ᠨ ᠠᠯᠪᠢᠨ ᠬᠣᠣᠷᠯᠠᠵᠤ ᠬᠠᠳᠠᠭᠦᠯᠦᠮᠣᠢ᠂ ᠨᠠᠰᠤᠳᠠ ᠲᠠᠪᠤᠨ ᠬᠠᠭᠠᠨ ᠳᠣᠭᠰᠢᠳ ᠤ᠋ᠨ ᠬᠠᠩᠭᠡᠯᠢ ᠤᠩᠰᠢᠵᠤ ᠲᠣᠷᠣᠮ ᠥᠭᠭᠦᠭᠳᠡᠭᠦᠢ᠂ ᠤᠨᠤᠬᠤ ᠮᠣᠷᠢ ᠴᠠᠭᠠᠨ᠂ ᠡᠮᠦᠰᠬᠦᠢ ᠬᠤᠪᠴᠠᠰᠤᠨ ᠤᠯᠠᠭᠠᠨ ᠰᠠᠢᠨ᠃
○ ᠬᠠᠷᠠᠭᠴᠢᠨ ᠬᠣᠨᠢᠨ ᠵᠢᠯᠲᠦ ᠶ᠋ᠢᠨ ᠠᠮᠢᠨ| ᠰᠢᠷᠣᠢ᠂ ᠪᠡᠶ᠎ᠡ | ᠮᠣᠳᠣᠨ᠂ ᠡᠷᠬᠡᠲᠡᠨ |ᠤᠰᠤᠨ᠂ ᠬᠡᠢᠮᠣᠷᠢ | ᠭᠠᠯ᠂ ᠰᠦᠨᠡᠰᠦ | ᠲᠡᠮᠦᠷ᠂ ᠤᠳᠠ ᠮᠣᠳᠣ ᠪᠣᠷᠣ᠃ ᠰᠡᠳᠬᠢᠯ ᠵᠥᠭᠡᠯᠡᠨ ᠪᠤᠶᠠᠨ ᠰᠦᠰᠦᠭᠲᠡᠢ ᠪᠣᠯᠪᠠᠰᠤ ᠰᠠᠢᠨ᠂ ᠠᠮᠢᠨ ᠣᠮᠣᠭ ᠤ᠋ᠨ ᠡᠬᠡ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠳᠡᠭᠡᠳᠦ ᠪᠤᠤ᠂ ᠢᠳᠡᠭᠡᠨ ᠬᠤᠪᠴᠠᠰᠤᠨ ᠤ ᠰᠠᠢᠨ ᠢ ᠡᠲᠠᠯᠠᠨ ᠡᠳ᠋ ᠮᠠᠯ ᠤ᠋ᠨ ᠬᠡᠰᠢᠭ ᠶᠡᠬᠡ ᠲᠡᠭᠷᠢ ᠶ᠋ᠢᠨ ᠬᠥᠪᠡᠭᠦᠨ ᠥᠬᠢᠨ ᠮᠡᠲᠦ᠂ ᠡᠭᠦᠰᠬᠡᠯ ᠲᠡᠭᠦᠰᠬᠡᠯ ᠪᠣᠢ᠂ ᠦᠷ᠎ᠡ ᠨᠠᠰᠤᠨ ᠲᠡᠭᠰᠢ᠂ ᠰᠡᠳᠬᠢᠯ ᠠᠷᠢᠭᠤᠨ ᠪᠥᠭᠡᠲᠡᠯ᠎ᠡ ᠭᠦᠵᠢᠷᠯᠡᠬᠦ ᠦᠭᠡᠰ ᠪᠤᠯᠬᠤᠢ᠂ ᠡᠳ᠋ ᠮᠠᠯ ᠦᠰᠬᠦᠢ ᠪᠠᠭᠤᠷᠠᠬᠤᠢ᠂ ᠨᠠᠭᠠᠴᠤ ᠶ᠋ᠢᠨ ᠡᠲᠡᠭᠡᠳ ᠦ᠋ᠨ ᠴᠢᠳᠬᠥᠷ ᠬᠣᠣᠷᠯᠠᠵᠤ ᠡᠪᠡᠳᠴᠢᠨ ᠪᠣᠯᠤᠮᠤᠢ᠂ ᠣᠨᠢᠷ ᠰᠠᠳᠤᠨ ᠤ᠋ ᠵᠦᠭ ᠡᠴᠡ ᠬᠡᠷᠡᠭᠦᠯ ᠪᠣᠯᠤᠭᠴᠢ᠂ ᠨᠠᠰᠤᠳᠠ ᠨᠠᠢ᠍ᠮᠠᠨ ᠭᠡᠭᠡᠨ ᠤ ᠳᠣᠩᠭᠢᠯᠠᠢ ᠪᠠ ᠭᠤᠷᠪᠠᠨ ᠢᠵᠠᠭᠤᠷᠲᠠᠨ ᠪᠤᠷᠬᠠᠨ ᠰᠢᠲᠦᠪᠡᠰᠦ ᠰᠠᠢᠨ᠂ ᠤᠨᠤᠬᠤ ᠮᠣᠷᠢ ᠰᠢᠷᠭᠠᠯ ᠰᠠᠢᠨ᠂ ᠡᠮᠦᠰᠬᠦᠢ ᠬᠤᠪᠴᠠᠰᠤᠨ ᠬᠠᠷ᠎ᠠ ᠥᠩᠭᠡᠲᠦ ᠢᠪᠡᠭᠡᠯᠲᠦ᠃
