ᠭᠡᠷᠭᠡᠢ ᠳᠡᠭᠡᠳᠦᠯᠡᠬᠦ ᠰᠣᠨᠠᠲ – ᠴᠣ ᠂ ᠣᠷᠱᠤᠨ Гэргий дээдлэх сонат – Чо ᠂ Оршин
ᠭᠡᠷᠭᠡᠢ ᠳᠡᠭᠡᠳᠦᠯᠡᠬᠦ ᠰᠣᠨᠠᠲ
1
ᠰᠢᠬᠡᠷᠴᠢᠨ ᠣᠪᠣᠭ ᠤ᠋ᠨ ᠥᠬᠢᠨ ᠵᠠᠶᠠᠭ᠎ᠠ
ᠰᠡᠳᠬᠢᠯ ᠳ᠋ᠦ᠍ ᠪᠠᠭᠤᠭᠰᠠᠨ ᠮᠢᠨᠦ ᠣᠳᠣ
ᠡᠷᠬᠢᠮᠰᠦᠭ ᠴᠣᠭᠴᠠᠰ ᠭᠡᠷᠭᠡᠢ ᠬᠠᠢᠯᠠᠬᠤ
ᠡᠬᠡ ᠶ᠋ᠢᠨ ᠤᠶᠠᠬᠠᠨ ᠬᠥᠮᠦᠨ ᠬᠣᠷᠸ᠎ᠠ᠃
2
ᠭᠠᠯᠵᠤᠳ ᠭᠣᠯᠣᠮᠲᠠ ᠶ᠋ᠢᠨ ᠬᠣᠷᠯᠣ ᠲᠣᠭᠣᠨᠣ
ᠭᠠᠯ ᠢ᠋ ᠨᠣᠴᠣᠭᠠᠭᠰᠠᠨ ᠮᠥᠩᠬᠡ ᠲᠤᠯᠭ᠎ᠠ
ᠦᠨᠳᠦᠰᠦ ᠵᠠᠯᠭᠠᠳᠠᠭ ᠡᠭᠦᠷᠢᠳᠡ ᠶ᠋ᠢᠨ ᠬᠡᠯᠬᠢᠶ᠎ᠡ
ᠦᠢᠯᠡᠰ ᠪᠤᠰᠬᠠᠭᠰᠠᠨ ᠮᠢᠨᠦ ᠲᠦᠰᠢᠭ᠃
3
ᠠᠢᠯ ᠤ᠋ᠨ ᠳᠠᠢᠲᠠᠢ ᠡᠬᠡ ᠲᠩᠷᠢ
ᠠᠪᠤ ᠶ᠋ᠢ ᠮᠢᠨᠢ ᠬᠦᠨᠳᠦᠯᠡᠭᠰᠡᠨ ᠪᠡᠷᠢ ᠰᠢᠭ᠋ ᠪᠡᠷᠢ
ᠬᠥᠮᠦᠨ ᠦ᠌ ᠬᠠᠢᠷ᠎ᠠ ᠶ᠋ᠢ ᠴᠢᠮ᠎ᠠ ᠠ᠋ᠴᠠ ᠡᠳ᠋ᠯᠡᠨ᠎ᠡ
ᠬᠦᠰᠡᠯ ᠦ᠋ᠨ ᠠᠷᠢᠭᠤᠨ ᠢ᠋ ᠴᠢᠮ᠎ᠠ ᠠ᠋ᠴᠠ ᠬᠦᠷᠲᠡᠨ᠎ᠡ᠃
4
ᠤᠬᠢᠯᠠᠵᠤ ᠪᠠᠶᠠᠰᠬᠤ ᠡᠩ ᠣᠷᠴᠢᠯᠠᠩ ᠳ᠋ᠤ᠌
ᠤᠬᠠᠭᠠᠨ ᠲᠡᠳᠬᠦᠵᠦ ᠨᠥᠬᠥᠷ ᠢ᠋ᠶ᠋ᠡᠨ ᠬᠠᠢᠷᠠᠯᠠᠭᠰᠠᠨ᠂
ᠶᠠᠳᠠᠷᠠᠬᠤ ᠴᠠᠭ ᠲᠤ ᠢᠲᠡᠭᠡᠯ ᠦ᠋ᠨ ᠬᠦᠴᠦᠨ
ᠴᠢᠳᠠᠬᠤ ᠮᠥᠴᠡ ᠳ᠋ᠦ᠍ ᠰᠡᠳᠬᠢᠯ ᠪᠠᠬᠠᠷᠬᠠᠯ᠃
5
ᠨᠠᠢᠳᠠᠨ ᠵᠢᠷᠭᠠᠭᠠᠬᠤ ᠡᠷ᠎ᠡ ᠬᠠᠨᠢ ᠴᠢᠨᠢ
ᠨᠠᠷᠠᠨ ᠰᠠᠷᠠᠨ ᠢ᠋ᠶ᠋ᠠᠷ ᠳᠠᠭᠤᠯᠠᠨ ᠰᠠᠭᠤᠶ᠎ᠠ!
ᠨᠠᠮᠠᠶ᠋ᠢ ᠴᠢᠮᠠᠶ᠋ᠢ ᠠᠰᠠᠷᠠᠬᠤ ᠦᠷ᠎ᠡ ᠶ᠋ᠢᠨ
ᠨᠠᠯᠠᠭᠠᠷ ᠠᠮᠢᠳᠤᠷᠠᠯ ᠳ᠋ᠤ᠌ ᠪᠠᠬᠠᠳᠤᠨ ᠥᠶᠥᠭᠰᠢᠶᠡ!
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 19
