ᠮᠣᠷᠢᠲᠠᠢ ᠰᠢᠯᠦᠭ- ᠱ᠂ ᠭᠦᠷᠦᠪᠠᠽᠠᠷМорьтой шүлэг-Ш᠂ Гүрбазар
ᠮᠣᠷᠢᠲᠠᠢ ᠰᠢᠯᠦᠭ
ᠱ᠂ ᠭᠦᠷᠦᠪᠠᠽᠠᠷ
ᠭᠤᠷᠪᠠᠨ ᠬᠥᠯ ᠨᠢ
ᠭᠤᠷᠮᠤᠰᠤᠨ ᠰᠤᠷ ᠢ᠋ᠶ᠋ᠠᠷ ᠲᠤᠰᠢᠶᠠᠲᠠᠢ ᠴᠤ᠌
ᠳᠥᠷᠪᠡᠯᠵᠢᠨ ᠰᠠᠨᠠᠭᠠᠨ ᠳ᠋ᠠᠭᠠᠨ
ᠳᠥᠷᠥᠭᠡ ᠰᠡᠳᠡᠷᠡᠲᠡᠯ᠎ᠡ ᠢᠨᠴᠠᠭᠠᠳᠠᠭ
ᠠᠳᠤᠭᠤ ᠰᠢᠭ᠋ ᠰᠢᠯᠦᠭ ᠪᠢᠴᠢᠬᠦ ᠰᠠᠨ
ᠭᠤᠴᠢᠨ ᠭᠤᠷᠪᠠᠨ ᠭᠣᠪᠢ ᠶ᠋ᠢ
ᠬᠥᠲᠥᠯᠦᠭᠡ ᠮᠣᠷᠢᠲᠠᠢ ᠳᠠᠮᠨᠠᠬᠤ ᠳ᠋ᠤ᠌
ᠭᠠᠤᠯᠢᠨ ᠰᠢᠷᠭᠠᠯ ᠵᠣ ᠳ᠋ᠠᠭᠠᠨ
ᠨᠠᠷᠠ ᠡᠪᠰᠢᠶᠡᠯᠭᠡᠭᠰᠡᠨ
ᠥᠷᠲᠡᠭᠡᠴᠢᠨ ᠦ᠌ ᠤᠯᠠᠭ᠎ᠠ ᠰᠢᠭ᠋ ᠰᠢᠯᠦᠭ ᠪᠢᠴᠢᠬᠦ ᠰᠠᠨ
ᠪᠣᠲᠣᠭᠣ ᠨᠢ ᠡᠭᠡᠬᠦ ᠳ᠋ᠡᠭᠡᠨ ᠭᠤᠩᠭᠠᠨᠢᠭᠠᠳ
ᠲᠣᠷᠣᠮ ᠨᠢ ᠵᠠᠭᠢᠰᠳᠠᠭ ᠲᠣᠭᠣᠷᠢᠭᠠᠳ
ᠪᠣᠰᠤᠭ᠎ᠠ ᠰᠢᠷᠭᠠᠯ ᠲᠤᠯᠤᠭᠠᠳ
ᠡᠯᠡᠰᠦ ᠪᠡᠷ ᠢ᠋ᠶ᠋ᠡᠨ ᠰᠠᠮᠤᠷᠬᠤ ᠰᠢᠭ᠋ ᠰᠢᠯᠦᠭ ᠪᠢᠴᠢᠬᠦ ᠰᠠᠨ
ᠳᠣᠷᠣᠨ᠎ᠠ ᠶ᠋ᠢᠨ ᠪᠤᠭᠤᠷᠤᠯ ᠪᠦᠪᠡᠢ ᠶ᠋ᠢ
ᠥᠯᠥᠭᠡᠢ ᠳ᠋ᠡᠭᠡᠨ ᠬᠦᠯᠬᠦᠭᠰᠡᠨ ᠦ᠌ ᠬᠢ ᠶᠠᠭᠤ ᠪᠢᠯᠡ
ᠳᠣᠮᠣᠭ ᠤ᠋ᠨ ᠴᠠᠭᠠᠨ ᠠᠵᠢᠷᠭ᠎ᠠ
ᠥᠭᠡᠳᠡ ᠡᠴᠡ ᠮᠢᠨᠢ ᠬᠠᠲᠠᠷᠢᠲᠠᠯᠠ ᠰᠢᠯᠦᠭ ᠪᠢᠴᠢᠬᠦ ᠰᠠᠨ
ᠮᠣᠷᠢᠲᠠᠢ ᠰᠢᠯᠦᠭ ᠪᠢᠴᠢᠬᠦ ᠰᠠᠨ
ᠮᠣᠩᠭᠣᠯ ᠰᠢᠯᠦᠭ ᠪᠢᠴᠢᠬᠦ ᠰᠠᠨ
ᠡᠷᠡᠮᠡᠭ ᠳᠥᠷᠪᠡᠨ ᠲᠤᠭᠤᠷᠠᠢ ᠪᠠᠷ
ᠭᠠᠵᠠᠷ ᠪᠥᠮᠪᠥᠷᠳᠡᠭᠰᠡᠨ
ᠬᠥᠭ ᠲᠡᠢ ᠰᠢᠯᠦᠭ ᠪᠢᠴᠢᠬᠦ ᠰᠠᠨ ᠡᠷᠭᠡᠯ ᠬᠣᠶᠠᠷ ᠵᠢᠭᠠᠰᠤ
ᠨᠠᠷᠠᠨ ᠳ᠋ᠤ᠌ ᠦᠦᠷᠰᠡᠭᠰᠡᠨ
ᠳᠣᠮᠣᠭ ᠤ᠋ᠨ ᠰᠢᠯᠦᠭ ᠪᠢᠴᠢᠬᠦ ᠰᠠᠨ
ᠢᠵᠢᠢ ᠭᠡᠭᠦᠦ ᠳ᠋ᠡᠭᠡᠨ ᠳᠠᠭ᠎ᠠ ᠨᠢ ᠥᠰᠥᠷᠬᠡᠳᠡᠭ ᠰᠢᠭ
ᠤᠶᠠᠬᠠᠨ ᠰᠢᠯᠦᠭ ᠪᠢᠴᠢᠬᠦ ᠰᠠᠨ
ᠢᠵᠢᠯᠢ ᠲᠩᠷᠢ ᠲᠡᠢ ᠳ᠋ᠡᠭᠡᠨ ᠠᠷᠰᠠᠯᠳᠤᠭᠰᠠᠨ
ᠴᠢᠨᠣ᠎ᠠ ᠰᠢᠭ᠋ ᠰᠢᠯᠦᠭ ᠪᠢᠴᠢᠬᠦ ᠰᠠᠨ
ᠳᠡᠯᠡᠬᠡᠢ ᠶ᠋ᠢᠨ ᠲᠠᠯ᠎ᠠ ᠪᠠᠷ ᠢᠨᠴᠠᠭᠠᠭᠰᠠᠨ
ᠠᠳᠤᠭᠤ ᠰᠢᠭ᠋ ᠰᠢᠯᠦᠭ ᠪᠢᠴᠢᠬᠦ ᠰᠠᠨ
ᠳᠡᠪᠡᠯ ᠪᠥᠰᠡᠨ ᠳ᠋ᠡᠭᠡᠨ ᠬᠡᠢᠮᠣᠷᠢ ᠲᠠᠢ ᠪᠠᠨ ᠵᠠᠩᠭᠢᠳᠤᠭᠰᠠᠨ
ᠡᠷ᠎ᠡ ᠬᠥᠮᠦᠨ ᠰᠢᠭ ᠰᠢᠯᠦᠭ ᠪᠢᠴᠢᠬᠦ ᠰᠠᠨ
ᠳᠡᠭᠡᠪᠦᠷ ᠲᠤᠭᠤᠷᠭᠠᠨ ᠳ᠋ᠠᠭᠠᠨ ᠭᠣᠯᠣᠮᠲᠠ ᠨᠢ ᠢᠪᠢᠯᠦᠭᠰᠡᠨ
ᠶᠡᠬᠡ ᠭᠡᠷ ᠰᠢᠭ ᠰᠢᠯᠦᠭ ᠪᠢᠴᠢᠬᠦ ᠰᠠᠨ
ᠮᠣᠷᠢᠲᠠᠢ ᠰᠢᠯᠦᠭ ᠪᠢᠴᠢᠬᠦ ᠰᠠᠨ
ᠮᠣᠩᠭᠣᠯ ᠰᠢᠯᠦᠭ ᠪᠢᠴᠢᠬᠦ ᠰᠠᠨ
ᠭᠤᠷᠪᠠᠨ ᠬᠤᠰᠢᠭᠤᠨ ᠳ᠋ᠤ᠌ ᠠᠶᠠᠯᠤᠭᠠᠳ ᠳᠠᠭᠤᠰᠳᠠᠭ ᠦᠭᠡᠢ ᠯᠡ
ᠠᠷᠠᠳ ᠤ᠋ᠨ ᠳᠠᠭᠤᠤ ᠰᠢᠭ᠋ ᠰᠢᠯᠦᠭ ᠪᠢᠴᠢᠬᠦ ᠰᠠᠨ
ᠭᠤᠶᠤᠯᠭᠠᠴᠢᠨ ᠪᠠᠢᠭᠰᠠᠨ ᠴᠤ᠌ ᠲᠡᠪᠡᠷᠢᠭᠡᠳ ᠠᠪᠳᠠᠭ
ᠠᠴᠢᠯᠠᠬᠤᠢ ᠡᠩᠭᠡᠷ ᠭᠠᠵᠠᠷ ᠰᠢᠷᠣᠢ ᠰᠢᠭ᠋ ᠢ᠋ᠶ᠋ᠡᠨ ᠰᠢᠯᠦᠭ ᠪᠢᠴᠢᠬᠦ ᠰᠠᠨ
ᠰᠠᠭᠠᠭ ᠳᠣᠭᠤᠷᠠᠢᠰ ᠤ᠋ᠨ ᠰᠠᠯᠬᠢ ᠲᠠᠢ
ᠮᠣᠷᠢᠲᠠᠢ ᠰᠢᠯᠦᠭ ᠪᠢᠴᠢᠬᠦ ᠰᠠᠨ
ᠰᠠᠯᠬᠢ ᠨᠢ ᠬᠦᠷᠲᠡᠯ᠎ᠡ ᠢᠰᠬᠡᠷᠳᠡᠭ
ᠮᠣᠩᠭᠣᠯ ᠰᠢᠯᠦᠭ ᠪᠢᠴᠢᠬᠦ ᠰᠠᠨ
( ᠰᠢᠯᠦᠭ ᠦ᠋ᠨ ᠰᠢᠯᠦᠭ ᠢ᠋ᠶ᠋ᠡᠨ ᠬᠠᠷᠠᠭᠠᠳ ᠳᠠᠬᠢᠭᠠᠳ ᠪᠢᠴᠢᠭᠰᠡᠨ ᠰᠢᠯᠦᠭ)
ᠦᠰᠦᠭ ᠠᠮᠢᠯᠠᠭᠤᠯᠤᠭᠴᠢ᠄ ᠡᠩᠬᠡᠪᠠᠲᠤ
ᠬᠢᠨᠠᠭᠴᠢ᠄ ᠣᠳᠬᠠᠨᠰᠪᠠ
2024 .4 .12
