ᠪᠠᠶᠠᠰᠤᠯᠳᠤ ᠨᠠᠭᠠᠳᠤᠮБаясалд наадам
ᠪᠠᠶᠠᠰᠤᠯᠳᠤ ᠨᠠᠭᠠᠳᠤᠮ
ᠲᠥᠷᠥᠵᠦ ᠥᠰᠦᠭᠰᠡᠨ ᠨᠤᠲᠤᠭ ᠲᠤ᠌ ᠪᠠᠨ ᠪᠢ
ᠲᠥᠭᠡᠷᠢᠵᠦ ᠶᠠᠪᠤᠬᠤ ᠶ᠋ᠢᠨ ᠤᠴᠢᠷ ᠦᠭᠡᠢ
ᠲᠦᠮᠡᠨ ᠠᠭᠲᠠ ᠶ᠋ᠢᠨ ᠲᠦᠪᠡᠷᠭᠡᠨ ᠢ᠋ᠶ᠋ᠡᠷ
ᠲᠣᠭᠣᠰᠣᠨ ᠳᠤᠮᠳᠠᠭᠤᠷ ᠢᠰᠬᠡᠷᠴᠦ ᠶᠠᠪᠤᠯ᠎ᠠ ᠪᠢ
ᠬᠠᠲᠠᠭᠤ ᠬᠠᠭᠤᠷᠠᠢ ᠰᠢᠷᠣᠢ ᠪᠠᠷ ᠨᠢ ᠪᠢ
ᠭᠠᠷ ᠲᠤ ᠪᠠᠨ ᠠᠳᠬᠤᠭᠠᠳ ᠤᠬᠢᠯᠠᠮᠠᠷ ᠦᠭᠡᠢ
ᠭᠠᠯᠪᠠ ᠳ᠋ᠤ᠌ ᠭᠠᠭᠴᠠᠬᠠᠨ ᠨᠤᠲᠤᠭ ᠲᠤ᠌ ᠪᠠᠨ ᠪᠢ
ᠭᠠᠭᠴᠠᠭᠠᠷᠳᠠᠵᠤ ᠶᠠᠪᠤᠬᠤ ᠶ᠋ᠢᠨ ᠤᠴᠢᠷ ᠦᠭᠡᠢ
ᠬᠠᠢᠷ᠎ᠠ ᠪᠠᠨ ᠭᠡᠭᠰᠡᠭᠡᠷ ᠥᠪᠥᠷ ᠮᠣᠩᠭᠣᠯ ᠣᠷᠣᠨ ᠳ᠋ᠤ᠌ ᠪᠠᠨ
ᠬᠠᠷᠠᠮ ᠦᠭᠡᠢ ᠪᠦᠬᠦᠨ ᠢ᠋ᠶ᠋ᠡᠨ ᠡᠷᠭᠦᠨ᠎ᠡ ᠰᠢᠦ᠂
ᠨᠠᠢᠷ ᠤ᠋ᠨ ᠬᠤᠨᠳᠠᠭ᠎ᠠ ᠲᠠᠢ᠂ ᠨᠠᠭᠠᠳᠤᠮ ᠤ᠋ᠨ ᠳᠠᠭᠤᠯᠠᠯ ᠲᠠᠢ
ᠨᠡᠷᠡᠲᠦ ᠶ᠋ᠢᠨ ᠳᠡᠭᠡᠵᠢ ᠨᠢ ᠥᠪᠥᠷ ᠮᠣᠩᠭᠣᠯ ᠮᠢᠨᠢ᠃
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠣᠳᠬᠠᠨᠰᠤ᠎ᠠ
