ᠵᠡᠷᠯᠢᠭ ᠪᠢᠳᠢᠪᠠᠯᠠЗэрлиг бидбал ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠡᠷᠯᠢᠭ ᠪᠢᠳᠢᠪᠠᠯᠠЗэрлиг бидбал

ᠵᠡᠷᠯᠢᠭ ᠪᠢᠳᠢᠪᠠᠯᠠЗэрлиг бидбал

2024-04-25

349

ᠵᠡᠷᠯᠢᠭ ᠪᠢᠳᠢᠪᠠᠯᠠ

                      ᠤᠰᠤᠨ  ᠲᠦᠷᠦᠭᠦᠦ  ᠶ᠋ᠢᠨ ᠢᠵᠠᠭᠤᠷ 
       ᠨᠠᠮᠤᠭ ᠲᠤ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠃ ᠦᠨᠳᠦᠰᠦᠯᠢᠭ ᠡᠰᠢ ᠨᠢ ᠬᠥᠨᠳᠡᠯᠡᠨ ᠤᠷᠭᠤᠨ᠎ᠠ᠂ ᠦᠵᠦᠭᠦᠷ ᠲᠤᠨᠢ ᠬᠠᠢᠷᠰᠤᠨ ᠢᠯᠲᠠᠰᠤ ᠪᠦᠬᠦᠢ ᠪᠥᠮᠪᠦᠭᠡᠨ ᠬᠡᠯᠪᠡᠷᠢᠲᠦ ᠲᠥᠮᠥᠰᠥᠯᠢᠭ ᠡᠰᠢ ᠲᠡᠢ᠃ ᠨᠠᠪᠴᠢ ᠨᠢ ᠣᠵᠣᠭᠣᠷ ᠠ᠋ᠴᠠ ᠪᠠᠭᠯᠠᠷᠠᠨ ᠤᠷᠭᠤᠨ᠎ᠠ᠂ ᠲᠣᠮᠣ᠂ ᠭᠤᠷᠪᠠᠯᠵᠢᠨ ᠰᠤᠮᠤᠨ ᠬᠡᠯᠪᠡᠷᠢ ᠲᠡᠢ᠂ ᠣᠷᠣᠢ ᠳ᠋ᠠᠬᠢ ᠵᠢᠵᠢᠭ ᠢᠯᠲᠠᠰᠤ ᠨᠢ5—15cm  ᠤᠷᠲᠤ᠂ ᠬᠣᠶᠠᠷ ᠬᠠᠵᠠᠭᠤ ᠶ᠋ᠢᠨ ᠳᠣᠷᠣᠭᠰᠢ ᠤᠷᠭᠤᠭᠰᠠᠨ ᠵᠢᠵᠢᠭ ᠢᠯᠲᠠᠰᠤ ᠨᠢ ᠣᠷᠣᠢ ᠳ᠋ᠠᠬᠢ ᠵᠢᠵᠢᠭ ᠢᠯᠲᠠᠰᠤ ᠠ᠋ᠴᠠ ᠵᠢᠭᠠᠬᠠᠨ ᠤᠷᠲᠤ᠂ ᠬᠠᠪᠲᠠᠭᠠᠢ ᠲᠡᠪᠡᠨᠡ ᠬᠡᠯᠪᠡᠷᠢ ᠲᠡᠢ᠂ ᠱᠣᠪᠬᠣ ᠦᠵᠦᠭᠦᠷ ᠲᠡᠢ ;  ᠨᠠᠪᠴᠢᠨ ᠤ᠋ ᠪᠠᠷᠢᠭᠤᠯ ᠨᠢ ᠤᠷᠲᠤ ᠮᠥᠷᠲᠡᠭᠡᠨ ᠪᠦᠳᠦᠭᠦᠨ᠂ ᠤᠭ ᠲᠤᠨᠢ ᠥᠷᠭᠡᠨ ᠶᠡᠬᠡ ᠲᠣᠭᠳᠣᠢ ᠲᠠᠢ᠃ ᠴᠡᠴᠡᠭ ᠨᠢ ᠭᠠᠭᠴᠠ ᠪᠡᠯᠭᠡ ᠲᠡᠢ᠂ ᠨᠢᠭᠡ ᠭᠡᠷ ᠲᠡᠢ᠂ ᠴᠠᠴᠤᠭ ᠬᠡᠯᠪᠡᠷᠢᠲᠦ ᠪᠠᠭ ᠴᠡᠴᠡᠭ ᠪᠦᠷᠢᠯᠳᠦᠬᠦ ᠪᠥᠭᠡᠳ ᠶᠡᠷᠦᠩᠬᠡᠢ ᠴᠡᠴᠡᠭ ᠦ᠋ᠨ ᠪᠠᠷᠢᠭᠤᠯ ᠲᠠᠢ ; ᠴᠡᠴᠡᠭ ᠨᠢ ᠴᠠᠭᠠᠨ᠂ ᠪᠠᠷᠢᠭᠤᠯ ᠲᠠᠢ᠂ ᠳᠤᠭᠤᠢᠷᠠᠨ ᠤᠷᠭᠤᠨ᠎ᠠ ;  ᠴᠡᠴᠡᠭ ᠦ᠋ᠨ ᠲᠣᠭᠳᠣᠢ ᠶ᠋ᠢᠨ ᠢᠯᠲᠠᠰᠤ ᠨᠢ ᠭᠤᠷᠪᠠ᠂ ᠲᠣᠭᠣᠷᠢᠭ ᠬᠡᠯᠪᠡᠷᠢ ᠲᠡᠢ ;  ᠴᠡᠴᠡᠭ ᠦ᠋ᠨ ᠬᠡᠯᠲᠡᠰ ᠨᠢ ᠭᠤᠷᠪᠠ᠂ ᠪᠠᠷᠤᠭ ᠲᠣᠭᠣᠷᠢᠭ᠂ ᠴᠡᠴᠡᠭ ᠦ᠋ᠨ  ᠲᠣᠭᠳᠣᠢ  ᠶ᠋ᠢᠨ  ᠢᠯᠲᠠᠰᠤ ᠠ᠋ᠴᠠ ᠲᠣᠮᠣ ;  ᠡᠷ᠎ᠡ ᠴᠡᠴᠡᠭ ᠨᠢ ᠶᠡᠷᠦᠩᠬᠡᠢ ᠪᠠᠭ ᠴᠡᠴᠡᠭ ᠦ᠋ᠨ ᠢ᠋ᠶ᠋ᠡᠨ ᠳᠡᠭᠡᠳᠦ ᠬᠡᠰᠡᠭ ᠲᠤ ᠤᠷᠭᠤᠬᠤ ᠪᠥᠭᠡᠳ ᠰᠢᠷ᠎ᠠ ᠥᠩᠭᠡᠲᠦ ᠣᠯᠠᠨ ᠡᠷ᠎ᠡ ᠲᠣᠭᠣᠷᠴᠣᠭ ᠲᠠᠢ ;  ᠡᠮ᠎ᠡ ᠴᠡᠴᠡᠭ ᠨᠢ ᠨᠡᠯᠢᠶᠡᠳ ᠴᠥᠭᠡᠨ᠂ ᠶᠡᠷᠦᠩᠬᠡᠢ ᠪᠠᠭ ᠴᠡᠴᠡᠭ ᠦ᠋ᠨ ᠳᠣᠣᠷᠠᠲᠤ ᠬᠡᠰᠡᠭ ᠲᠤ ᠤᠷᠭᠤᠨ᠎ᠠ᠂ ᠣᠯᠠᠨ ᠡᠮ᠎ᠡ ᠲᠣᠭᠣᠷᠴᠣᠭ ᠲᠠᠢ᠃ ᠵᠢᠮᠢᠰ ᠨᠢ ᠪᠥᠮᠪᠥᠭᠡᠯᠢᠭ᠂ ᠭᠦᠢᠬᠡᠨ ᠨᠣᠭᠣᠭᠠᠨ᠃
          ᠭᠦᠢᠬᠡᠨ ᠤᠰᠤᠲᠤ ᠭᠣᠣ᠂ ᠭᠣᠷᠣᠬ᠎ᠠ᠂ ᠨᠠᠭᠤᠷ ᠴᠥᠭᠥᠷᠥᠮ ᠦ᠋ᠨ  ᠬᠥᠪᠡᠭᠡ ᠬᠢᠭᠡᠳ ᠤᠰᠤᠨ ᠲᠠᠷᠢᠶᠠᠨ ᠳ᠋ᠤ᠌ ᠤᠷᠭᠤᠨ᠎ᠠ᠃
         ᠮᠠᠨ ᠤ᠋ ᠤᠯᠤᠰ ᠤ᠋ᠨ ᠡᠯ᠎ᠡ ᠮᠣᠵᠢ ᠣᠷᠣᠨ ᠳ᠋ᠤ᠌ ᠪᠠᠷᠤᠭ ᠪᠦᠷ ᠤᠷᠭᠤᠳᠠᠭ᠃
         ᠪᠥᠮᠪᠦᠭᠡᠨ ᠬᠡᠯᠪᠡᠷᠢᠲᠦ ᠲᠥᠮᠥᠰᠥᠯᠢᠭ ᠡᠰᠢ ᠨᠢ ᠡᠯᠪᠡᠭ ᠴᠠᠷᠳᠠᠭᠤᠯ ᠲᠠᠢ ᠪᠣᠯᠬᠣᠷ ᠢᠳᠡᠬᠦ ᠪᠤᠶᠤ ᠠᠷᠢᠬᠢ ᠨᠡᠷᠡᠵᠦ ᠪᠣᠯᠤᠨ᠎ᠠ᠃ ᠭᠠᠵᠠᠷ ᠳᠡᠭᠡᠷᠡᠬᠢ ᠡᠰᠢ ᠪᠡᠷ ᠨᠢ ᠭᠠᠬᠠᠢ ᠶ᠋ᠢᠨ ᠪᠣᠷᠳᠣᠭ᠎ᠠ ᠬᠢᠳᠡᠭ᠃
                   ᠬᠢᠲᠠᠳ ᠨᠡᠷ᠎ᠡ᠄野慈姑
                  ᠠᠩᠭ᠌ᠯᠢ ᠨᠡᠷ᠎ᠡ᠄ Sagittaria trifolia L.

                    ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
                    ᠬᠢᠨᠠᠭᠴᠢ᠄ ᠫᠣ·  ᠴᠠᠭᠠᠨ   ᠰᠡᠭᠡᠭᠡᠷᠡᠯ ᠣᠳᠬᠠᠰᠣ᠎ᠠ