ᠵᠢᠷᠠᠨ ᠵᠢᠰᠦ ᠬᠡᠮᠡᠬᠦ ᠭᠡᠭᠡᠨ ᠲᠣᠯᠢ ᠣᠷᠣᠰᠢᠮᠤᠢ - 2 Жаран зүс хэмээх гэгээн толь оршмуй - 2 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠠᠨ ᠵᠢᠰᠦ ᠬᠡᠮᠡᠬᠦ ᠭᠡᠭᠡᠨ ᠲᠣᠯᠢ ᠣᠷᠣᠰᠢᠮᠤᠢ - 2 Жаран зүс хэмээх гэгээн толь оршмуй - 2

ᠵᠢᠷᠠᠨ ᠵᠢᠰᠦ ᠬᠡᠮᠡᠬᠦ ᠭᠡᠭᠡᠨ ᠲᠣᠯᠢ ᠣᠷᠣᠰᠢᠮᠤᠢ - 2 Жаран зүс хэмээх гэгээн толь оршмуй - 2

ᠠᠩᠭᠢᠯᠠᠯ:ᠵᠠᠩ ᠦᠢᠯᠡ
2024-04-25

319

ᠵᠢᠷᠠᠨ ᠵᠢᠰᠦ ᠥᠩᠭᠡ ᠶ᠋ᠢᠨ ᠵᠢᠯᠤᠨ ᠵᠠᠶᠠᠭ᠎ᠠ ᠡᠳᠦᠢ ᠲᠡᠳᠦᠢ ᠪᠢᠴᠢᠭᠰᠡᠨ ᠪᠣᠢ :  

ᠬᠤᠯᠤᠭᠠᠨ᠎ᠠ ᠵᠢᠯ

   ○ ᠬᠥᠬᠡ ᠬᠤᠯᠤᠭᠠᠨ᠎ᠠ ᠵᠢᠯᠲᠦ ᠶ᠋ᠢᠨ ᠠᠮᠢᠨ– ᠤᠰᠤ᠂ ᠪᠡᠶ᠎ᠡ – ᠲᠡᠮᠦᠷ᠂ ᠡᠷᠬᠡᠲᠡᠨ – ᠮᠣᠳᠣ᠂ ᠬᠡᠢᠮᠣᠷᠢ – ᠮᠣᠳᠣᠨ᠂ ᠰᠦᠨᠡᠰᠦ – ᠤᠰᠤ ᠪᠤᠶᠤ᠃ ᠳᠠᠯᠠᠢ ᠶ᠋ᠢᠨ ᠲᠡᠮᠦᠷ᠂ ᠰᠠᠨᠠᠭ᠎ᠠ ᠠᠭᠤᠳᠠᠮ᠂ ᠲᠥᠪ ᠰᠢᠳᠤᠷᠭᠤ᠂ ᠠᠮᠢᠨ ᠣᠮᠣᠭ ᠨᠢᠭᠡᠨ ᠠᠳᠠᠯᠢ᠂ ᠡᠷᠬᠡᠲᠡᠨ ᠠᠮᠢᠨ ᠤ᠋ ᠬᠥᠪᠡᠭᠦᠨ᠂ ᠦ᠌ ᠵᠠᠶᠠᠭ᠎ᠠ ᠳᠡᠭᠡᠳᠦ ᠰᠠᠢᠨ᠂ ᠨᠢᠭᠡᠨ ᠨᠠᠰᠤᠨ᠎ᠠ ᠢᠳᠡᠭᠡᠨ ᠬᠤᠪᠴᠠᠳ ᠤ᠋ᠨ ᠰᠠᠢᠨ ᠢ ᠰᠣᠩᠭᠣᠵᠤ ᠡᠷᠬᠢᠰ ᠦ᠋ᠨ ᠦᠢᠯᠡᠰ ᠢ᠋ ᠣᠯᠵᠤ᠂ ᠡᠳ᠋ ᠮᠠᠯ ᠤ᠋ᠨ ᠬᠡᠰᠢᠭ ᠪᠣᠢ ᠪᠣᠯᠪᠠᠴᠤ ᠲᠣᠭᠲᠠᠪᠤᠷᠢ ᠪᠠᠭ᠎ᠠ ᠪᠥᠭᠡᠳ ᠡᠴᠢᠭᠡ ᠡᠬᠡ ᠯᠤᠭ᠎ᠠ ᠥᠨᠢᠳᠡ ᠦᠯᠦ ᠠᠮᠢᠳᠤᠷᠠᠨ ᠡᠯᠪᠡᠷᠢᠯ ᠥᠴᠦᠬᠡᠨ ᠪᠣᠯᠪᠠᠰᠤ ᠨᠠᠰᠤᠳᠠ ᠯᠤᠤᠰ ᠤ᠋ᠨ ᠠᠳᠠ ᠬᠣᠣᠷᠯᠠᠵᠤ ᠠᠮᠤᠭᠤᠯᠠᠩ ᠢ ᠤᠰᠠᠳᠬᠠᠵᠤ ᠦᠷ᠎ᠡ ᠨᠠᠰᠤᠨ ᠡᠯᠪᠡᠭ ᠡᠭᠦᠰᠬᠡᠯ ᠲᠡᠭᠦᠰᠬᠡᠯ ᠪᠣᠢ ᠲᠤᠯᠠ ᠠᠰᠢᠳᠠ ᠳ᠋ᠠᠮᠷᠠᠯ ᠢ ᠰᠢᠲᠦᠵᠦ ᠶᠡᠬᠡᠮᠰᠦᠭ ᠰᠡᠳᠬᠢᠯ ᠢ ᠲᠡᠪᠴᠢᠲᠦᠭᠡᠢ᠂ ᠤᠨᠤᠬᠤ ᠮᠣᠷᠢ ᠰᠢᠷᠭ᠎ᠠ ᠰᠠᠢᠨ ᠡᠮᠦᠰᠬᠦᠢ ᠬᠤᠪᠴᠠᠰᠤ ᠰᠢᠷ᠎ᠠ ᠰᠠᠢᠨ᠂ ᠨᠠᠰᠤᠨ ᠤ᠋ ᠳᠡᠯᠭᠡᠷᠡᠬᠦᠢ ᠪᠠᠭᠤᠷᠠᠬᠤᠢ ᠶ᠋ᠢᠨ ᠳᠠᠢᠰᠤᠨ ᠤ᠋ ᠴᠢᠯᠠᠭᠤᠨ ᠳ᠋ᠤᠷ ᠦᠵᠡᠭᠳᠡᠬᠦ ᠥᠯᠵᠡᠢ ᠪᠤᠶᠤ᠃  
   ○ ᠤᠯᠠᠭᠠᠨ ᠬᠤᠯᠤᠭᠠᠨ᠎ᠠ ᠵᠢᠯᠲᠦ ᠶ᠋ᠢᠨ ᠠᠮᠢᠨ– ᠤᠰᠤ᠂ ᠪᠡᠶ᠎ᠡ – ᠤᠰᠤ᠂ ᠡᠷᠬᠡᠲᠡᠨ – ᠭᠠᠯ᠂ ᠬᠡᠢᠮᠣᠷᠢ – ᠮᠣᠳᠣᠨ᠂ ᠰᠦᠨᠡᠰᠦ – ᠮᠣᠳᠣᠨ᠃ ᠬᠠᠳᠠᠨ ᠬᠣᠩᠭᠢᠯ ᠤ᠋ᠨ ᠤᠰᠤᠨ᠃ ᠵᠠᠩ ᠲᠦᠷᠭᠡᠨ ᠢᠳᠡᠭᠡᠨ ᠬᠥᠪᠡᠭᠦᠨ ᠤ ᠬᠡᠰᠢᠭ ᠶᠡᠬᠡ᠂ ᠠᠮᠢᠨ ᠣᠮᠣᠭ ᠤ᠋ᠨ ᠡᠬᠡ᠂ ᠡᠷᠬᠡᠲᠡᠨ ᠠᠮᠢᠨ ᠤ᠋ ᠨᠥᠬᠥᠷ ᠪᠤᠶᠤ᠂ ᠵᠠᠶᠠᠭ᠎ᠠ ᠶᠡᠬᠡ ᠰᠠᠢᠨ᠂ ᠨᠢᠭᠡᠨ ᠨᠠᠰᠤᠨ᠎ᠠ ᠡᠳ᠋ ᠢᠳᠡᠭᠡᠨ ᠤ ᠬᠡᠰᠢᠭ ᠦᠯᠡᠮᠵᠢ ᠪᠣᠢ ᠠᠮᠤᠢ ᠠ᠋᠂ ᠡᠬᠡ ᠪᠠ ᠰᠠᠢᠨ ᠨᠥᠬᠥᠷ ᠠᠬ᠎ᠠ ᠨᠠᠷ ᠯᠤᠭ᠎ᠠ ᠨᠠᠰᠤᠳᠠ ᠦᠯᠦ ᠶᠠᠪᠤᠬᠤᠢ ᠪᠥᠭᠡᠳ ᠦᠢᠯᠡᠳᠦᠭᠰᠡᠨ ᠶᠠᠪᠤᠳᠠᠯ ᠪᠠᠭ᠎ᠠ ᠰᠠᠭ᠎ᠠ ᠬᠡᠯᠡ ᠠᠮᠠᠨ ᠪᠣᠯᠵᠤ᠂ ᠭᠠᠭᠴᠠ ᠡᠳ᠋ ᠮᠠᠯ ᠲᠣᠭᠲᠠᠪᠤᠷᠢ ᠦᠭᠡᠢ ᠦᠷ᠎ᠡ ᠪᠣᠢ ᠪᠣᠯᠪᠠᠴᠤ ᠳᠡᠭᠡᠷ᠎ᠡ ᠳᠣᠣᠷ᠎ᠠ ᠦᠶ᠎ᠠ ᠵᠣᠬᠢᠯᠳᠤᠬᠤ ᠲᠡᠳᠦᠢ᠂ ᠦᠷ᠎ᠡ ᠨᠠᠰᠤᠨ ᠤ᠋ ᠬᠡᠰᠢᠭ ᠪᠣᠢ᠂ ᠡᠭᠦᠰᠬᠡᠯ ᠲᠡᠭᠦᠰᠬᠡᠯᠲᠦ ᠪᠣᠯᠠᠢ᠂ ᠳᠠᠢᠰᠤᠨ ᠲᠡᠭᠷᠢ ᠰᠢᠲᠦᠵᠦ ᠠᠳᠬᠠᠭ ᠬᠦᠰᠡᠯ ᠢ ᠲᠡᠪᠴᠢᠨ ᠶᠠᠪᠤᠪᠠᠰᠤ ᠨᠡᠢᠲᠡ ᠰᠠᠢᠨ᠂ ᠤᠨᠤᠬᠤ ᠮᠣᠷᠢ ᠬᠣᠩᠭᠣᠷ ᠰᠠᠢᠨ᠂ ᠡᠮᠦᠰᠬᠦᠢ ᠬᠤᠪᠴᠠᠰᠤᠨ ᠴᠠᠭᠠᠨ ᠰᠠᠢᠨ᠂ ᠳᠡᠯᠭᠡᠷᠡᠬᠦ ᠪᠠᠭᠤᠷᠬᠤᠢ ᠶ᠋ᠢ ᠴᠢᠯᠠᠭᠤᠨ ᠳ᠋ᠤᠷ ᠦᠵᠡ ᠪᠣᠢ᠃ 
   ○ ᠰᠢᠷ᠎ᠠ ᠬᠤᠯᠤᠭᠠᠨ᠎ᠠ ᠵᠢᠯᠲᠦ ᠶ᠋ᠢᠨ ᠠᠮᠢᠨ – ᠤᠰᠤ ᠂ ᠪᠡᠶ᠎ᠡ – ᠭᠠᠯ ᠂ ᠡᠷᠬᠡᠲᠡᠨ – ᠰᠢᠷᠣᠢ᠂  ᠬᠡᠢᠮᠣᠷᠢ – ᠮᠣᠳᠣᠨ᠂ ᠰᠦᠨᠡᠰᠦ – ᠭᠠᠯ ᠪᠤᠶᠤ᠃ ᠴᠠᠬᠢᠯᠭᠠᠨ ᠤ᠋ ᠭᠠᠯ᠂ ᠰᠠᠨᠠᠭ᠎ᠠ ᠲᠦᠷᠭᠡᠨ ᠨᠠᠰᠤᠳᠠ ᠡᠯᠢᠶ᠎ᠡ ᠳᠠᠭᠠᠬᠤ᠂ ᠠᠮᠢᠨ ᠣᠪᠣᠭ ᠤ᠋ᠨ ᠳᠠᠢᠰᠤᠨ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠳᠤᠮᠳᠠ ᠰᠠᠢᠨ᠂ ᠢᠳᠡᠭᠡᠨ ᠬᠤᠪᠴᠠᠰᠤᠨ ᠤ᠋ ᠬᠡᠰᠢᠭ ᠳᠤᠮᠳᠠ ᠪᠥᠭᠡᠳ ᠡᠭᠦᠰᠬᠡᠯ ᠲᠡᠭᠦᠰᠬᠡᠯ ᠪᠠᠢᠵᠤ᠂ ᠭᠠᠳᠠᠨ᠎ᠠ ᠳᠣᠲᠣᠨᠠᠬᠢ ᠪᠦᠬᠦᠨ᠎ᠡ ᠴᠢᠳᠠᠬᠤ ᠨᠠᠷᠢᠨ ᠤᠬᠠᠭᠠᠨᠲᠤ᠂ ᠭᠡᠮ ᠢᠨᠦ ᠠᠯᠠᠵᠤ ᠦᠯᠦ ᠪᠠᠷᠠᠬᠤ ᠳᠠᠢᠰᠤᠨ ᠲᠠᠢ᠂ ᠦᠷ᠎ᠡ ᠪᠣᠢ ᠪᠣᠯᠪᠠᠴᠤ ᠭᠠᠭᠴᠠ ᠪᠠᠷ ᠬᠦᠴᠦᠯᠡᠨ ᠶᠠᠪᠤᠵᠤ ᠰᠠᠶᠢ ᠬᠥᠷᠥᠩᠭᠡ ᠶ᠋ᠢ ᠪᠦᠲᠦᠭᠡᠮᠦᠢ᠂ ᠡᠳ᠋ ᠮᠠᠯ ᠤ᠋ᠨ ᠭᠠᠷᠤᠵᠠ ᠠᠷᠪᠢᠨ᠂  ᠨᠠᠰᠤᠲᠠᠨ ᠯᠤᠤᠰ ᠪᠠ ᠭᠠᠵᠠᠷ ᠤ᠋ᠨ ᠡᠵᠡᠳ ᠬᠣᠣᠷᠯᠠᠵᠤ ᠭᠡᠮ ᠪᠣᠯᠣᠮᠣᠢ᠂ ᠯᠤᠤᠰ ᠬᠠᠭᠠᠨ ᠢ ᠳᠠᠬᠢᠵᠤ ᠰᠦᠰᠦᠭᠲᠡᠢ ᠶᠠᠪᠤᠪᠠᠰᠤ ᠰᠠᠢᠨ᠂ ᠳᠡᠭᠦᠨᠦ ᠤᠨᠤᠬᠤ ᠮᠣᠷᠢ ᠰᠢᠷᠭ᠎ᠠ ᠴᠠᠭᠠᠨ ᠰᠠᠢᠨ᠃ ᠡᠮᠦᠰᠬᠦᠢ ᠬᠤᠪᠴᠠᠰᠤᠨ ᠬᠥᠬᠡ ᠰᠠᠢᠨ᠃ 
   ○ ᠴᠠᠭᠠᠨ ᠬᠤᠯᠤᠭᠠᠨ᠎ᠠ ᠵᠢᠯᠲᠦ ᠶ᠋ᠢᠨ ᠠᠮᠢᠨ – ᠤᠰᠤ ᠂ ᠪᠡᠶ᠎ᠡ – ᠰᠢᠷᠣᠢ᠂ ᠡᠷᠬᠡᠲᠡᠨ – ᠲᠡᠮᠦᠷ᠂ ᠬᠡᠢᠮᠣᠷᠢ – ᠮᠣᠳᠣᠨ᠂ ᠰᠦᠨᠡᠰᠦ – ᠰᠢᠷᠣᠢ ᠪᠤᠶᠤ᠃ ᠬᠡᠷᠡᠮᠡᠨ ᠣᠷᠣᠢ ᠶ᠋ᠢᠨ ᠰᠢᠷᠣᠢ᠂ ᠰᠠᠨᠠᠭ᠎ᠠ ᠣᠯᠠᠨ᠂ ᠬᠥᠪᠡᠭᠦᠨ ᠴᠤᠬᠠᠭ᠂ ᠨᠠᠰᠤᠨ ᠥᠨᠳᠥᠷ ᠵᠡᠷᠭᠡ ᠪᠤᠶᠤ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠡᠬᠡ᠂ ᠵᠠᠶᠠᠭ᠎ᠠ ᠳᠣᠣᠷᠠᠲᠤ᠂ ᠢᠳᠡᠭᠡᠨ ᠬᠤᠪᠴᠠᠰᠤᠨ ᠤ᠋ ᠬᠡᠰᠢᠭ ᠪᠣᠢ ᠪᠣᠯᠪᠠᠴᠤ ᠡᠳ᠋ ᠮᠠᠯ ᠡᠪᠡᠰᠦᠨ ᠦ᠌ ᠰᠢᠭᠦᠳᠡᠷᠢ ᠮᠡᠲᠦ᠂ ᠡᠷ᠎ᠡ ᠨᠥᠬᠥᠷ ᠡᠴᠢᠭᠡ ᠡᠬᠡ ᠳ᠋ᠦ᠍ᠷ ᠬᠠᠷᠰᠢ ᠭᠠᠢ ᠶᠡᠬᠡ᠂ ᠥᠪᠡᠷ ᠪᠤᠰᠤᠳ ᠲᠤᠷ ᠲᠤᠰ ᠥᠴᠦᠬᠡᠨ᠂ ᠦᠷᠭᠦᠯᠵᠢ ᠵᠣᠪᠠᠯᠠᠩ ᠡᠯᠢᠶ᠎ᠠ ᠳᠠᠭᠠᠵᠤ ᠶᠠᠪᠤᠬᠤᠢ ᠪᠤᠶᠤ᠂ ᠨᠠᠰᠤᠳᠠ ᠵᠣᠪᠠᠯᠠᠩ ᠪᠦᠬᠦᠨ᠎ᠡ ᠠᠷᠢᠯᠭᠠᠭᠴᠢ ᠳᠠᠷ᠎ᠠ ᠡᠬᠡ ᠪᠢᠯᠢᠭ ᠪᠠᠷᠢᠮᠠᠨ ᠰᠢᠲᠦᠵᠦ  ᠶᠠᠪᠤᠭᠳᠠᠬᠤᠢ᠂ ᠰᠡᠳᠬᠡᠯ ᠦ᠋ᠨ ᠭᠡᠮ ᠢ᠋ ᠲᠡᠪᠴᠢᠵᠦ ᠠᠯᠪᠠᠷᠢᠯᠲᠦ ᠶᠠᠪᠤᠪᠠᠰᠤ ᠰᠠᠢᠨ᠂ ᠤᠨᠤᠬᠤ ᠮᠣᠷᠢ ᠬᠥᠬᠡ᠂ ᠡᠮᠦᠰᠬᠦᠢ ᠬᠤᠪᠴᠠᠰᠤᠨ ᠤᠯᠠᠭᠠᠨ ᠰᠠᠢᠨ᠂ ᠡᠭᠦᠰᠬᠡᠯ ᠪᠣᠢ ᠲᠡᠭᠦᠰᠬᠡᠯᠲᠦ ᠦᠭᠡᠢ᠃ 
   ○ ᠬᠠᠷ᠎ᠠ ᠬᠤᠯᠤᠭᠠᠨ᠎ᠠ ᠵᠢᠯᠲᠥ ᠶ᠋ᠢᠨ ᠠᠮᠢᠨ – ᠤᠰᠤ᠂ ᠪᠡᠶ᠎ᠡ – ᠮᠣᠳᠣᠨ᠂ ᠡᠷᠬᠡᠲᠡᠨ – ᠤᠰᠤ᠂ ᠬᠡᠢᠮᠣᠷᠢ – ᠮᠣᠳᠣᠨ᠂ ᠰᠦᠨᠡᠰᠦ – ᠲᠡᠮᠦᠷ᠃ ᠨᠠᠷᠠᠰᠤᠨ ᠮᠣᠳᠣᠨ ᠪᠤᠶᠤ᠂ ᠣᠯᠠᠨ ᠬᠥᠪᠡᠭᠦᠨ᠂ ᠭᠠᠳᠠᠷ ᠰᠢᠳᠤᠷᠭᠤ ᠳᠣᠲᠣᠷ ᠬᠣᠣᠷᠲᠤ᠂ ᠵᠢᠷᠭᠤᠭᠠᠨ ᠰᠠᠷ᠎ᠠ ᠳ᠋ᠤ᠌ ᠲᠥᠷᠥᠭᠰᠡᠨ ᠦ᠌ ᠵᠠᠶᠠᠭ᠎ᠠ ᠰᠠᠢᠨ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠨᠢᠭᠡᠨ ᠠᠳᠠᠯᠢ᠂ ᠵᠠᠶᠠᠭ᠎ᠠ ᠳᠣᠣᠷᠠᠲᠤ ᠮᠠᠭᠤ᠂ ᠨᠢᠭᠡᠨ ᠨᠠᠰᠤᠨ᠎ᠠ ᠢᠳᠡᠬᠦᠢ ᠡᠮᠦᠰᠬᠦᠢ ᠲᠤᠯᠠ ᠵᠣᠪᠠᠵᠤ ᠴᠢᠷᠮᠠᠢᠮᠤᠢ᠂ ᠡᠳ᠋ ᠪᠣᠢ ᠠᠪᠰᠤ ᠦᠷ᠎ᠡ ᠴᠤᠬᠠᠰ :  ᠡᠳ᠋ ᠮᠠᠯ᠂ ᠡᠷ᠎ᠡ᠂ ᠡᠮ᠎ᠡ᠂ ᠡᠴᠢᠭᠡ ᠡᠬᠡ ᠳ᠋ᠦ᠍ᠷ ᠴᠥᠮ ᠬᠠᠷᠰᠢ ᠵᠠᠶᠠᠭ᠎ᠠ᠂ ᠠᠮᠢᠨ ᠤ᠋ ᠠᠭᠤᠯᠠ ᠶ᠋ᠢ ᠪᠣᠳᠣᠩ ᠪᠦᠷᠬᠦᠭᠰᠡᠨ ᠦ᠌ ᠠᠳᠠᠯᠢ ᠠᠳᠠᠯᠢ ᠬᠠᠷ᠎ᠠ ᠡᠯᠢᠶ᠎ᠡ ᠬᠣᠣᠷᠯᠠᠵᠤ ᠡᠭᠦᠰᠬᠡᠯ ᠦᠭᠡᠢ᠂ ᠨᠠᠰᠤᠳᠠ ᠳᠣᠭᠰᠢᠳ ᠤ᠋ᠨ ᠬᠠᠩᠷᠠᠯ ᠨᠠᠮᠠᠨᠴᠢᠯᠠᠭ᠎ᠠ ᠤᠩᠰᠢᠵᠤ ᠯᠤᠤᠰ ᠤ᠋ᠨ ᠬᠠᠷᠢᠭᠤᠯᠤᠯ ᠬᠢᠭᠳᠡᠬᠦᠢ᠂ ᠰᠡᠳᠬᠢᠯ ᠢ᠋ ᠵᠠᠰᠠᠵᠤ ᠡᠷᠭᠦᠯ ᠮᠥᠷᠭᠥᠯ ᠬᠢᠵᠦ ᠶᠠᠪᠤᠪᠠᠰᠤ ᠰᠠᠢᠨ᠂ ᠤᠨᠤᠬᠤ ᠮᠣᠷᠢ ᠰᠢᠷᠭᠠᠯ ᠰᠠᠢᠨ᠂ ᠡᠮᠦᠰᠬᠦᠢ ᠬᠤᠪᠴᠠᠰᠤᠨ ᠬᠠᠷ᠎ᠠ ᠰᠠᠢᠨ᠂ ᠡᠴᠢᠭᠡ ᠡᠬᠡ ᠪᠡᠨ ᠠᠴᠢᠯᠠᠨ ᠰᠢᠲᠦᠵᠦ ᠶᠠᠪᠤᠪᠠᠰᠤ ᠵᠢᠷᠭᠠᠬᠤ ᠬᠤᠪᠢ ᠪᠣᠢ ᠪᠢᠯᠡ᠃ 

ᠦᠬᠡᠷ ᠵᠢᠯ

   ○ ᠬᠥᠬᠡᠭᠴᠢᠨ ᠦᠬᠡᠷ ᠵᠢᠯᠲᠦ ᠶ᠋ᠢᠨ ᠠᠮᠢᠨ – ᠰᠢᠷᠣᠢ᠂ ᠪᠡᠶ᠎ᠡ – ᠲᠡᠮᠦᠷ᠂ ᠡᠷᠬᠡᠲᠡᠨ – ᠮᠣᠳᠣᠨ᠂ ᠬᠡᠢᠮᠣᠷᠢ – ᠤᠰᠤ᠂ ᠰᠦᠨᠡᠰᠦ – ᠤᠰᠤ᠃ ᠳᠠᠯᠠᠢ ᠶ᠋ᠢᠨ ᠳᠤᠮᠳᠠ ᠶᠢᠨ ᠲᠡᠮᠦᠷ᠂ ᠰᠠᠨᠠᠭ᠎ᠠ ᠠᠭᠤᠳᠠᠮ ᠲᠥᠪ ᠰᠢᠳᠤᠷᠭᠤ᠂ ᠠᠮᠢᠨ ᠣᠪᠣᠭ ᠤ᠋ᠨ ᠳᠠᠢᠰᠤᠨ᠂ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠠᠨᠤ ᠳᠤᠮᠳᠠ ᠲᠡᠭᠰᠢ ᠰᠠᠢᠨ᠂ ᠢᠳᠡᠭᠡᠨ ᠬᠤᠪᠴᠠᠰᠤᠨ ᠰᠠᠢᠨ ᠣᠯᠵᠤ  ᠡᠳ᠋ ᠮᠠᠯ ᠤ᠋ᠨ ᠬᠡᠰᠢᠭ ᠪᠣᠢ᠂ ᠠᠯᠢᠪᠠ ᠶᠠᠪᠤᠳᠠᠯ ᠡᠭᠦᠰᠬᠡᠯ ᠲᠡᠭᠦᠰᠬᠡᠯᠲᠦ ᠪᠥᠭᠡᠳ ᠰᠢᠳᠤᠷᠭᠤ ᠪᠠᠷ ᠠᠮᠢᠳᠤᠷᠠᠮᠤᠢ᠂ ᠭᠡᠪᠡᠴᠦ ᠤᠷᠰᠢᠭ ᠶᠠᠷᠰᠢᠭ ᠳᠠᠢᠰᠤᠨ ᠣᠯᠠᠨ᠂ ᠨᠠᠰᠤᠨ ᠥᠨᠳᠥᠷ ᠦᠷ᠎ᠡ ᠪᠠᠭᠤᠷᠠᠢ᠂ ᠠᠬ᠎ᠠ ᠳᠡᠭᠦᠦ ᠶ᠋ᠢᠨ ᠲᠤᠰᠠ ᠦᠭᠡᠢ᠂ ᠭᠠᠭᠴᠠ ᠪᠠᠷ ᠬᠦᠴᠦᠯᠡᠨ ᠵᠢᠳᠬᠦᠵᠦ ᠬᠥᠷᠥᠩᠭᠡ ᠶ᠋ᠢ ᠪᠦᠲᠦᠭᠡᠬᠦ᠂ ᠭᠠᠵᠠᠷ ᠤ᠋ᠨ ᠡᠵᠡᠳ ᠬᠣᠣᠷᠯᠠᠵᠤ ᠡᠳ᠋ ᠮᠠᠯ ᠲᠣᠭᠲᠠᠪᠤᠷᠢ ᠦᠭᠡᠢ ᠪᠠᠭ᠎ᠠ ᠨᠠᠰᠤᠨ᠎ᠠ ᠨᠣᠷᠵᠢᠮᠠᠨ ᠰᠢᠲᠦᠵᠦ ᠬᠡᠰᠢᠭ ᠳᠠᠯᠠᠯᠪᠠᠰᠤ ᠰᠠᠢᠨ᠂ ᠦᠰᠦᠭ ᠪᠢᠰᠢᠷᠡᠯᠲᠦ ᠪᠣᠯᠪᠠᠰᠤ ᠰᠠᠬᠢᠭᠤᠯᠰᠤᠨ ᠢᠪᠡᠭᠡᠮᠦᠢ᠂ ᠤᠨᠤᠬᠤ ᠮᠣᠷᠢ ᠬᠥᠬᠡ ᠰᠠᠢᠨ᠂ ᠡᠮᠦᠰᠬᠦᠢ ᠬᠤᠪᠴᠠᠰᠤ ᠰᠢᠷ᠎ᠠ ᠪᠠ ᠬᠠᠷ᠎ᠠ ᠰᠠᠢᠨ᠃ 
   ○ ᠤᠯᠠᠭᠠᠭᠴᠢᠨ ᠦᠬᠡᠷ ᠵᠢᠯᠲᠤ ᠶ᠋ᠢᠨ ᠠᠮᠢᠨ – ᠰᠢᠷᠣᠢ᠂ ᠪᠡᠶ᠎ᠡ – ᠤᠰᠤ᠂ ᠡᠷᠬᠡᠲᠡᠨ – ᠭᠠᠯ᠂ ᠬᠡᠢᠮᠣᠷᠢ – ᠤᠰᠤ᠂ ᠰᠦᠨᠡᠰᠦ – ᠮᠣᠳᠣᠨ᠃ ᠬᠠᠳᠠᠨ ᠬᠣᠩᠭᠢᠯ ᠤ᠋ᠨ ᠤᠰᠤ᠃ ᠰᠠᠨᠠᠭ᠎ᠠ ᠲᠦᠷᠭᠡᠨ᠂ ᠦᠷ᠎ᠡ ᠡᠯᠪᠡᠭ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠡᠬᠡ᠂ ᠵᠠᠶᠠᠭ᠎ᠠ ᠳᠤᠮᠳᠠ ᠠ᠋ᠴᠠ ᠳᠤᠲᠠᠭᠤ᠂ ᠢᠳᠡᠭᠡᠨ ᠬᠤᠪᠴᠠᠰᠤᠨ ᠬᠡᠰᠢᠭ ᠪᠣᠢ ᠪᠥᠭᠡᠲᠡᠯ᠎ᠡ ᠡᠳ᠋ ᠮᠠᠯ ᠳᠠᠢᠰᠤᠨ ᠮᠡᠲᠦ ᠨᠡᠮᠡᠬᠦ ᠪᠠᠭᠤᠷᠠᠬᠤᠢ ᠤᠯᠠᠷᠢᠯ ᠣᠯᠠᠨ᠂ ᠡᠷ᠎ᠡ ᠡᠮ᠎ᠡ ᠶ᠋ᠢᠨ ᠲᠤᠯᠠ ᠦᠭᠡ ᠳᠠᠭᠤᠨ ᠪᠣᠯᠬᠤ᠂ ᠥᠪᠡᠷ ᠪᠤᠰᠤᠳ ᠲᠤ᠌ ᠬᠣᠣᠷᠲᠠᠢ ᠡᠭᠦᠰᠬᠡᠯ ᠪᠣᠢ ᠲᠡᠭᠦᠰᠬᠡᠯ ᠪᠠᠭ᠎ᠠ᠂ ᠡᠮ᠎ᠡ ᠰᠦᠨᠡᠰᠦ ᠡᠯᠢᠶ᠎ᠡ ᠬᠣᠣᠷᠯᠠᠵᠤ ᠨᠢᠭᠡᠨ ᠡᠲᠡᠭᠡᠳ ᠦ᠋ᠨ ᠵᠣᠪᠠᠯᠠᠩ ᠪᠣᠢ ᠨᠠᠰᠤᠳᠠ ᠤᠬᠢᠶᠠᠯ ᠤ᠋ᠨ ᠨᠣᠮ ᠭᠤᠷᠪᠠᠨ ᠢᠵᠠᠭᠤᠷᠲᠠᠨ ᠪᠤᠷᠬᠠᠨ ᠰᠢᠲᠦᠪᠡᠰᠦ ᠰᠠᠢᠨ᠂ ᠬᠣᠣᠷᠲᠤ ᠰᠡᠳᠬᠢᠯ ᠢ ᠲᠡᠪᠴᠢᠨ ᠰᠠᠢᠨ ᠨᠥᠬᠥᠷ ᠲᠦ᠍ ᠰᠢᠲᠤᠭᠡᠭᠳᠡᠪᠡᠰᠦ ᠦᠳᠡᠯᠡᠬᠦᠶ᠎ᠡ ᠵᠢᠷᠭᠠᠬᠤ ᠤᠨᠤᠬᠤ ᠮᠣᠷᠢ ᠬᠥᠬᠡ ᠰᠠᠢᠨ᠂ ᠡᠮᠦᠰᠬᠦ ᠬᠤᠪᠴᠠᠰᠤᠨ ᠴᠠᠭᠠᠨ ᠤᠯᠠᠭᠠᠨ ᠰᠠᠢᠨ ᠢᠪᠡᠭᠡᠯᠲᠦ᠃ 
   ○ ᠰᠢᠷᠬᠠᠴᠢᠨ ᠦᠬᠡᠷ ᠵᠢᠯᠲᠦ ᠶ᠋ᠢᠨ ᠠᠮᠢᠨ – ᠰᠢᠷᠣᠢ᠂ ᠪᠡᠶ᠎ᠡ – ᠭᠠᠯ᠂ ᠡᠷᠬᠡᠲᠡᠨ – ᠰᠢᠷᠣᠢ᠂ ᠬᠡᠢᠮᠣᠷᠢ – ᠤᠰᠤᠨ᠂ ᠰᠦᠨᠡᠰᠦ – ᠭᠠᠯ᠃  ᠭᠢᠯᠪᠠᠭᠠᠨ ᠤ ᠭᠠᠯ᠂ ᠰᠠᠨᠠᠭ᠎ᠠ ᠲᠦᠷᠭᠡᠨ ᠠᠳᠠ ᠡᠯᠢᠶ᠎ᠡ ᠳᠠᠭᠠᠵᠤ ᠠᠷᠢᠬᠢ ᠮᠢᠬ᠎ᠠ ᠳ᠋ᠤ᠌ ᠰᠢᠨᠤᠭᠤᠯᠤᠮᠤᠢ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠨᠢᠭᠡᠨ ᠠᠳᠠᠯᠢ᠂ ᠵᠠᠶᠠᠭ᠎ᠠ ᠳᠡᠭᠡᠳᠦ ᠳᠤᠮᠳᠠ ᠰᠠᠢᠨ᠂ ᠢᠳᠡᠭᠡᠨ ᠬᠤᠪᠴᠠᠰᠤᠨ ᠢ ᠰᠠᠢᠨ ᠡᠳ᠋ᠯᠡ᠂ ᠡᠳ᠋ ᠮᠠᠯ ᠤ᠋ᠨ ᠦᠰᠬᠦᠢ ᠬᠠᠷᠢᠬᠤᠢ ᠠᠨᠤ ᠦᠶᠡᠷ ᠦ᠋ᠨ ᠤᠰᠤᠨ ᠮᠡᠲᠦ ᠲᠦᠷᠭᠡᠨ᠂ ᠡᠭᠦᠰᠬᠡᠯ ᠲᠡᠭᠦᠰᠬᠡᠯ ᠪᠣᠢ ᠲᠤᠯᠠ ᠰᠢᠳᠤᠷᠭᠤ ᠦᠨᠡᠨ ᠢ᠋ᠶ᠋ᠡᠷ ᠶᠠᠪᠤᠪᠠᠰᠤ ᠰᠠᠢᠨ᠂ ᠵᠢᠷᠭᠠᠬᠤ ᠬᠤᠪᠢ ᠪᠣᠢ᠂ ᠦᠷ᠎ᠡ ᠨᠠᠰᠤᠨ ᠳᠤᠮᠳᠠ ᠪᠥᠭᠡᠳ ᠪᠤᠰᠤᠳ ᠲᠤᠷ ᠲᠤᠰᠠ ᠬᠣᠣᠷ ᠥᠴᠦᠬᠡᠨ᠂ ᠠᠰᠢᠳᠠ ᠯᠤᠤᠰ ᠰᠠᠬᠢᠬᠤ ᠪᠠ ᠭᠡᠭᠡᠨ ᠤᠩᠰᠢᠭᠤᠯᠵᠤ ᠸᠴᠢᠷᠪᠠᠨᠢ ᠰᠢᠲᠦᠪᠡᠰᠦ ᠰᠠᠢᠨ᠂ ᠤᠨᠤᠬᠤ ᠮᠣᠷᠢ ᠬᠤᠯᠤ ᠪᠠ ᠬᠥᠬᠡ ᠰᠠᠢᠨ᠂ ᠡᠮᠦᠰᠬᠦᠢ ᠬᠤᠪᠴᠠᠰᠤ᠃ ᠤᠯᠠᠭᠠᠨ ᠰᠢᠷ᠎ᠠ ᠰᠠᠢᠨ ᠢᠪᠡᠭᠡᠯᠲᠦ ᠪᠣᠢ᠃ 
   ○ ᠴᠠᠭᠠᠭᠴᠢᠨ ᠦᠬᠡᠷ ᠵᠢᠯᠲᠦ ᠶ᠋ᠢᠨ ᠠᠮᠢᠨ ᠰᠢᠷᠣᠢ᠂ ᠪᠡᠶ᠎ᠡ – ᠰᠢᠷᠣᠢ᠂ ᠡᠷᠬᠡᠲᠡᠨ – ᠲᠡᠮᠦᠷ᠂ ᠬᠡᠢᠮᠣᠷᠢ – ᠤᠰᠤᠨ᠂ ᠰᠦᠨᠡᠰᠦ – ᠰᠢᠷᠣᠢ᠂ ᠬᠡᠷᠡᠮᠡᠨ ᠣᠷᠣᠢ ᠶ᠋ᠢᠨ ᠰᠢᠷᠣᠢ᠂ ᠰᠠᠨᠠᠭ᠎ᠠ ᠣᠯᠠᠨ ᠵᠡᠷᠭᠡ ᠣᠯᠬᠤ ᠬᠥᠪᠡᠭᠦᠨ ᠴᠤᠬᠠᠭ᠂ ᠠᠯᠳᠠᠷ ᠶᠡᠬᠡ᠂ ᠠᠮᠢ ᠣᠮᠣᠭ ᠨᠢᠭᠡᠨ ᠠᠳᠠᠯᠢ᠂ ᠡᠷᠬᠡᠲᠡᠨ ᠠᠮᠢᠨ ᠤ᠋ ᠬᠥᠪᠡᠭᠦᠨ ᠪᠣᠯᠤᠭᠰᠠᠨ ᠵᠠᠶᠠᠭ᠎ᠠ ᠳᠤᠮᠳᠠ ᠪᠣᠯᠪᠠᠴᠤ ᠳᠣᠣᠷ᠎ᠠ ᠬᠡᠮᠡᠮᠦᠢ᠂ ᠢᠳᠡᠭᠡ ᠬᠤᠪᠴᠠᠰᠤᠨ ᠤ᠋ ᠬᠡᠰᠢᠭ ᠪᠣᠢ ᠪᠣᠯᠪᠠᠴᠤ ᠬᠡᠰᠢᠭᠲᠦ ᠡᠳ᠋ ᠦᠭᠡᠢ᠂ ᠡᠷ᠎ᠡ ᠡᠮ᠎ᠡ ᠪᠠ ᠡᠴᠢᠭᠡ ᠡᠬᠡ ᠠᠬ᠎ᠠ ᠳᠡᠭᠦᠦ ᠳ᠋ᠡᠭᠡᠨ ᠬᠠᠷᠰᠢ ᠵᠠᠶᠠᠭᠠᠲᠤ ᠪᠤᠶᠤ᠂ ᠨᠢᠭᠡᠨ ᠡᠲᠡᠭᠡᠳ ᠦ᠋ᠨ ᠵᠣᠪᠠᠯᠠᠩ ᠭᠡᠮᠰᠢᠭᠦᠯᠡᠩ ᠦᠯᠦ ᠲᠠᠰᠤᠷᠠᠬᠤ᠂ ᠡᠳ᠋ ᠮᠠᠯ ᠲᠣᠭᠲᠠᠪᠤᠷᠢ ᠥᠴᠦᠬᠡᠨ᠂ ᠦᠷ᠎ᠡ ᠪᠠ ᠨᠠᠰᠤᠨ ᠡᠷᠬᠢᠮ ᠨᠡᠷ᠎ᠡ ᠪᠣᠢ ᠪᠣᠯᠪᠠᠴᠤ ᠡᠭᠦᠰᠬᠡᠯ ᠠᠪᠠᠰᠤ ᠲᠡᠭᠦᠰᠬᠡᠯ ᠦᠭᠡᠢ᠂ ᠬᠣᠣᠷᠯᠠᠭᠴᠢ ᠠᠯᠪᠢᠨ ᠪᠥᠭᠡᠳ ᠠᠪᠤᠷᠠᠭᠴᠢ ᠭᠤᠷᠪᠠᠨ ᠢᠵᠠᠭᠤᠷᠲᠠᠨ ᠪᠤᠷᠬᠠᠨ᠂ ᠤᠨᠤᠬᠤ ᠮᠣᠷᠢ ᠴᠠᠭᠠᠨ᠂ ᠡᠮᠦᠰᠬᠦᠢ ᠬᠤᠪᠴᠠᠰᠤᠨ ᠤᠯᠠᠭᠠᠨ ᠰᠠᠢᠨ ᠢᠪᠡᠭᠡᠯᠲᠦ᠃ 
   ○ ᠬᠠᠷᠠᠭᠴᠢᠨ ᠦᠬᠡᠷ ᠵᠢᠯᠲᠦ ᠶ᠋ᠢᠨ ᠠᠮᠢᠨ – ᠰᠢᠷᠣᠢ᠂ ᠪᠡᠶ᠎ᠡ – ᠮᠣᠳᠣᠨ᠂ ᠡᠷᠬᠡᠲᠡᠨ – ᠤᠰᠤ᠂ ᠬᠡᠢᠮᠣᠷᠢ – ᠤᠰᠤ᠂ ᠰᠦᠨᠡᠰᠦ – ᠲᠡᠮᠦᠷ᠃ ᠭᠠᠯᠸᠠᠷᠠᠭᠴᠢᠨ ᠮᠣᠳᠣᠨ ᠪᠤᠶᠤ᠃ ᠬᠥᠪᠡᠭᠦᠨ ᠣᠯᠠᠨ᠂ ᠭᠠᠳᠠᠷ ᠰᠢᠳᠤᠷᠭᠤ᠂ ᠳᠣᠲᠣᠷ᠎ᠠ ᠬᠣᠣᠷᠲᠤ᠂ ᠠᠮᠢᠨ ᠣᠮᠣᠭ ᠤ᠋ᠨ ᠡᠬᠡ᠂ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠠᠨᠤ ᠳᠤᠮᠳᠠ ᠰᠠᠢᠨ᠂ ᠲᠡᠭᠷᠢ ᠬᠥᠪᠡᠭᠦᠨ ᠮᠡᠲᠦ ᠰᠠᠢᠨ ᠢᠵᠠᠭᠤᠷᠲᠤ ᠢᠳᠡᠭᠡᠨ᠂ ᠬᠤᠪᠴᠠᠰᠤᠨ ᠤ᠋ ᠬᠡᠰᠢᠭ ᠶᠡᠬᠡ᠂ ᠡᠳ᠋ ᠮᠠᠯ ᠤ᠋ᠨ ᠬᠡᠰᠢᠭᠲᠦ᠂ ᠬᠥᠪᠡᠭᠦᠨ ᠦᠷ᠎ᠡ ᠳᠡᠯᠭᠡᠷᠡᠬᠦᠢ ᠨᠠᠰᠤᠨ ᠤ᠋ ᠴᠢᠳᠬᠥᠷ ᠪᠠᠭ᠎ᠠ᠂ ᠭᠡᠮ ᠢ᠋ ᠥᠭᠦᠯᠡᠪᠡᠰᠦ ᠬᠤᠷᠢᠶᠠᠭᠰᠠᠨ ᠡᠳ᠋ ᠮᠠᠯ ᠥᠰᠬᠦᠢ ᠬᠠᠷᠢᠬᠤᠢ ᠲᠠᠢ᠂ ᠥᠪᠡᠷ ᠦ᠋ᠨ ᠰᠠᠢᠨ ᠢ ᠥᠪᠡᠷ ᠢ᠋ᠶ᠋ᠡᠨ ᠡᠪᠳᠡᠬᠦᠢ᠂ ᠡᠭᠦᠰᠬᠡᠯ ᠪᠣᠢ ᠲᠡᠭᠦᠰᠬᠡᠯ ᠴᠥᠭᠡᠨ᠂ ᠠᠷᠰᠯᠠᠨ ᠨᠣᠬᠠᠢ ᠪᠤᠯᠬᠤᠢ ᠭᠡᠮ ᠪᠣᠢ᠂ ᠤᠷᠰᠢᠭᠲᠤ ᠬᠡᠷᠡᠭ ᠡᠴᠡ ᠵᠠᠢᠯᠠᠪᠠᠰᠤ ᠰᠠᠢᠨ᠂ ᠠᠶᠤᠯ ᠪᠣᠢ ᠠᠪᠠᠰᠤ ᠮᠠᠨᠽᠤᠰᠢᠷᠢ ᠰᠢᠲᠦᠭᠲᠦᠨ᠂ ᠤᠨᠤᠬᠤ ᠮᠣᠷᠢ ᠴᠠᠭᠠᠨ᠂ ᠡᠮᠦᠰᠬᠦᠢ ᠬᠤᠪᠴᠠᠰᠤᠨ ᠬᠠᠷ᠎ᠠ ᠰᠠᠢᠨ ᠪᠣᠢ᠃ 
 

ᠪᠠᠷᠰ ᠵᠢᠯ

   ○ ᠬᠥᠬᠡ ᠪᠠᠷᠰ ᠵᠢᠯᠲᠤ ᠶ᠋ᠢᠨ ᠠᠮᠢᠨ – ᠮᠣᠳᠣᠨ᠂ ᠪᠡᠶ᠎ᠡ – ᠤᠰᠤ᠂ ᠡᠷᠬᠡᠲᠡᠨ – ᠮᠣᠳᠣᠨ᠂ ᠬᠡᠢᠮᠣᠷᠢ – ᠲᠡᠮᠦᠷ ᠰᠦᠨᠡᠰᠦ – ᠤᠰᠤ᠃ ᠶᠡᠬᠡ ᠨᠠᠭᠤᠷ ᠤ᠋ᠨ ᠤᠰᠤᠨ ᠪᠤᠶᠤ᠃ ᠰᠡᠳᠬᠢᠯ ᠠᠭᠤᠳᠠᠮ ᠦᠭᠯᠢᠭᠡᠡ ᠳ᠋ᠦ᠍ ᠳᠤᠷᠠᠲᠠᠢ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠨᠢᠭᠡᠨ ᠠᠳᠠᠯᠢ᠂ ᠵᠠᠶᠠᠭ᠎ᠠ ᠳᠡᠭᠡᠳᠦ ᠰᠠᠢᠨ᠂ ᠪᠠᠭᠠᠲᠤᠷ ᠬᠦᠴᠦᠲᠦ᠂ ᠬᠦᠰᠡᠯ ᠢ᠋ᠶ᠋ᠡᠨ ᠪᠦᠲᠦᠭᠡᠨ ᠴᠢᠳᠠᠬᠤᠢ ᠢᠳᠡᠭᠡᠨ ᠬᠤᠪᠴᠠᠰᠤᠨ ᠤ᠋ ᠬᠡᠰᠢᠭ ᠪᠣᠢ᠂ ᠡᠷᠬᠢᠰ ᠦ᠋ᠨ ᠦᠢᠯᠡᠰ ᠢ ᠣᠯᠵᠤ᠂ ᠡᠭᠦᠰᠬᠡᠯ ᠲᠡᠭᠦᠰᠬᠡᠯ ᠪᠣᠢ ᠪᠣᠯᠪᠠᠴᠤ ᠣᠮᠣᠭ ᠰᠡᠳᠬᠢᠯ ᠶᠡᠬᠡ ᠶᠢᠨ ᠲᠤᠯᠠ ᠥᠷᠥᠭᠡᠰᠦᠨ ᠭᠬᠢᠪ ᠢ᠋ᠶ᠋ᠡᠷ ᠪᠠᠭᠯᠠᠭᠰᠠᠨ ᠠᠳᠠᠯᠢ᠂ ᠡᠳ᠋ ᠮᠠᠯ ᠪᠤᠶᠠᠨ ᠥᠰᠬᠦᠢ ᠪᠠᠭᠤᠷᠠᠬᠤᠢ ᠪᠤᠶᠤ᠂ ᠳᠡᠭᠡᠭᠰᠢ ᠡᠴᠢᠭᠡ ᠪᠠ ᠡᠬᠡ ᠡᠪᠦᠭᠡ ᠶ᠋ᠢ ᠰᠢᠲᠦᠵᠦ ᠶᠠᠪᠤᠪᠠᠰᠤ ᠡᠳᠡᠯᠡᠭᠦᠢ᠂ ᠡᠳ᠋ ᠮᠠᠯ ᠵᠠᠷᠤᠳᠠᠰᠤᠨ ᠪᠣᠭᠣᠯ ᠨᠡᠮᠡᠬᠦ ᠬᠤᠪᠢ ᠪᠣᠢ᠂ ᠭᠠᠭᠴᠠ ᠠᠬ᠎ᠠ ᠳᠡᠭᠦᠦ ᠨᠠᠷ ᠯᠤᠭ᠎ᠠ ᠬᠡᠷᠡᠭᠦᠯ ᠪᠣᠢ᠂ ᠨᠠᠰᠤᠳᠠ ᠭᠠᠵᠠᠷ ᠤ᠋ᠨ ᠡᠵᠡᠳ ᠢ ᠤᠩᠰᠢᠭᠤᠯᠵᠤ᠂ ᠭᠠᠵᠠᠷ ᠤᠰᠤᠨ ᠤ᠋ ᠭᠣᠮᠴᠣᠢ ᡀ ᠰᠦᠮ᠎ᠡ ᠶ᠋ᠢ ᠰᠢᠳᠦᠨ ᠶᠠᠪᠤᠪᠠᠰᠤ ᠰᠠᠢᠨ᠂ ᠤᠨᠤᠬᠤ ᠮᠣᠷᠢ ᠰᠢᠷᠭ᠎ᠠ᠂ ᠡᠮᠦᠰᠬᠦᠢ ᠬᠤᠪᠴᠠᠰᠤᠨ ᠰᠢᠷ᠎ᠠ ᠰᠠᠢᠨ ᠢᠪᠡᠭᠡᠯᠲᠦ᠃ 
   ○ ᠤᠯᠠᠭᠠᠨ ᠪᠠᠷᠰ ᠵᠢᠯᠲᠦ ᠶ᠋ᠢᠨ ᠠᠮᠢᠨ – ᠮᠣᠳᠣᠨ᠂ ᠪᠡᠶ᠎ᠡ – ᠭᠠᠯ᠂ ᠡᠷᠬᠡᠲᠡᠨ – ᠭᠠᠯ᠂ ᠬᠡᠢᠮᠣᠷᠢ – ᠲᠡᠮᠦᠷ᠂ ᠰᠦᠨᠡᠰᠦ – ᠮᠣᠳᠣᠨ᠃ ᠬᠥᠭᠡᠷᠭᠡᠨ ᠤ ᠭᠠᠯ᠃ ᠬᠥᠪᠡᠭᠦᠨ ᠴᠤᠬᠠᠭ᠂ ᠨᠡᠷ᠎ᠡ ᠵᠡᠷᠭᠡ ᠣᠯᠬᠤ ᠰᠠᠨᠠᠭ᠎ᠠ ᠲᠦᠷᠭᠡᠨ᠂ ᠰᠡᠴᠡᠨ ᠤᠬᠠᠭᠠᠨᠲᠤ᠂ ᠨᠠᠰᠤ ᠥᠨᠳᠥᠷ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠤ᠋ ᠬᠥᠪᠡᠭᠦᠨ᠂ ᠵᠠᠶᠠᠭ᠎ᠠ ᠳᠤᠮᠳᠠ ᠰᠠᠢᠨ᠂ ᠢᠳᠡᠭᠡᠨ ᠬᠤᠪᠴᠠᠰᠤᠨ ᠬᠡᠰᠢᠭ ᠶᠡᠬᠡ᠂ ᠬᠥᠮᠦᠨ ᠤ ᠪᠠᠭᠰᠢ ᠪᠣᠯᠬᠤ ᠰᠠᠢᠨ ᠪᠣᠯᠪᠠᠴᠤ ᠡᠭᠦᠰᠬᠡᠯ ᠪᠦᠬᠦᠢ ᠡᠴᠡ ᠲᠡᠭᠦᠰᠬᠡᠯ ᠥᠴᠦᠬᠡᠨ᠂ ᠡᠷ᠎ᠡ ᠡᠷᠳᠡᠮᠲᠦ ᠰᠡᠳᠬᠢᠯ ᠶᠡᠬᠡ᠂ ᠠᠮᠠ ᠵᠥᠭᠡᠯᠡᠨ ᠪᠥᠭᠡᠲᠡᠯ᠎ᠡ ᠦᠭᠡ ᠰᠢᠷᠦᠭᠦᠨ᠂ ᠲᠥᠷᠥᠯ ᠭᠡᠷ ᠠᠩᠭᠢᠵᠢᠷᠠᠨ ᠬᠡᠯᠡ ᠠᠮᠠᠨ ᠪᠣᠢ ᠪᠥᠭᠡᠳ ᠡᠷ᠎ᠡ ᠡᠮ᠎ᠡ ᠳ᠋ᠡᠭᠡᠨ ᠬᠠᠷᠢᠯᠴᠠᠨ ᠬᠠᠷᠰᠢ ᠪᠣᠢ᠂ ᠨᠠᠰᠤᠳᠠ ᠠᠯᠪᠢᠨ ᠭᠠᠵᠠᠷᠤᠨ ᠡᠵᠡᠳ ᠬᠣᠣᠷᠯᠠᠬᠤᠢ ᠲᠤᠯᠠ ᠠᠰᠢᠳᠠ ᠬᠠᠭᠠᠨ ᠭᠠᠷᠤᠲᠠᠢ ᠾᠶᠡᠩᠬᠢᠷᠸ᠎ᠡ ᠰᠢᠳᠦᠨ ᠶᠠᠪᠤᠭᠳᠠᠬᠤᠢ᠂ ᠣᠯᠠᠨ ᠬᠦᠴᠦᠲᠡᠨ ᠨᠢᠭᠡᠪᠡᠷ ᠨᠡᠢᠯᠡᠨ ᠲᠡᠮᠡᠴᠡᠵᠦ ᠦᠯᠦ ᠠᠶᠤᠬᠤᠢ ᠰᠦᠷᠲᠦ᠂ ᠤᠨᠤᠬᠤ ᠮᠣᠷᠢ ᠬᠠᠷ᠎ᠠ ᠰᠠᠢᠨ᠂ ᠡᠮᠦᠰᠬᠦᠢ ᠬᠤᠪᠴᠠᠰᠤᠨ ᠬᠥᠬᠡ ᠰᠠᠢᠨ᠃
   ○ ᠰᠢᠷ᠎ᠠ ᠪᠠᠷᠰ ᠵᠢᠯᠲᠤ ᠶ᠋ᠢᠨ ᠠᠮᠢᠨ – ᠮᠣᠳᠣᠨ᠂ ᠪᠡᠶ᠎ᠡ –  ᠰᠢᠷᠤᠢ᠂ ᠡᠷᠬᠡᠲᠡᠨ – ᠰᠢᠷᠣᠢ᠂ ᠬᠡᠢᠮᠣᠷᠢ – ᠲᠡᠮᠦᠷ᠂ ᠰᠦᠨᠡᠰᠦ – ᠭᠠᠯ᠃ ᠬᠣᠲᠠᠨ ᠳᠡᠭᠡᠷᠡᠬᠢ ᠰᠢᠷᠣᠢ᠃ ᠡᠳ᠋ ᠮᠠᠯ ᠡᠯᠪᠡᠭ᠂ ᠳᠡᠭᠡᠳᠦ ᠳ᠋ᠦ᠍ᠷ ᠬᠠᠢᠷᠠᠲᠠᠢ᠂ ᠰᠡᠳᠬᠢᠯ ᠠᠷᠢᠭᠤᠨ ᠰᠠᠢᠨ᠂ ᠠᠮᠢᠨ ᠣᠮᠣᠭ ᠤ᠋ᠨ ᠡᠬᠡ᠂ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠠᠨᠤ ᠳᠡᠭᠡᠳᠦ ᠰᠠᠢᠨ᠂ ᠣᠭᠲᠠᠷᠭᠤᠢ ᠶ᠋ᠢᠨ ᠲᠥᠪ ᠲᠣᠷ ᠨᠠᠷᠠᠨ ᠤᠷᠭᠤᠭᠰᠠᠨ ᠮᠡᠲᠦ ᠰᠠᠢᠨ᠂ ᠣᠯᠠᠨ ᠬᠥᠪᠡᠭᠦᠨ ᠤ ᠬᠡᠰᠢᠭᠲᠦ᠂ ᠢᠳᠡᠭᠡᠨ ᠬᠤᠪᠴᠠᠰᠤᠨ ᠢ ᠰᠠᠢᠨ ᠣᠯᠵᠤ ᠨᠠᠰᠤᠳᠠ ᠠᠮᠤᠷ ᠵᠢᠷᠭᠠᠬᠤ ᠪᠣᠢ᠂ ᠡᠭᠦᠰᠬᠡᠯ ᠪᠦᠷᠢᠳᠴᠦ᠂ ᠥᠪᠡᠷ ᠪᠤᠰᠤᠳ ᠤ᠋ᠨ ᠲᠥᠯᠥᠭᠡ ᠲᠤᠰᠠ ᠶᠡᠬᠡ᠂ ᠨᠠᠰᠤᠨ ᠥᠨᠳᠥᠷ᠂ ᠦᠷ᠎ᠡ ᠴᠤᠬᠠᠭ᠂ ᠡᠳ᠋ ᠮᠠᠯ ᠤ᠋ᠨ ᠬᠡᠰᠢᠭ ᠦᠰᠬᠦᠢ ᠬᠠᠷᠢᠬᠤᠢ ᠪᠥᠭᠡᠳ ᠡᠴᠢᠭᠡ ᠡᠬᠡ ᠯᠦᠭᠡ ᠬᠠᠮᠲᠤᠳᠠ ᠦᠯᠦ ᠵᠢᠷᠭᠠᠬᠤ ᠪᠤᠶᠤ᠂ ᠨᠠᠰᠤᠳᠠ ᠮᠣᠳᠣᠨ ᠴᠢᠯᠠᠭᠤᠨ ᠤ᠋ ᠡᠵᠡᠳ ᠪᠤᠯᠢᠯᠠᠵᠤ ᠤᠷᠰᠢᠭ ᠶᠠᠷᠰᠢᠭ ᠪᠠᠭᠤᠷᠠᠯ ᠪᠤᠯᠬᠤᠢ ᠶ᠋ᠢ ᠰᠡᠷᠡᠮᠵᠢᠯᠡ᠂ ᠨᠠᠢ᠍ᠮᠠᠨ ᠭᠡᠭᠡᠨ᠎ᠡ ᠰᠠᠩ ᠰᠠᠪᠳᠠᠭ ᠥᠭᠴᠦ ᠶᠠᠪᠤᠪᠠᠰᠤ ᠰᠠᠢᠨ᠂ ᠤᠨᠤᠬᠤ ᠮᠣᠷᠢ ᠬᠥᠬᠡ᠂ ᠡᠮᠦᠰᠬᠦᠢ ᠬᠤᠪᠴᠠᠰᠤᠨ ᠤᠯᠠᠭᠠᠨ ᠰᠠᠢᠨ ᠢᠪᠡᠭᠡᠯᠲᠦ᠃ 
   ○ ᠴᠠᠭᠠᠨ ᠪᠠᠷᠰ ᠵᠢᠯᠲᠦ ᠶ᠋ᠢᠨ ᠠᠮᠢᠨ – ᠮᠣᠳᠣᠨ᠂ ᠪᠡᠶ᠎ᠡ – ᠮᠣᠳᠣᠨ᠂ ᠡᠷᠬᠡᠲᠡᠨ – ᠲᠡᠮᠦᠷ᠂ ᠬᠡᠢᠮᠣᠷᠢ – ᠲᠡᠮᠦᠷ᠂ ᠰᠦᠨᠡᠰᠦ – ᠰᠢᠷᠣᠢ᠃ ᠮᠠᠢᠯᠠᠰᠤᠨ ᠮᠣᠳᠣᠨ ᠪᠤᠶᠤ᠃ ᠡᠷ᠎ᠡ ᠡᠮ᠎ᠡ ᠴᠥᠮ ᠰᠠᠢᠨ᠂ ᠦᠷ᠎ᠡ ᠨᠠᠰᠤᠨ ᠡᠳ᠋ ᠡᠯᠪᠡᠭ᠂ ᠪᠠᠭ᠎ᠠ ᠳ᠋ᠤᠷ ᠵᠣᠪᠠᠪᠠᠴᠤ ᠦᠳᠡᠯᠡᠬᠦᠶ᠎ᠡ ᠰᠠᠢᠨ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠳᠡᠭᠡᠳᠦ ᠰᠠᠢᠨ ᠪᠣᠯᠪᠠᠴᠤ ᠢᠳᠡᠭᠡᠨ ᠬᠤᠪᠴᠠᠰᠤᠨ ᠢ᠋ ᠬᠦᠴᠦᠯᠡᠨ ᠣᠯᠤᠮᠤᠢ᠂ ᠣᠶᠤᠨ ᠬᠤᠷᠴᠠ᠂ ᠤᠯᠠᠭᠠᠨ ᠬᠥᠯ ᠠᠮᠤᠢ᠂ ᠰᠢᠯᠲᠦ ᠪᠣᠯᠤᠭᠠᠳ ᠳᠡᠭᠡᠳᠦᠰ ᠦ᠋ᠨ ᠵᠡᠷᠭᠡ ᠳ᠋ᠦ᠍ᠷ ᠬᠦᠷᠬᠦᠢ᠂ ᠭᠡᠮ ᠢᠨᠤ ᠡᠳ᠋ ᠮᠠᠯ ᠠᠨᠤ ᠳᠠᠢᠰᠤᠨ ᠮᠡᠲᠦ ᠪᠣᠯᠤᠭᠠᠳ ᠠᠯᠠᠵᠤ ᠦᠯᠦ ᠪᠠᠷᠠᠬᠤ ᠳᠠᠢᠰᠤᠨ ᠲᠠᠢ ᠪᠤᠶᠤ᠂ ᠽᠠᠨᠳᠠᠨ ᠮᠣᠳᠣᠨ ᠢ ᠮᠣᠭᠠᠢ ᠮᠡᠯᠡᠬᠡᠢ ᠣᠷᠢᠶᠠᠭᠰᠠᠨ ᠠᠳᠠᠯᠢ ᠲᠤᠯᠠ ᠠᠯᠢᠪᠠ ᠳ᠋ᠤᠷ ᠰᠡᠷᠡᠭᠦᠨ ᠪᠤᠶᠤ᠂ ᠨᠡᠷ᠎ᠡ ᠪᠣᠢ ᠪᠣᠯᠪᠠᠴᠤ ᠦᠷ᠎ᠡ ᠴᠤᠬᠠᠭ ᠠᠰᠢᠳᠠ ᠯᠤᠤᠰ ᠤ᠋ᠨ ᠬᠣᠣᠷᠯᠠᠯ ᠲᠠᠢ ᠲᠤᠯᠠ ᠨᠠᠰᠤᠳᠠ ᠬᠠᠷ᠎ᠠ ᠭᠠᠷᠤᠲᠠᠢ ᠪᠤᠶᠤ ᠬᠢᠯᠢᠩᠲᠦ ᠮᠠᠨᠽᠥ᠋ᠰᠢᠷᠢ ᠰᠢᠲᠦᠵᠦ ᠡᠯᠪᠡᠷᠢᠯ ᠳᠡᠭᠦᠦᠴᠢᠯᠡᠯ ᠢ ᠬᠡᠴᠢᠶᠡᠡ ᠶᠠᠪᠤᠪᠠᠰᠤ ᠰᠠᠢᠨ᠂ ᠤᠨᠤᠬᠤ ᠮᠣᠷᠢ ᠤᠯᠠᠭᠠᠨ ᠵᠡᠭᠡᠷᠳᠡ ᠰᠠᠢᠨ᠂ ᠡᠮᠦᠰᠬᠦᠢ ᠬᠤᠪᠴᠠᠰᠤᠨ ᠬᠠᠷ᠎ᠠ ᠰᠠᠢᠨ ᠢᠪᠡᠭᠡᠯᠲᠦ ᠪᠣᠢ᠃ 
   ○ ᠬᠠᠷ᠎ᠠ ᠪᠠᠷᠰ ᠵᠢᠯᠳᠦ ᠶ᠋ᠢᠨ ᠠᠮᠢᠨ – ᠮᠣᠳᠣᠨ᠂ ᠪᠡᠶ᠎ᠡ – ᠲᠡᠮᠦᠷ᠂ ᠡᠷᠬᠡᠲᠡᠨ – ᠤᠰᠤ᠂ ᠬᠡᠢᠮᠣᠷᠢ – ᠲᠡᠮᠦᠷ᠂ ᠰᠦᠨᠡᠰᠦ – ᠲᠡᠮᠦᠷ᠃ ᠰᠢᠷᠡᠮᠦᠨ ᠲᠡᠮᠦᠷ ᠪᠤᠶᠤ᠃ ᠰᠡᠳᠬᠢᠯ ᠬᠠᠲᠠᠭᠤ᠂ ᠤᠬᠠᠭᠠᠨ ᠭᠦᠨ᠎ᠡ ᠤᠷᠠᠨ ᠪᠥᠭᠡᠳ ᠪᠤᠶᠠᠨ ᠰᠠᠢᠨ᠂ ᠠᠮᠢᠨ ᠣᠮᠣᠭ ᠤ᠋ᠨ ᠨᠥᠬᠥᠷ᠂ ᠡᠷᠬᠡᠲᠡᠨ ᠠᠮᠢᠨ ᠤ᠋ ᠡᠬᠡ᠂ ᠵᠠᠶᠠᠭ᠎ᠠ ᠠᠨᠤ ᠳᠣᠣᠷᠠᠲᠤ ᠮᠠᠭᠤ ᠪᠤᠶᠤ᠂ ᠢᠳᠡᠭᠡᠨ ᠬᠤᠪᠴᠠᠰᠤᠨ ᠤ᠋ ᠬᠡᠰᠢᠭ ᠪᠣᠢ ᠠᠲᠠᠯ᠎ᠠ ᠠᠰᠤᠷᠤ ᠲᠠᠴᠢᠶᠠᠩᠭᠤᠢᠲᠤ ᠲᠤᠯᠠ ᠡᠴᠢᠭᠡ ᠡᠬᠡ ᠨᠥᠬᠥᠷ ᠰᠡᠭᠦᠳᠡᠷ ᠡᠳ᠋ ᠠᠭᠤᠷᠠᠰᠤᠨ ᠪᠦᠭᠦᠳᠡ ᠳ᠋ᠦ᠍ ᠬᠠᠷᠰᠢ ᠪᠣᠯᠤᠭᠴᠢ ᠳᠠᠢᠰᠤᠨ ᠪᠤᠶᠤ ᠡᠳ᠋ ᠪᠣᠢ ᠪᠥᠭᠡᠰᠦ ᠦᠷ᠎ᠡ ᠨᠠᠰᠤᠨ ᠴᠤᠬᠠᠭ᠂ ᠥᠪᠡᠷ ᠪᠤᠰᠤᠳ ᠤ᠋ᠨ ᠲᠤᠰᠠ ᠦᠭᠡᠢ᠂ ᠨᠡᠮᠡᠬᠦᠢ ᠪᠠᠭᠤᠷᠠᠯ ᠤ᠋ᠨ ᠣᠯᠠᠨ ᠢ ᠦᠵᠡᠬᠦᠢ᠂ ᠡᠭᠦᠰᠬᠡᠯ ᠪᠤᠶᠤ ᠲᠡᠭᠦᠰᠬᠡᠯ ᠦᠭᠡᠢ ᠪᠡᠷ ᠨᠠᠰᠤᠨ ᠵᠠᠭᠤᠷ᠎ᠠ ᠶᠠᠪᠤᠮᠤᠢ᠂ ᠠᠰᠢᠳᠠ ᠡᠮ᠎ᠡ ᠡᠯᠢᠶ᠎ᠡ ᠬᠢᠭᠡᠳ ᠪᠤᠷᠲᠠᠭ ᠰᠦᠨᠡᠰᠦ ᠶ᠋ᠢᠨ ᠬᠣᠣᠷᠯᠠᠯ ᠪᠤᠯᠬᠤᠢ ᠶ᠋ᠢᠨ ᠲᠤᠯᠠ ᠪᠠᠨᠽᠠᠷᠠᠭᠴᠢᠨ ᠰᠢᠲᠦᠵᠦ ᠤᠬᠢᠶᠠᠯ ᠤ᠋ᠨ ᠨᠣᠮ ᠢ ᠡᠷᠭᠢᠯᠡ᠂ ᠤᠨᠤᠬᠤ ᠮᠣᠷᠢ ᠤᠯᠠᠭᠠᠨ᠂ ᠡᠮᠦᠰᠬᠦᠢ ᠬᠤᠪᠴᠠᠰᠤᠨ ᠬᠥᠬᠡ ᠰᠠᠢᠨ ᠢᠪᠡᠭᠡᠯᠲᠦ᠃ 


ᠲᠠᠤᠯᠠᠢ ᠵᠢᠯ

   ○ ᠬᠥᠬᠡᠭᠴᠢᠨ ᠲᠠᠤᠯᠠᠢ ᠵᠢᠯᠲᠦ ᠶ᠋ᠢᠨ ᠠᠮᠢᠨ – ᠮᠣᠳᠣᠨ᠂ ᠪᠡᠶ᠎ᠡ – ᠤᠰᠤ᠂ ᠡᠷᠬᠡᠲᠡᠨ – ᠮᠣᠳᠣᠨ᠂ ᠬᠡᠢᠮᠣᠷᠢ – ᠭᠠᠯ᠂ ᠰᠦᠨᠡᠰᠦ – ᠤᠰᠤ᠃ ᠶᠡᠬᠡ ᠨᠠᠭᠤᠷ ᠤ᠋ᠨ ᠤᠰᠤ᠃ ᠰᠡᠳᠬᠢᠯ ᠠᠭᠤᠳᠠᠮ ᠪᠣᠳᠣᠯᠭ᠎ᠠ ᠬᠥᠩᠭᠡᠨ ᠪᠥᠭᠡᠳ ᠪᠠᠷᠢᠮᠲᠠ ᠦᠭᠡᠢ᠂ ᠠᠮᠢᠨ ᠣᠮᠣᠭ ᠤ᠋ᠨ ᠬᠥᠪᠡᠭᠦᠨ᠂ ᠡᠷᠬᠡᠲᠡᠨ ᠠᠮᠢᠨ ᠠᠳᠠᠯᠢ᠂ ᠵᠠᠶᠠᠭ᠎ᠠ ᠳᠣᠣᠷᠠᠲᠤ ᠮᠠᠭᠤ ᠪᠤᠶᠤ᠂ ᠢᠳᠡᠭᠡᠨ ᠬᠤᠪᠴᠠᠰᠤᠨ ᠢ ᠥᠪᠡᠷ ᠢ᠋ᠶ᠋ᠡᠨ ᠴᠢᠷᠮᠠᠢᠨ ᠣᠯᠵᠤ ᠠᠮᠢᠳᠤᠷᠠᠮᠤᠢ᠂ ᠡᠷᠬᠡᠲᠡᠨ ᠬᠥᠪᠡᠭᠦᠨ ᠭᠡᠮᠲᠦ ᠪᠤᠶᠤ᠂ ᠡᠴᠢᠭᠡ ᠡᠬᠡ ᠯᠤᠭ᠎ᠠ ᠪᠠᠨ ᠥᠨᠢᠳᠡ ᠦᠯᠦ ᠠᠮᠢᠳᠤᠷᠠᠮᠤᠢ᠂ ᠥᠪᠡᠷ ᠪᠤᠰᠤᠳ ᠲᠤᠷ᠂ ᠲᠤᠰᠠ ᠦᠭᠡᠢ ᠪᠣᠢ᠂ ᠡᠭᠦᠰᠬᠡᠯ ᠲᠡᠭᠦᠰᠬᠡᠯ ᠦᠭᠡᠢ ᠶ᠋ᠢᠨ ᠲᠤᠯᠠᠳᠠ ᠡᠴᠢᠭᠡ ᠠᠪᠠᠭ᠎ᠠ ᠠᠬ᠎ᠠ ᠨᠠᠷ ᠢ ᠰᠢᠲᠦᠵᠦ᠂ ᠠᠮᠢᠳᠤᠷᠠᠪᠠᠰᠤ ᠰᠠᠢᠨ᠂ ᠡᠳ᠋ ᠮᠠᠯ ᠤ᠋ᠨ ᠦᠰᠬᠦᠢ ᠡᠴᠡ ᠪᠠᠭᠤᠷᠠᠬᠤᠢ ᠣᠯᠠᠨ᠂ ᠡᠬᠡ ᠡᠮ᠎ᠡ ᠬᠠᠭᠠᠴᠠᠬᠤ ᠢᠷᠣ᠎ᠠ ᠲᠠᠢ᠂ ᠦᠭᠡᠢ ᠪᠥᠭᠡᠰᠦ ᠬᠣᠶᠠᠷ ᠠᠪᠬᠤ᠂ ᠠᠰᠢᠳᠠ ᠯᠤᠤᠰ ᠤ᠋ᠨ ᠬᠣᠣᠷᠯᠠᠯ ᠪᠣᠯᠵᠤ ᠨᠠᠰᠤᠳᠠ ᠭᠤᠷᠪᠠᠨ ᠢᠵᠠᠭᠤᠷᠲᠠᠨ ᠪᠤᠷᠬᠠᠨ ᠢ ᠰᠢᠲᠦᠵᠦ ᠠᠪᠢᠰᠢᠭ᠌ ᠠᠪᠤᠭᠳᠠᠬᠤᠢ᠂ ᠤᠨᠤᠬᠤ ᠮᠣᠷᠢ ᠰᠢᠷᠭ᠎ᠠ ᠰᠠᠢᠨ᠂ ᠡᠮᠦᠰᠬᠦᠢ ᠬᠤᠪᠴᠠᠰᠤᠨ ᠬᠥᠬᠡ ᠰᠠᠢᠨ ᠢᠪᠡᠭᠡᠯᠲᠦ᠃ 
   ○ ᠤᠯᠠᠭᠴᠢᠨ ᠲᠠᠤᠯᠠᠢ ᠵᠢᠯᠲᠦ ᠶ᠋ᠢᠨ ᠠᠮᠢᠨ – ᠮᠣᠳᠣᠨ᠂ ᠪᠡᠶ᠎ᠡ – ᠭᠠᠯ᠂ ᠡᠷᠬᠡᠲᠡᠨ – ᠭᠠᠯ᠂ ᠬᠡᠢᠮᠣᠷᠢ – ᠭᠠᠯ᠂ ᠰᠦᠨᠡᠰᠦ – ᠮᠣᠳᠣᠨ᠂ ᠬᠥᠭᠡᠷᠭᠡ ᠶ᠋ᠢᠨ ᠭᠠᠯ ᠪᠤᠶᠤ᠂ ᠬᠤᠸᠠᠷᠠᠭ ᠵᠠᠶᠠᠭᠠᠲᠤ ᠦᠷ᠎ᠡ ᠴᠤᠬᠠᠭ᠂ ᠰᠠᠨᠠᠭ᠎ᠠ ᠲᠦᠷᠭᠡᠨ ᠰᠡᠴᠡᠨ ᠤᠬᠠᠭᠠᠨᠲᠤ᠂ ᠨᠠᠰᠤᠨ ᠤᠷᠲᠤ᠂ ᠠᠮᠢᠨ ᠣᠮᠣᠭ ᠤ᠋ᠨ ᠨᠢᠭᠡᠨ ᠠᠳᠠᠯᠢ᠂ ᠡᠷᠬᠡᠲᠡᠨ ᠠᠮᠢᠨ ᠤ᠋ ᠬᠥᠪᠡᠭᠦᠨ᠂ ᠵᠠᠶᠠᠭ᠎ᠠ ᠳᠤᠮᠳᠠ ᠰᠠᠢᠨ᠂ ᠢᠳᠡᠬᠦᠢ ᠡᠮᠦᠰᠬᠦᠢ ᠦᠯᠦ ᠳᠤᠲᠠᠬᠤᠢ᠂ ᠡᠷᠬᠢᠮ ᠦ᠋ᠨ ᠦᠢᠯᠡᠰ ᠢ ᠣᠯᠵᠤ ᠦᠯᠦ ᠳᠣᠷᠣᠢᠲᠠᠬᠤ ᠪᠥᠭᠡᠲᠡᠯ᠎ᠡ ᠰᠠᠢᠨ ᠳ᠋ᠠᠭᠠᠨ ᠡᠷᠡᠮᠰᠢᠵᠦ ᠬᠣᠳᠣᠬᠤᠢ ᠠᠶᠤᠯ ᠢ ᠰᠡᠷᠡᠮᠵᠢᠯᠡ᠂ ᠭᠠᠭᠴᠠ ᠲᠥᠷᠥᠯ ᠡᠴᠡ ᠠᠩᠭᠢᠵᠢᠷᠠᠵᠤ ᠡᠴᠢᠭᠡ ᠡᠬᠡ ᠳ᠋ᠡᠭᠡᠨ ᠭᠠᠢ ᠲᠠᠢ᠂ ᠡᠳ᠋ ᠮᠠᠯ ᠥᠰᠬᠦᠢ ᠬᠠᠷᠢᠬᠤᠢ ᠪᠠ ᠦᠷ᠎ᠡ ᠴᠤᠬᠠᠭ ᠪᠣᠯᠤᠮᠤᠢ᠂ ᠡᠭᠦᠰᠬᠡᠯ ᠪᠤᠶᠤ ᠲᠡᠭᠦᠰᠬᠡᠯ ᠦᠭᠡᠢ᠂ ᠬᠡᠰᠢᠭᠲᠦ ᠰᠠᠢᠨ ᠣᠮᠣᠭ ᠢ᠋ᠶ᠋ᠠᠷ ᠠᠯᠳᠠᠵᠤ ᠡᠳ᠋ ᠮᠠᠯ ᠦᠷ᠎ᠡ ᠬᠥᠪᠡᠭᠦᠨ ᠪᠠᠭᠤᠷᠠᠬᠤ᠂ ᠠᠰᠢᠳᠠ ᠠᠯᠪᠢᠨ ᠯᠤᠤᠰ ᠬᠣᠣᠷᠯᠠᠵᠤ ᠢᠬᠢᠷ ᠰᠢᠬᠢᠷ ᠬᠡᠯᠡ ᠠᠮᠠ ᠪᠤᠶᠤ᠂ ᠨᠠᠰᠤᠳᠠ ᠳ᠋ᠠᠮᠷᠠᠯ ᠮᠠᠨᠽᠥ᠋ᠰᠢᠷᠢ ᠰᠢᠲᠦᠪᠡᠰᠦ ᠰᠠᠢᠨ᠂ ᠤᠨᠤᠬᠤ ᠮᠣᠷᠢ ᠬᠠᠷ᠎ᠠ᠂ ᠡᠮᠦᠰᠬᠦᠢ ᠬᠤᠪᠴᠠᠰᠤᠨ ᠬᠥᠬᠡ ᠤᠯᠠᠭᠠᠨ ᠰᠠᠢᠨ ᠢᠪᠡᠭᠡᠯᠲᠦ ᠪᠣᠢ᠃ 
   ○ ᠰᠢᠷᠠᠭᠴᠢᠨ ᠲᠠᠤᠯᠠᠢ ᠵᠢᠯᠲᠦ ᠶ᠋ᠢᠨ ᠠᠮᠢᠨ – ᠮᠣᠳᠣᠨ᠂ ᠪᠡᠶ᠎ᠡ – ᠰᠢᠷᠣᠢ᠂ ᠡᠷᠬᠡᠲᠡᠨ – ᠰᠢᠷᠣᠢ᠂ ᠬᠡᠢᠮᠣᠷᠢ – ᠭᠠᠯ᠂ ᠰᠦᠨᠡᠰᠦ – ᠭᠠᠯ᠃ ᠬᠣᠲᠠᠨ ᠳᠡᠭᠡᠷᠡᠬᠢ ᠰᠢᠷᠣᠢ ᠪᠤᠶᠤ᠃ ᠡᠳ᠋ ᠮᠠᠯ ᠤ᠋ᠨ ᠶᠡᠬᠡ ᠦᠭᠯᠢᠭᠡᠡ ᠳ᠋ᠦ᠍ᠷ ᠳᠤᠷᠠᠲᠠᠢ᠂ ᠠᠮᠢᠨ ᠣᠮᠣᠭ ᠤ᠋ᠨ ᠡᠬᠡ᠂ ᠡᠷᠬᠡᠲᠡᠨ ᠠᠮᠢᠨ ᠤ᠋ ᠨᠥᠬᠥᠷ᠂ ᠵᠠᠶᠠᠭ᠎ᠠ ᠳᠤᠮᠳᠠ ᠰᠠᠢᠨ᠂ ᠢᠳᠡᠬᠦᠢ ᠡᠮᠦᠰᠬᠦᠢ ᠡᠳ᠋ ᠮᠠᠯ ᠤ᠋ᠨ ᠬᠡᠰᠢᠭ ᠳᠤᠮᠳᠠ᠂ ᠥᠪᠡᠷ ᠪᠤᠰᠤᠳ ᠲᠤᠷ ᠲᠤᠰᠠ ᠥᠴᠦᠬᠡᠨ᠂ ᠡᠴᠢᠭᠡ ᠠᠬ᠎ᠠ ᠳᠡᠭᠦᠨᠡᠷ ᠯᠤᠭ᠎ᠠ ᠦᠯᠦ ᠵᠣᠬᠢᠯᠳᠤᠬᠤ᠂ ᠬᠤᠷᠢᠶᠠᠭᠰᠠᠨ ᠡᠳ᠋ ᠮᠠᠯ ᠦᠰᠬᠦᠢ ᠬᠠᠷᠢᠬᠤᠢ᠂ ᠡᠭᠦᠰᠬᠡᠯ ᠪᠣᠢ ᠲᠡᠭᠦᠰᠬᠡᠯ ᠦᠭᠡᠢ᠂ ᠦᠷ᠎ᠡ ᠨᠠᠰᠤᠨ ᠬᠡᠰᠢᠭ ᠳᠤᠮᠳᠠ ᠰᠠᠢᠨ ᠡᠴᠦᠰ ᠲᠦ᠍ᠷ ᠪᠠᠭᠤᠷᠠᠬᠤ᠂ ᠠᠷᠢᠭᠤᠨ ᠪᠥᠭᠡᠲᠡᠯ᠎ᠡ ᠬᠦᠴᠢᠷ ᠦᠭᠡᠰ ᠪᠤᠯᠬᠤᠢ᠂ ᠠᠰᠢᠳᠠ ᠡᠮ᠎ᠡ ᠡᠯᠢᠶ᠎ᠡ ᠬᠣᠣᠷᠯᠠᠬᠤ᠂ ᠨᠠᠰᠤᠳᠠ ᠭᠤᠷᠪᠠᠨ ᠢᠵᠠᠭᠤᠷᠲᠠᠨ ᠪᠤᠷᠬᠠᠨ ᠢ ᠰᠢᠲᠦᠪᠡᠰᠦ ᠰᠠᠢᠨ᠂ ᠤᠨᠤᠬᠤ ᠮᠣᠷᠢ ᠬᠦᠷᠡᠩ᠂ ᠡᠮᠦᠰᠬᠦᠢ ᠬᠤᠪᠴᠠᠰᠤᠨ ᠤᠯᠠᠭᠠᠨ ᠰᠠᠢᠨ᠂ ᠡᠨᠡ ᠬᠥᠮᠦᠨ ᠰᠦᠰᠦᠭᠲᠡᠢ ᠪᠣᠯᠪᠠᠴᠤ ᠡᠲᠡᠭᠡᠳ ᠢ᠋ᠶ᠋ᠡᠷ ᠭᠠᠭᠴᠠ ᠪᠡᠶ᠎ᠡ ᠥᠩᠭᠡ ᠪᠡᠷ ᠡᠴᠦᠰᠯᠡᠬᠦᠢ ᠪᠣᠢ᠃ 
   ○ ᠴᠠᠭᠠᠭᠴᠢᠨ ᠲᠠᠤᠯᠠᠢ ᠵᠢᠯᠲᠦ ᠶ᠋ᠢᠨ ᠠᠮᠢᠨ – ᠮᠣᠳᠣᠨ᠂ ᠪᠡᠶ᠎ᠡ – ᠮᠣᠳᠣᠨ᠂ ᠡᠷᠬᠡᠲᠡᠨ – ᠲᠡᠮᠦᠷ᠂ ᠬᠡᠢᠮᠣᠷᠢ – ᠭᠠᠯ᠂ ᠰᠦᠨᠡᠰᠦ – ᠰᠢᠷᠣᠢ᠃ ᠠᠷᠴᠠ ᠮᠣᠳᠣ ᠪᠤᠶᠤ᠃ ᠡᠷ᠎ᠡ ᠡᠮ᠎ᠡ ᠴᠥᠮ ᠰᠠᠢᠨ᠂ ᠡᠳ᠋ ᠮᠠᠯ ᠦᠷ᠎ᠡ ᠨᠠᠰᠤᠨ ᠡᠯᠪᠡᠭ᠂ ᠪᠠᠭ᠎ᠠ ᠳ᠋ᠤᠷ ᠵᠣᠪᠠᠪᠠᠴᠤ ᠶᠡᠬᠡ ᠪᠣᠯᠤᠭᠠᠳ ᠰᠠᠢᠨ᠂ ᠠᠮᠢᠨ ᠣᠮᠣᠭ ᠤ᠋ᠨ ᠳᠠᠢᠰᠤᠨ᠂ ᠡᠷᠬᠡᠲᠡᠨ ᠠᠮᠢᠨ ᠤ᠋ ᠳᠠᠢᠰᠤᠨ᠂ ᠵᠠᠶᠠᠭ᠎ᠠ ᠳᠤᠮᠳᠠ ᠰᠠᠢᠨ᠂ ᠤᠯᠠᠷᠢᠬᠤ ᠢᠳᠡᠭᠡᠨ ᠬᠤᠪᠴᠠᠰᠤᠨ ᠢ ᠡᠷᠢᠵᠦ ᠣᠯᠤᠮᠤᠢ᠂ ᠡᠳ᠋ ᠮᠠᠯ ᠲᠣᠭᠲᠠᠪᠤᠷᠢ ᠦᠭᠡᠢ᠂ ᠴᠢᠳᠠᠪᠤᠷᠢ ᠪᠠᠭ᠎ᠠ᠂ ᠠᠪᠤᠷᠢ ᠮᠠᠭᠤ ᠳᠠᠢᠰᠤᠨ ᠡᠯᠪᠡᠭ᠂ ᠡᠴᠢᠭᠡ ᠡᠬᠡ ᠳ᠋ᠦ᠍ᠷ ᠲᠤᠰᠠ ᠥᠴᠦᠬᠡᠨ᠂ ᠡᠭᠦᠰᠬᠡᠯ ᠪᠣᠢ ᠲᠡᠭᠦᠰᠬᠡᠯ ᠦᠭᠡᠢ᠂ ᠦᠢᠯᠡᠳᠦᠭᠰᠡᠨ ᠦᠢᠯᠡᠰ ᠢ ᠪᠣᠰᠤᠭ ᠪᠠᠶᠠᠵᠢᠬᠤ᠂ ᠡᠯᠪᠡᠷᠢᠯ ᠲᠡᠢ ᠪᠥᠭᠡᠳ ᠰᠦᠰᠦᠭᠲᠡᠢ ᠪᠣᠯᠪᠠᠰᠤ ᠰᠠᠶᠢ ᠰᠠᠢᠨ᠂ ᠠᠰᠢᠳᠠ ᠣᠷᠣᠨ ᠤ᠋ ᠯᠤᠤᠰ ᠬᠣᠣᠷᠯᠠᠬᠤ᠂ ᠨᠠᠰᠤᠳᠠ ᠴᠠᠭᠳᠤᠷ ᠸᠠᠴᠢᠷᠪᠠᠨᠢ ᠰᠢᠲᠦᠵᠦ ᠶᠠᠪᠤᠪᠠᠰᠤ ᠰᠠᠶᠢ ᠰᠠᠢᠨ᠂ ᠡᠮᠦᠰᠬᠦᠢ ᠬᠤᠪᠴᠠᠰᠤᠨ ᠬᠠᠷ᠎ᠠ ᠰᠠᠢᠨ ᠢᠪᠡᠭᠡᠯᠲᠦ᠃ 
   ○ ᠬᠠᠷᠠᠭᠴᠢᠨ ᠲᠠᠤᠯᠠᠢ ᠵᠢᠯᠲᠦ ᠶ᠋ᠢᠨ ᠠᠮᠢᠨ – ᠮᠣᠳᠣᠨ᠂ ᠪᠡᠶ᠎ᠡ – ᠲᠡᠮᠦᠷ᠂ ᠡᠷᠬᠡᠲᠡᠨ – ᠤᠰᠤᠨ᠂ ᠬᠡᠢᠮᠣᠷᠢ – ᠭᠠᠯ᠂ ᠰᠦᠨᠡᠰᠦ – ᠲᠡᠮᠦᠷ᠂ ᠰᠢᠷᠡᠮᠦᠨ ᠲᠡᠮᠦᠷ ᠪᠤᠤ᠃ ᠰᠠᠨᠠᠭ᠎ᠠ ᠰᠡᠳᠬᠢᠯ ᠬᠠᠲᠠᠭᠤ᠂ ᠤᠬᠠᠭᠠᠨ ᠭᠦᠨ᠎ᠡ ᠤᠷᠠᠨ ᠪᠥᠭᠡᠳ ᠪᠤᠶᠠᠨ ᠳᠤᠮᠳᠠ ᠠᠮᠢᠨ ᠤ᠋ ᠣᠮᠣᠭ ᠨᠥᠬᠥᠷ᠂ ᠡᠷᠬᠡᠲᠡᠨ ᠠᠮᠢᠨ ᠤ᠋ ᠡᠬᠡ᠂ ᠵᠠᠶᠠᠭ᠎ᠠ ᠳᠣᠣᠷᠠᠲᠤ ᠪᠤᠶᠤ᠂ ᠢᠳᠡᠬᠦᠢ ᠡᠮᠦᠰᠬᠦᠢ ᠬᠡᠰᠢᠭ ᠥᠴᠦᠬᠡᠨ᠂ ᠡᠴᠢᠭᠡ ᠡᠳ᠋ ᠮᠠᠯ ᠢᠨᠤ ᠳᠠᠢᠰᠤᠨ ᠮᠡᠲᠦ ᠨᠡᠮᠡᠬᠦ ᠪᠠᠭᠤᠷᠠᠬᠤᠢ ᠣᠯᠠᠨ᠂ ᠦᠵᠡᠬᠦᠢ ᠦᠷ᠎ᠡ ᠪᠣᠢ ᠪᠣᠯᠪᠠᠴᠤ ᠡᠪᠡᠳᠴᠢᠨ ᠣᠯᠠᠨ᠂ ᠡᠭᠦᠰᠬᠡᠯ ᠪᠣᠢ ᠲᠡᠭᠦᠰᠬᠡᠯ ᠦᠭᠡᠢ᠂ ᠵᠠᠯᠠᠭᠤ ᠴᠠᠭ ᠲᠤ᠌ ᠵᠣᠪᠠᠯ ᠠᠷᠪᠢᠨ᠂ ᠦᠳᠡᠯᠡᠬᠦᠶ᠎ᠡ ᠵᠢᠷᠭᠠᠬᠤ ᠬᠤᠪᠢ ᠪᠣᠢ᠂ ᠨᠠᠰᠤᠳᠠ ᠪᠤᠷᠲᠠᠭ ᠪᠤᠵᠠᠷ ᠬᠣᠣᠷᠯᠠᠵᠤ ᠡᠷ᠎ᠡ ᠡᠮ᠎ᠡ ᠶᠡᠭᠦᠦᠯᠡᠨ ᠡᠳ᠋ ᠠᠰᠢᠭ ᠲᠣᠭᠲᠠᠪᠤᠷᠢ ᠦᠭᠡᠢ ᠂ ᠠᠰᠢᠳᠠ ᠤᠬᠢᠶᠠᠯ ᠤ᠋ᠨ ᠨᠣᠮ ᠨᠣᠷᠵᠢᠮᠠᠨ ᠰᠠᠮᠪᠠᠯ ᠰᠢᠲᠦᠪᠡᠰᠦ ᠰᠠᠢᠨ᠂ ᠤᠨᠤᠬᠤ ᠮᠣᠷᠢ ᠵᠡᠭᠡᠷᠳᠡ᠂ ᠡᠮᠦᠰᠬᠦᠢ ᠬᠤᠪᠴᠠᠰᠤᠨ ᠰᠢᠷ᠎ᠠ ᠪᠣᠷᠣ ᠰᠠᠢᠨ ᠢᠪᠡᠭᠡᠯᠲᠦ᠃