ᠬᠡᠦᠬᠡᠨ ᠳᠤᠷᠠᠯᠠᠯ ᠦ᠋ᠨ ᠸᠠᠯᠢᠰ – ᠴᠣ ᠂ ᠣᠷᠱᠤᠨ Хүүхэн дурлалын вальс – Чо ᠂ Оршин
ᠬᠡᠦᠬᠡᠨ ᠳᠤᠷᠠᠯᠠᠯ ᠦ᠋ᠨ ᠸᠠᠯᠢᠰ
ᠳᠡᠭᠵᠢᠨ ᠨᠠᠰᠤᠨ ᠤ᠋ ᠳᠤᠷᠠᠯᠠᠯ ᠤ᠋ᠨ ᠮᠢᠨᠢ
ᠰᠢᠭᠦᠳᠡᠷᠢ ᠶ᠋ᠢᠨ ᠮᠥᠬᠥᠯᠢᠭ ᠪᠥᠮᠪᠥᠭᠡᠨᠡᠬᠦ ᠠᠳᠠᠯᠢ
ᠰᠢᠵᠢᠷᠬᠡᠨ ᠨᠠᠰᠤᠨ ᠤ᠋ ᠬᠠᠢᠷ᠎ᠠ ᠶ᠋ᠢᠨ ᠢ᠋ᠶ᠋ᠡᠨ
ᠤᠤᠭᠠᠨ ᠢᠨᠠᠭ ᠤ᠋ᠨ ᠸᠠᠯᠢᠰ ᠪᠠᠳᠠᠭ ᠢ᠋ᠶ᠋ᠠᠨ
ᠣᠳᠣ ᠪᠢ ᠤᠩᠰᠢᠵᠤ ᠰᠠᠭᠤᠨ᠎ᠠ
ᠣᠷᠴᠢᠯᠠᠩ ᠳ᠋ᠤ᠌ ᠵᠠᠶᠠᠭᠠᠭᠰᠠᠨ ᠬᠥᠮᠦᠨ ᠠᠷᠠᠳ ᠤ᠋ᠨ
ᠣᠯᠳᠠᠵᠤ ᠤᠴᠠᠷᠠᠬᠤ ᠬᠣᠪᠣᠷ ᠢ᠋ ᠳᠤᠷᠠᠰᠤᠨ᠎ᠠ᠃
ᠴᠢᠮ᠎ᠠ ᠲᠠᠢ ᠪᠢ ᠠᠭᠤᠯᠵᠠᠬᠤ ᠦᠭᠡᠢ ᠪᠣᠯ
ᠰᠡᠳᠬᠢᠯ ᠪᠣᠳᠣᠯ ᠮᠢᠨᠢ ᠡᠵᠡᠭᠦᠢᠷᠡᠬᠦ ᠷᠣᠮ᠂
ᠴᠢᠨᠦ ᠴᠢᠷᠠᠢ ᠶ᠋ᠢ ᠬᠠᠷᠠᠬᠤ ᠦᠭᠡᠢ ᠪᠣᠯ
ᠴᠡᠭᠡᠵᠢ ᠵᠢᠭᠲᠡᠢ ᠪᠠᠭᠲᠠᠷᠠᠬᠤ ᠶᠤᠮ᠃
ᠠᠵᠠ ᠲᠠᠭᠠᠷᠠᠵᠤ ᠵᠣᠯ ᠲᠠᠢ ᠤᠴᠠᠷᠠᠪᠠᠯ
ᠠᠭᠠᠯᠢᠭᠦᠢ ᠵᠠᠩ ᠮᠢᠨᠢ ᠨᠣᠮᠣᠬᠠᠷᠠᠴᠢᠬᠠᠨᠠ᠂
ᠠᠪᠤ ᠶ᠋ᠢᠨ ᠬᠦᠦ ᠶ᠋ᠢ ᠪᠢᠰᠢᠷᠡᠬᠦ ᠳᠣᠳᠣᠮ
ᠠᠶᠤᠤᠯᠢᠬᠠᠢ ᠤᠯᠠᠮ ᠡᠮᠵᠡᠭᠯᠡᠴᠢᠬᠡᠨᠡ᠃
ᠬᠠᠢᠷᠠᠲᠠᠢ ᠰᠢᠦ᠂ ᠪᠢ ᠴᠢᠮ᠎ᠠ ᠳ᠋ᠤ᠌ ᠭᠡᠳ
ᠬᠠᠴᠠᠷ ᠢ᠋ ᠮᠢᠨᠢ ᠲᠠᠭᠠᠯᠠᠪᠠᠯ ᠶᠠᠭᠠᠬᠢᠨ᠎ᠠ⁈
ᠬᠠᠷᠢᠨ ᠪᠢ ᠰᠢᠲᠠᠵᠤ ᠦᠬᠦᠮᠡᠷ
ᠬᠠᠯᠠᠭᠤᠳᠠᠵᠤ ᠬᠥᠯᠥᠷᠡᠭᠰᠡᠨ ᠢ᠋ᠶ᠋ᠡᠨ ᠰᠠᠨᠠᠨ᠎ᠠ᠃
ᠭᠠᠭᠴᠠᠬᠠᠨ ᠴᠢᠮ᠎ᠠ ᠳ᠋ᠤ᠌ ᠳᠤᠷᠠᠯᠠᠨ᠎ᠠ ᠭᠡᠳ
ᠭᠠᠷ ᠢ᠋ ᠮᠢᠨᠢ ᠠᠳᠬᠤᠪᠠᠯ ᠶᠠᠭᠠᠬᠢᠨ᠎ᠠ⁈
ᠬᠠᠢᠷ᠎ᠠ ᠶ᠋ᠢᠨ ᠢᠯᠴᠢᠨ ᠳ᠋ᠦ᠍ ᠲᠦᠯᠡᠭᠳᠡᠵᠦ
ᠬᠠᠭᠠᠯᠭ᠎ᠠ ᠲᠦᠯᠬᠢᠭᠡᠳ ᠭᠠᠷᠬᠤ ᠶ᠋ᠢ ᠪᠣᠳᠣᠨ᠎ᠠ᠃
ᠭᠡᠬᠦ ᠳ᠋ᠦ᠍ ᠴᠢ ᠮᠢᠨᠢ ᠶᠠᠭᠠᠬᠢᠭᠰᠠᠨ ᠴᠤ᠌ ᠦᠭᠡᠢ
ᠭᠡᠮ ᠦᠭᠡᠢ ᠴᠢᠷᠠᠢᠯᠠᠭᠠᠳ ᠲᠠᠭ ᠳᠤᠭᠤᠢ᠂
ᠡᠷ᠎ᠡ ᠬᠥᠮᠦᠨ ᠪᠢᠰᠢ ᠤᠤ᠂ ᠴᠢ ᠵᠣᠷᠢᠭᠯᠠᠭᠠᠳ
ᠡᠭᠴᠡᠯᠡᠵᠦ ᠨᠠᠮᠠᠶ᠋ᠢ ᠬᠠᠷᠠᠬᠤ ᠳ᠋ᠤ᠌ ᠶᠠᠭᠠᠬᠢᠨ᠎ᠠ᠃
ᠲᠡᠭᠡᠭᠡᠳ ᠴᠢ ᠲᠠᠩᠳᠠ ᠮᠠᠨ ᠤ᠋ ᠳ᠋ᠤ᠌ ᠢᠷᠡᠳᠡᠭ
ᠲᠡᠢᠮᠦ ᠡᠢᠮᠦ ᠴᠤ᠌ ᠦᠭᠡᠢ ᠨᠣᠮᠣᠬᠠᠨ ᠰᠠᠭᠤᠳᠠᠭ ᠂
ᠪᠢ ᠴᠢᠨᠢ ᠬᠡᠦᠬᠡᠨ ᠬᠥᠮᠦᠨ ᠶᠦᠮ ᠰᠢᠦ ᠳᠡ
ᠪᠡᠶ᠎ᠡ ᠰᠡᠳᠬᠢᠯ ᠢ᠋ ᠲᠠᠭᠠᠪᠤᠷᠢᠯᠠᠵᠤ ᠮᠡᠳᠡᠬᠦ ᠤᠤ?
ᠠᠶᠠᠭ᠎ᠠ ᠴᠠᠢ ᠤᠤᠭᠤᠬᠤ ᠲᠠᠢ ᠦᠭᠡᠢ ᠲᠡᠢ
ᠠᠯᠠᠪᠬᠢᠨ ᠮᠣᠷᠳᠠᠭᠠᠳ ᠴᠢ ᠶᠠᠪᠤᠴᠢᠬᠠᠨ᠎ᠠ᠂
ᠠᠷᠤ ᠠ᠋ᠴᠠ ᠨᠢ ᠭᠠᠷᠬᠤ ᠵᠢᠷᠦᠬᠡ ᠦᠭᠡᠢ ᠯᠡ
ᠠᠯᠠᠭ᠎ᠠ ᠪᠠᠨ ᠵᠦᠯᠭᠦᠭᠡᠳ ᠳᠡᠮᠡᠢ ᠯᠡ ᠵᠣᠭᠰᠣᠨ᠎ᠠ᠃
ᠬᠥᠮᠦᠨ ᠬᠠᠷᠠᠬᠤ ᠠ᠋ᠴᠠ ᠪᠠᠰᠠ ᠢᠴᠢᠨ᠎ᠡ
ᠬᠦᠦ ᠶ᠋ᠢᠨ ᠬᠠᠢᠷ᠎ᠠ ᠳ᠋ᠤ᠌ ᠨᠡᠩ ᠴᠤ᠌ ᠤᠨᠠᠨ᠎ᠠ᠂
ᠬᠡᠦᠬᠡᠨ ᠳᠤᠷᠠᠯᠠᠯ ᠤ᠋ᠨ ᠮᠢᠨᠢ ᠲᠠᠪᠢᠯᠠᠩ ᠶᠤᠮ ᠴᠢᠨᠢ
ᠬᠦᠰᠡᠬᠦ ᠲᠡᠳᠦᠢ ᠬᠠᠢᠷ᠎ᠠ ᠢᠴᠢᠮᠡᠬᠡᠢ᠃
ᠠᠮᠢᠳᠤᠷᠠᠯ ᠬᠣᠷᠸ᠎ᠠ ᠵᠢᠮ᠎ᠡ ᠪᠡᠷ ᠢ᠋ᠶ᠋ᠡᠨ ᠡᠷᠭᠢᠵᠦ
ᠠᠰᠠᠴᠢᠮᠠᠷ ᠪᠠᠢᠭᠰᠠᠨ ᠳᠤᠷᠠᠯᠠᠯ ᠰᠢᠲᠠᠬᠤ ᠳ᠋ᠤ᠌
ᠠᠩᠬᠠᠨ ᠰᠠᠨᠠᠭᠰᠠᠨ ᠴᠢ ᠬᠠᠷᠢᠨ ᠨᠣᠴᠣᠭᠠᠭᠠ ᠦᠭᠡᠢ
ᠠᠪᠤ ᠶ᠋ᠢᠨ ᠬᠥᠪᠡᠭᠦᠨ ᠦ᠌ ᠨᠥᠭᠦᠭᠡ ᠨᠢᠭᠡ ᠯᠡ ᠪᠠᠢᠵᠤ ᠳᠠ᠃
ᠠᠮᠢᠳᠤᠷᠠᠯ ᠬᠥᠮᠦᠨ ᠳ᠋ᠦ᠍ ᠵᠠᠶᠠᠭᠠᠳᠠᠭ ᠪᠣᠯᠬᠣᠷ
ᠠᠪᠠᠭᠠᠢ ᠪᠣᠯᠤᠭᠰᠠᠨ ᠬᠣᠢᠨ᠎ᠠ ᠪᠠᠨ ᠤᠬᠠᠭᠠᠷᠠᠯ᠎ᠠ᠂
ᠠᠳᠠᠯᠢᠬᠠᠨ ᠪᠠᠢᠭᠰᠠᠨ ᠴᠢᠨᠦ ᠮᠢᠨᠢ ᠰᠡᠳᠬᠢᠯ ᠳ᠋ᠦ᠍
ᠠᠷᠠᠢ ᠴᠤ᠌ ᠢᠵᠢᠯ ᠪᠠᠢᠭᠰᠠᠨ ᠪᠣᠯ ᠤᠤ⁈
ᠬᠥᠮᠦᠨ ᠦ᠌ ᠰᠡᠳᠬᠢᠯ ᠦ᠋ᠨ ᠬᠦᠨᠳᠦ ᠨᠢ
ᠬᠥᠮᠦᠨᠯᠢᠭ ᠬᠠᠢᠷ᠎ᠠ ᠶ᠋ᠢᠨ ᠳᠡᠭᠡᠳᠦ ᠨᠢ ᠪᠢᠵᠡ᠂
ᠬᠦᠰᠡᠯ ᠬᠠᠢᠷ᠎ᠠ ᠶ᠋ᠢᠨ ᠡᠷᠬᠢᠮ ᠨᠢ
ᠬᠡᠦᠬᠡᠨ ᠳᠤᠷᠠᠯᠠᠯ ᠤ᠋ᠨ ᠤᠤᠭᠠᠨ ᠨᠢ ᠪᠢᠵᠡ᠃
ᠳ᠋ᠧᠩ ᠦ᠋ᠨ ᠡᠷᠪᠡᠬᠡᠢ ᠰᠢᠭ ᠰᠢᠲᠠᠬᠤ ᠰᠢᠬᠠᠭᠰᠠᠨ
ᠳᠡᠭᠵᠢᠨ ᠨᠠᠰᠤᠨ ᠤ᠋ ᠬᠠᠢᠷ᠎ᠠ ᠶ᠋ᠢᠨ ᠮᠢᠨᠢ᠂
ᠰᠢᠭᠦᠳᠡᠷᠢ ᠶ᠋ᠢᠨ ᠮᠥᠬᠥᠯᠢᠭ ᠪᠥᠮᠪᠥᠭᠡᠨᠡᠬᠦ ᠠᠳᠠᠯᠢ
ᠰᠢᠵᠢᠷᠬᠡᠨ ᠨᠠᠰᠤᠨ ᠤ᠋ ᠳᠤᠷᠠᠯᠠᠯ ᠤ᠋ᠨ ᠢ᠋ᠶ᠋ᠠᠨ
ᠤᠤᠭᠠᠨ ᠢᠨᠠᠭ ᠤ᠋ᠨ ᠸᠠᠯᠢᠰ ᠪᠠᠳᠠᠭ ᠢ᠋ᠶ᠋ᠠᠨ
ᠣᠳᠣ ᠪᠢ ᠤᠩᠰᠢᠵᠤ ᠰᠠᠭᠤᠨ᠎ᠠ᠂
ᠣᠷᠴᠢᠯᠠᠩ ᠳ᠋ᠤ᠌ ᠠᠮᠢᠳᠤᠷᠠᠬᠤ ᠬᠥᠮᠦᠨ ᠴᠢᠨᠠᠷ ᠤ᠋ᠨ
ᠣᠯᠳᠠᠵᠤ ᠤᠴᠠᠷᠠᠬᠤ ᠬᠣᠪᠣᠷ ᠢ᠋ ᠳᠤᠷᠠᠰᠤᠨ᠎ᠠ᠃
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 19
