《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠥᠴᠢᠳᠦᠭᠡᠷ ᠪᠦᠯᠦᠭ> "Хөх судар" он нөхвөр дэвтэр - Инжинаш <Дөчдүгээр бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠥᠴᠢᠳᠦᠭᠡᠷ ᠪᠦᠯᠦᠭ> "Хөх судар" он нөхвөр дэвтэр - Инжинаш <Дөчдүгээр бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠳᠥᠴᠢᠳᠦᠭᠡᠷ ᠪᠦᠯᠦᠭ> "Хөх судар" он нөхвөр дэвтэр - Инжинаш <Дөчдүгээр бүлэг>

ᠠᠩᠭᠢᠯᠠᠯ:ᠲᠡᠦᠬᠡ ᠰᠣᠶᠣᠯ
2024-04-24

345

《ᠬᠥᠬᠡ ᠰᠤᠳᠤᠷ》 ᠤᠨ ᠨᠥᠬᠥᠪᠦᠷᠢ ᠲᠡᠪᠲᠡᠷ - ᠳᠥᠴᠢᠳᠦᠭᠡᠷ ᠪᠦᠯᠦᠭ

        
       ᠡᠮᠦᠨᠡᠲᠦ ᠰᠥᠩ ᠤᠯᠤᠰ ᠤ᠋ᠨ ᠨᠢᠩᠽᠦ᠋ᠩ ᠬᠠᠭᠠᠨ ᠤ᠋ ᠺᠠᠢ ᠰᠢ ᠭᠡᠮᠡᠨ ᠬᠠᠯᠠᠭᠰᠠᠨ ᠤ᠋ ᠲᠡᠷᠢᠭᠦᠨ ᠣᠨ ᠪᠥᠭᠡᠳ ᠳᠤᠮᠳᠠᠳᠤ ᠠᠯᠲᠠᠨ ᠤᠯᠤᠰ ᠤ᠋ᠨ ᠵᠠᠩᠽᠦ᠋ᠩ ᠬᠠᠭᠠᠨ ᠤ᠋ ᠳᠠᠢ ᠾᠧ ᠬᠡᠮᠡᠬᠦ ᠶ᠋ᠢᠨ ᠲᠠᠪᠤᠳᠤᠭᠠᠷ ᠣᠨ ᠪᠠᠢᠭᠰᠠᠭᠠᠷ᠂ ᠬᠣᠢᠲᠤ ᠪᠧᠲ᠋ᠠ᠋ ᠤᠯᠤᠰ ᠤ᠋ᠨ ᠲᠠᠢᠽᠦ ᠳᠥᠴᠢᠨ ᠳᠥᠷᠪᠡᠨ ᠰᠡᠭᠦᠳᠡᠷ ᠲᠡᠢ ᠬᠥᠬᠡᠭᠴᠢᠨ ᠦᠬᠡᠷ ᠵᠢᠯ ᠪᠠᠢᠭᠰᠠᠭᠠᠷ᠃  

                   ᠳᠥᠴᠢᠳᠦᠭᠡᠷ ᠪᠦᠯᠦᠭ  

         ᠥᠯᠵᠡᠢᠲᠦ ᠥᠷᠯᠥᠭᠡ ᠲᠠᠢᠽᠦ ᠪᠡᠶᠡᠰᠦᠷᠦᠨ ᠥᠨᠢᠳᠡ ᠶ᠋ᠢᠨ ᠢᠷᠦᠭᠡᠳ ᠣᠷᠣᠰᠢᠪᠠᠢ  
            ᠥᠭᠯᠢᠭᠡ ᠪᠠᠶᠠᠰᠬᠤᠯᠠᠩᠲᠤ ᠪᠣᠭᠳᠠ ᠥᠷᠥᠰᠢᠶᠡᠨ ᠥᠬᠢᠨ ᠭᠦᠩᠵᠦ ᠶ᠋ᠢ ᠠᠬᠤᠭᠤᠯᠪᠠᠢ   

               ᠥᠬᠡᠨᠴᠡ ᠪᠠᠭᠤᠷᠠᠢ ᠲᠣᠳᠣ ᠵᠤᠯᠪᠢᠨ ᠦ ᠳᠡᠭᠳᠡᠭᠡᠭᠰᠡᠭᠡᠷ ᠴᠢᠬᠢ ᠶᠦ᠍ᠭᠡᠨ ᠠᠪᠲᠠᠪᠠᠢ  
               ᠥᠷᠢᠭᠦᠦ ᠳᠦᠷᠢᠭᠦᠦ ᠪᠤᠯᠤ ᠸᠠᠩ ᠦᠯᠡᠮᠵᠢ ᠬᠥᠭᠡᠷᠦᠭᠰᠡᠭᠡᠷ ᠦᠷᠢᠯ ᠵᠣᠭᠣᠭᠯᠠᠷ᠎ᠠ ᠠᠵᠢᠷᠠᠪᠠᠢ᠂ 
               ᠦᠰ ᠡᠪᠦᠷᠯᠡᠭᠰᠡᠨ ᠴᠢᠦᠢ ᠴᠦ ᠯᠢᠦᠢ ᠦᠷᠪᠡᠯᠵᠡᠬᠦ ᠭᠠᠯ ᠢ᠋ᠶ᠋ᠠᠷ ᠳᠤᠷᠤᠮᠳᠠᠭᠤᠯᠤᠨ ᠳᠤᠲᠠᠭᠠᠪᠠᠢ 
               ᠦᠬᠦᠨ ᠪᠠᠢᠯᠳᠤᠭᠰᠠᠨ ᠠᠬᠠᠢ ᠨᠣᠶᠠᠨ ᠤ᠋ ᠥᠮᠬᠥᠷᠢᠲᠡᠯ᠎ᠡ ᠲᠠᠰᠢᠭᠤᠷᠳᠠᠭᠳᠠᠭᠰᠠᠨ ᠠᠳᠠᠪᠠᠰᠢ ᠢᠨᠢᠶᠡᠯᠲᠡᠢ᠃  

       ᠲᠡᠨᠳᠡᠴᠡ ᠵᠢᠨᠦᠩ ᠮᠤᠬᠤᠯᠢ᠂ ᠬᠣᠷᠢᠨ ᠳᠥᠷᠪᠡᠨ ᠠᠩᠭᠢ ᠵᠠᠩᠵᠤᠨ ᠴᠡᠷᠢᠭ ᠢ᠋ᠶ᠋ᠡᠷ ᠲᠠᠩᠭᠤᠳ ᠤᠯᠤᠰ ᠠ᠋ᠴᠠ ᠣᠯᠵᠠᠯᠠᠭᠰᠠᠨ ᠠᠮᠤ ᠪᠤᠳᠠᠭ᠎ᠠ ᠬᠣᠶᠠᠷ ᠵᠠᠭᠤ ᠢᠯᠡᠭᠦᠦ ᠲᠦᠮᠡᠨ ᠲᠠᠭᠠᠷ ᠢ᠋ ᠵᠥᠭᠡᠭᠡᠯᠭᠡᠬᠦᠶ᠎ᠡ᠂ ᠡᠭᠦᠷᠭᠡ ᠠᠴᠢᠶ᠎ᠠ ᠳᠠᠮᠨᠠᠭᠤᠷ ᠬᠠᠰᠠᠭ ᠬᠢᠭᠡᠳ ᠬᠣᠨᠢᠨ ᠰᠦᠷᠦᠭ ᠦ᠋ᠨ ᠪᠢᠴᠢᠬᠠᠨ ᠠᠴᠢᠶ᠎ᠠ ᠶ᠋ᠢᠨ ᠵᠦᠢᠯ ᠢ᠋ ᠲᠣᠯᠣᠭᠠᠢ ᠰᠡᠭᠦᠯ ᠵᠠᠯᠭᠠᠯᠳᠤᠭᠤᠯᠤᠨ᠂ ᠬᠡᠳᠦᠨ ᠠᠷᠪᠠᠨ ᠲᠦᠮᠡᠨ ᠬᠥᠮᠦᠨ ᠢ᠋ᠶ᠋ᠡᠷ ᠲᠠᠩᠭᠤᠳ ᠤᠯᠤᠰ ᠤ᠋ᠨ ᠵᠡᠭᠦᠨ ᠬᠣᠢᠲᠤ ᠵᠢᠷᠭᠤᠭ᠎ᠠ ᠳᠣᠯᠣᠭᠠᠨ ᠵᠧᠦ᠂ ᠵᠢᠶᠦ᠋ᠨ ᠦ᠌ ᠰᠠᠩ ᠬᠥᠮᠥᠷᠭᠡ ᠶ᠋ᠢ ᠪᠠᠷᠠᠲᠠᠯ᠎ᠠ ᠠᠪᠠᠴᠢᠭᠤᠯᠵᠤ᠂ ᠮᠤᠩ ᠭᠣᠣᠯ ᠤ᠋ᠨ ᠠᠮᠠᠨ ᠤ᠋ ᠰᠢᠨ᠎ᠡ ᠬᠣᠲᠠ - ᠮᠠᠷᠠᠯ ᠳ᠋ᠤᠷ ᠰᠢᠨ᠎ᠡ ᠡᠷᠦᠭᠰᠡᠨ ᠨᠦᠬᠡ᠂ ᠬᠥᠮᠥᠷᠭᠡ ᠪᠡᠨ ᠴᠥᠮ ᠳᠦᠭᠦᠷᠭᠡᠵᠦ᠂ ᠬᠣᠢᠲᠤ ᠣᠨ ᠲᠡᠨᠳᠡ ᠶᠡᠬᠡ ᠴᠢᠭᠤᠯᠭᠠᠨ ᠴᠢᠭᠤᠯᠬᠤᠢ ᠳ᠋ᠤᠷ ᠤᠭᠲᠤᠵᠤ ᠪᠡᠯᠡᠳᠬᠡᠭᠡᠳ᠂ ᠮᠥᠨ ᠲᠠᠩᠭᠤᠳ ᠤᠯᠤᠰ ᠤ᠋ᠨ ᠢᠷᠭᠡᠨ ᠦ᠌ ᠮᠣᠷᠢ᠂ ᠦᠬᠡᠷ᠂ ᠬᠣᠨᠢ ᠪᠠᠷ ᠠᠴᠢᠭᠤᠯᠵᠤ ᠬᠡᠷᠡᠭᠯᠡᠭᠰᠡᠨ ᠢ᠋ ᠲᠣᠭ᠎ᠠ ᠶᠣᠰᠣᠭᠠᠷ ᠡᠭᠡᠭᠦᠯᠦᠨ ᠲᠤᠰᠢᠶᠠᠵᠤ᠂ ᠣᠨ ᠤ᠋ ᠠᠮᠢᠳᠤᠷᠠᠯ ᠢ᠋ ᠦᠯᠡᠳᠡᠭᠡᠨ ᠥᠭᠭᠦᠭᠰᠡᠨ ᠳ᠋ᠦ᠍ᠷ ᠲᠠᠩᠭᠤᠳ ᠤᠯᠤᠰ ᠤ᠋ᠨ ᠣᠯᠠᠨ ᠢᠷᠭᠡᠳ᠂ ᠪᠧᠲ᠋ᠠ᠋ ᠤᠯᠤᠰ ᠤ᠋ᠨ ᠪᠠᠲᠤ ᠢᠲᠡᠭᠡᠮᠵᠢ ᠶ᠋ᠢ ᠥᠪᠡᠷᠦᠨ ᠲᠠᠩᠭᠤᠳ ᠤᠯᠤᠰ ᠤ᠋ᠨ ᠠᠯᠪᠠᠨ ᠴᠡᠷᠢᠭ ᠡᠴᠡ ᠴᠦ᠍ ᠢᠯᠡᠭᠦᠦ ᠢᠭᠲᠦᠯᠦᠨ ᠰᠢᠲᠦᠯᠴᠡᠨ ᠢᠲᠡᠭᠡᠮᠵᠢᠯᠡᠨ ᠪᠢᠰᠢᠷᠡᠯᠴᠡᠪᠡᠢ᠃ ᠡᠨᠡ ᠴᠦ᠍ ᠮᠥᠨ ᠵᠢᠨᠦᠩ ᠮᠤᠬᠤᠯᠢ ᠶ᠋ᠢᠨ ᠰᠢᠳᠠᠷ ᠵᠡᠷᠭᠡᠯᠡᠳᠡᠭᠡ ᠣᠢᠷᠠᠯᠴᠠᠭ᠎ᠠ ᠤᠯᠤᠰ ᠤ᠋ᠨ ᠣᠯᠠᠨ ᠤ᠋ ᠰᠡᠳᠬᠢᠯ ᠢ᠋ ᠠᠪᠴᠤ᠂ ᠥᠪᠡᠷᠦᠨ ᠤᠯᠤᠰ ᠲᠤᠷ ᠬᠠᠰᠢᠶ᠎ᠠ ᠲᠦᠰᠢᠶ᠎ᠡ ᠪᠣᠯᠭᠠᠵᠤ᠂ ᠤᠷᠲᠤ ᠤᠳᠠᠭᠠᠨ ᠠᠮᠤᠭᠤᠯᠬᠤ ᠰᠠᠨᠠᠭ᠎ᠠ ᠪᠤᠶᠤ᠃ ᠵᠢᠴᠢ ᠠᠷᠤ ᠭᠠᠵᠠᠷ ᠤ᠋ᠨ ᠬᠠᠰᠠᠭ ᠲᠡᠷᠭᠡ ᠬᠡᠮᠡᠭᠴᠢ᠂ ᠨᠢᠭᠡᠬᠡᠨ ᠦᠬᠡᠷ ᠬᠥᠯᠵᠦ᠂ ᠠᠷᠪᠠᠭᠠᠳ ᠲᠡᠷᠭᠡ ᠶ᠋ᠢ ᠨᠢᠭᠡᠨ ᠬᠥᠮᠦᠨ ᠭᠡᠯᠢᠬᠦ ᠮᠣᠳᠣᠨ ᠬᠦᠷᠳᠦᠲᠦ ᠠᠭᠠᠯᠵᠢᠨ ᠲᠡᠷᠭᠡ ᠶ᠋ᠢ ᠬᠡᠯᠡᠬᠦ ᠪᠣᠯᠠᠢ᠃ ᠲᠡᠢᠨ ᠬᠦ᠌ ᠡᠭᠦᠨ ᠢ᠋ ᠭᠠᠭᠴᠠ ᠣᠯᠠᠨ ᠲᠣᠭ᠎ᠠ ᠪᠠᠷ ᠡᠯᠡᠰᠦᠨ ᠲᠠᠯ᠎ᠠ ᠳ᠋ᠤᠷ ᠬᠡᠷᠡᠭᠯᠡᠬᠦ ᠪᠣᠯᠠᠢ᠃ ᠬᠠᠳᠠ ᠴᠢᠯᠠᠭᠤ ᠶ᠋ᠢᠨ ᠬᠠᠲᠠᠭᠤ ᠵᠠᠮ ᠳ᠋ᠤᠷ ᠳᠣᠯᠣᠭ᠎ᠠ ᠨᠠᠢ᠍ᠮᠠᠨ ᠤᠨᠠᠭ᠎ᠠ ᠬᠥᠯᠵᠦ ᠠᠷᠪᠠᠭᠠᠳ ᠲᠠᠭᠠᠷ ᠠᠮᠤ ᠲᠡᠭᠡᠭᠡᠬᠦ ᠲᠡᠮᠦᠷ ᠲᠡᠷᠭᠡ ᠪᠤᠰᠤ ᠪᠤᠶᠤ᠃ ᠵᠢᠨᠦᠩ ᠮᠤᠬᠤᠯᠢ ᠶ᠋ᠢᠨ ᠠᠮᠤ ᠪᠤᠳᠠᠭ᠎ᠠ ᠵᠥᠭᠡᠭᠡᠬᠦ᠂ ᠴᠤᠭᠯᠠᠭᠤᠯᠬᠤ ᠶᠠᠪᠤᠳᠠᠯ ᠢ᠋ ᠤᠷᠢᠳᠠᠰᠠ ᠴᠠᠷᠤᠨ ᠴᠢᠷᠮᠠᠢᠵᠤ ᠳᠥᠷᠭᠡᠨ᠎ᠡ ᠶᠠᠪᠤᠭᠤᠯᠤᠭᠰᠠᠨ ᠠᠨᠤ ᠲᠠᠢᠽᠦ ᠶ᠋ᠢᠨ ᠡᠨᠡᠷᠢᠯᠲᠦ ᠶᠡᠬᠡ ᠵᠠᠩ ᠰᠠᠨᠠᠭᠠᠨ ᠢ᠋ᠶ᠋ᠠᠷ ᠪᠢᠲᠡᠭᠡᠢ ᠵᠥᠭᠡᠭᠡᠭᠲᠦᠨ ᠭᠡᠮᠡᠨ ᠬᠣᠷᠢᠬᠤ ᠠ᠋ᠴᠠ ᠠᠶᠤᠵᠤ᠂ ᠰᠠᠶᠢ ᠡᠢᠨ ᠬᠦ᠌ ᠶᠠᠭᠠᠷᠠᠨ ᠶᠠᠪᠤᠭᠤᠯᠤᠭᠰᠠᠨ ᠠᠵᠤᠭᠤ᠃ ᠡᠨᠡ ᠦᠨᠡᠬᠡᠷ᠄ 
         ᠬᠠᠢᠷ᠎ᠠ ᠥᠷᠥᠰᠢᠶᠡᠯ ᠦ᠋ᠨ ᠬᠠᠮᠤᠭ ᠬᠡᠰᠢᠭ ᠢ᠋ ᠡᠵᠡᠨ ᠢᠨᠤ ᠵᠠᠷᠯᠠᠵᠤ 
         ᠬᠠᠮᠤᠨ ᠴᠤᠭᠯᠠᠭᠤᠯᠤᠨ ᠨᠥᠭᠡᠨ᠎ᠡ ᠬᠤᠷᠢᠶᠠᠬᠤ ᠶ᠋ᠢ ᠰᠠᠢᠳ ᠠᠨᠤ ᠵᠢᠳᠬᠦᠮᠦᠢ᠃ 
       ᠲᠡᠨᠳᠡᠴᠡ ᠡᠳᠡᠭᠡᠷ ᠴᠤᠭᠯᠠᠭᠤᠯᠬᠤ᠂ ᠬᠤᠷᠢᠶᠠᠬᠤ᠂ ᠨᠥᠭᠡᠬᠦ ᠵᠦᠢᠯ ᠢ᠋ ᠰᠠᠶᠢ ᠵᠠᠪᠳᠤᠨ ᠲᠡᠭᠦᠰᠬᠡᠲᠡᠯ᠎ᠡ ᠦᠨᠡᠬᠡᠷ ᠡᠵᠡᠨ ᠪᠠᠷᠠᠭᠤᠨ ᠠ᠋ᠴᠠ ᠪᠠᠢᠴᠠᠭᠠᠭᠰᠠᠭᠠᠷ ᠣᠢᠷ᠎ᠠ ᠬᠦᠷᠴᠦ ᠢᠷᠡᠪᠡ᠃ ᠤᠭ ᠠ᠋ᠴᠠ ᠡᠨᠡ ᠴᠠᠭᠠᠨ ᠰᠠᠷ᠎ᠠ ᠶ᠋ᠢᠨ ᠴᠢᠭᠤᠯᠭᠠᠨ ᠲᠠᠷᠬᠠᠵᠤ ᠵᠦᠭ ᠵᠦᠭ ᠲᠦ᠍ᠷ ᠡᠴᠢᠭᠰᠡᠨ᠎ᠡ ᠬᠠᠮᠤᠭ ᠤ᠋ᠨ ᠰᠡᠭᠦᠯ ᠳ᠋ᠦ᠍ᠷ ᠶᠡᠬᠡ ᠬᠦᠯᠦᠭ ᠨᠣᠶᠠᠨ ᠴᠢᠯᠠᠭᠤᠨ ᠢ᠋ᠶ᠋ᠠᠷ ᠭᠤᠴᠢᠨ ᠵᠢᠷᠭᠤᠭᠠᠨ ᠪᠠᠭᠠᠲᠤᠳ ᠤ᠋ᠨ ᠭᠤᠴᠢᠨ ᠵᠢᠷᠭᠤᠭᠠᠨ ᠠᠩᠭᠢ ᠪᠠᠭ ᠢ᠋ ᠬᠣᠶᠠᠷ ᠳᠠᠰᠢ ᠲᠡᠭᠰᠢᠯᠡᠨ ᠬᠠᠭᠠᠰᠯᠠᠵᠤ᠂ ᠨᠢᠭᠡᠨ ᠬᠠᠭᠠᠰ ᠢ᠋ ᠶᠡᠬᠡ ᠬᠦᠯᠦᠭ ᠨᠣᠶᠠᠨ ᠪᠤᠭᠤᠷᠤᠯ ᠳ᠋ᠤᠷ ᠦᠯᠡᠳᠡᠭᠡᠨ ᠥᠭᠴᠦ᠂ ᠤᠯᠤᠰ ᠢ᠋ ᠳᠥᠷᠪᠡᠨ ᠵᠢᠰᠢᠶ᠎ᠠ ᠪᠠᠷ ᠡᠳᠦᠷ ᠰᠥᠨᠢ ᠡᠷᠭᠢᠨ ᠰᠠᠬᠢᠵᠤ᠂ ᠨᠢᠭᠡᠨ ᠬᠠᠭᠠᠰ ᠢ᠋ ᠴᠢᠯᠠᠭᠤᠨ ᠠᠪᠴᠤ᠂ ᠭᠤᠷᠪᠠᠨ ᠬᠦᠷᠢᠶ᠎ᠡ ᠪᠣᠯᠭᠠᠨ ᠵᠣᠬᠢᠶᠠᠵᠤ᠂ ᠲᠡᠷᠢᠭᠦᠨ ᠠᠩᠭᠢ ᠶ᠋ᠢ ᠠᠵᠢᠨᠠᠢ ᠮᠡᠷᠭᠡᠨ ᠡᠵᠡᠯᠡᠨ ᠳᠤᠮᠳᠠᠳᠤ ᠬᠦᠷᠢᠶ᠎ᠡ ᠶ᠋ᠢ ᠬᠦᠯᠦᠭ ᠴᠢᠯᠠᠭᠤᠨ ᠲᠠᠢᠽᠦ ᠶ᠋ᠢ ᠬᠠᠮᠠᠭᠠᠯᠠᠨ ᠲᠡᠷᠢᠭᠦᠯᠡᠵᠦ᠂ ᠰᠡᠭᠦᠯ ᠦ᠋ᠨ ᠪᠠᠭ ᠢ᠋ ᠬᠤᠳᠠᠷᠭ᠎ᠠ ᠪᠠᠭᠠᠲᠤᠷ ᠵᠠᠬᠢᠷᠤᠨ ᠬᠣᠢᠨ᠎ᠠ ᠰᠡᠭᠦᠯ ᠪᠣᠯᠵᠤ᠂ ᠲᠠᠢᠽᠦ ᠶ᠋ᠢᠨ ᠶᠡᠬᠡ ᠬᠦᠷᠢᠶᠡᠨ ᠦ᠌ ᠳᠥᠷᠪᠡᠨ ᠥᠨᠴᠥᠭ ᠲᠣᠷ ᠳᠥᠷᠪᠡᠨ ᠬᠥᠯ ᠦ᠋ᠨ ᠳᠥᠷᠪᠡᠨ ᠪᠠᠭ᠎ᠠ ᠬᠦᠷᠢᠶ᠎ᠡ ᠳ᠋ᠦ᠍ᠷ ᠬᠡᠷᠡᠢᠳ ᠠᠢᠮᠠᠭ ᠤ᠋ᠨ ᠫᠣᠯᠭᠤᠳᠠᠢ᠂ ᠴᠢᠮᠡᠳ ᠠᠢᠮᠠᠭ ᠤ᠋ᠨ ᠪᠤᠯᠭᠤᠨ ᠡᠮᠦᠨ᠎ᠡ ᠬᠣᠶᠠᠷ ᠬᠥᠯ ᠪᠣᠯᠤᠨ ᠨᠠᠢ᠍ᠮᠠᠨ ᠠᠢᠮᠠᠭ ᠤ᠋ᠨ ᠢᠳᠡᠷ ᠳᠣᠪᠣ᠂ ᠴᠠᠢᠯᠵᠢ ᠠᠢᠮᠠᠭ ᠤ᠋ᠨ ᠪᠣᠳᠣᠯᠭᠠᠲᠤ ᠪᠣᠰᠣᠩ ᠬᠣᠢᠲᠤ ᠬᠣᠶᠠᠷ ᠬᠥᠯ ᠪᠣᠯᠤᠨ᠂ ᠠᠵᠢᠨᠠᠢ ᠮᠣᠷᠢᠨ ᠤ᠋ ᠪᠠᠭ᠎ᠠ ᠵᠢᠭᠰᠠᠭᠠᠯ ᠢ᠋ᠶ᠋ᠠᠷ ᠰᠢᠭᠤᠳ ᠵᠡᠭᠦᠨ ᠡᠮᠦᠨ᠎ᠡ ᠬᠡᠲᠦᠷᠡᠨ ᠭᠠᠷᠴᠤ ᠲᠠᠩᠭᠤᠳ ᠤᠯᠤᠰ ᠤ᠋ᠨ ᠡᠮᠦᠨ᠎ᠡ ᠵᠠᠮ ᠢ᠋ᠶ᠋ᠠᠷ ᠪᠠᠷᠠᠭᠤᠨᠰᠢ ᠥᠩᠭᠡᠷᠡᠨ ᠲᠠᠩᠭᠤᠳ ᠤᠯᠤᠰ ᠤ᠋ᠨ ᠨᠡᠢᠰᠯᠡᠯ ᠢ᠋ ᠵᠥᠪ ᠢ᠋ᠶ᠋ᠡᠷ ᠨᠢᠭᠡ ᠡᠷᠭᠢᠨ ᠪᠠᠷᠠᠭᠤᠨ ᠬᠣᠢᠭᠤᠷ ᠲᠣᠭᠣᠷᠢᠨ ᠪᠧᠲ᠋ᠠ᠋ ᠤᠯᠤᠰ ᠤ᠋ᠨ ᠣᠯᠠᠨ ᠵᠠᠮ ᠤ᠋ᠨ ᠴᠡᠷᠢᠭ ᠶᠠᠪᠤᠭᠰᠠᠨ ᠭᠠᠵᠠᠷ ᠪᠦᠷᠢ ᠪᠡᠷ ᠳᠠᠷᠤᠨ ᠶᠠᠪᠤᠵᠤ ᠳᠠᠢᠰᠤᠨ ᠤ᠋ ᠥᠷᠨᠢᠯ ᠢ᠋ ᠳᠠᠷᠤᠩᠭᠤᠢᠯᠠᠨ᠂ ᠣᠯᠠᠨ ᠤ᠋ ᠠᠮᠢᠰᠬᠤᠯ᠂ ᠤᠯᠤᠰ ᠤ᠋ᠨ ᠪᠠᠢᠳᠠᠯ ᠢ᠋ ᠠᠨᠤ ᠪᠠᠢᠴᠠᠭᠠᠨ ᠦᠵᠡᠭᠰᠡᠭᠡᠷ ᠬᠣᠢᠲᠤ ᠵᠠᠮ ᠳ᠋ᠤᠷ ᠬᠦᠷᠴᠦ᠂ ᠵᠡᠯᠮ᠎ᠡ ᠶ᠋ᠢᠨ ᠶᠠᠪᠤᠭᠰᠠᠨ ᠵᠠᠮ ᠢ᠋ᠶ᠋ᠠᠷ ᠵᠡᠭᠦᠨ ᠵᠦᠭ ᠵᠠᠯᠠᠷᠠᠨ ᠢᠷᠡᠬᠦᠶ᠎ᠡ᠂ ᠵᠢᠷᠯᠤᠭ ᠬᠣᠲᠠ ᠳ᠋ᠤᠷ ᠰᠠᠭᠤᠬᠤ ᠵᠢᠨᠦᠩ ᠮᠤᠬᠤᠯᠢ ᠶ᠋ᠢᠨ ᠭᠤᠷᠪᠠᠨ ᠤᠭᠲᠤᠯᠭ᠎ᠠ ᠶ᠋ᠢᠨ ᠰᠠᠢᠳ ᠤ᠋ᠳ ᠬᠣᠯᠠ ᠣᠢᠷ᠎ᠠ ᠪᠠᠷ ᠲᠡᠩᠨᠡᠭᠦᠯᠦᠨ ᠤᠭᠲᠤᠬᠤ ᠶ᠋ᠢ ᠬᠡᠳᠦᠢᠨ ᠳᠠᠷᠠᠭ᠎ᠠ ᠳᠠᠷᠠᠭ᠎ᠠ ᠪᠠᠷ ᠪᠡᠯᠡᠳᠬᠡᠨ ᠬᠦᠯᠢᠶᠡᠭᠰᠡᠨ ᠲᠤᠯᠠ ᠤᠳᠠᠭ᠎ᠠ ᠪᠦᠷᠢ ᠫᠤᠤ ᠳᠠᠭᠤᠷᠢᠰᠤᠨ ᠬᠡᠩᠭᠡᠷᠭᠡ ᠬᠦᠷᠴᠢᠭᠢᠨᠡᠨ᠂ ᠬᠥᠭᠵᠢᠮ ᠡᠭᠦᠰᠬᠡᠨ᠂ ᠰᠥᠭᠥᠳᠴᠦ ᠤᠭᠲᠤᠯᠴᠠᠭᠰᠠᠭᠠᠷ ᠳᠥᠷᠪᠡᠨ ᠰᠠᠷ᠎ᠠ ᠶ᠋ᠢᠨ ᠠᠷᠪᠠᠨ ᠵᠢᠷᠭᠤᠭᠠᠨ᠎ᠠ ᠴᠢᠪ ᠴᠢᠬᠡ ᠲᠠᠢᠽᠦ ᠶ᠋ᠢᠨ ᠮᠡᠨᠳᠦᠯᠡᠭᠰᠡᠨ ᠲᠦᠮᠡᠨ ᠥᠯᠵᠡᠢᠲᠦ ᠡᠳᠦᠷ ᠵᠢᠷᠯᠤᠭ ᠬᠣᠲᠠ ᠳ᠋ᠤᠷ ᠬᠦᠷᠴᠦ ᠢᠷᠡᠭᠰᠡᠨ ᠳ᠋ᠦ᠍ᠷ ᠴᠡᠷᠢᠭ ᠦ᠋ᠨ ᠶᠡᠬᠡ ᠵᠢᠨᠦᠩ ᠬᠦᠯᠦᠭ ᠨᠣᠶᠠᠨ ᠮᠤᠬᠤᠯᠢ᠂ ᠲᠥᠪ ᠴᠡᠷᠢᠭ ᠦ᠋ᠨ ᠶᠡᠬᠡ ᠵᠠᠩᠵᠤᠨ ᠬᠦᠯᠦᠭ ᠨᠣᠶᠠᠨ ᠪᠤᠭᠤᠷᠵᠢ ᠬᠣᠶᠠᠭᠤᠯᠠ ᠲᠡᠷᠢᠭᠦᠯᠡᠨ ᠰᠥᠭᠥᠳᠴᠦ᠂ ᠪᠠᠰᠠ ᠬᠣᠣᠰ ᠬᠤᠨᠳᠠᠭ᠎ᠠ ᠶ᠋ᠢᠨ ᠰᠠᠷᠬᠤᠳ ᠤ᠋ᠨ ᠰᠢᠷᠡᠭᠡ ᠵᠢᠭᠰᠠᠭᠠᠨ ᠬᠣᠣᠰ ᠬᠣᠣᠰ ᠢ᠋ᠶ᠋ᠠᠷ ᠬᠣᠣᠰᠯᠠᠨ ᠪᠠᠷᠢᠵᠤ ᠬᠣᠷᠢᠨ ᠳᠥᠷᠪᠡᠨ ᠪᠦᠯᠦᠭ ᠦ᠋ᠨ ᠬᠥᠭᠵᠢᠮ ᠢ᠋ᠶ᠋ᠡᠷ ᠤᠭᠲᠤᠨ ᠦᠯᠢᠶᠡᠨ ᠳᠡᠯᠡᠳᠦᠭᠰᠡᠭᠡᠷ ᠬᠣᠲᠠᠨ ᠳ᠋ᠤᠷ ᠣᠷᠣᠵᠤ᠂ ᠳᠤᠮᠳᠠᠳᠤ ᠶᠡᠬᠡ ᠭᠣᠣᠯ ᠵᠠᠮ ᠢ᠋ᠶ᠋ᠠᠷ ᠰᠢᠭᠤᠳ ᠮᠣᠷᠢᠯᠠᠭᠰᠠᠭᠠᠷ ᠳᠣᠯᠣᠭᠠᠨ ᠳᠠᠪᠬᠤᠷ ᠤ᠋ᠨ ᠯᠤᠤᠲᠤ ᠬᠠᠭᠠᠯᠭ᠎ᠠ ᠪᠠᠷ ᠬᠠᠭᠠᠨ ᠤ᠋ ᠶᠡᠬᠡ ᠬᠠᠷᠰᠢ ᠳ᠋ᠤᠷ ᠠᠨᠤ ᠣᠷᠣᠵᠤ᠂ ᠲᠠᠢᠽᠦ ᠠᠷᠰᠯᠠᠨᠲᠤ ᠰᠠᠭᠤᠷᠢ ᠶ᠋ᠢᠨ ᠳᠡᠷᠭᠡᠳᠡ ᠮᠣᠷᠢᠨ ᠠ᠋ᠴᠠ ᠵᠠᠯᠠᠷᠠᠨ ᠪᠠᠭᠤᠵᠤ ᠰᠠᠭᠤᠭᠰᠠᠨ ᠠᠪᠠᠰᠤ᠂ ᠭᠠᠳᠠᠨ᠎ᠠ ᠭᠤᠷᠪᠠᠨ ᠶᠡᠬᠡ ᠥᠭᠡᠷᠯᠢᠭ ᠬᠠᠨ ᠫᠤᠤ ᠶ᠋ᠢᠨ ᠳᠠᠭᠤᠨ ᠲᠡᠭᠷᠢ ᠭᠠᠵᠠᠷ ᠳᠡᠯᠪᠡᠷᠡᠲᠡᠯ᠎ᠡ ᠭᠤᠷᠪᠠᠨᠲᠠ ᠲᠦᠴᠢᠭᠢᠨᠡᠵᠦ᠂ ᠲᠡᠭᠷᠢ ᠶ᠋ᠢᠨ ᠬᠡᠩᠭᠡᠷᠭᠡ ᠠᠭᠠᠷ ᠤ᠋ᠨ ᠵᠦᠩ ᠬᠠᠮᠲᠤᠪᠠᠷ ᠳᠠᠭᠤᠷᠢᠰᠤᠨ᠂ ᠦᠷᠡᠯ ᠬᠠᠷᠠᠩᠭ᠎ᠠ ᠯᠠᠪᠠᠢ ᠪᠦᠷᠢᠶ᠎ᠡ ᠵᠡᠷᠭᠡ ᠪᠡᠷ ᠦᠯᠢᠶᠡᠨ᠂ ᠬᠣᠷᠢᠨ ᠳᠥᠷᠪᠡᠨ ᠠᠢᠮᠠᠭ ᠤ᠋ᠨ ᠨᠠᠷᠢᠨ ᠪᠦᠳᠦᠭᠦᠨ ᠱᠠᠪᠠᠩ ᠬᠥᠭᠵᠢᠮ᠂ ᠬᠣᠷᠢᠨ ᠳᠥᠷᠪᠡᠨ ᠬᠣᠷᠢᠨ ᠳᠥᠷᠪᠡᠨ ᠢ᠋ᠶ᠋ᠡᠷ ᠨᠡᠢᠲᠡ ᠲᠠᠪᠤᠨ ᠵᠠᠭᠤᠨ ᠳᠠᠯᠠᠨ ᠵᠢᠷᠭᠤᠭᠠᠨ ᠮᠠᠭᠰᠢᠯᠭ᠎ᠠ ᠶ᠋ᠢᠨ ᠮᠠᠩᠨᠤᠭ ᠬᠤᠪᠴᠠᠰᠤ ᠡᠮᠦᠰᠦᠭᠰᠡᠨ ᠪᠥᠵᠢᠭ ᠳᠠᠭᠤᠯᠠᠯ ᠤ᠋ᠨ ᠠᠷᠠᠳ ᠬᠣᠷᠢᠨ ᠳᠥᠷᠪᠡᠨ ᠤᠯᠠᠷᠢᠯ ᠤ᠋ᠨ ᠳᠡᠰ ᠵᠡᠷᠭᠡ ᠪᠡᠷ ᠵᠢᠭᠰᠠᠨ᠂ ᠬᠣᠶᠠᠷ ᠮᠥᠷ ᠰᠠᠷᠠᠨ ᠤ᠋ ᠳᠦᠷᠢᠮ ᠢ᠋ᠶ᠋ᠡᠷ ᠳᠠᠪᠬᠤᠷᠯᠠᠨ᠂ ᠲᠠᠢᠽᠦ ᠶ᠋ᠢᠨ ᠵᠦᠭ ᠬᠠᠨᠳᠤᠨ ᠵᠡᠷᠭᠡᠯᠡᠨ ᠬᠦᠷᠢᠶᠡᠯᠡᠭᠡᠳ᠂ ᠬᠣᠷᠢᠨ ᠳᠥᠷᠪᠡᠨ ᠬᠢᠭᠢᠷᠢ ᠪᠠᠭ ᠤ᠋ᠨ᠂ ᠬᠣᠷᠢᠨ ᠳᠥᠷᠪᠡᠨ ᠬᠡᠭᠡᠳᠡᠰᠦᠨ ᠦ᠌ ᠬᠥᠭᠵᠢᠮ ᠦ᠋ᠨ ᠨᠠᠢ᠍ᠮᠠᠨ ᠵᠦᠢᠯ ᠦ᠋ᠨ ᠡᠭᠡᠰᠢᠭ ᠦ᠋ᠨ ᠰᠠᠪᠠ ᠵᠡᠪᠰᠡᠭ᠂ ᠰᠢᠷᠬᠡᠭ ᠬᠤᠯᠤᠰᠤᠨ ᠪᠠ ᠬᠥᠭᠰᠢᠨ ᠵᠠᠯᠠᠭᠤ᠂ ᠡᠷ᠎ᠡ ᠡᠮ᠎ᠡ᠂ ᠥᠬᠢᠳ ᠬᠡᠦᠬᠡᠳ᠂ ᠭᠡᠭᠡᠲᠡᠰᠦ ᠪᠦᠷᠢ ᠳ᠋ᠦ᠍ᠷ ᠪᠦᠳᠦᠭᠦᠨ ᠨᠠᠷᠢᠨ᠂ ᠥᠨᠳᠥᠷ ᠪᠣᠭᠣᠨᠢ᠂ ᠴᠢᠩᠭ᠎ᠠ ᠰᠤᠯᠠ᠂ ᠬᠥᠨᠳᠡᠢ ᠬᠦᠩᠭᠢᠨᠡᠮ᠎ᠡ᠂ ᠨᠢᠭᠡᠨ ᠬᠡᠪ᠂ ᠨᠢᠭᠡᠨ ᠠᠶᠠᠰ᠂ ᠨᠢᠭᠡᠨ ᠡᠷᠭᠦᠯᠲᠡ᠂ ᠨᠢᠭᠡᠨ ᠳᠠᠷᠤᠯᠲᠠ᠂ ᠦᠰᠦ ᠬᠢᠯᠭᠠᠰᠤᠨ ᠤ᠋ ᠲᠡᠳᠦᠢ ᠴᠦ᠍ ᠵᠥᠷᠢᠴᠡᠯᠳᠦᠬᠦ ᠦᠭᠡᠢ᠂ ᠦᠨᠡᠬᠡᠷ ᠨᠠᠮ ᠠᠶᠠᠯᠭᠤ ᠳ᠋ᠤᠷ ᠲᠡᠮᠡᠭᠡ ᠤᠶᠠᠷᠠᠨ ᠤᠮᠳᠠᠮᠠᠷ᠂ ᠥᠨᠳᠥᠷ ᠬᠦᠩᠭᠢᠨᠡᠯ ᠳ᠋ᠦ᠍ᠷ ᠲᠣᠭᠣᠷᠤᠤ ᠮᠠᠭᠰᠢᠨ ᠪᠥᠵᠢᠭᠯᠡᠮᠡᠷ᠂ ᠮᠥᠨ ᠬᠥᠭ ᠠᠶᠠᠯᠭᠤ ᠳ᠋ᠤᠷ ᠨᠡᠢᠴᠡᠭᠦᠯᠦᠨ ᠶᠡᠬᠡ ᠪᠠᠶᠠᠰᠬᠤᠯᠠᠩ ᠤ᠋ᠨ ᠶᠡᠬᠡ ᠬᠤᠷᠢᠮ ᠤ᠋ᠨ ᠰᠠᠷᠬᠤᠳ ᠤ᠋ᠨ ᠰᠢᠳᠠᠷ ᠲᠡᠷᠢᠭᠦᠯᠡᠨ᠂ ᠶᠢᠰᠦ ᠶᠢᠰᠦᠨ ᠨᠠᠶᠠᠨ ᠨᠢᠭᠡᠨ ᠰᠢᠷᠡᠭᠡ᠂ ᠬᠣᠢᠨ᠎ᠠ ᠬᠣᠢᠨ᠎ᠠ ᠠ᠋ᠴᠠᠭᠠᠨ ᠲᠠᠭᠠᠯᠴᠠᠨ ᠵᠢᠷᠪᠢᠭᠢᠨᠡᠨ ᠣᠷᠣᠵᠤ ᠢᠷᠡᠭᠡᠳ᠂ ᠰᠠᠷᠬᠤᠳ ᠵᠢᠮᠢᠰ ᠨᠣᠭᠣᠭ᠎ᠠ ᠵᠠᠭᠤᠰᠢ ᠮᠢᠬ᠎ᠠ ᠢᠳᠡᠭᠡ ᠶ᠋ᠢᠨ ᠳᠡᠭᠡᠳᠦ ᠭᠤᠷᠪᠠᠨ ᠰᠢᠷᠡᠭᠡ᠂ ᠬᠠᠷᠰᠢ ᠳ᠋ᠤᠷ ᠣᠷᠣᠵᠤ᠂ ᠲᠠᠢᠽᠦ ᠶ᠋ᠢᠨ ᠡᠮᠦᠨ᠎ᠡ ᠵᠢᠭᠰᠠᠭᠠᠨ᠂ ᠳᠡᠭᠡᠳᠦ ᠶ᠋ᠢᠨ ᠵᠣᠭᠣᠭ ᠲᠤᠷ ᠪᠡᠯᠡᠳᠬᠡᠨ᠂ ᠦᠯᠡᠭᠰᠡᠨ ᠶᠢᠰᠦᠨ ᠶᠡᠬᠡ ᠪᠦᠬᠦᠯᠢ ᠰᠢᠭᠦᠰᠦᠨ ᠦ᠌ ᠰᠢᠷᠡᠭᠡ ᠲᠡᠷᠢᠭᠦᠯᠡᠨ᠂ ᠳᠠᠯᠠᠨ ᠨᠠᠢ᠍ᠮᠠᠨ ᠶᠣᠰᠣᠯᠠᠯ ᠤ᠋ᠨ ᠰᠢᠷᠡᠭᠡ᠂ ᠬᠠᠷᠰᠢ ᠶ᠋ᠢᠨ ᠶᠡᠬᠡ ᠶᠡᠨᠳᠡᠷ ᠦ᠋ᠨ ᠬᠣᠶᠠᠷ ᠡᠲᠡᠭᠡᠳ ᠲᠣᠷ ᠬᠣᠣᠰ ᠬᠣᠣᠰ ᠢ᠋ᠶ᠋ᠠᠷ ᠬᠣᠣᠰᠯᠠᠨ ᠵᠢᠭᠰᠠᠭᠠᠭᠰᠠᠨ ᠠᠪᠠᠰᠤ᠂ ᠬᠠᠷᠰᠢ ᠶ᠋ᠢᠨ ᠳᠡᠭᠡᠷ᠎ᠡ ᠠᠷᠢᠬᠢ ᠪᠠᠷᠢᠬᠤ ᠯᠤᠤ ᠶ᠋ᠢᠨ ᠲᠣᠯᠣᠭᠠᠢᠲᠤ ᠪᠣᠷᠣ ᠽᠠᠨᠳᠠᠨ ᠤ᠋ ᠬᠠᠪᠲᠠᠭᠠᠢᠯ ᠲᠠᠮᠰᠢᠶᠠᠯ ᠤ᠋ᠨ ᠳᠠᠭᠤᠨ ᠨᠢᠭᠡᠨᠲᠡ ᠭᠠᠷᠤᠮᠠᠭᠴᠠ᠂ ᠳᠣᠣᠷᠠᠲᠤ ᠲᠠᠪᠤᠨ ᠵᠠᠭᠤᠨ ᠳᠠᠯᠠᠨ ᠵᠢᠷᠭᠤᠭᠠᠨ ᠲᠠᠮᠰᠢᠶᠠᠯ ᠮᠣᠳᠣᠨ ᠨᠢᠭᠡᠬᠡᠨ ᠴᠠᠭ ᠨᠢᠭᠡᠬᠡᠨ ᠳᠣᠬᠢᠶ᠎ᠠ ᠪᠠᠷ ᠲᠠᠴᠢᠭᠢᠨᠠᠨ ᠳᠠᠭᠤᠷᠢᠰᠴᠤ ᠥᠩᠭᠡᠷᠡᠮᠡᠭᠴᠡ᠂ ᠲᠦᠭ ᠲᠦᠮᠡᠨ ᠳᠠᠭᠤᠨ ᠴᠢᠮᠡᠭᠡ ᠶᠠᠭ ᠲᠠᠭ ᠢᠪ ᠴᠢᠪ ᠵᠣᠭ ᠵᠣᠭᠰᠣᠭᠠᠳ᠂ ᠬᠣᠣᠰ ᠬᠤᠨᠳᠠᠭ᠎ᠠ ᠶ᠋ᠢᠨ ᠬᠣᠣᠷᠠᠵᠠ ᠰᠠᠷᠬᠤᠳ ᠪᠠᠷᠢᠬᠤ᠂ ᠬᠣᠶᠠᠷ ᠶᠡᠬᠡ ᠲᠡᠷᠢᠭᠦᠯᠡᠭᠰᠡᠨ ᠰᠠᠢᠳ - ᠮᠤᠬᠤᠯᠢ᠂ ᠪᠤᠭᠤᠷᠵᠢ ᠭᠠᠳᠠᠭᠠᠳᠤ ᠳᠠᠬᠤ ᠪᠠᠨ ᠲᠠᠢᠯᠤᠨ᠂ ᠮᠠᠩᠨᠤᠭ ᠨᠢᠳᠤᠷᠭ᠎ᠠ ᠪᠠᠨ ᠪᠠᠭᠤᠯᠭᠠᠨ᠂ ᠠᠯᠲᠠᠨ ᠪᠠ ᠬᠠᠰ ᠬᠣᠶᠠᠷ ᠴᠥᠭᠥᠴᠡ ᠶ᠋ᠢ ᠬᠣᠶᠠᠷ ᠭᠠᠷ ᠢ᠋ᠶ᠋ᠠᠷ ᠮᠠᠩᠯᠠᠢ ᠯᠤᠭ᠎ᠠ ᠪᠠᠨ ᠰᠠᠴᠠᠭᠤ ᠥᠨᠳᠥᠷ ᠡᠷᠭᠦᠨ᠂ ᠭᠤᠷᠪᠠᠨ ᠳᠠᠪᠬᠤᠷ ᠳᠡᠭᠲᠡᠷ ᠶᠡᠨᠳᠡᠷ ᠦ᠋ᠨ ᠳᠣᠣᠷ᠎ᠠ ᠠ᠋ᠴᠠ ᠥᠭᠡᠳᠡᠯᠡᠨ ᠠᠯᠬᠤᠵᠤ ᠠᠰᠬᠠᠯ ᠴᠠᠯᠭᠢᠯ ᠦᠭᠡᠢ ᠪᠡᠷ ᠠᠪᠠᠴᠢᠵᠤ᠂ ᠲᠠᠢᠽᠦ ᠶ᠋ᠢᠨ ᠰᠠᠭᠤᠳᠠᠯ ᠤ᠋ᠨ ᠡᠮᠦᠨ᠎ᠡ ᠡᠭᠦᠯᠡ ᠡᠪᠬᠡᠬᠦ ᠮᠡᠲᠦ ᠬᠣᠣᠰ ᠡᠪᠦᠳᠦᠭ ᠢ᠋ᠶ᠋ᠡᠷ ᠥᠨᠳᠥᠷᠯᠡᠨ ᠰᠥᠭᠥᠳᠴᠦ ᠡᠷᠭᠦᠨ ᠪᠠᠷᠢᠭᠠᠳ᠂ ᠡᠷᠭᠢᠨ ᠤᠬᠤᠷᠢᠭᠰᠠᠭᠠᠷ ᠰᠠᠮ ᠰᠠᠮ ᠪᠠᠭᠤᠵᠤ ᠢᠷᠡᠭᠡᠳ᠂ ᠬᠠᠷᠰᠢ ᠶ᠋ᠢᠨ ᠪᠣᠱᠣᠭ᠎ᠠ ᠶ᠋ᠢᠨ ᠭᠠᠳᠠᠨ᠎ᠠ᠂ ᠭᠢᠰᠬᠢᠯᠭᠡ ᠶ᠋ᠢᠨ ᠳᠤᠮᠳᠠ ᠰᠥᠭᠥᠳᠴᠦ᠂ ᠮᠤᠬᠤᠯᠢ ᠥᠨᠳᠥᠷ ᠢᠷᠠᠭᠤ ᠬᠦᠨᠳᠦᠯᠡᠮᠡᠳᠡᠭᠦᠦ ᠡᠭᠡᠰᠢᠭ ᠢ᠋ᠶ᠋ᠡᠷ ᠡᠢᠨ ᠭᠡᠮᠡᠨ ᠪᠡᠯᠡᠭᠯᠡᠨ ᠣᠴᠢᠷᠤᠨ᠄ 
         ᠠᠰᠤᠷᠢ ᠲᠡᠭᠷᠢ ᠡᠴᠡ ᠡᠩᠭᠡᠵᠢᠭᠦᠯᠡᠷ᠎ᠡ ᠢᠯᠡᠭᠡᠭᠰᠡᠨ 
         ᠡᠩᠭᠡᠷ ᠳᠡᠯᠡᠬᠡᠢ ᠶ᠋ᠢᠨ ᠡᠵᠡᠨ᠃ 
         ᠬᠠᠭᠠᠨ ᠬᠤᠷᠮᠤᠰᠲᠠ ᠠᠴᠠ ᠬᠠᠮᠲᠤᠳᠬᠠᠷ᠎ᠠ ᠵᠠᠷᠤᠭᠰᠠᠨ 
         ᠬᠠᠮᠤᠭ ᠬᠥᠮᠦᠨ ᠦ᠌ ᠪᠣᠭᠳᠠ᠃ 
         ᠪᠠᠳᠠᠷᠠᠩᠭᠤᠢ ᠴᠠᠭᠠᠨ ᠰᠦᠯᠳᠡ ᠲᠡᠭᠷᠢ ᠶ᠋ᠢᠨ 
         ᠪᠠᠷᠢᠳᠠᠯ ᠦᠭᠡᠢ ᠦᠨᠡᠨ ᠦᠷ᠎ᠡ᠃ 
         ᠭᠡᠭᠡᠬᠡᠨ ᠭᠡᠷᠡᠯ ᠭᠡᠢᠪᠡᠩ ᠰᠠᠴᠤᠷᠠᠯ ᠠ᠋ᠴᠠ ᠭᠡᠢᠨ ᠮᠡᠨᠳᠦᠯᠡᠭᠰᠡᠨ ᠲᠡᠭᠷᠢᠯᠢᠭ᠃ 
         ᠤᠨᠤᠨ ᠮᠥᠷᠡᠨ ᠤᠷᠲᠤ ᠳᠡᠯᠢᠭᠦᠨ ᠦᠶᠡᠲᠦ ᠴᠠᠭᠠᠨ ᠡᠪᠡᠰᠦᠨ᠎ᠡ 
         ᠣᠭ᠌ᠶᠤ ᠶ᠋ᠢᠨ ᠪᠣᠯᠳᠣᠭ ᠤᠨᠳᠤᠷᠤᠮᠠᠯ ᠪᠤᠯᠠᠭᠲᠤ ᠴᠡᠴᠡᠭᠲᠦ ᠠᠷᠢᠭᠤᠨ ᠵᠦᠯᠭᠡ ᠳ᠋ᠦ᠍ᠷ 
         ᠤᠯᠤᠰ ᠪᠦᠬᠦᠨ ᠢ᠋ ᠠᠮᠤᠵᠢᠭᠤᠯᠬᠤᠢ ᠶ᠋ᠢᠨ ᠲᠤᠯᠠ ᠨᠥᠵᠢ ᠠᠳᠬᠤᠭᠰᠠᠭᠠᠷ ᠮᠡᠨᠳᠦᠯᠡᠭᠰᠡᠨ᠂ 
         ᠤᠳᠢᠷᠠᠰᠠᠳ ᠪᠠᠯᠭᠠᠰᠤᠨ᠎ᠠ ᠲᠤᠯᠲᠠᠯ᠎ᠠ᠂ ᠴᠠᠭᠠᠨ ᠭᠡᠷᠡᠯ ᠢ᠋ᠶ᠋ᠡᠷ ᠭᠡᠢᠭᠦᠯᠦᠭᠰᠡᠨ ᠴᠢᠨᠦ 
         ᠤᠷᠲᠤ ᠬᠣᠯᠠ ᠶ᠋ᠢᠨ ᠲᠦᠮᠡᠨ ᠪᠡᠯᠭᠡ ᠶ᠋ᠢᠨ ᠥᠯᠵᠡᠢᠲᠦ ᠥᠷᠯᠥᠭᠡ ᠶ᠋ᠢᠨ ᠪᠠᠶᠠᠷ᠎ᠠ᠂ 
         ᠤᠷᠢᠳ ᠬᠣᠵᠢᠳ ᠳᠠᠯᠠᠨ ᠲᠠᠪᠤᠨ ᠤᠯᠤᠰ ᠤ᠋ᠳ ᠪᠦᠭᠦᠳᠡᠭᠡᠷ ᠮᠥᠷᠭᠥᠨ ᠬᠦᠰᠡᠬᠦ ᠢᠨᠦ 
         ᠤᠯᠤᠰ ᠲᠥᠷᠥ ᠪᠡᠨ ᠤᠷᠤᠭᠰᠢ ᠳᠠᠯᠠᠢ ᠳ᠋ᠤᠷ ᠲᠤᠯᠲᠠᠯ᠎ᠠ ᠤᠯᠠᠷᠢᠨ ᠳᠡᠯᠭᠡᠷᠡᠵᠦ ᠮᠠᠨᠳᠤᠭᠠᠳ 
         ᠤᠯᠠᠮᠵᠢᠯᠠᠭᠰᠠᠨ ᠲᠡᠭᠷᠢᠯᠢᠭ ᠦ᠋ᠨ ᠦᠷᠡᠰ ᠢ᠋ᠶ᠋ᠡᠷ ᠤᠮᠠᠷᠠᠲᠤ ᠲᠢᠪ ᠲᠣᠷ ᠤᠷᠲᠤᠳᠠ ᠳᠦᠭᠦᠷᠡᠩ ᠠᠲᠤᠭᠠᠢ! 
ᠭᠡᠮᠡᠨ ᠣᠯᠠᠨ ᠲᠦᠮᠡᠨ ᠢ᠋ᠶ᠋ᠡᠷ ᠭᠤᠷᠪᠠᠨ ᠵᠡᠷᠭᠡ ᠮᠥᠷᠭᠥᠲᠡᠯ᠎ᠡ ᠲᠠᠢᠽᠦ ᠮᠥᠩᠭᠥᠨ ᠦ᠌ ᠬᠤᠨᠳᠠᠭᠠᠲᠤ ᠳᠠᠷᠠᠰᠤ ᠶ᠋ᠢ ᠮᠣᠳᠣᠷ ᠢ᠋ᠶ᠋ᠠᠷ ᠬᠦᠷᠲᠡᠭᠡᠨ᠂ ᠬᠠᠷᠢᠭᠤ ᠡᠢᠨ ᠭᠡᠮᠡᠨ ᠪᠡᠯᠩᠯᠠᠷᠤᠨ᠄ 
         ᠣᠯᠠᠨ ᠪᠦᠬᠦᠨ᠎ᠡ ᠲᠤᠰᠠᠲᠠᠢ ᠪᠣᠯᠪᠠᠰᠤ 
         ᠤᠬᠤᠷᠢᠰᠢ ᠦᠭᠡᠢ ᠤᠷᠤᠭᠰᠢᠯᠠᠨ ᠵᠢᠳᠬᠦᠶ᠎ᠡ ᠪᠢ᠃ 
         ᠤᠯᠤᠰ ᠤ᠋ᠨ ᠲᠥᠯᠥᠭᠡ  ᠲᠦᠷᠦᠭᠦᠯᠡᠭᠰᠡᠨ ᠪᠥᠭᠡᠰᠦ 
         ᠤᠮᠠᠷᠲᠠᠰᠢ ᠦᠭᠡᠢ ᠤᠷᠤᠯᠳᠤᠵᠤ ᠪᠦᠲᠦᠭᠡᠶ᠎ᠡ ᠪᠢ᠃ 
         ᠤᠳᠤᠷᠢᠳᠤᠨ ᠣᠷᠣᠬᠤ ᠶ᠋ᠢ ᠡᠵᠡᠨ ᠡᠭᠦᠰᠬᠡᠪᠡᠴᠦ᠂ 
         ᠤᠯᠠᠮᠵᠢᠯᠠᠨ ᠵᠠᠰᠠᠬᠤ ᠲᠦᠰᠢᠮᠡᠳ ᠲᠠ ᠨᠠᠷ ᠪᠠᠢᠨ᠎ᠠ ᠃ 
         ᠤᠮᠠᠷᠠᠲᠤ ᠡᠮᠦᠨᠡᠲᠦ ᠶ᠋ᠢ ᠤᠯᠠᠮ ᠡᠩᠬᠡᠵᠢᠭᠦᠯᠬᠦ 
         ᠤᠬᠠᠮᠵᠢᠲᠤ ᠵᠢᠨᠦᠩ ᠦ᠋ᠨ ᠪᠡᠯᠡᠭ ᠢ᠋ᠶ᠋ᠡᠷ ᠪᠣᠯᠲᠤᠭᠠᠢ ! 
ᠬᠡᠮᠡᠭᠡᠳ ᠠᠯᠲᠠᠨ ᠴᠥᠬᠥᠴᠡᠲᠦ ᠠᠷᠠᠵᠠ ᠳᠡᠷᠡᠰᠦᠨ᠎ᠡ ᠠᠮᠠ ᠭᠦᠷᠦᠨ ᠠᠮᠰᠠᠨ ᠵᠣᠭᠣᠭᠯᠠᠭᠰᠠᠨ ᠳ᠋ᠤᠷ ᠠᠯᠢᠪᠠ ᠲᠦᠰᠢᠮᠡᠳ ᠪᠦᠬᠦᠨ ᠦ᠌ ᠠᠯᠠᠭᠠᠨ᠎ᠠ ᠪᠦᠬᠦᠢ ᠬᠡᠰᠢᠭ ᠰᠠᠷᠬᠤᠳ ᠢ᠋ ᠵᠢᠨᠦᠩ ᠮᠤᠬᠤᠯᠢ ᠶ᠋ᠢᠨ ᠠᠶ᠎ᠠ ᠶ᠋ᠢ ᠳ᠋ᠡᠭᠡᠨ ᠴᠥᠮ ᠠᠮᠰᠠᠨ ᠬᠦᠷᠲᠡᠯᠴᠡᠭᠡᠳ ᠬᠡᠰᠢᠭ ᠲᠣᠷ ᠮᠥᠷᠭᠥᠵᠦ ᠪᠣᠰᠴᠤ ᠵᠣᠭᠰᠣᠯᠴᠠᠲᠠᠯ᠎ᠠ ᠲᠣᠭᠣᠷ᠎ᠠ ᠶ᠋ᠢᠨ ᠶᠣᠰᠣᠯᠠᠯ ᠤ᠋ᠨ ᠬᠣᠣᠰ ᠬᠤᠨᠳᠠᠭ᠎ᠠ ᠶ᠋ᠢᠨ ᠳᠣᠬᠢᠶ᠎ᠠ ᠲᠠᠯᠪᠢᠮᠠᠭᠴᠠ ᠬᠠᠮᠤᠭ ᠪᠦᠭᠦᠳᠡᠭᠡᠷ ᠰᠡᠯᠭᠦᠯᠳᠦᠵᠦ᠂ ᠡᠵᠡᠨ ᠲᠦᠷᠦᠭᠦᠯᠡᠨ ᠰᠠᠢᠳ ᠪᠦᠭᠦᠳᠡᠭᠡᠷ ᠦ᠋ᠨ ᠬᠤᠨᠳᠠᠭ᠎ᠠ ᠶ᠋ᠢ ᠴᠥᠮ ᠬᠤᠷᠢᠶᠠᠭᠠᠳ ᠬᠥᠭᠵᠢᠮ ᠡᠭᠦᠰᠬᠡᠵᠦ᠂ ᠲᠡᠭᠦᠰ ᠬᠤᠨᠳᠠᠭ᠎ᠠ ᠶ᠋ᠢᠨ ᠬᠣᠣᠰ ᠲᠡᠭᠦᠰ ᠦ᠋ᠨ ᠬᠤᠷᠢᠮ ᠤ᠋ᠨ ᠰᠢᠷᠡᠭᠡ ᠶ᠋ᠢ ᠬᠣᠶᠠᠷ ᠨᠡᠮᠡᠨ ᠲᠡᠭᠰᠢᠯᠡᠵᠦ᠂ ᠬᠣᠣᠰ ᠬᠤᠨᠳᠠᠭᠠᠲᠤ ᠬᠣᠶᠠᠷ ᠬᠣᠣᠰ ᠰᠠᠷᠬᠤᠳ ᠤ᠋ᠨ ᠰᠢᠷᠡᠭᠡ ᠶ᠋ᠢ ᠰᠢᠨ᠎ᠡ ᠪᠡᠷ ᠬᠣᠶᠠᠷ ᠬᠣᠣᠰ ᠳᠠᠮᠨᠠᠨ ᠢᠷᠡᠵᠦ ᠵᠢᠭᠰᠠᠭᠠᠭᠠᠳ ᠬᠣᠶᠠᠷ ᠬᠣᠣᠰ᠂ ᠳᠥᠷᠪᠡᠨ ᠶᠡᠬᠡ ᠰᠠᠢᠳ - ᠮᠤᠬᠤᠯᠠᠢ᠂ ᠪᠤᠭᠤᠷᠵᠢ᠂ ᠴᠢᠯᠠᠭᠤᠨ᠂ ᠠᠵᠢᠨᠠᠢ᠂ ᠭᠤᠷᠪᠠᠨ ᠬᠦᠯᠦᠭ ᠨᠣᠶᠠᠨ᠂ ᠨᠢᠭᠡᠨ ᠤᠷᠤᠭ ᠨᠣᠶᠠᠨ᠂ ᠳᠥᠷᠪᠡᠭᠦᠯᠡ ᠬᠣᠶᠠᠷ ᠬᠣᠣᠰ ᠠᠯᠲᠠᠨ ᠬᠠᠰ ᠤ᠋ᠨ ᠴᠥᠬᠥᠴᠡᠲᠦ ᠠᠷᠠᠵᠠ ᠬᠣᠣᠷᠠᠵᠠ ᠶ᠋ᠢ ᠤᠷᠢᠳᠤ ᠶ᠋ᠢᠨ ᠬᠠᠤᠯᠢ ᠳᠦᠷᠢᠮ ᠦ᠋ᠨ ᠦᠶᠡᠰ ᠭᠡᠰᠢᠭᠦᠨ ᠦ᠌ ᠶᠣᠰᠣᠭᠠᠷ ᠬᠣᠣᠰ ᠬᠣᠣᠰ ᠢ᠋ᠶ᠋ᠠᠷ ᠬᠣᠣᠰᠯᠠᠨ ᠪᠠᠷᠢᠭᠠᠳ᠂ ᠤᠭ ᠶᠣᠰᠣᠭᠠᠷ ᠠᠵᠢᠨ ᠠᠵᠢᠨ ᠴᠡᠴᠡᠷᠬᠢᠯᠡᠨ ᠴᠡᠴᠡᠷᠬᠢᠯᠡᠨ᠂ ᠰᠠᠮ ᠰᠠᠮ ᠤᠬᠤᠷᠢᠯᠴᠠᠨ ᠪᠠᠭᠤᠯᠴᠠᠨ ᠡᠴᠢᠯᠴᠡᠵᠦ ᠣᠷᠣᠨ ᠣᠷᠣᠨ ᠳ᠋ᠠᠭᠠᠨ ᠰᠥᠭᠦᠳᠦᠯᠴᠡᠭᠰᠡᠨ ᠠᠪᠠᠰᠤ ᠬᠠᠪᠲᠠᠭᠠᠢᠯᠠᠯ ᠲᠠᠮᠰᠢᠶᠠᠯᠭ᠎ᠠ ᠶ᠋ᠢᠨ ᠳᠣᠬᠢᠶ᠎ᠠ ᠨᠢᠭᠡᠨᠲᠡ ᠳᠠᠭᠤᠷᠢᠰᠴᠤ ᠢᠪ ᠴᠢᠪ ᠴᠢᠮᠡᠭᠡ ᠦᠭᠡᠢ ᠪᠣᠯᠵᠤ ᠶᠡᠬᠡ ᠵᠠᠩᠵᠤᠨ ᠪᠤᠭᠤᠷᠵᠢ᠂ ᠪᠣᠷᠣ ᠬᠣᠭᠣᠯᠠᠢ ᠪᠠᠨ ᠵᠠᠰᠠᠵᠤ᠂ ᠪᠣᠯᠭᠣᠮᠵᠢᠯᠠᠨ ᠬᠢᠴᠢᠶᠡᠭᠰᠡᠨ ᠥᠨᠳᠥᠷ ᠬᠦᠩᠬᠢᠨᠡᠮ᠎ᠡ ᠠᠶᠠᠯᠭᠤ ᠪᠠᠷ ᠡᠢᠨ ᠭᠡᠮᠡᠨ ᠮᠥᠷᠭᠥᠵᠦ ᠪᠡᠯᠡᠭᠯᠡᠨ ᠥᠴᠢᠷᠦᠨ : 
         ᠡᠷᠬᠡᠲᠦ ᠳᠡᠭᠡᠳᠦ ᠲᠡᠭᠷᠢ ᠡᠴᠢᠭᠡ 
         ᠡᠭᠡᠯᠢᠲᠡᠢ ᠳᠣᠣᠷᠠᠲᠤ ᠭᠠᠵᠠᠷ ᠡᠬᠡ᠂ 
         ᠡᠷᠳᠡᠮᠲᠦ ᠳᠡᠭᠡᠳᠦ ᠡᠵᠡᠨ ᠪᠣᠭᠳᠠ ᠶ᠋ᠢ 
         ᠡᠨᠡᠬᠦ ᠣᠷᠴᠢᠯᠠᠩ ᠳ᠋ᠤᠷ ᠪᠠᠭᠤᠯᠭᠠᠨ ᠲᠥᠷᠥᠭᠦᠯᠵᠦ᠂ 
         ᠡᠷᠬᠡᠲᠡᠨ ᠬᠦᠴᠦᠲᠡᠨ ᠡᠪᠳᠡᠷᠡᠨ ᠰᠠᠮᠠᠭᠤᠷᠠᠵᠤ 
         ᠡᠯ᠎ᠡ ᠠᠮᠢᠲᠠᠨ ᠤ᠋ᠳ ᠢ᠋ ᠡᠩᠰᠡᠯᠭᠡᠨ ᠳᠡᠩᠰᠡᠯᠭᠡᠬᠦ ᠶ᠋ᠢ 
         ᠡᠷᠬᠡ ᠪᠡᠷ ᠳᠠᠷᠤᠨ ᠡᠯᠰᠡᠨ ᠳᠠᠭᠠᠭᠤᠯᠤᠨ 
         ᠡᠷᠬᠡ ᠳ᠋ᠡᠭᠡᠨ ᠬᠣᠷᠢᠶᠠᠨ ᠡᠵᠡᠯᠡᠨ ᠡᠩᠬᠡᠵᠢᠭᠦᠯᠬᠦᠶ᠎ᠡ᠂ 
         ᠡᠰᠡᠨ ᠪᠣᠰᠤᠨ ᠡᠯᠳᠡᠪ ᠬᠠᠳ ᠢ᠋ ᠡᠢᠨᠡᠨ ᠲᠠᠢ᠍ᠢᠨᠠᠨ ᠡᠪᠰᠡᠨ ᠲᠦᠪᠰᠢᠳᠬᠡᠵᠦ᠂ 
         ᠡᠷᠭᠢᠵᠦ ᠲᠣᠭᠣᠷᠢᠨ ᠡᠩᠭᠡᠷ ᠨᠡᠢᠲᠡ ᠶ᠋ᠢ ᠡᠪᠬᠡᠨ ᠬᠣᠷᠢᠶᠠᠨ ᠡᠶᠡᠳᠡᠭᠦᠯᠬᠦᠢ ᠳ᠋ᠦ᠍ᠷ 
         ᠡᠵᠡᠨ ᠦ᠌ ᠮᠡᠨᠳᠦᠯᠡᠭᠰᠡᠨ 
         ᠡᠨᠡ ᠰᠠᠷ᠎ᠠ᠂ ᠡᠨᠡ ᠡᠳᠦᠷ ᠢᠨᠦ 
         ᠡᠢᠮᠦ ᠪᠠᠯᠭᠠᠰᠤᠨ ᠳ᠋ᠤᠷ ᠲᠣᠬᠢᠶᠠᠯᠳᠤᠵᠤ 
         ᠡᠩᠬᠡᠵᠢᠭᠦᠨ ᠪᠦᠭᠦᠳᠡᠭᠡᠷ 
         ᠡᠷᠳᠡᠨᠢ ᠶ᠋ᠢᠨ ᠲᠡᠭᠦᠰ ᠬᠣᠣᠰ ᠬᠣᠣᠷᠠᠵᠠ ᠪᠠᠨ ᠡᠷᠭᠦᠨ ᠡᠷᠭᠡᠯᠵᠡᠬᠦ ᠢᠨᠦ᠂ 
         ᠡᠷᠬᠢᠮ ᠥᠨᠳᠥᠷ ᠡᠰᠡᠷᠸ᠎ᠠ ᠶ᠋ᠢᠨ ᠢᠵᠠᠭᠤᠷᠲᠤ ᠶ᠋ᠢᠨ ᠡᠷᠬᠡᠲᠡᠨ ᠴᠣᠭᠴᠠ ᠡᠭᠦᠷᠢ ᠪᠠᠲᠤᠳᠠᠭᠠᠳ᠂ 
         ᠡᠮᠦᠨ᠎ᠡ ᠤᠮᠠᠷ᠎ᠠ ᠶ᠋ᠢᠨ ᠡᠯ᠎ᠡ ᠤᠯᠤᠰ ᠤ᠋ᠳ ᠡᠩᠭᠡᠷ ᠬᠣᠷᠮᠣᠢ ᠳ᠋ᠤᠷ ᠣᠷᠣᠯᠴᠠᠨ ᠳᠠᠭᠠᠭᠠᠳ᠂ 
         ᠡᠭᠦᠷᠢ ᠤᠷᠲᠤᠳᠠ ᠡᠩᠬᠡ ᠲᠦᠪᠰᠢᠨ ᠡᠶᠡᠯᠰᠡᠭ ᠨᠠᠢᠷᠠᠮᠳᠠᠭᠤ ᠪᠠᠷ ᠵᠢᠷᠭᠠᠯᠳᠤᠵᠤ᠂ 
         ᠡᠭᠦᠨᠴᠡ ᠡᠬᠢᠯᠡᠨ ᠡᠵᠡᠨ ᠦ᠌ ᠤᠭᠰᠠᠭ᠎ᠠ ᠡᠮᠦᠨᠡᠲᠦ ᠳᠠᠯᠠᠢ ᠶ᠋ᠢ ᠳᠠᠪᠠᠲᠠᠯ᠎ᠠ ᠡᠵᠡᠯᠡᠲᠦᠭᠡᠢ᠃ 
ᠭᠡᠮᠡᠨ ᠪᠡᠯᠡᠭᠯᠡᠨ ᠲᠡᠭᠦᠰᠴᠦ᠂ ᠪᠦᠭᠦᠳᠡᠭᠡᠷ ᠬᠣᠶᠠᠷ ᠵᠡᠷᠭᠡ ᠰᠥᠭᠥᠳᠴᠦ᠂ ᠵᠢᠷᠭᠤᠭᠠᠨ ᠵᠡᠷᠭᠡ ᠬᠣᠣᠰᠯᠠᠨ ᠮᠥᠷᠭᠥᠬᠦᠶ᠎ᠡ ᠡᠵᠡᠨ ᠲᠠᠢᠽᠦ᠂ ᠡᠷᠳᠡᠨᠢ ᠶ᠋ᠢᠨ ᠪᠣᠯᠣᠷ ᠤ᠋ᠨ ᠨᠠᠢ᠍ᠮᠠᠨ ᠬᠤᠨᠳᠠᠭᠠᠲᠤ ᠰᠠᠷᠬᠤᠳ ᠢ᠋ ᠮᠥᠨ ᠬᠦ᠌ ᠳᠥᠷᠪᠡᠨ ᠰᠠᠢᠳ ᠲᠤᠷ ᠬᠣᠣᠰ ᠬᠣᠣᠰ ᠢ᠋ᠶ᠋ᠠᠷ ᠬᠣᠣᠰᠯᠠᠵᠤ ᠮᠣᠳᠣᠷ ᠢ᠋ᠶ᠋ᠠᠷ ᠬᠠᠷᠢᠭᠤ ᠬᠠᠢᠷᠠᠯᠠᠬᠤᠶ᠎ᠠ ᠂ ᠬᠠᠷᠰᠢ ᠶ᠋ᠢᠨ ᠰᠠᠢᠳ ᠤ᠋ᠨ ᠬᠠᠮᠤᠭ ᠲᠦᠰᠢᠮᠡᠳ ᠪᠦᠬᠦᠨ ᠴᠥᠮ ᠢ᠋ᠶ᠋ᠡᠷ ᠬᠣᠣᠰ ᠬᠤᠨᠳᠠᠭ᠎ᠠ ᠶ᠋ᠢᠨ ᠬᠡᠰᠢᠭ ᠰᠠᠷᠬᠤᠳ ᠢ᠋ ᠪᠠᠷᠢᠨ ᠬᠣᠢᠰᠢ ᠬᠠᠨᠳᠤᠨ ᠬᠡᠰᠢᠭ ᠲᠣᠷ ᠮᠥᠷᠭᠥᠭᠡᠳ ᠰᠥᠭᠥᠳᠴᠦ ᠬᠦᠯᠢᠶᠡᠬᠦᠶ᠎ᠡ ᠡᠵᠡᠨ ᠪᠣᠭᠳᠠ ᠪᠠᠷ ᠡᠷᠳᠡᠨᠢ ᠶ᠋ᠢᠨ ᠴᠥᠭᠥᠴᠡ ᠪᠡᠨ ᠡᠷᠭᠦᠨ ᠠᠮᠰᠠᠨ ᠵᠣᠭᠣᠭᠯᠠᠵᠤ ᠂ ᠥᠨᠳᠥᠷ ᠡᠷᠭᠦᠨ ᠮᠦᠰᠢᠶᠡᠵᠦ ᠂ ᠬᠠᠷᠢᠭᠤ ᠡᠢᠨ ᠭᠡᠮᠡᠨ ᠪᠡᠶᠡᠰᠦᠨ ᠪᠡᠯᠡᠭᠯᠡᠷᠦᠨ᠄ 
         ᠡᠴᠢᠭᠡ ᠲᠡᠭᠷᠢ ᠡᠷᠭᠢᠨ ᠴᠢᠩ ᠲᠠᠨ ᠢ᠋ 
         ᠡᠷᠭᠦᠨ ᠲᠡᠳᠭᠦᠯᠡᠷ᠎ᠡ ᠥᠭᠴᠦ ᠲᠥᠷᠥᠭᠦᠯᠦᠭᠰᠡᠨ ᠢ᠋ᠶ᠋ᠡᠷ 
         ᠡᠭᠡᠯ ᠨᠠᠮᠠᠶ᠋ᠢ ᠡᠵᠡᠨ ᠪᠣᠯᠭᠠᠨ ᠡᠯ᠎ᠡ ᠵᠦᠭ ᠦ᠋ᠳ ᠢ᠋ 
         ᠡᠶᠡᠪᠡᠷ ᠪᠣᠯᠭᠠᠯᠴᠠᠨ ᠡᠪᠰᠡᠨ ᠬᠠᠪᠰᠤᠷᠬᠤᠶ᠎ᠠ᠂ 
         ᠡᠨᠡ ᠡᠳᠦᠷ ᠦ᠋ᠨ ᠡᠨᠡ ᠬᠦ᠌ ᠬᠣᠣᠰᠯᠠᠭᠰᠠᠨ 
         ᠡᠢᠮᠦ ᠲᠡᠭᠦᠰ ᠪᠡᠯᠡᠭᠯᠡᠭᠰᠡᠨ ᠪᠡᠯᠡᠭ ᠦ᠋ᠨ 
         ᠠᠶ᠎ᠠ ᠪᠠᠷ ᠪᠢᠳᠡ᠂ 
         ᠡᠯᠢᠭᠡ ᠵᠢᠷᠦᠬᠡ ᠡᠴᠡᠭᠡᠨ ᠡᠶᠡᠲᠡᠢ ᠡᠪ ᠲᠡᠢ 
         ᠡᠭᠦᠷᠢ ᠤᠷᠲᠤᠳᠠ ᠡᠵᠡᠨ ᠲᠡᠢ 
         ᠰᠠᠢᠳ ᠲᠠᠢ ᠪᠣᠯᠤᠶ᠎ᠠ ᠪᠢᠳᠡ᠃ 
ᠭᠡᠮᠡᠨ ᠢᠷᠥᠭᠡᠨ ᠪᠡᠯᠡᠭᠯᠡᠭᠡᠳ ᠡᠷᠳᠡᠨᠢᠰ ᠦ᠋ᠨ ᠴᠥᠭᠥᠴᠡ ᠶ᠋ᠢ ᠬᠣᠶᠠᠷ ᠵᠡᠷᠭᠡ ᠪᠠᠷᠠᠲᠠᠯ᠎ᠠ ᠵᠣᠭᠣᠭᠯᠠᠭᠰᠠᠨ᠎ᠠ ᠡᠷᠭᠢᠨ ᠳᠥᠷᠪᠡᠨ ᠰᠠᠢᠳ ᠲᠡᠷᠢᠭᠦᠯᠡᠨ᠂ ᠡᠩᠭᠡᠷ ᠨᠡᠢᠲᠡ ᠲᠥᠷᠥ ᠶ᠋ᠢᠨ ᠲᠦᠰᠢᠮᠡᠳ ᠪᠦᠭᠦᠳᠡᠭᠡᠷ ᠬᠣᠣᠰ ᠬᠤᠨᠳᠠᠭ᠎ᠠ ᠪᠠᠨ ᠬᠣᠭᠣᠰᠣᠷᠠᠲᠠᠯ᠎ᠠ ᠬᠦᠷᠲᠡᠯᠴᠡᠨ᠂ ᠲᠡᠭᠦᠰ ᠬᠤᠨᠳᠠᠭ᠎ᠠ ᠪᠠᠨ ᠲᠡᠭᠦᠰᠲᠡᠯ᠎ᠡ ᠨᠠᠢᠷᠠᠭᠠᠳ ᠲᠦᠴᠢᠭᠢᠨᠡᠲᠡᠯ᠎ᠡ ᠮᠥᠷᠭᠥᠯᠴᠡᠵᠦ ᠰᠠᠶᠢ ᠪᠣᠰᠴᠤ᠂ ᠳᠣᠬᠢᠶ᠎ᠠ ᠲᠡᠮᠳᠡᠭ ᠬᠥᠳᠡᠯᠵᠦ ᠬᠥᠭᠵᠢᠮ ᠡᠬᠢᠯᠡᠭᠡᠳ᠂ ᠵᠠᠭᠤᠨ ᠲᠦᠰᠢᠮᠡᠳ ᠭᠤᠷᠪᠠᠨ ᠵᠡᠷᠭᠡ ᠰᠥᠭᠥᠳᠴᠦ ᠶᠢᠰᠦᠨ ᠵᠡᠷᠭᠡ ᠮᠥᠷᠭᠥᠵᠦ᠂ ᠥᠯᠵᠡᠢᠲᠦ ᠥᠷᠯᠥᠭᠡ ᠶ᠋ᠢᠨ ᠪᠠᠶᠠᠰᠬᠤᠯᠠᠩ ᠤ᠋ᠨ ᠶᠣᠰᠣᠯᠠᠯ ᠢ᠋ ᠭᠦᠢᠴᠡᠳᠬᠡᠵᠦ ᠳᠡᠰ ᠳᠠᠷᠠᠭᠠᠯᠠᠨ ᠬᠡᠰᠢᠭ ᠬᠤᠷᠢᠮ ᠳ᠋ᠤᠷ ᠰᠠᠭᠤᠯᠴᠠᠪᠠ᠃ 
       ᠡᠷᠲᠡᠨ ᠦ᠌ ᠬᠠᠭᠤᠴᠢᠨ《ᠬᠥᠬᠡ ᠰᠤᠳᠤᠷ 》ᠡᠨᠡ ᠥᠷᠯᠥᠭᠡ ᠶ᠋ᠢᠨ ᠡᠨᠡ ᠬᠤᠷᠢᠮ ᠤ᠋ᠨ ᠪᠡᠯᠡᠭ ᠢ᠋ ᠡᠵᠡᠨ ᠦ᠌ ᠰᠢᠩᠬᠤᠲᠤ ᠡᠷᠳᠡᠨᠢ ᠶ᠋ᠢᠨ ᠰᠠᠮᠪᠠᠷ᠎ᠠ ᠳ᠋ᠤᠷ ᠤᠢᠯᠠᠨ ᠪᠢᠴᠢᠭᠦᠯᠵᠦ᠂ ᠡᠢᠮᠦ ᠭᠤᠷᠪᠠᠨ ᠪᠡᠯᠡᠭ ᠭᠡᠮᠡᠨ ᠲᠡᠮᠳᠡᠭᠯᠡᠵᠦᠬᠦᠢ᠃ ᠠᠯᠢ ᠭᠤᠷᠪᠠ ᠬᠡᠮᠡᠪᠡᠰᠦ᠂ ᠡᠩ ᠡᠷᠲᠡᠨ ᠡᠵᠡᠨ ᠪᠣᠭᠳᠠ ᠶ᠋ᠢ ᠮᠡᠨᠳᠦᠯᠡᠭᠰᠡᠨ᠎ᠡ ᠥᠭᠡᠯᠦᠨ ᠦᠵᠢᠨ ᠦ᠌ ᠦᠵᠡᠮᠡᠭᠴᠡ ᠢᠷᠥᠭᠡᠨ ᠪᠡᠯᠡᠭᠯᠡᠭᠰᠡᠨ ᠨᠢᠭᠡ᠃ ᠪᠡᠵᠣᠨᠠᠢ ᠮᠥᠷᠡᠨ᠎ᠡ ᠬᠣᠷᠢᠮᠯᠬᠤᠶ᠎ᠠ ᠡᠵᠡᠨ ᠴᠢᠬᠢᠲᠡᠢ ᠶ᠋ᠢᠨ ᠮᠢᠬ᠎ᠠ᠂ ᠪᠤᠯᠠᠩᠭᠢᠷ ᠤᠰᠤᠨ ᠵᠣᠭᠣᠭᠯᠠᠵᠤ᠂ ᠲᠡᠭᠷᠢ ᠳ᠋ᠦ᠍ᠷ ᠵᠠᠯᠪᠠᠷᠢᠨ ᠠᠮᠠ ᠠᠯᠲᠠᠨ ᠪᠡᠯᠡᠭᠯᠡᠭᠰᠡᠨ ᠬᠣᠶᠠᠷ᠃ ᠡᠨᠡ ᠡᠳᠦᠷ ᠵᠢᠷᠯᠤᠭ ᠬᠣᠲᠠ ᠳ᠋ᠤᠷ ᠵᠢᠷᠭᠠᠯᠠᠩᠲᠤ ᠥᠯᠵᠡᠢᠲᠦ ᠥᠷᠯᠥᠭᠡ ᠶ᠋ᠢᠨ ᠬᠣᠣᠰ ᠲᠡᠭᠦᠰ ᠦ᠋ᠨ ᠬᠤᠷᠢᠮ ᠳ᠋ᠤᠷ ᠮᠦᠰᠢᠶᠡᠨ ᠪᠡᠶᠡᠰᠴᠦ ᠠᠮᠠ ᠠᠯᠲᠠᠨ ᠢᠨᠢᠶᠡᠨ ᠪᠡᠯᠡᠭᠯᠡᠭᠰᠡᠨ ᠡᠨᠡ ᠭᠤᠷᠪᠠᠨ ᠤ᠋ ᠦᠨᠡᠨ ᠦᠭᠡᠰ ᠪᠦᠲᠦᠭᠰᠡᠨ ᠢ᠋ᠶ᠋ᠡᠷ ᠡᠳᠦᠭᠡ ᠳᠣᠯᠣᠭᠠᠨ ᠵᠠᠭᠤᠨ ᠢᠯᠡᠭᠦᠦ ᠣᠨ ᠵᠢᠯ ᠪᠣᠯᠲᠠᠯ᠎ᠠ ᠠᠷᠤ ᠥᠪᠥᠷ ᠲᠦᠮᠡᠨ ᠪᠠᠷ᠎ᠠ ᠶ᠋ᠢᠨ ᠳᠣᠲᠣᠷ᠎ᠠ ᠡᠳᠦᠭᠡ ᠡᠳᠦᠷ ᠪᠣᠯᠤᠨ ᠪᠣᠯᠲᠠᠯ᠎ᠠ᠂ ᠬᠣᠰᠢᠭᠤ ᠪᠦᠷᠢ ᠴᠢᠭᠤᠯᠭᠠᠨ ᠪᠦᠬᠦᠨ᠎ᠡ᠂ ᠬᠠᠨ᠂ ᠴᠢᠨ ᠸᠠᠩ᠂ ᠵᠢᠶᠦ᠋ᠨ ᠸᠠᠩ ᠂ ᠪᠡᠢᠯᠡ ᠂ ᠪᠡᠢᠰᠡ ᠂ ᠬᠦᠩ ᠂ ᠲᠠᠢᠵᠢ ᠂ ᠲᠠᠪᠤᠨᠠᠩ ᠨᠣᠶᠠᠳ ᠡᠵᠡᠳ ᠲᠣᠷ ᠬᠦᠷᠲᠡᠯ᠎ᠡ᠂ ᠲᠦᠰᠢᠮᠡᠯ ᠲᠦᠰᠢᠶ᠎ᠡ᠂ ᠲᠦᠰᠢᠮᠡᠰ ᠵᠢᠩᠰᠠᠲᠠᠨ᠂ ᠠᠷᠠᠳ ᠠᠯᠪᠠᠲᠤ ᠬᠠᠷᠢᠶᠠᠲᠤ ᠬᠠᠮᠵᠢᠯᠭ᠎ᠠ ᠲᠠᠢ ᠶᠠᠪᠤᠵᠤ᠂ ᠠᠯᠢᠪᠠ ᠲᠥᠷᠥ ᠶ᠋ᠢᠨ ᠦᠭᠡᠰ ᠪᠦᠬᠦᠨ᠎ᠡ᠂ ᠨᠣᠶᠠᠳ ᠲᠦᠰᠢᠮᠡᠳ ᠬᠡᠮᠡᠬᠦ ᠦᠭᠡᠰ ᠢ᠋ ᠲᠡᠷᠰ ᠲᠦᠰᠢᠮᠡᠳ ᠪᠣᠯᠪᠠᠴᠤ ᠠᠷᠢᠯᠭᠠᠨ ᠤᠭᠠᠵᠤ ᠦᠯᠦ ᠴᠢᠳᠠᠬᠤ ᠪᠠ ᠵᠢᠴᠢ ᠳᠣᠷᠣᠭᠰᠢ ᠠᠷᠠᠳ ᠠᠯᠪᠠᠲᠤ ᠳ᠋ᠤᠷ ᠪᠣᠯᠪᠠᠴᠤ ᠬᠡᠷᠬᠢᠨ ᠵᠠᠷᠤᠴᠠ᠂ ᠬᠢᠲᠠᠳ ᠪᠣᠭᠣᠯ ᠪᠠᠢᠰᠠᠩ ᠬᠡᠷᠬᠡᠳ ᠭᠡᠮᠡᠨ ᠪᠠᠢᠬᠤ ᠠᠨᠤ ᠲᠡᠷᠡ ᠦᠶ᠎ᠡ ᠶ᠋ᠢᠨ ᠳᠡᠭᠷᠢᠯᠢᠭ ᠪᠣᠭᠳᠠ ᠲᠡᠮᠦᠵᠢᠨ ᠡᠵᠡᠨ᠂ ᠲᠡᠢᠨᠬᠦ ᠪᠡᠶᠡᠰᠦᠨ ᠢᠷᠥᠭᠡᠨ ᠪᠡᠯᠡᠭᠯᠡᠵᠦ ᠠᠯᠲᠠᠨ ᠠᠮᠠ ᠠᠯᠳᠠᠭᠰᠠᠨ ᠠ᠋ᠴᠠ ᠪᠣᠯᠪᠠ ᠭᠡᠮᠡᠨ ᠰᠢᠩᠬᠤᠲᠤ ᠪᠢᠷᠲᠤ ᠰᠠᠨᠠᠩ ᠰᠡᠴᠡᠨ ᠴᠣᠬᠣᠯᠠᠨ ᠲᠡᠮᠳᠡᠭᠯᠡᠵᠦᠬᠦᠢ᠃ ᠡᠳᠦᠭᠡ ᠮᠣᠩᠭᠣᠯ ᠤ᠋ᠨ ᠵᠠᠰᠠᠭ᠂ ᠬᠣᠰᠢᠭᠤ ᠳ᠋ᠤᠷ ᠡᠷᠬᠡ ᠬᠡᠲᠦᠷᠡᠨ ᠡᠵᠡᠨ ᠢ᠋ᠶ᠋ᠡᠨ ᠳᠠᠷᠤᠯᠠᠭᠴᠢ ᠡᠵᠡᠲᠦᠭᠴᠢ ᠲᠦᠰᠢᠮᠡᠳ ᠬᠠᠶᠠ ᠪᠣᠢ ᠪᠣᠯᠪᠠᠴᠤ᠂ ᠡᠭᠡᠨᠡᠭᠲᠡ ᠤᠳᠠᠭᠠᠨ ᠤᠷᠲᠤ ᠡᠵᠡᠲᠦᠨ ᠦᠯᠦ ᠴᠢᠳᠠᠬᠤ ᠪᠠ ᠨᠣᠶᠠᠨ ᠬᠡᠮᠡᠬᠦ ᠦᠰᠦᠭ ᠢ᠋ ᠦᠭᠡᠢ ᠪᠣᠯᠭᠠᠵᠤ ᠲᠠᠰᠤᠯᠵᠤ ᠦᠯᠦ ᠴᠢᠳᠠᠬᠤ ᠠᠨᠤ ᠡᠭᠦᠨᠴᠡ ᠪᠣᠯᠪᠠ ᠬᠡᠮᠡᠬᠦ ᠪᠤᠶᠤ᠃ ᠡᠳᠦᠭᠡ ᠨᠢᠳᠦᠨ ᠦᠵᠡᠲᠡᠯ᠎ᠡ᠂ ᠡᠮᠦᠨ᠎ᠡ ᠭᠠᠵᠠᠷ ᠲᠤᠷ ᠵᠠᠭᠤᠨ ᠲᠦᠮᠡᠨ ᠢ᠋ ᠳᠤᠷ᠎ᠠ ᠪᠠᠷ ᠡᠵᠡᠯᠡᠨ ᠵᠠᠬᠢᠷᠬᠤ ᠽᠥᠩᠳᠦ᠋᠂ ᠵᠢᠶᠦ᠋ᠨ ᠹᠦ ᠂  ᠳᠦ ᠂ ᠹᠦ ᠂ ᠲᠡᠢ ᠂ ᠵᠸᠨ ᠦ᠌ ᠵᠡᠷᠭᠡ ᠶ᠋ᠢᠨ ᠶᠡᠬᠡ ᠡᠷᠬᠡ ᠰᠠᠭᠤᠷᠢᠲᠤ ᠬᠢᠲᠠᠳ ᠲᠦᠰᠢᠮᠡᠯ ᠣᠯᠠᠨᠲᠠ ᠪᠣᠢ ᠪᠥᠭᠡᠳ ᠠᠯᠢ ᠨᠢᠭᠡᠨ ᠢᠨᠦ᠂ ᠲᠡᠭᠦᠨᠦ ᠲᠤᠰ ᠬᠠᠷᠢᠶᠠᠲᠤ ᠠᠯᠪᠠᠲᠤ ᠲᠠᠢ ᠭᠡᠮᠡᠨ ᠪᠠᠢᠬᠤ ᠶ᠋ᠢ ᠣᠯᠵᠤ ᠰᠣᠨᠣᠰᠤᠭᠰᠠᠨ ᠭᠠᠵᠠᠷ ᠪᠣᠢ ᠠᠮᠤᠢ ᠤᠤ ? ᠡᠳᠦᠭᠡ ᠡᠮᠦᠨ᠎ᠡ ᠳ᠋ᠦ᠍ᠷ ᠴᠠᠭᠠᠨ ᠬᠡᠷᠡᠮ᠂ ᠬᠣᠢᠲᠤ ᠳ᠋ᠤᠷ ᠣᠷᠣᠰ ᠤᠯᠤᠰ ᠂ ᠡᠭᠦᠨᠦ ᠵᠠᠪᠰᠠᠷ᠎ᠠ ᠡᠮᠦᠨ᠎ᠡ ᠤᠮᠠᠷ᠎ᠠ ᠪᠠᠷ ᠵᠢᠷᠭᠤᠭ᠎ᠠ ᠳᠣᠯᠣᠭᠠᠨ ᠮᠢᠩᠭᠠᠨ ᠭᠠᠵᠠᠷ᠂ ᠵᠡᠭᠦᠨᠰᠢ ᠬᠠᠷ᠎ᠠ ᠮᠥᠷᠡᠨ᠂ ᠪᠠᠷᠠᠭᠤᠨᠰᠢ ᠲᠥᠪᠡᠳ ᠤᠯᠤᠰ ᠤ᠋ᠨ ᠵᠣᠣ ᠂ ᠡᠭᠦᠨᠦ ᠳᠣᠲᠣᠷ᠎ᠠ ᠵᠡᠭᠦᠨᠰᠢ ᠪᠠᠷᠠᠭᠤᠨᠰᠢ ᠲᠦᠮᠡᠨ ᠢᠯᠡᠭᠦᠦ ᠭᠠᠵᠠᠷ ᠤ᠋ᠨ ᠤᠷᠲᠤ ᠳ᠋ᠤᠷ ᠣᠷᠣᠰᠢᠬᠤ ᠬᠠᠮᠢ᠂ ᠬᠣᠲᠣᠩ᠂ ᠳᠦᠰᠸ ᠂ ᠬᠥᠬᠡ ᠨᠠᠭᠤᠷ ᠤ᠋ᠨ ᠥᠭᠡᠯᠡᠳ ᠂ ᠵᠢᠴᠢ ᠮᠠᠨ ᠤ᠋ ᠮᠣᠩᠭᠣᠯ ᠤ᠋ᠨ ᠭᠤᠷᠪᠠᠨ ᠵᠠᠭᠤᠨ ᠢᠯᠡᠭᠦᠦ ᠵᠠᠰᠠᠭ ᠬᠣᠰᠢᠭᠤ ᠪᠦᠬᠦᠢ᠂ ᠵᠠᠭᠤᠨ ᠵᠠᠭᠤᠨ ᠲᠦᠮᠡᠨ᠂ ᠠᠯᠪᠠᠲᠤ ᠬᠠᠷᠢᠶᠠᠲᠤ ᠡᠵᠡᠳ ᠨᠣᠶᠠᠳ ᠬᠡᠮᠡᠭᠲᠡᠭᠦᠨ ᠪᠦᠭᠦᠳᠡᠭᠡᠷ ᠢᠨᠤ ᠲᠡᠷᠡ ᠬᠦ᠌ ᠦᠶ᠎ᠡ ᠶ᠋ᠢᠨ ᠲᠡᠷᠡ ᠴᠠᠭ ᠤ᠋ᠨ ᠲᠡᠢᠨ ᠪᠡᠯᠡᠭᠯᠡᠭᠰᠡᠨ ᠲᠡᠭᠷᠢᠯᠢᠭ ᠡᠵᠡᠨ ᠲᠠᠢᠽᠦ ᠪᠣᠭᠳᠠ ᠶ᠋ᠢ ᠰᠢᠲᠦᠨ ᠰᠦᠰᠦᠭᠯᠡᠨ ᠰᠢᠪᠰᠢᠨ ᠵᠡᠯᠪᠷᠢᠪᠡᠰᠤ ᠵᠣᠬᠢᠨᠠᠮ ᠪᠢᠰᠢᠦ ᠬᠡᠮᠡᠵᠦᠬᠦᠢ᠃ 
       ᠲᠡᠭᠦᠨᠴᠡ ᠡᠵᠡᠨ ᠰᠠᠢᠳ ᠪᠦᠭᠦᠳᠡᠭᠡᠷ ᠶᠡᠬᠡ ᠬᠤᠷᠢᠮ ᠬᠤᠷᠢᠮᠯᠠᠨ ᠰᠠᠭᠤᠬᠤᠶ᠎ᠠ ᠲᠠᠢᠽᠦ ᠵᠠᠬᠢᠶ᠎ᠠ ᠪᠠᠭᠤᠯᠭᠠᠨ ᠵᠢᠷᠭᠠᠯᠠᠩᠲᠤ ᠵᠢᠷᠯᠤᠭ ᠬᠣᠲᠠ ᠭᠡᠮᠡᠨ ᠨᠡᠷᠡᠯᠡᠭᠡᠳ᠂ ᠵᠢᠭᠰᠠᠭᠠᠨ ᠵᠣᠭᠰᠣᠭᠰᠠᠨ ᠲᠠᠪᠤᠨ ᠵᠠᠭᠤᠨ ᠳᠠᠯᠠᠨ ᠵᠢᠷᠭᠤᠭᠠᠨ᠂ ᠬᠣᠷᠢᠨ ᠳᠥᠷᠪᠡᠨ ᠬᠣᠷᠢᠶᠠᠨ ᠤ᠋ ᠪᠥᠵᠢᠭ ᠮᠠᠭᠰᠢᠯᠭ᠎ᠠ ᠶ᠋ᠢᠨ ᠬᠡᠦᠬᠡᠳ ᠲᠡᠭᠦᠳᠡᠷ᠂ ᠥᠬᠢᠳ ᠬᠥᠪᠡᠭᠦᠳ ᠦ᠋ᠨ ᠬᠥᠭᠵᠢᠮᠴᠢ ᠶ᠋ᠢ ᠵᠢᠭᠠᠯᠬᠢᠯᠠᠨ ᠠᠰᠠᠭᠤᠷᠤᠨ᠄
       《ᠡᠳᠡᠭᠡᠷ ᠢ᠋ ᠴᠥᠮ ᠪᠤᠯᠤ ᠢᠦᠢ ᠬᠠᠰ ᠬᠠᠭᠠᠨ ᠤ᠋ ᠭᠠᠭᠴᠠᠭᠠᠷ ᠤ᠋ᠨ ᠡᠭᠦᠰᠬᠡᠯ ᠪᠡᠯᠡᠳᠬᠡᠯ ᠤᠤ ?》 ᠬᠡᠮᠡᠭᠰᠡᠨ᠎ᠡ ᠵᠢᠨᠦᠩ ᠮᠤᠬᠤᠯᠢ ᠰᠠᠭᠤᠭᠰᠠ᠊ᠨ ᠣᠷᠣᠨ ᠳ᠋ᠠᠭᠠᠨ ᠰᠥᠭᠥᠳᠴᠦ ᠮᠡᠳᠡᠯᠦᠭᠦᠷᠦᠨ:
      《ᠡᠳᠡᠭᠡᠷ ᠦ᠋ᠳ ᠦ᠋ᠨ ᠡᠯ᠎ᠡ ᠵᠠᠩ ᠵᠢᠷᠤᠮ ᠬᠡᠪ ᠲᠥᠯᠥᠪ ᠢᠨᠤ ᠨᠡᠢᠲᠡ ᠪᠡᠷ ᠴᠥᠮ ᠡᠷᠲᠡᠨ ᠦ᠌ ᠬᠠᠭᠤᠴᠢᠨ ᠶᠡᠬᠡ ᠯᠢᠶᠣᠣ ᠤᠯᠤᠰ ᠤ᠋ᠨ ᠡᠵᠡᠳ᠂ ᠶᠧ ᠯᠢᠦᠢ ᠳᠡ ᠱᠢ᠂ ᠶᠧ ᠯᠢᠦᠢ ᠳᠧ ᠭᠤᠸᠠᠩ ᠨᠠᠷ ᠤ᠋ᠨ ᠵᠡᠭᠦᠨ ᠾᠦᠨ ᠲᠦᠩ ᠵᠢᠶᠠᠩ ᠮᠥᠷᠡᠨ᠎ᠡ ᠵᠢᠭᠠᠰᠤ ᠭᠥᠷᠥᠭᠡᠯᠡᠬᠦ ᠶᠡᠬᠡ ᠬᠤᠷᠠᠯ ᠴᠢᠭᠤᠯᠭᠠᠨ ᠬᠢᠵᠦ ᠵᠠᠭᠤᠨ ᠪᠠᠭ᠎ᠠ ᠠᠢᠮᠠᠭ ᠤ᠋ᠳ ᠤ᠋ᠨ ᠡᠵᠡᠳ ᠢ᠋ ᠬᠤᠷᠢᠮᠯᠠᠨ ᠴᠡᠩᠭᠡᠯᠳᠦᠬᠦᠶ᠎ᠡ᠂ ᠤᠯᠤᠰ ᠤᠯᠤᠰ᠂ ᠠᠢᠮᠠᠭ ᠠᠢᠮᠠᠭ ᠤ᠋ᠨ ᠡᠵᠡᠳ ᠨᠠ᠊ᠷ ᠥᠪᠡᠷ ᠥᠪᠡᠷ ᠦ᠋ᠨ ᠭᠠᠵᠠᠷ ᠣᠷᠣᠨ ᠤ᠋ ᠬᠥᠭᠵᠢᠮ ᠦ᠋ᠨ ᠠᠶᠠᠯᠭᠤ ᠶ᠋ᠢ ᠬᠣᠷᠢᠶᠠᠨ ᠡᠢᠮᠦ ᠣᠯᠠᠨ ᠵᠦᠢᠯ ᠪᠣᠯᠤᠭᠰᠠᠨ ᠢ᠋ ᠬᠣᠵᠢᠮ ᠯᠢᠶᠣᠣ ᠤᠯᠤᠰ ᠳᠠᠬᠢᠨ ᠡᠪᠯᠡᠨ ᠬᠥᠭᠯᠡᠵᠦ᠂ ᠡᠢᠮᠦ ᠬᠣᠷᠢᠨ ᠳᠥᠷᠪᠡᠨ ᠤᠯᠠᠷᠢᠯ ᠤ᠋ᠨ ᠪᠥᠵᠢᠭ ᠭᠡᠮᠡᠨ ᠨᠠᠷᠠᠯᠠᠨ ᠵᠣᠬᠢᠶᠠᠵᠤ᠂ ᠰᠠᠯᠭᠠᠪᠠᠰᠤ ᠬᠣᠷᠢᠨ ᠳᠥᠷᠪᠡᠨ ᠠᠩᠭᠢ ᠬᠣᠷᠢᠨ ᠳᠥᠷᠪᠡᠨ ᠤᠯᠤᠰ ᠤ᠋ᠨ ᠡᠭᠡᠰᠢᠭ ᠪᠣᠯᠤᠭᠠᠳ ᠨᠡᠢᠯᠡᠭᠦᠯᠪᠡᠰᠦ ᠬᠣᠷᠢᠨ ᠳᠥᠷᠪᠡᠨ ᠤᠯᠠᠷᠢᠯ ᠤ᠋ᠨ ᠠᠩᠬ᠎ᠠ ᠲᠣᠪᠴᠢᠶ᠎ᠠ ᠬᠠᠪᠤᠷ ᠤ᠋ᠨ ᠠᠭᠤᠷ ᠣᠷᠣᠬᠤ᠂ ᠴᠠᠭᠠᠯᠠᠬᠤ ᠥᠷᠯᠥᠭᠡ ᠳ᠋ᠦ᠍ᠷ ᠣᠷᠣᠯᠠᠨ ᠬᠡᠷᠡᠭᠯᠡᠵᠦᠬᠦᠢ᠃ ᠯᠢᠶᠣᠣ ᠤᠯᠤᠰ ᠤ᠋ᠨ ᠡᠴᠦᠰ ᠦ᠋ᠨ ᠰᠡᠭᠦᠯ ᠢ᠋ ᠨᠠᠢ᠍ᠮᠠᠨ ᠤᠯᠤᠰ ᠬᠤᠷᠢᠶᠠᠭᠰᠠᠨ ᠢ᠋ᠶ᠋ᠠᠷ ᠡᠳᠡᠭᠡᠷ ᠬᠥᠭᠵᠢᠮ ᠦ᠋ᠨ ᠬᠡᠪ ᠬᠠᠤᠯᠢ᠂ ᠰᠠᠪᠠ ᠵᠡᠪᠰᠡᠭ ᠨᠡᠢᠲᠡ ᠪᠡᠷ ᠴᠥᠮ ᠨᠠᠢ᠍ᠮᠠᠨ ᠤᠯᠤᠰ ᠲᠤᠷ ᠪᠣᠯᠤᠭᠰᠠᠨ ᠢ᠋ᠶ᠋ᠠᠷ ᠪᠤᠯᠤ ᠸᠠᠩ᠂ ᠵᠢᠷᠯᠤᠭ ᠬᠣᠲᠠ ᠶ᠋ᠢᠨ ᠴᠡᠷᠢᠭ ᠢᠷᠭᠡᠨ ᠦ᠌ ᠢᠪᠴᠤᠤ ᠵᠤᠵᠠᠭᠠᠨ᠎ᠠ᠂ ᠬᠠᠪᠤᠷᠰᠢᠬᠤ ᠬᠥᠭᠵᠢᠮ ᠢ᠋ ᠳᠠᠬᠢᠨ ᠰᠡᠯᠪᠢᠨ ᠰᠤᠷᠭᠠᠵᠤ ᠪᠣᠯᠪᠠᠰᠤᠷᠠᠭᠤᠯᠤᠭᠠᠳ ᠳᠡᠮᠡᠢ ᠴᠢᠯᠥᠭᠡ ᠣᠯᠵᠤ ᠴᠡᠩᠭᠡᠯᠳᠦᠨ ᠴᠢᠳᠠᠭᠰᠠᠨ ᠦᠭᠡᠢ ᠪᠡᠷ ᠪᠤᠷᠤᠭᠤᠲᠠᠨ ᠪᠤᠷᠤᠭᠤᠯᠠᠭᠠᠳ ᠪᠤᠶᠠᠨ ᠪᠡᠯᠡᠭᠲᠦ ᠪᠣᠭᠳᠠ ᠲᠡᠭᠷᠢᠯᠢᠭ ᠲᠣᠷ ᠪᠣᠯᠪᠠᠰᠤᠨ ᠪᠣᠯᠭᠠᠨ ᠡᠷᠭᠦᠨ ᠪᠠᠷᠢᠵᠤᠬᠤᠢ 》ᠬᠡᠮᠡᠭᠰᠡᠨ ᠡᠨᠡ ᠨᠢᠭᠡᠨ ᠵᠡᠷᠭᠡ ᠶ᠋ᠢᠨ ᠦᠭᠡᠰ ᠲᠣᠷ ᠡᠩᠭᠡᠷ ᠨᠡᠢᠲᠡ ᠲᠥᠷᠥ ᠶ᠋ᠢᠨ ᠬᠣᠲᠠᠯᠠᠭᠠᠷ ᠴᠥᠮ ᠰᠡᠮᠡᠬᠡᠷ ᠢᠨᠢᠶᠡᠯᠴᠡᠭᠰᠡᠨ ᠢ ᠴᠦ᠍ ᠪᠠᠢᠲᠤᠭᠠᠢ᠂ ᠡᠷᠬᠡᠲᠦ ᠡᠵᠡᠨ ᠲᠠᠢᠽᠦ ᠴᠦ᠍ ᠥᠴᠦᠬᠡᠨ ᠮᠦᠰᠢᠶᠡᠵᠦ᠄ 
         ᠪᠣᠳᠠᠲᠠᠶ᠎ᠠ ᠳᠡᠭᠷᠢᠯᠢᠭ ᠪᠤᠰᠤ ᠪᠣᠯᠪᠠᠰᠤ 
         ᠳᠡᠭᠵᠢᠵᠦ ᠦᠯᠦ ᠴᠢᠳᠠᠮᠤᠢ ‍ᠶ᠎ᠠ᠂ 
         ᠪᠣᠭᠳᠠ ᠲᠥᠷᠥᠯᠬᠢᠲᠡᠨ ᠪᠤᠰᠤ ᠪᠣᠯᠪᠠᠰᠤ 
         ᠪᠤᠶᠠᠨ ᠦᠯᠦ ᠳᠠᠭᠠᠭᠠᠮᠤᠢ ‍ᠶ᠎ᠠ! 
         ᠪᠣᠷᠵᠢᠭᠢᠳ ᠢᠵᠠᠭᠤᠷᠲᠤ ᠪᠢ ᠴᠦ᠍ ᠮᠥᠨ 
         ᠬᠦᠯᠢᠶᠡᠨ ᠦᠯᠦ ᠬᠦᠴᠦᠷᠡᠮᠦᠢ ‍ᠶ᠎ᠠ᠃ 
         ᠪᠤᠯᠤ ᠬᠠᠭᠠᠨ ᠤ᠋ ᠪᠤᠷᠤᠭᠤᠳᠴᠤ ᠪᠤᠷᠤᠭᠤᠯᠠᠭᠰᠠᠨ ᠠᠨᠤ 
         ᠪᠤᠷᠤᠭᠤ ᠦᠭᠡᠢ ᠪᠣᠯᠵᠤᠬᠤᠢ᠃ 
ᠬᠡᠮᠡᠭᠰᠡᠨ ᠳ᠋ᠦ᠍ᠷ ᠪᠤᠯᠲᠤ ᠰᠠᠢᠳ ᠤ᠋ᠳ ᠪᠤᠲᠠᠷᠠᠲᠠᠯ᠎ᠠ ᠢᠨᠢᠶᠡᠯᠴᠡᠨ ᠮᠥᠷᠭᠥᠯᠳᠦᠵᠦ᠂  ᠪᠣᠭᠳᠠ ᠶ᠋ᠢᠨ ᠳᠠᠭᠤᠷᠢᠶᠠᠨ᠎ᠠ ᠨᠡᠢᠯᠡᠭᠦᠯᠦᠨ ᠪᠤᠭᠤᠷᠵᠢ ᠨᠣᠶᠠᠨ ᠪᠤᠯᠠᠭ᠎ᠠ ᠶ᠋ᠢᠨ ᠣᠯᠪᠣᠭ ᠲᠠᠭᠠᠨ ᠰᠥᠭᠥᠳᠦᠭᠰᠡᠭᠡᠷ ᠮᠥᠷᠭᠥᠵᠦ ᠡᠷᠢᠨ ᠮᠡᠳᠡᠭᠦᠯᠦᠷᠦᠨ᠄ 
         ᠪᠤᠯᠤ ᠸᠠᠩ ᠤ᠋ᠨ ᠪᠣᠭᠳᠠ ᠲᠥᠷᠥᠯᠬᠢᠲᠡᠨ ᠪᠤᠰᠤ ᠶ᠋ᠢ 
         ᠪᠣᠭᠣᠯ ᠪᠢ ᠯᠠᠪᠳᠠ ᠣᠯᠵᠤ ᠮᠡᠳᠡᠪᠡ᠂ 
         ᠪᠣᠭᠳᠠ ᠬᠥᠮᠦᠨ ᠦ᠌ ᠬᠥᠭᠵᠢᠮ ᠢ᠋ᠶ᠋ᠡᠷ 
         ᠪᠣᠰᠤᠨ ᠪᠣᠰᠤᠨ ᠪᠣᠷᠬᠢᠷᠠᠭᠤᠯᠤᠨ ᠵᠢᠷᠭᠠᠨ ᠴᠡᠩᠭᠡᠯᠳᠦᠭᠰᠡᠭᠡᠷ 
         ᠪᠤᠲᠠᠷᠠᠨ ᠰᠠᠷᠨᠢᠵᠤ ᠪᠤᠷᠤᠭᠤᠲᠠᠨ ᠡᠴᠢᠬᠦᠢ ᠳ᠋ᠡᠭᠡᠨ᠂ 
         ᠪᠣᠳᠠᠲᠠᠶ᠎ᠠ ᠲᠥᠷᠥᠭᠰᠡᠨ ᠣᠢᠷ᠎ᠠ ᠪᠠᠨ ᠴᠥᠮ ᠬᠡᠭᠡᠵᠦᠬᠦᠢ᠃  
ᠭᠡᠮᠡᠨ ᠪᠣᠰᠴᠤ᠂ ᠬᠠᠷᠰᠢ ᠶ᠋ᠢᠨ ᠬᠣᠢᠨ᠎ᠠ ᠠ᠋ᠴᠠ ᠡᠷ᠎ᠡ ᠡᠮ᠎ᠡ ᠨᠢᠭᠡᠨ ᠰᠦᠷᠦᠭ ᠬᠥᠮᠦᠨ ᠢ᠋ ᠳᠠᠭᠠᠭᠤᠯᠤᠨ ᠡᠬᠡᠨᠡᠷ ᠦ᠋ᠳ ᠢ᠋ ᠶᠡᠨᠳᠡᠷ ᠦ᠋ᠨ ᠳᠣᠣᠷ᠎ᠠ ᠦᠯᠡᠳᠡᠭᠡᠵᠦ᠂ ᠡᠷᠡᠮᠳᠡᠭ ᠢ᠋ ᠡᠭᠦᠳᠡᠨ ᠦ᠌ ᠭᠠᠳᠠᠨ᠎ᠠ ᠰᠥᠭᠥᠳᠬᠡᠵᠦ᠂ ᠨᠢᠭᠡᠨ ᠨᠢᠯᠬ᠎ᠠ ᠠᠪᠠᠬᠠᠢ ᠶ᠋ᠢ ᠥᠪᠡᠷ ᠢ᠋ᠶ᠋ᠡᠨ ᠬᠥᠲᠥᠯᠦᠨ ᠠᠪᠴᠢᠷᠠᠵᠤ᠂ ᠥᠪᠡᠷᠦᠨ ᠣᠯᠪᠣᠭ ᠤ᠋ᠨ ᠥᠨᠴᠥᠭ ᠲᠣᠷ ᠰᠥᠭᠥᠳᠬᠡᠵᠦ᠂ ᠲᠠᠢᠽᠦ ᠳ᠋ᠦ᠍ᠷ ᠮᠥᠷᠭᠥᠭᠦᠯᠪᠡ᠃ 
       ᠲᠡᠳᠦᠢ ᠲᠠᠢᠽᠦ ᠡᠨᠡ ᠥᠷᠯᠥᠭᠡ ᠶ᠋ᠢᠨ ᠵᠡᠭᠦᠳᠦᠨ᠎ᠡ ᠳᠥᠷᠪᠡᠨ ᠵᠢᠭᠦᠷᠲᠦ ᠯᠤᠤ ᠶ᠋ᠢᠨ ᠵᠤᠯᠵᠠᠭ᠎ᠠ ᠣᠯᠪᠠ ᠭᠡᠮᠡᠨ ᠵᠡᠭᠦᠳᠦᠯᠡᠭᠰᠡᠨ ᠢ᠋ᠶ᠋ᠡᠷ ᠡᠳᠦᠭᠡ ᠪᠤᠯᠤ ᠢᠦᠢ ᠬᠠᠰ ᠬᠠᠭᠠᠨ ᠤ᠋ ᠣᠢᠷ᠎ᠠ ᠦᠷᠡᠰ ᠭᠡᠮᠡᠨ ᠰᠣᠨᠣᠰᠴᠤ᠂ ᠲᠡᠷᠡ ᠦᠬᠢᠨ᠎ᠡ ᠨᠢᠳᠦ ᠣᠷᠬᠢᠨ ᠠᠢᠯᠠᠳᠤᠨ ᠦᠵᠡᠪᠡᠰᠦ ᠲᠡᠷᠡ ᠪᠢᠴᠢᠬᠠᠨ ᠥᠬᠢᠨ ᠨᠢᠭᠤᠷ ᠳᠦᠭᠦᠷᠡᠩ ᠭᠡᠷᠡᠯ ᠂ ᠨᠢᠳᠦ ᠳᠦᠭᠦᠷᠡᠩ ᠭᠠᠯ᠂ ᠮᠥᠷᠥ ᠳᠦᠭᠦᠷᠡᠩ ᠬᠡᠰᠢᠭ᠂ ᠪᠡᠶ᠎ᠡ ᠳᠦᠭᠦᠷᠡᠩ ᠡᠷᠬᠢᠮ᠂ ᠨᠠᠰᠤ ᠠᠷᠪᠠᠭᠠᠳ ᠪᠣᠯᠵᠤᠬᠤᠢ᠃ ᠪᠤᠭᠤᠷᠵᠢ ᠡᠭᠦᠨᠦ ᠤᠴᠢᠷ ᠢ᠋ ᠡᠬᠢᠯᠡᠨ ᠮᠡᠳᠡᠭᠦᠯᠬᠦ ᠶ᠋ᠢᠨ ᠲᠠᠰᠢᠷᠠᠮ ᠳ᠋ᠤᠷ ᠡᠨᠡ ᠨᠢᠭᠡᠨ ᠴᠢᠭ ᠢ᠋ ᠡᠬᠢ ᠡᠴᠦᠰ ᠲᠡᠢ ᠪᠦᠷᠢᠳᠬᠡᠨ ᠬᠡᠯᠡᠵᠦ ᠭᠠᠷᠭᠠᠰᠤᠭᠠᠢ᠃ 
       ᠦᠵᠡᠰᠡ ᠡᠨᠡ ᠪᠢᠴᠢᠬᠠᠨ ᠥᠬᠢᠨ᠂ ᠦᠭᠡᠢ ᠪᠣᠯᠤᠭᠰᠠᠨ ᠲᠠᠢᠶᠠᠩ ᠬᠠᠨ ᠤ᠋ ᠬᠠᠮᠤᠭ ᠤ᠋ᠨ ᠪᠠᠭ᠎ᠠ ᠹᠧᠢ ᠡᠴᠡ ᠲᠥᠷᠥᠭᠰᠡᠨ ᠬᠠᠮᠤᠭ ᠤ᠋ᠨ ᠣᠳᠬᠣᠨ ᠵᠢᠶᠦ᠋ᠨ ᠵᠣ᠌ ᠠᠵᠤᠭᠤ᠃ ᠲᠠᠢᠶᠠᠩ ᠬᠠᠨ ᠤ᠋ ᠪᠠᠭ᠎ᠠ ᠹᠧᠢ ᠢᠨᠤ ᠪᠤᠯᠤ ᠸᠠᠩ ᠤ᠋ᠨ ᠶᠡᠬᠡ ᠬᠠᠲᠤᠨ ᠤ᠋ - ᠪᠠᠰᠠ ᠬᠦ᠌ ᠪᠠᠭ᠎ᠠ ᠥᠬᠢᠨ ᠳᠡᠭᠦᠦ ᠪᠤᠯᠬᠤᠢ ᠶ᠋ᠢᠨ ᠲᠤᠯᠠᠳᠠ ᠂ ᠠᠩᠬ᠎ᠠ ᠤᠳᠠᠭ᠎ᠠ ᠶ᠋ᠢᠨ ᠨᠠᠢ᠍ᠮᠠᠨ ᠤ᠋ ᠡᠮᠦᠨ᠎ᠡ ᠪᠠᠯᠭᠠᠰᠤᠨ ᠠᠨᠤ ᠪᠧᠲ᠋ᠠ᠋ ᠤᠯᠤᠰ ᠲᠤᠷ ᠠᠪᠲᠠᠬᠤᠢ ᠳ᠋ᠤᠷ ᠡᠨᠡ ᠥᠬᠢᠨ ᠡᠬᠡ ᠯᠦ᠍ᠭᠡ ᠪᠡᠨ ᠪᠤᠯᠤ ᠸᠠᠩ ᠤ᠋ᠨ ᠳᠡᠷᠭᠡᠳᠡ ᠡᠴᠢᠭᠰᠡᠨ ᠠᠵᠤᠭᠤ᠃ ᠳᠠᠷᠠᠭ᠎ᠠ ᠪᠠᠷ ᠡᠬᠡ ᠢᠨᠦ ᠮᠠᠭᠤ ᠮᠡᠳᠡᠭᠡ ᠶ᠋ᠢ ᠰᠣᠨᠣᠰᠴᠤ ᠡᠪᠡᠳᠴᠢᠨ ᠣᠯᠵᠤ ᠦᠭᠡᠢ ᠪᠣᠯᠤᠭᠰᠠᠨ ᠳ᠋ᠤᠷ ᠠᠪᠠᠭ᠎ᠠ ᠡᠬᠡ ᠪᠡᠨ ᠳᠠᠭᠠᠵᠤ ᠪᠠᠢᠭᠰᠠᠨ ᠢ᠋ᠶ᠋ᠠᠷ ᠡᠳᠦᠭᠡ ᠡᠨᠡ ᠬᠣᠲᠠ ᠪᠠᠰᠠ ᠠᠪᠲᠠᠵᠤ᠂ ᠣᠯᠠᠨ ᠢ᠋ᠶ᠋ᠠᠷ ᠶᠡᠬᠡᠯ᠎ᠡ ᠰᠠᠮᠠᠭᠤᠷᠠᠯᠴᠠᠨ ᠪᠤᠷᠤᠭᠤᠯᠠᠬᠤᠶ᠎ᠠ ᠡᠨᠡ ᠥᠬᠢᠨ ᠦ᠌ ᠲᠥᠷᠥᠭᠰᠡᠨ ᠠᠬ᠎ᠠ ᠠᠯᠲᠠᠨᠱᠠᠭ᠎ᠠ᠂ ᠪᠧᠲ᠋ᠠ᠋ ᠤᠯᠤᠰ ᠲᠤᠷ ᠳᠠᠭᠠᠵᠤ᠂ ᠬᠠᠭᠤᠴᠢᠨ ᠪᠠᠯᠭᠠᠰᠤᠨ ᠢ᠋ᠶ᠋ᠠᠨ ᠣᠯᠵᠤ᠂ ᠪᠠᠰᠠ ᠦᠶᠡᠯᠢᠳ ᠠᠬ᠎ᠠ ᠴᠢᠦᠢ ᠴᠦ ᠯᠢᠦᠢ᠂ ᠲᠡᠭᠦᠨᠤ ᠡᠴᠢᠭᠡ ᠶ᠋ᠢ ᠨᠢᠭᠤᠴᠠ ᠪᠠᠷ ᠬᠣᠣᠷᠯᠠᠨ ᠠᠯᠠᠵᠤ᠂ ᠥᠪᠡᠷᠦᠨ ᠡᠴᠢᠭᠡ ᠪᠡᠨ ᠪᠤᠯᠤ ᠶ᠋ᠢ ᠬᠠᠨ ᠭᠡᠮᠡᠨ ᠡᠷᠭᠦᠭᠰᠡᠨ ᠢ᠋ ᠤᠳᠠᠭᠠᠨ ᠳ᠋ᠠᠭᠠᠨ ᠴᠥᠮ ᠮᠡᠳᠡᠭᠰᠡᠨ ᠢ᠋ᠶ᠋ᠡᠷ ᠡᠳᠦᠭᠡ ᠡᠨᠡ ᠲᠠᠰᠢᠷᠠᠮ ᠥᠪᠡᠷᠦᠨ ᠬᠠᠷᠢᠶᠠᠲᠠᠶ ᠬᠣᠶᠠᠷ ᠲᠠᠢᠭᠠᠨ᠂ ᠳᠥᠷᠪᠡᠨ ᠡᠷᠭᠦᠯᠳᠦ ᠡᠬᠡᠨᠡᠷ ᠢ᠋ ᠠᠪᠤᠨ᠂ ᠵᠠᠮ ᠤ᠋ᠨ ᠭᠣᠳᠣᠰ ᠲᠤᠷ ᠰᠠᠨᠠᠭᠠᠳᠠᠶ᠎ᠠ ᠬᠣᠴᠣᠷᠤᠨ ᠬᠣᠵᠢᠭᠳᠠᠵᠤ᠂ ᠡᠮᠦᠨᠡᠲᠦ ᠨᠠᠢ᠌ᠮᠠᠨ᠎ᠠ ᠡᠴᠢᠰᠦᠭᠡᠢ ᠭᠡᠮᠡᠨ ᠡᠭᠡᠵᠦ ᠶᠠᠪᠤᠬᠤᠶ᠎ᠠ ᠰᠥᠨᠢ ᠣᠷᠣᠢᠳᠠᠭᠠᠳ ᠲᠥᠭᠡᠷᠢᠵᠦ ᠵᠠᠮ ᠤ᠋ᠨ ᠬᠠᠵᠠᠭᠤᠳᠠ ᠭᠦᠨ ᠡᠪᠡᠰᠦᠨ᠎ᠡ ᠰᠠᠭᠤᠯᠴᠠᠨ᠂ ᠵᠢᠴᠢ ᠥᠷᠯᠥᠭᠡ ᠭᠡᠭᠡᠷᠡᠬᠦ ᠶ᠋ᠢ ᠬᠦᠯᠢᠶᠡᠬᠦᠶ᠎ᠡ᠂ ᠴᠢᠪᠬᠢᠲᠡᠯ᠎ᠡ ᠴᠢᠦᠢ ᠴᠦ ᠯᠢᠦᠢ ᠶ᠋ᠢ ᠨᠡᠭᠡᠭᠦᠯᠦᠭᠰᠡᠨ ᠰᠠᠢᠬᠠᠨ ᠰᠤᠷᠲᠠᠯᠲᠤ ᠶ᠋ᠢᠨ ᠬᠣᠶᠠᠷ ᠵᠠᠩᠵᠤᠨ - ᠷᠢᠨᠴᠢᠨ᠂ ᠴᠠᠷᠠᠰᠤ ᠬᠣᠶᠠᠭᠤᠯᠠ ᠶ᠋ᠢᠨ ᠴᠡᠷᠢᠭ ᠲᠡᠷᠡ ᠵᠠᠮ ᠢ᠋ᠶ᠋ᠠᠷ ᠥᠩᠭᠡᠷᠡᠬᠦᠶ᠎ᠡ᠂ ᠥᠨᠳᠥᠷ ᠡᠪᠡᠰᠦᠨ ᠦ᠌ ᠳᠣᠲᠣᠷ᠎ᠠ ᠤᠯᠠᠭᠠᠨ ᠭᠡᠷᠡᠯ ᠲᠤᠶᠠᠭᠠᠯᠠᠨ᠂ ᠴᠡᠷᠢᠭ ᠦ᠋ᠨ ᠮᠣᠷᠢᠳ ᠨᠠᠳᠬᠤᠬᠤᠢ ᠳ᠋ᠤᠷ ᠬᠣᠶᠠᠷ ᠵᠠᠩᠵᠤᠨ ᠴᠡᠷᠢᠭ ᠢ᠋ ᠵᠠᠩᠳᠠᠨ ᠨᠡᠩᠵᠢᠭᠦᠯᠵᠦ ᠣᠯᠵᠤ ᠪᠠᠷᠢᠭᠠᠳ ᠤᠴᠢᠷ ᠢ ᠰᠣᠨᠣᠰᠪᠠᠰᠤ ᠪᠠᠬᠠᠨ ᠬᠡᠷᠡᠭ ᠲᠡᠢ ᠬᠥᠮᠦᠨ ᠰᠢᠭ ᠲᠤᠯᠠ ᠴᠢᠦᠢ ᠴᠦ ᠯᠢᠦᠢ ᠶ᠋ᠢ ᠨᠡᠬᠡᠵᠦ ᠭᠦᠢᠴᠡᠭᠰᠡᠨ ᠦᠭᠡᠢ ᠪᠤᠷᠤᠭᠤ ᠪᠠᠨ ᠡᠭᠦᠨ ᠢ᠋ᠶ᠋ᠡᠷ ᠪᠠᠬᠠᠨ ᠬᠠᠯᠬᠠᠯᠠᠰᠤᠭᠠᠢ ᠭᠡᠮᠡᠨ ᠠᠪᠴᠤ ᠢᠷᠡᠭᠡᠳ ᠦᠭᠡ ᠡᠭᠡᠭᠦᠯᠦᠭᠰᠡᠨ᠎ᠡ᠂ ᠰᠠᠢᠬᠠᠨ ᠰᠤᠷᠲᠠᠯᠲᠤ ᠴᠤ᠌ ᠠᠷᠭ᠎ᠠ ᠦᠭᠡᠢ᠂ ᠶᠡᠬᠡ ᠬᠦᠯᠦᠭ ᠨᠣᠶᠠᠨ ᠪᠤᠭᠤᠷᠵᠢ ᠳ᠋ᠤᠷ ᠪᠤᠯᠤ ᠸᠠᠩ ᠡᠴᠢᠭᠡ ᠬᠥᠪᠡᠭᠦᠨ ᠢ᠋ ᠣᠯᠵᠤ ᠪᠠᠷᠢᠭᠰᠠᠨ ᠦᠭᠡᠢ ᠶᠠᠯ᠎ᠠ ᠪᠠᠨ ᠬᠦᠯᠢᠶᠡᠨ ᠡᠨᠡ ᠥᠬᠢᠨ ᠦ᠌ ᠨᠢᠭᠡᠨ ᠰᠦᠷᠦᠭ ᠢ᠋ ᠡᠷᠭᠦᠨ ᠪᠠᠷᠢᠭᠰᠠᠨ᠎ᠠ᠂ ᠪᠤᠭᠤᠷᠵᠢ᠂ ᠪᠣᠭᠣᠮᠲᠠ ᠬᠣᠲᠠ ᠶ᠋ᠢ ᠣᠯᠤᠭᠰᠠᠨ ᠭᠠᠪᠢᠶ᠎ᠠ ᠳ᠋ᠤᠷ ᠪᠤᠷᠤᠭᠤᠳᠠᠭᠰᠠᠨ ᠳᠠᠢᠰᠤᠨ ᠢ᠋ ᠪᠤᠯᠲᠠᠷᠠᠭᠤᠯᠤᠭᠰᠠᠨ ᠢ᠋ ᠪᠦᠷᠢᠮᠦᠰᠦᠨ ᠬᠠᠯᠬᠠᠯᠠᠵᠤ ᠪᠣᠯᠤᠮᠠᠷ ᠭᠡᠮᠡᠨ ᠬᠦᠯᠢᠶᠡᠨ ᠠᠪᠴᠤ ᠨᠠᠷᠢᠨ ᠤᠴᠢᠷ ᠢ᠋ ᠤᠬᠤᠴᠢᠯᠠᠨ ᠠᠰᠠᠭᠤᠵᠤ ᠤᠬᠠᠭᠠᠳ᠂ ᠡᠨᠡ ᠡᠳᠦᠷ ᠦ᠋ᠨ ᠬᠤᠷᠢᠮ ᠳ᠋ᠤᠷ ᠨᠢᠭᠡᠨ ᠳ᠋ᠦ᠍ᠷ ᠰᠠᠢᠬᠠᠨ ᠰᠤᠷᠲᠠᠯᠲᠤ ᠰᠠᠭ᠎ᠠ ᠶ᠋ᠢᠨ ᠲᠡᠷᠢᠭᠦᠨ ᠭᠠᠪᠢᠶ᠎ᠠ ᠶ᠋ᠢ ᠭᠠᠷᠭᠠᠶ᠎ᠠ᠂ ᠬᠣᠶᠠᠷ ᠲᠤᠷ ᠳᠡᠭᠦᠨᠦ ᠪᠢᠴᠢᠬᠠᠨ ᠠᠯᠳᠠᠰᠢ ᠶ᠋ᠢ ᠠᠷᠢᠯᠭᠠᠶ᠎ᠠ ᠭᠡᠮᠡᠨ ᠠᠪᠤᠨ ᠭᠠᠷᠴᠤ ᠮᠥᠷᠭᠥᠭᠦᠯᠦᠭᠰᠡᠨ ᠠᠵᠤᠭᠤ᠃ ᠳᠡᠭᠦᠨᠦ ᠲᠡᠷᠡ ᠬᠥᠭᠰᠢᠨ ᠲᠠᠢᠭᠠᠨ ᠠᠨᠤ ᠡᠷᠲᠡᠨ ᠦ᠌ ᠯᠢᠶᠣᠣ ᠤᠯᠤᠰ ᠤ᠋ᠨ ᠦᠶ᠎ᠡ ᠶ᠋ᠢᠨ ᠵᠠᠯᠠᠭᠤ ᠲᠠᠢᠭᠠᠨ ᠪᠥᠯᠥᠭᠡ᠃ ᠪᠢᠴᠢᠬᠠᠨ ᠲᠠᠢᠭᠠᠨ ᠠᠨᠤ ᠨᠢᠯᠬ᠎ᠠ ᠳ᠋ᠤᠷ ᠮᠣᠳᠣᠴᠢ ᠶ᠋ᠢᠨ ᠣᠭᠣᠯᠢ ᠳᠡᠭᠡᠷ᠎ᠡ ᠣᠢᠴᠢᠵᠤ ᠪᠡᠯᠬᠡᠭᠦᠰᠦ ᠲᠠᠰᠤᠷᠠᠭᠰᠠᠨ ᠢ᠋ ᠬᠥᠭᠰᠢᠨ ᠲᠠᠢᠭᠠᠨ ᠵᠠᠰᠠᠵᠤ ᠰᠠᠢᠨ ᠪᠣᠯᠭᠠᠨ ᠦᠷ᠎ᠡ ᠱᠠᠪᠢ ᠪᠠᠨ ᠪᠣᠯᠭᠠᠵᠤᠬᠤᠢ᠃ ᠬᠠᠭᠤᠴᠢᠨ ᠨᠠᠢ᠌ᠮᠠᠨ᠎ᠠ ᠠᠯᠲᠠᠨᠱᠠᠭ᠎ᠠ ᠶ᠋ᠢ ᠡᠷᠢᠨ ᠡᠴᠢᠬᠦ ᠬᠡᠮᠡᠭᠰᠡᠨ ᠡᠨᠡ ᠲᠠᠢᠭᠠᠨ ᠤ᠋ ᠤᠬᠠᠭᠠᠨ ᠠᠨᠤ ᠨᠢᠭᠡᠨ ᠳ᠋ᠦ᠍ᠷ ᠤᠭ ᠡᠵᠡᠨ ᠬᠣᠶᠠᠷ ᠲᠤᠷ ᠪᠤᠯᠤ ᠸᠠᠩ᠂ ᠡᠴᠦᠰ ᠲᠦ᠍ᠷ ᠪᠧᠲ᠋ᠠ᠋ ᠤᠯᠤᠰ ᠠ᠋ᠴᠠ ᠪᠤᠯᠲᠠᠷᠠᠬᠤᠶ᠎ᠠ ᠪᠡᠷᠬᠡ ᠶ᠋ᠢ ᠮᠡᠳᠡᠭᠰᠡᠨ ᠦ᠌ ᠤᠴᠢᠷ ᠪᠣᠯᠠᠢ᠃ ᠵᠢᠴᠢ ᠡᠨᠡ ᠠᠪᠠᠬᠠᠢ ᠡᠨᠡ ᠵᠢᠯ ᠰᠠᠶᠢ ᠶᠢᠰᠦᠬᠡᠨ ᠨᠠᠰᠤᠲᠠᠢ᠂ ᠰᠡᠴᠡᠨ ᠭᠡᠭᠡᠬᠡᠨ ᠣᠯᠠᠨ ᠠ᠋ᠴᠠ ᠬᠡᠲᠦᠢᠳᠵᠦᠬᠦᠢ᠃ ᠪᠡᠶ᠎ᠡ ᠲᠥᠯᠥᠪ ᠮᠥᠨ ᠳᠡᠮᠡᠢ ᠪᠠᠭᠤᠷᠠᠢ ᠪᠢᠴᠢᠬᠠᠨ ᠦᠭᠡᠢ᠂ ᠪᠠᠭ᠎ᠠ ᠶ᠋ᠢᠨ ᠨᠡᠷ᠎ᠡ ᠶᠠᠨ ᠵᠢᠢ᠂ ᠠᠷᠤ ᠭᠠᠵᠠᠷ ᠤ᠋ᠨ ᠬᠡᠯᠡᠨ ᠢ᠋ᠶ᠋ᠡᠷ ᠢᠷᠭᠡᠨ ᠦᠭᠡᠨ ᠦ᠌ ᠵᠢᠶᠦ᠋ᠨ ᠵᠣ᠌ ᠬᠡᠮᠡᠬᠦ ᠶ᠋ᠢ ᠶᠠᠨ ᠵᠢᠢ ᠭᠡᠮᠡᠨ ᠬᠠᠯᠭᠤᠷᠠᠨ ᠳᠠᠭᠤᠳᠠᠭᠰᠠᠨ ᠢ᠋ᠶ᠋ᠠᠷ ᠪᠦᠭᠦᠳᠡᠭᠡᠷ ᠶᠠᠨ ᠵᠢᠢ ᠠᠪᠠᠬᠠᠢ ᠬᠡᠮᠡᠭᠰᠡᠭᠡᠷ ᠨᠡᠷ᠎ᠡ ᠪᠣᠯᠭᠠᠵᠤᠬᠤᠢ᠃ ᠴᠣᠬᠣᠮ ᠶᠡᠬᠡ ᠨᠡᠷ᠎ᠡ ᠢᠨᠤ ᠵᠡᠭᠦᠨ ᠨᠠᠷᠠᠨ ᠪᠥᠯᠥᠭᠡ᠂ ᠶᠠᠭᠤᠨ ᠤ᠋ ᠲᠤᠯᠠ ᠲᠡᠢᠨ ᠬᠦ᠌ ᠨᠠᠷᠠᠯᠠᠪᠠ? ᠬᠡᠮᠡᠪᠡᠰᠦ᠂ ᠳᠡᠭᠦᠨᠦ ᠲᠥᠷᠥᠭᠰᠡᠨ ᠡᠬᠡ ᠲᠣᠯᠢᠨ ᠪᠣᠯᠣᠷ ᠬᠠᠲᠤᠨ ᠲᠡᠭᠦᠨ ᠢ᠋ ᠲᠦᠷᠦᠬᠦᠶ᠎ᠡ᠂ ᠰᠥᠨᠢ ᠶ᠋ᠢᠨ ᠵᠡᠭᠦᠳᠦᠨ᠎ᠡ᠂ ᠪᠠᠷᠠᠭᠤᠨᠲᠠ ᠲᠠᠰᠢᠭᠰᠠᠨ ᠨᠠᠷᠠᠨ ᠰᠠᠶᠢ ᠤᠨᠠᠵᠤ ᠬᠠᠷᠠᠩᠭᠤᠢ ᠪᠣᠯᠣᠮᠠᠭᠴᠠ ᠵᠡᠭᠦᠨ ᠡᠴᠡ ᠨᠢᠭᠡᠨ ᠴᠠᠢᠪᠤᠷ ᠤᠯᠠᠭᠠᠨ ᠨᠠᠷᠠᠨ ᠮᠠᠨᠳᠤᠨ ᠭᠠᠷᠴᠤ ᠢᠷᠡᠭᠡᠳ ᠰᠠᠶᠢ ᠦᠳᠡ ᠥᠩᠭᠡᠷᠡᠲᠡᠯ᠎ᠡ ᠳᠣᠣᠷ᠎ᠠ ᠠ᠋ᠴᠠ ᠪᠠᠰᠠ ᠨᠢᠭᠡᠨ ᠪᠢᠴᠢᠬᠠᠨ ᠨᠠᠷᠠᠨ ᠭᠠᠷᠤᠭᠠᠳ ᠤᠳᠠᠭᠰᠠᠨ ᠦᠭᠡᠢ ᠵᠡᠭᠦᠨ ᠡᠴᠡ ᠪᠠᠰᠠ ᠨᠢᠭᠡᠨ ᠶᠡᠬᠡ ᠤᠪ ᠤᠯᠠᠭᠠᠨ ᠨᠠᠷᠠᠨ ᠮᠠᠨᠳᠤᠨ ᠭᠠᠷᠴᠤ ᠢᠷᠡᠭᠡᠳ᠂ ᠦᠳᠡ ᠪᠤᠯᠬᠤᠢ ᠶ᠋ᠢᠨ ᠤᠷᠢᠳᠠ ᠵᠡᠭᠦᠨ ᠣᠭᠲᠠᠷᠭᠤᠢ ᠳ᠋ᠤᠷ ᠭᠡᠨᠡᠳᠲᠡ ᠠᠶᠤᠩᠭ᠎ᠠ ᠳᠠᠭᠤᠷᠢᠰᠤᠨ᠂ ᠬᠠᠭᠠᠰ ᠲᠡᠭᠷᠢ ᠶ᠋ᠢᠨ ᠴᠢᠨᠡᠭᠡᠨ ᠶᠡᠬᠡ ᠲᠠᠪᠤᠨ ᠥᠩᠭᠡ ᠶ᠋ᠢᠨ ᠭᠡᠷᠡᠯ ᠲᠡᠢ ᠨᠠᠷᠠ ᠰᠠᠴᠤᠷᠠᠭᠰᠠᠭᠠᠷ ᠮᠠᠨᠳᠤᠨ ᠭᠠᠷᠴᠤ ᠢᠷᠡᠭᠡᠳ᠂ ᠭᠠᠯ ᠮᠡᠲᠦ ᠬᠢᠯᠠᠪᠠᠯᠵᠠᠨ ᠬᠢᠯᠠᠰᠬᠢᠬᠦᠶ᠎ᠡ᠂ ᠤᠷᠢᠳᠠ ᠪᠠᠷ ᠭᠠᠷᠤᠭᠰᠠᠨ ᠴᠠᠢᠪᠤᠷ ᠨᠠᠷᠠᠨ᠂ ᠪᠠᠰᠠ ᠪᠢᠴᠢᠬᠠᠨ ᠨᠠᠷᠠᠨ᠂ ᠪᠠᠰᠠ ᠤᠯᠠᠭᠠᠨ ᠨᠠᠷᠠᠨ ᠴᠥᠮ ᠭᠡᠷᠡᠯ ᠳ᠋ᠦ᠍ᠷ ᠳᠠᠷᠤᠭᠳᠠᠨ᠂ ᠡᠨᠡ ᠭᠤᠷᠪᠠᠨ ᠨᠠᠷᠠᠨ ᠣᠷᠣᠨ ᠣᠷᠣᠨ ᠳ᠋ᠠᠭᠠᠨ ᠰᠢᠩᠭᠡᠭᠰᠡᠭᠡᠷ ᠵᠠᠪᠬᠠᠷᠠᠪᠠᠢ ᠭᠡᠮᠡᠨ ᠵᠡᠭᠦᠳᠦᠯᠡᠭᠰᠡᠨ ᠢ᠋ᠶ᠋ᠡᠷ ᠨᠢᠭᠡᠨ ᠰᠥᠨᠢ ᠳᠠᠭᠤᠰᠤᠨ ᠵᠡᠭᠦᠨ ᠡᠴᠡ ᠨᠠᠷᠠᠨ ᠮᠠᠨᠳᠤᠪᠠ ᠭᠡᠮᠡᠨ ᠵᠡᠭᠦᠳᠦᠯᠡᠭᠡᠳ ᠠᠶᠤᠩᠭ᠎ᠠ ᠶ᠋ᠢᠨ ᠳᠠᠭᠤᠨ ᠳ᠋ᠤᠷ ᠰᠣᠴᠢᠨ ᠰᠡᠷᠢᠮᠡᠭᠴᠡ᠂ ᠡᠨᠡ ᠥᠬᠢᠨ ᠢ᠋ ᠦᠵᠡᠭᠳᠡᠭᠰᠡᠨ ᠢ᠋ᠶ᠋ᠡᠷ ᠨᠡᠷ᠎ᠡ ᠶ᠋ᠢ 《ᠵᠡᠭᠦᠨ ᠨᠠᠷᠠᠨ 》 ᠬᠡᠮᠡᠭᠰᠡᠨ ᠪᠥᠯᠥᠭᠡ ᠃ ᠡᠨᠡ ᠵᠡᠭᠦᠳᠦᠨ ᠢ᠋ ᠰᠠᠨᠠᠩ ᠰᠡᠴᠡᠨ ᠦ᠌ ᠴᠣᠬᠣᠯᠠᠭᠰᠠᠨ ᠲᠠᠪᠤᠨ ᠨᠠᠷᠠᠨ ᠤ᠋ ᠲᠠᠢᠯᠪᠤᠷᠢ ᠳ᠋ᠤᠷ ᠪᠣᠢ ᠪᠥᠯᠥᠭᠡ᠃ ᠡᠳᠦᠭᠡ ᠡᠭᠦᠨ ᠢ᠋ ᠥᠭᠦᠯᠡᠬᠦ ᠴᠢᠯᠥᠭᠡ ᠦᠭᠡᠢ᠃ 
       ᠲᠡᠳᠦᠢ ᠪᠤᠭᠤᠷᠵᠢ ᠡᠨᠡ ᠶᠠᠨ ᠵᠢᠢ ᠠᠪᠠᠬᠠᠢ ᠶ᠋ᠢ ᠤᠯᠠᠭᠠᠨ ᠲᠤᠶᠠᠭᠠᠯᠠᠭᠰᠠᠨ ᠭᠡᠷᠡᠯ ᠡᠴᠡ ᠣᠯᠵᠤ᠂ ᠲᠡᠭᠦᠨᠦ ᠤᠭ ᠤᠴᠢᠷ ᠤ᠋ᠨ ᠶᠡᠬᠡ ᠲᠥᠯᠥᠪ ᠪᠠ ᠰᠠᠢᠬᠠᠨ ᠰᠤᠷᠲᠠᠯᠲᠤ ᠶ᠋ᠢᠨ ᠲᠡᠷᠢᠭᠦᠨ ᠭᠠᠪᠢᠶ᠎ᠠ ᠳ᠋ᠤᠷ ᠪᠠᠰᠠ ᠪᠤᠯᠤ ᠸᠠᠩ ᠲᠠᠨ ᠢ᠋ ᠣᠯᠵᠤ ᠡᠰᠡ ᠪᠠᠷᠢᠭᠰᠠᠨ ᠶᠠᠯ᠎ᠠ ᠪᠠᠨ ᠭᠤᠶᠤᠨ ᠮᠡᠳᠡᠭᠦᠯᠦᠭᠰᠡᠨ ᠤᠴᠢᠷ ᠲᠠᠢ ᠡᠷᠭᠦᠨ ᠮᠡᠳᠡᠭᠦᠯᠦᠭᠰᠡᠨ ᠳ᠋ᠦ᠍ᠷ ᠲᠠᠢᠽᠦ ᠮᠠᠰᠢ ᠪᠡᠶᠡᠰᠦᠨ᠂ ᠵᠡᠭᠦᠳᠦᠨ᠎ᠡ ᠨᠡᠢᠴᠡᠭᠰᠡᠨ ᠳ᠋ᠦ᠍ᠷ ᠶᠡᠬᠡᠳᠡ ᠰᠣᠨᠢᠷᠬᠠᠨ ᠭᠠᠢᠬᠠᠵᠤ᠂ ᠣᠢᠷ᠎ᠠ ᠳᠠᠭᠤᠳᠠᠨ ᠠᠪᠴᠢᠷᠠᠵᠤ ᠰᠢᠨᠵᠢᠨ ᠦᠵᠡᠭᠡᠳ᠂ ᠮᠠᠰᠢᠳᠠ ᠨᠢᠭᠦᠯᠡᠰᠦᠨ ᠡᠨᠡᠷᠢᠵᠦ ᠪᠡᠶᠡᠰᠦᠨ ᠰᠠᠢᠰᠢᠶᠠᠭᠠᠳ ᠡᠢᠨ ᠭᠡᠮᠡᠨ ᠵᠠᠬᠢᠷᠤᠨ᠄ 
         ᠰᠠᠢᠨ ᠮᠣᠷᠢᠨ ᠤᠨᠠᠭᠠᠨ ᠠᠬᠤᠢ ᠠ᠋ᠴᠠᠭᠠᠨ 
         ᠰᠠᠢᠨ ᠬᠥᠮᠦᠨ ᠬᠡᠦᠬᠡᠳ ᠠᠬᠤᠢ ᠠ᠋ᠴᠠᠭᠠᠨ ᠬᠡᠮᠡᠭᠰᠡᠨᠴᠢᠯᠡᠨ 
         ᠤᠳᠤᠮᠲᠤ ᠬᠠᠭᠠᠨ ᠤ᠋ ᠬᠡᠦᠬᠡᠨ 
         ᠤᠯᠠᠭᠠᠨ ᠭᠡᠷᠡᠯᠲᠦ ᠵᠢᠶᠦ᠋ᠨ ᠵᠣ᠌ 
         ᠤᠴᠠᠷᠠᠯ ᠲᠣᠬᠢᠶᠠᠯ ᠪᠡᠯᠭᠡ ᠲᠡᠢ ᠪᠠᠢᠨᠠᠮ 
         ᠤᠮᠳᠠᠯᠠᠨ ᠲᠡᠵᠢᠭᠡᠪᠡᠰᠦ ᠰᠠᠶᠢ ᠵᠣᠬᠢᠨᠠᠮ ‍ᠶ᠎ᠠ᠃ 
ᠲᠡᠳᠦᠢ ᠬᠠᠮᠤᠭ ᠤ᠋ᠨ ᠲᠡᠷᠢᠭᠦᠨ ᠭᠠᠪᠢᠶ᠎ᠠ ᠰᠠᠢᠬᠠᠨ ᠰᠤᠷᠲᠠᠯᠲᠤ ᠶ᠋ᠢᠨ ᠪᠣᠯᠵᠤ᠂ ᠪᠤᠯᠤ ᠸᠠᠩ ᠤ᠋ᠨ ᠠᠢᠮᠠᠭ ᠢ᠋ ᠣᠯᠵᠤ ᠪᠠᠷᠢᠭᠰᠠᠨ ᠦᠭᠡᠢ ᠶᠠᠯ᠎ᠠ ᠶ᠋ᠢ ᠲᠠᠢᠯᠤᠭᠤᠯᠬᠤ ᠪᠠᠷ ᠪᠤᠭᠤᠷᠵᠢ ᠶ᠋ᠢᠨ ᠪᠤᠷᠤᠭᠤᠳᠠᠰᠢ ᠡᠲᠡᠭᠡᠳ ᠰᠥᠭᠥᠳᠴᠦ ᠪᠦᠬᠦᠢ ᠶ᠋ᠢ ᠦᠵᠡᠭᠡᠳ᠂ ᠲᠠᠢᠽᠦ ᠲᠠᠭᠠᠯᠠᠨ ᠪᠡᠶᠡᠰᠴᠦ ᠵᠠᠬᠢᠷᠤᠨ᠄ 
       《ᠪᠤᠷᠤᠭᠤᠯᠠᠭᠰᠠᠨ ᠳᠠᠢᠰᠤᠨ ᠢ᠋ ᠪᠢᠲᠡᠭᠡᠢ ᠨᠡᠬᠡᠭᠲᠦᠨ᠂ ᠪᠤᠲᠠᠷᠠᠭᠰᠠᠨ ᠬᠠᠳ ᠢ᠋ ᠪᠢᠲᠡᠭᠡᠢ ᠠᠯᠠ ᠬᠡᠮᠡᠭᠴᠢ ᠮᠢᠨᠦ ᠤᠭ ᠴᠠᠭᠠᠵᠠ ᠵᠠᠰᠠᠭ ᠪᠣᠯᠠᠢ᠃ ᠵᠢᠷᠯᠤᠭ ᠬᠣᠲᠠ ᠶ᠋ᠢᠨ ᠣᠯᠠᠨ ᠢ᠋ ᠡᠩᠬᠡᠵᠢᠭᠦᠯᠦᠨ ᠳᠠᠭᠠᠭᠤᠯᠤᠭᠰᠠᠨ ᠶᠡᠬᠡ ᠭᠠᠪᠢᠶ᠎ᠠ ᠳ᠋ᠤᠷ ᠰᠠᠢᠰᠢᠶᠠᠨ ᠪᠠᠷᠠᠬᠤ ᠦᠭᠡᠢ ᠪᠥᠭᠡᠲᠡᠯ᠎ᠡ ᠵᠢᠯᠢᠢᠵᠦ ᠲᠡᠯᠢᠢᠭᠰᠡᠨ᠂ ᠪᠤᠷᠤᠭᠤᠲᠠᠨ ᠪᠤᠲᠠᠷᠠᠭᠰᠠᠨ ᠪᠤᠯᠤ ᠸᠠᠩ ᠤ᠋ᠨ ᠡᠰᠡ ᠪᠠᠷᠢᠭᠳᠠᠭᠰᠠᠨ ᠳ᠋ᠤᠷ ᠶᠠᠭᠤᠨ ᠤ᠋ ᠶᠠᠯ᠎ᠠ ᠪᠠᠢᠬᠤ ᠠᠵᠠᠢ ? ᠨᠡᠩ ᠪᠠᠰᠠ ᠨᠠᠳᠤᠷ ᠠᠰᠢᠳᠠ ᠰᠡᠳᠬᠢᠯ ᠢ᠋ᠶ᠋ᠡᠨ ᠥᠭᠴᠦ ᠳᠠᠭᠠᠭᠰᠠᠨ᠂ ᠠᠯᠲᠠᠨᠱᠠᠭ᠎ᠠ ᠬᠠᠨ ᠬᠥᠪᠡᠭᠦᠨ ᠦ᠌ ᠲᠥᠷᠥᠭᠰᠡᠨ ᠥᠬᠢᠨ ᠳᠡᠭᠦᠦ ᠶ᠋ᠢ ᠣᠯᠵᠤ ᠬᠠᠮᠲᠤᠳᠬᠠᠨ ᠤᠴᠠᠷᠠᠭᠤᠯᠬᠤ ᠠᠨᠤ᠂ ᠬᠠᠢᠷᠠᠲᠤ ᠮᠢᠨᠦ ᠬᠠᠮᠤᠭ ᠦᠵᠡᠯ ᠳ᠋ᠦ᠍ᠷ ᠮᠠᠰᠢᠳᠠ ᠵᠣᠬᠢᠴᠠᠭᠰᠠᠨ᠎ᠠ᠂ ᠠᠳᠠᠪᠠᠰᠢ ᠪᠠᠶᠠᠷᠯᠠᠨ ᠠᠮᠤᠢ 》ᠭᠡᠮᠡᠨ ᠠᠩᠭᠢᠳᠠ ᠨᠢᠭᠡᠨ ᠠᠯᠲᠠᠨ ᠬᠤᠨᠳᠠᠭᠠᠲᠤ ᠰᠠᠷᠬᠤᠳ ᠢ᠋ ᠮᠣᠳᠣᠷ ᠢ᠋ᠶ᠋ᠠᠷ ᠪᠠᠷᠢᠵᠤ᠂ ᠮᠤᠬᠤᠯᠢ ᠳ᠋ᠤᠷ ᠥᠭᠴᠦ᠂ ᠰᠠᠢᠬᠠᠨ ᠰᠤᠷᠲᠠᠯᠲᠤ ᠳ᠋ᠤᠷ ᠱᠠᠩᠨᠠᠨ ᠲᠡᠭᠦᠨ ᠢ᠋ ᠮᠥᠷᠭᠥᠭᠰᠡᠨ ᠬᠣᠢᠨ᠎ᠠ ᠤᠷᠤᠭᠰᠢ ᠳᠡᠪᠰᠢᠭᠦᠯᠦᠨ ᠰᠥᠭᠥᠳᠬᠡᠵᠦ ᠵᠠᠬᠢᠷᠤᠨ᠄ 
       《 ᠴᠢ ᠨᠢᠯᠬ᠎ᠠ ᠶ᠋ᠢᠨ ᠴᠠᠭᠳᠠ᠂ ᠲᠡᠩᠳᠦ ᠶ᠋ᠢᠨ ᠭᠣᠣᠯ ᠳ᠋ᠤᠷ ᠪᠠᠷᠢᠭᠰᠠᠨ ᠦᠵᠦᠭᠦᠷᠲᠦ ᠰᠢᠳᠠᠮ ᠢ᠋ᠶ᠋ᠠᠨ ᠡᠯᠡᠰᠦᠨ᠎ᠡ ᠬᠠᠳᠬᠤᠵᠤ᠂ ᠳᠡᠭᠡᠷ᠎ᠡ ᠢᠨᠤ ᠮᠠᠯᠠᠭ᠎ᠠ ᠪᠠᠨ ᠡᠮᠦᠰᠬᠡᠭᠡᠳ᠂ ᠳᠡᠭᠦᠨᠦ ᠵᠦᠭ ᠮᠥᠷᠭᠥᠨ ᠰᠥᠭᠥᠳᠴᠦ ᠶᠣᠰᠣᠯᠠᠬᠤᠶ᠎ᠠ᠂ ᠮᠢᠨᠦ ᠪᠡᠶ᠎ᠡ ᠠᠪᠠ ᠳ᠋ᠤᠷ ᠭᠠᠷᠴᠤ ᠶᠠᠪᠤᠬᠤ ᠳ᠋ᠠᠭᠠᠨ ᠦᠵᠡᠭᠡᠳ᠂ ᠤᠴᠢᠷ ᠢ᠋ ᠠᠰᠠᠭᠤᠪᠠᠰᠤ ᠴᠢᠨᠦ ᠥᠴᠢᠭᠰᠡᠨ ᠢᠨᠤ᠄ 
         <ᠬᠣᠶᠠᠷ ᠬᠥᠮᠦᠨ ᠬᠠᠮᠲᠤ ᠶᠠᠪᠤᠪᠠᠰᠤ᠄ 
         ᠨᠠᠰᠤ ᠠᠬ᠎ᠠ ᠪᠠᠨ ᠠᠨᠤ ᠬᠦᠨᠳᠦᠯᠡᠮᠦᠢ ᠪᠢ᠃ 
         ᠬᠣᠭᠣᠰᠣᠨ ᠪᠡᠶ᠎ᠡ ᠭᠠᠭᠴᠠᠭᠠᠷ ᠠᠪᠠᠰᠤ 
         ᠮᠠᠯᠠᠭ᠎ᠠ ᠲᠡᠷᠢᠭᠦᠨ ᠳ᠋ᠦ᠍ᠷ ᠠᠬᠤᠢ ᠪᠠᠨ ᠬᠦᠨᠳᠦᠯᠡᠮᠦᠢ ᠪᠢ᠃ 
         ᠬᠣᠲᠠᠯᠠ ᠤᠯᠤᠰ ᠤ᠋ᠨ ᠬᠡᠯᠡᠯᠴᠡᠬᠦ ᠢᠨᠤ 
         ᠬᠤᠲᠤᠭᠲᠤ ᠳᠡᠭᠷᠢᠯᠢᠭ ᠡᠵᠡᠨ ᠢ᠋ ᠡᠨᠳᠡ ᠠᠪᠠᠯᠠᠮᠤᠢ ᠭᠡᠮᠡᠨ ᠰᠣᠨᠣᠰᠴᠤ 
         ᠬᠤᠷᠠᠯᠳᠤᠨ ᠪᠠᠷᠠᠭᠠᠯᠠᠪᠠᠰᠤ᠂ 
         ᠬᠣᠢᠰᠢ ᠤᠬᠤᠷᠢᠨ ᠣᠷᠣᠭᠰᠢ ᠮᠥᠷᠭᠥᠬᠦ 
         ᠬᠠᠤᠯᠢ ᠶᠣᠰᠣᠯᠠᠯ ᠢ᠋ ᠰᠣᠷᠣᠮᠤᠢ ᠪᠢ> ᠬᠡᠮᠡᠭᠰᠡᠨ᠎ᠡ  
         ᠬᠣᠣᠰ ᠦᠭᠡᠢ ᠰᠠᠢᠬᠠᠨ ᠰᠤᠷᠲᠠᠯᠲᠤ ᠴᠣᠯᠠ ᠬᠠᠢᠷᠠᠯᠠᠨ 
         ᠬᠣᠢᠮᠣᠷ ᠠᠨᠤ ᠰᠢᠷᠡᠭᠡᠨ ᠬᠠᠳᠤᠨ᠎ᠠ ᠲᠤᠰᠢᠶᠠᠨ ᠲᠡᠵᠢᠭᠡᠯᠭᠡᠵᠦ 
         ᠬᠣᠩᠭᠣ ᠳ᠋ᠠᠭᠠᠨ ᠲᠤᠯᠤᠭᠰᠠᠨ᠎ᠠ᠂ 
         ᠬᠣᠩᠭᠣᠷ ᠵᠤᠯᠠ ᠳ᠋ᠤᠷ ᠬᠣᠯᠪᠣᠨ 
         ᠬᠣᠲᠠ ᠪᠠᠯᠭᠠᠳ ᠠᠪᠬᠤᠢ ᠳ᠋ᠤᠷ ᠬᠦᠷᠴᠦ᠂ 
         ᠬᠤᠷᠢᠮᠯᠠᠨ ᠵᠢᠷᠭᠠᠬᠤ ᠡᠨᠡ ᠪᠠᠢᠯᠳᠤᠭᠠᠨ ᠤ᠋ 
         ᠬᠣᠲᠠᠯᠠ ᠶ᠋ᠢᠨ ᠲᠡᠷᠢᠭᠦᠨ ᠭᠠᠪᠢᠶ᠎ᠠ ᠶ᠋ᠢ ᠴᠢᠨᠦ ᠪᠠᠢᠭᠤᠯᠤᠭᠰᠠᠨ ᠢ᠋ᠶ᠋ᠠᠷ 
         ᠬᠣᠢᠰᠢ ᠡᠭᠡᠨ ᠡᠨᠡ ᠪᠠᠶᠠᠷ ᠢ᠋ ᠥᠵᠢᠨ ᠡᠮᠡᠭᠡ ᠲᠡᠷᠢᠭᠦᠯᠡᠨ 
         ᠤᠯᠤᠰ ᠤ᠋ᠨ ᠡᠬᠡ ᠬᠠᠲᠤᠨ ᠳ᠋ᠠᠭᠠᠨ ᠮᠡᠳᠡᠭᠦᠯᠦᠭᠲᠦᠨ 
         ᠬᠣᠴᠣᠷᠤᠭᠰᠠᠨ ᠵᠢᠯ ᠯᠢ ᠵᠢᠢ ᠯᠢ ᠬᠣᠷᠣᠭ᠎ᠠ ᠳ᠋ᠤᠷ 
         ᠬᠣᠶᠠᠷ ᠳᠣᠯᠣᠭᠠᠨ ᠤ᠋ ᠪᠠᠭ᠎ᠠ ᠥᠬᠢᠨ ᠢ᠋ ᠬᠣᠢᠰᠢ ᠡᠭᠡᠭᠦᠯᠲᠡᠯ᠎ᠡ 
         ᠬᠤᠲᠤᠭᠲᠤ ᠣᠨ ᠵᠢᠷᠯᠤᠭ ᠬᠤᠳᠠᠨ᠎ᠠ ᠪᠠᠰᠠ 
         ᠭᠤᠷᠪᠠᠨ ᠭᠤᠷᠪᠠ ᠶ᠋ᠢᠨ ᠨᠢᠯᠬ᠎ᠠ ᠬᠡᠦᠬᠡᠨ ᠢ᠋ ᠣᠯᠤᠭᠰᠠᠨ ᠤ᠋ ᠲᠤᠯᠠᠳᠠ 
         ᠡᠨᠡ ᠤᠳᠠᠭ᠎ᠠ ᠶ᠋ᠢᠨ ᠴᠡᠷᠢᠭ ᠳᠡᠢᠯᠦᠭᠰᠡᠨ ᠲᠡᠷᠢᠭᠦᠨ ᠪᠠᠶᠠᠷ ᠢ᠋ 
         ᠮᠥᠨ ᠬᠦ᠌ ᠴᠢ ᠮᠡᠳᠡᠭᠦᠯᠦᠷ᠎ᠡ ᠡᠴᠢᠬᠦᠢ ᠳ᠋ᠡᠭᠡᠨ᠂ 
         ᠡᠨᠡ ᠬᠦ᠌ ᠨᠠᠢ᠍ᠮᠠᠨ ᠤ᠋ ᠵᠡᠭᠦᠨ ᠨᠠᠷᠠᠨ ᠠᠪᠠᠬᠠᠢ ᠶ᠋ᠢᠨ ᠡᠯ᠎ᠡ ᠳᠠᠭᠠᠯᠲᠠ ᠲᠠᠢ᠂ 
         ᠪᠠᠰᠠ ᠬᠦ᠌ ᠴᠢ ᠤᠯᠤᠰ ᠲᠤᠷ ᠬᠦᠷᠭᠡᠭᠲᠦᠨ᠂ 
         ᠡᠴᠢᠬᠦ ᠵᠠᠮ ᠳ᠋ᠠᠭᠠᠨ ᠡᠨᠡ ᠬᠡᠦᠬᠡᠨ ᠢ᠋ 
         ᠡᠵᠡᠨ ᠦ᠌ ᠪᠡᠨ ᠦᠷ᠎ᠡ ᠮᠡᠲᠦ ᠡᠷᠬᠢᠯᠡᠨ ᠦᠵᠡᠵᠦ 
         ᠡᠷᠭᠦᠯᠬᠢᠯᠡᠨ ᠠᠪᠠᠴᠢᠭᠠᠳ ᠡᠮᠡᠭᠡ ᠥᠵᠢᠨ᠎ᠡ ᠮᠥᠷᠭᠥᠭᠦᠯᠦᠭᠡᠳ᠂ 
         ᠤᠯᠤᠰ ᠤ᠋ᠨ ᠡᠬᠡ ᠳ᠋ᠡᠭᠡᠨ ᠡᠷᠭᠦᠨ ᠲᠤᠰᠢᠶᠠᠵᠤ 
         ᠡᠩᠭᠡᠷᠡᠭᠦᠯᠦᠨ ᠰᠠᠢᠬᠠᠨ᠎ᠠ ᠲᠡᠵᠢᠭᠡᠯᠭᠡᠭᠲᠦᠨ᠃ 
         ᠡᠷᠲᠡ ᠡᠳᠦᠷ ᠴᠢᠮᠠᠶ᠋ᠢ ᠥᠭᠴᠦ ᠲᠡᠵᠢᠭᠡᠯᠭᠡᠭᠡᠳ ᠂ 
         ᠡᠨᠡ ᠡᠳᠦᠷ ᠡᠢᠮᠦ ᠶᠡᠬᠡ ᠲᠤᠰᠠ ᠶ᠋ᠢ ᠠᠨᠤ ᠣᠯᠤᠨᠠᠮ ᠪᠢᠰᠢᠦ ᠂ 
         ᠡᠢᠮᠦ ᠶ᠋ᠢᠨ ᠲᠤᠯᠠ ᠂ ᠡᠨᠡ ᠠᠪᠠᠬᠠᠢ ᠶ᠋ᠢ 
         ᠡᠭᠡᠨᠡᠭᠲᠡ ᠪᠠᠰᠠ ᠬᠦ᠌ ᠴᠢᠮᠠᠳᠦᠷ ᠲᠤᠰᠢᠶᠠᠨ᠂ 
         ᠴᠢᠮ᠎ᠠ ᠪᠠᠷ ᠡᠷᠭᠦᠨ ᠬᠥᠷᠭᠡᠭᠦᠯᠦᠮᠦᠢ᠃ 
         ᠡᠪᠡᠦ ᠪᠢ ᠡᠭᠦᠨ ᠢ᠋ ᠣᠯᠬᠤᠶ᠎ᠠ 
         ᠳᠥᠷᠪᠡᠨ ᠵᠢᠭᠦᠷᠲᠦ ᠯᠤᠤ ᠶ᠋ᠢᠨ ᠵᠤᠯᠵᠠᠭ᠎ᠠ ᠣᠯᠪᠠ ᠭᠡᠮᠡᠨ ᠵᠡᠭᠦᠳᠦᠯᠡᠪᠡᠢ᠃ 
         ᠡᠨᠡ ᠬᠡᠳᠦᠢ ᠥᠬᠢᠨ ᠪᠣᠯᠪᠠᠴᠤ ᠡᠷᠬᠡ ᠦᠭᠡᠢ 
         ᠡᠩ ᠥᠲᠡᠯ᠎ᠡ ᠡᠬᠡᠨᠡᠷ ᠦᠯᠦ ᠭᠠᠷᠤᠨᠠᠮ ‍ᠶ᠎ᠠ᠃ 
         ᠡᠭᠦᠨᠦ ᠠᠪᠠᠭ᠎ᠠ ᠢᠦᠢ ᠬᠠᠭᠠᠨ ᠤ᠋ ᠡᠷᠳᠡᠨᠢ ᠶ᠋ᠢᠨ ᠰᠡᠦᠬᠡ ᠳ᠋ᠦ᠍ᠷ ᠢᠨᠥ ᠰᠠᠭᠤᠯᠭᠠᠨ 
         ᠡᠯ᠎ᠡ ᠵᠢᠭᠰᠠᠭᠠᠯ ᠢ᠋ ᠬᠡᠷᠡᠭᠯᠡᠭᠦᠯᠦᠨ ᠡᠪᠭᠡᠯᠡᠨ ᠳᠠᠪᠬᠤᠯᠠᠨ ᠲᠠᠪᠤᠨ ᠵᠠᠭᠤᠨ ᠴᠡᠷᠢᠭ ᠠᠪᠴᠤ 
         ᠡᠳᠦᠭᠡ ᠳᠠᠷᠤᠢ ᠡᠭᠡᠵᠦ ᠮᠣᠷᠳᠠᠭᠲᠤᠨ !》 
ᠬᠡᠮᠡᠭᠰᠡᠨ᠎ᠡ ᠡᠷᠳᠡᠨᠢᠰ ᠦ᠋ᠨ ᠤᠷᠲᠣᠨ᠎ᠠ ᠥᠰᠦᠭᠰᠡᠨ ᠰᠠᠭ᠎ᠠ ᠠᠨᠤ ᠡᠨᠡ ᠮᠡᠲᠦ ᠶᠡᠬᠡ ᠪᠡᠷ ᠥᠷᠥᠰᠢᠶᠡᠨ ᠡᠷᠭᠦᠯᠬᠢᠯᠡᠭᠰᠡᠨ᠎ᠡ ᠰᠠᠶᠢ ᠡᠷᠬᠢᠮ ᠢ᠋ᠶ᠋ᠡᠨ ᠮᠡᠳᠡᠵᠦ᠂ ᠡᠭᠡᠨ ᠪᠣᠰᠴᠤ ᠂ ᠭᠤᠷᠪᠠᠨᠲᠠ ᠰᠥᠭᠥᠳᠴᠦ ᠶᠢᠰᠦᠨᠲᠡ ᠮᠥᠷᠭᠥᠵᠦ ᠠᠶᠠᠷᠯᠠᠪᠠ᠃ 
       ᠡᠳᠦᠭᠡᠬᠢ ᠶ᠋ᠢᠨ ᠲᠠᠢᠴᠢᠩ ᠤᠯᠤᠰ ᠤ᠋ᠨ ᠡᠩᠬᠡ ᠠᠮᠤᠭᠤᠯᠠᠩ ᠪᠣᠭᠳᠠ ᠬᠠᠯᠬ᠎ᠠ ᠶ᠋ᠢᠨ ᠼᠡᠷᠢᠩ ᠢ᠋ ᠣᠷᠲᠣᠨ᠎ᠠ ᠥᠰᠬᠡᠵᠦ᠂ ᠭᠦᠩᠵᠦ ᠳ᠋ᠦ᠍ᠷ ᠬᠣᠯᠪᠣᠨ ᠪᠠᠷᠠᠭᠤᠨ ᠢ᠋ ᠲᠣᠭᠲᠠᠭᠠᠯᠭᠠᠨ ᠴᠢᠨ ᠸᠠᠩ ᠡᠷᠭᠦᠮᠵᠢᠯᠡᠭᠰᠡᠨ ᠪᠠ ᠡᠳᠦᠭᠡᠬᠢ ᠶ᠋ᠢᠨ ᠲᠠᠢᠴᠢᠩ ᠤᠯᠤᠰ ᠤ᠋ᠨ ᠲᠡᠭᠷᠢ ᠲᠡᠳᠬᠦᠭᠰᠡᠨ ᠬᠠᠭᠠᠨ᠂ ᠬᠠᠷᠠᠴᠢᠨ ᠤ᠋ ᠵᠠᠯᠹᠤᠩᠬ᠎ᠡ ᠶ᠋ᠢ ᠳᠣᠲᠣᠷ᠎ᠠ ᠲᠡᠵᠢᠭᠡᠵᠦ ᠵᠢᠭᠡ ᠳ᠋ᠦ᠍ᠷ ᠬᠣᠯᠪᠣᠵᠤ ᠥᠭᠡᠯᠡᠳ ᠢ᠋ ᠳᠠᠢᠯᠠᠨ ᠳᠠᠭᠠᠭᠤᠯᠵᠤ᠂ ᠪᠠᠰᠠ ᠴᠢᠨ ᠸᠠᠩ ᠡᠷᠭᠦᠮᠵᠢᠯᠡᠭᠰᠡᠨ ᠢᠨᠥ ᠴᠥᠮ ᠢ᠋ᠶ᠋ᠡᠷ ᠲᠡᠷᠡ ᠦᠶ᠎ᠡ ᠶ᠋ᠢᠨ ᠲᠡᠭᠷᠢᠯᠢᠭ ᠡᠵᠡᠳ ᠮᠥᠨ ᠲᠠᠢᠽᠦ ᠶ᠋ᠢᠨ ᠬᠠᠤᠯᠢ ᠶ᠋ᠢ ᠮᠥᠷᠳᠡᠭᠰᠡᠨ ᠢᠨᠥ ᠪᠤᠶᠤ᠃ 
       ᠲᠡᠨᠳᠡᠴᠡ ᠬᠠᠷᠠᠬᠠᠨ ᠶᠡᠬᠡ ᠬᠤᠷᠢᠮ ᠤ᠋ᠨ ᠳᠤᠮᠳᠠ ᠬᠢᠷᠢ ᠳ᠋ᠦ᠍ᠷ ᠭᠠᠳᠠᠨ᠎ᠠ ᠪᠠᠰᠠ ᠶᠡᠬᠡ ᠥᠭᠡᠷᠯᠢᠭ ᠬᠠᠨ ᠫᠤᠤ ᠶ᠋ᠢᠨ ᠳᠠᠭᠤᠨ ᠭᠤᠷᠪᠠᠨᠲᠠ ᠬᠥᠩᠭᠢᠷᠡᠰᠦᠨ᠂ ᠵᠠᠭᠤᠨ ᠬᠥᠭᠵᠢᠮ ᠨᠡᠮᠡᠨ ᠡᠭᠦᠰᠬᠡᠵᠦ᠂ ᠪᠧᠲ᠋ᠠ᠋ ᠤᠯᠤᠰ ᠤ᠋ᠨ ᠡᠬᠡ ᠲᠡᠷᠢᠭᠦᠯᠡᠨ ᠪᠦᠭᠦᠳᠡᠭᠡᠷ ᠦ᠋ᠨ ᠡᠮᠦᠨ᠎ᠡ ᠡᠴᠡ ᠲᠡᠷᠢᠭᠦᠨ ᠤᠭᠲᠤᠯᠭᠠᠨ᠎ᠠ ᠭᠤᠷᠪᠠᠳᠤᠭᠠᠷ ᠲᠠᠢᠽᠢ ᠪᠠᠭ᠎ᠠ ᠡᠵᠡᠨ ᠥᠭᠡᠳᠡᠢ ᠬᠦᠷᠴᠦ ᠢᠷᠡᠭᠡᠳ᠂ ᠪᠠᠶᠠᠷ ᠤ᠋ᠨ ᠤᠭᠲᠤᠯᠭ᠎ᠠ ᠶ᠋ᠢᠨ ᠶᠢᠰᠦᠨ ᠪᠦᠬᠦᠯᠢ ᠰᠢᠭᠦᠰᠦᠨ ᠤ ᠬᠤᠷᠢᠮ ᠤ᠋ᠨ ᠰᠢᠷᠡᠭᠡ ᠶ᠋ᠢ ᠳᠠᠪᠬᠤᠷᠯᠠᠨ ᠵᠢᠭᠰᠠᠭᠠᠵᠤ᠂ ᠥᠭᠡᠳᠡᠢ ᠥᠩᠭᠡᠲᠦ ᠮᠠᠩᠨᠤᠭ ᠤ᠋ᠨ ᠨᠢᠳᠤᠷᠭ᠎ᠠ ᠪᠠᠨ ᠪᠠᠭᠤᠯᠭᠠᠨ᠂ ᠠᠯᠲᠠᠨ ᠴᠥᠬᠥᠴᠡᠲᠦ ᠪᠠᠶᠠᠷ ᠤ᠋ᠨ ᠰᠠᠷᠬᠤᠳ ᠢ᠋ ᠪᠠᠷᠢᠵᠤ ᠣᠯᠠᠨ ᠰᠠᠢᠳ ᠤ᠋ᠳ ᠢ ᠠᠪᠤᠨ ᠮᠥᠷᠭᠥᠬᠦᠶ᠎ᠡ᠂ ᠡᠨᠡ ᠶᠢᠰᠦᠬᠡᠨ ᠨᠠᠰᠤᠲᠤ ᠶᠠᠨ ᠵᠢᠢ ᠠᠪᠠᠬᠠᠢ ᠮᠥᠨ ᠳᠠᠭᠠᠵᠤ ᠮᠥᠷᠭᠥᠲᠡᠯ᠎ᠡ᠂ ᠣᠯᠠᠨ ᠬᠥᠮᠦᠨ ᠲᠠᠢᠽᠢ ᠥᠭᠡᠳᠡᠢ ᠭᠡᠮᠡᠨ ᠰᠣᠨᠣᠰᠤᠮᠠᠭᠴᠠ ᠦᠢᠮᠡᠭᠡᠨ ᠵᠣᠭᠰᠣᠨ᠂ ᠡᠵᠡᠨ ᠲᠠᠢᠽᠦ ᠳ᠋ᠦ᠍ᠷ ᠬᠤᠷᠢᠮ ᠪᠠᠷᠢᠨ᠂ ᠲᠡᠷᠢᠭᠦᠯᠡᠭᠰᠡᠨ ᠳᠥᠷᠪᠡᠨ ᠰᠠᠢᠳ ᠯᠤᠭ᠎ᠠ᠂ ᠲᠡᠭᠰᠢ ᠰᠠᠴᠠᠭᠤ ᠰᠢᠷᠡᠭᠡᠨ᠎ᠡ ᠰᠠᠭᠤᠯᠭᠠᠨ᠂ ᠬᠠᠷᠢᠭᠤ ᠲᠦᠰᠢᠮᠡᠳ ᠨᠠᠷ ᠬᠡᠰᠢᠭ ᠰᠠᠷᠬᠤᠳ ᠢ᠋ ᠪᠠᠷᠢᠯᠴᠠᠨ ᠰᠡᠯᠡᠭᠦᠨ ᠪᠣᠯᠤᠭᠰᠠᠨ ᠠᠪᠠᠰᠤ᠂ ᠬᠠᠵᠠᠭᠤ ᠠ᠋ᠴᠠ ᠡᠨᠡ ᠶᠠᠨ ᠵᠢᠢ ᠠᠪᠠᠬᠠᠢ ᠬᠡᠳᠦᠨ ᠠᠯᠬᠤᠮ ᠳᠠᠪᠰᠢᠵᠤ᠂ ᠥᠪᠡᠷ ᠦ᠋ᠨ ᠬᠤᠪᠢ ᠪᠠᠷ ᠬᠣᠶᠠᠷ ᠵᠡᠷᠭᠡ ᠰᠥᠭᠥᠳᠴᠦ ᠵᠢᠷᠭᠤᠭᠠᠨ ᠵᠡᠷᠭᠡ ᠮᠥᠷᠭᠥᠬᠦᠢ ᠳ᠋ᠦ᠍ᠷ ᠲᠥᠷᠥ ᠶ᠋ᠢᠨ ᠬᠣᠲᠠᠯᠠᠭᠠᠷ ᠶᠡᠬᠡᠯ᠎ᠡ ᠭᠠᠢᠬᠠᠯᠳᠤᠪᠠ᠃ 
       ᠲᠠᠢᠽᠢ ᠥᠭᠡᠳᠡᠢ ᠡᠴᠢᠭᠡ ᠡᠵᠡᠨ ᠦ᠌ ᠡᠮᠦᠨ᠎ᠡ ᠲᠤᠯᠠ ᠪᠤᠰᠤᠳ ᠤ᠋ᠨ ᠮᠥᠷᠭᠥᠬᠦᠢ ᠶ᠋ᠢ ᠰᠠᠭᠤᠭᠰᠠᠭᠠᠷ ᠬᠦᠯᠢᠶᠡᠨ ᠠᠪᠴᠤ ᠪᠣᠯᠬᠤ ᠦᠭᠡᠢ᠂ ᠣᠷᠣᠭᠰᠢ ᠲᠠᠪᠰᠢᠰᠬᠢᠨ ᠲᠡᠳᠬᠦᠨ ᠪᠤᠰᠬᠠᠭᠠᠳ᠂ ᠵᠢᠴᠢ ᠲᠡᠷᠡ ᠥᠬᠢᠨ ᠦ᠌ ᠨᠢᠭᠤᠷ ᠢ᠋ ᠦᠵᠡᠭᠡᠳ ᠰᠣᠴᠢᠨ ᠭᠠᠢᠬᠠᠵᠤ᠂ ᠰᠠᠢᠰᠢᠶᠠᠨ ᠥᠭᠦᠯᠡᠷᠦᠨ᠄《ᠶᠠᠭᠤᠲᠠᠢ ᠨᠢᠭᠡᠨ ᠪᠤᠶᠠᠨ ᠬᠡᠰᠢᠭ ᠪᠦᠷᠢᠳᠦᠭᠰᠡᠨ ᠪᠤᠯᠪᠠᠷᠠᠢ ᠰᠠᠢᠬᠠᠨ ᠥᠬᠢᠨ ᠪᠣᠢ ?》 ᠬᠡᠮᠡᠪᠡ᠃ ᠲᠡᠷᠡ ᠶᠠᠨ ᠵᠢᠢ ᠠᠪᠠᠬᠠᠢ ᠴᠤ᠌ ᠥᠭᠡᠳᠡᠢ ᠲᠠᠢᠽᠦ ᠶ᠋ᠢᠨ ᠲᠥᠷᠥᠭᠰᠡᠨ ᠪᠠᠢᠳᠠᠯ ᠠᠨᠤ ᠲᠥᠪᠯᠡᠵᠦ ᠬᠥᠷᠥᠭᠯᠡᠭᠰᠡᠨ ᠵᠠᠯᠠᠭᠤ ᠰᠦᠯᠳᠡ ᠲᠡᠭᠷᠢ ᠮᠡᠲᠦ ᠰᠦᠷ ᠭᠡᠷᠡᠯ ᠴᠣᠭ ᠵᠢᠪᠬᠤᠯᠠᠩ ᠲᠠᠢ ᠶ᠋ᠢ ᠠᠨᠤ ᠦᠵᠡᠭᠡᠳ᠂ ᠳᠣᠲᠣᠷ᠎ᠠ ᠠ᠋ᠴᠠᠭᠠᠨ ᠳᠣᠯᠭᠢᠰᠤᠨ ᠭᠠᠢᠬᠠᠵᠤ᠂ ᠳᠠᠬᠢᠨ ᠳᠠᠬᠢᠨ ᠰᠢᠷᠲᠡᠨ ᠬᠠᠷᠠᠵᠤ᠂ ᠪᠠᠢᠨ ᠪᠠᠢᠨ ᠪᠠᠬᠠᠷᠬᠠᠨ ᠥᠨᠳᠡᠢᠨ ᠬᠠᠷᠠᠬᠤᠢ ᠳ᠋ᠤᠷ ᠲᠠᠢᠽᠦ ᠳᠣᠲᠣᠷ᠎ᠠ ᠪᠠᠨ ᠭᠠᠢᠬᠠᠵᠤ᠂ ᠶᠠᠨ ᠵᠢᠢ ᠠᠪᠠᠬᠠᠢ ᠠ᠋ᠴᠠ ᠠᠰᠠᠭᠤᠷᠤᠨ᠄《 ᠴᠢ ᠰᠠᠶᠢ ᠢᠷᠡᠭᠰᠡᠨ ᠲᠡᠷᠡ ᠬᠥᠮᠦᠨ ᠢ᠋ ᠲᠠᠨᠢᠮᠤᠢ ᠤᠤ ? ᠶᠠᠭᠤᠲᠠᠢ ᠤᠷᠢᠳᠠ ᠠ᠋ᠴᠠ ᠲᠠᠨᠢᠬᠤ ᠬᠥᠮᠦᠨ ᠮᠡᠲᠦ ᠳᠠᠬᠢᠨ ᠳᠠᠬᠢᠨ ᠬᠠᠷᠠᠮᠤᠢ ?》ᠬᠡᠮᠡᠭᠰᠡᠨ ᠳ᠋ᠦ᠍ᠷ ᠲᠡᠷᠡ ᠥᠬᠢᠨ ᠰᠠᠭᠤᠭᠰᠠᠨ ᠰᠠᠭᠤᠳᠠᠯ ᠠ᠋ᠴᠠ ᠪᠣᠰᠴᠤ ᠰᠥᠭᠥᠳᠦᠨ ᠮᠥᠷᠭᠥᠵᠦ ᠮᠡᠳᠡᠭᠦᠯᠦᠷᠦᠨ᠄《ᠰᠠᠢᠳ ᠥᠬᠢᠨ ᠤᠭ ᠠ᠋ᠴᠠ ᠲᠠᠨᠢᠬᠤ ᠦᠭᠡᠢ ᠪᠥᠯᠥᠭᠡ᠃ ᠭᠠᠭᠴᠠ ᠳᠠᠭᠠᠴᠢᠭᠤᠯᠤᠨ ᠦᠵᠡᠪᠡᠰᠦ ᠰᠠᠬᠠᠯ ᠲᠠᠢ ᠲᠩᠷᠢᠯᠢᠭ ᠡᠴᠡ ᠰᠠᠬᠠᠯ ᠦᠭᠡᠢ ᠳᠡᠭᠷᠢᠯᠢᠭ ᠮᠡᠨᠳᠦᠯᠡᠭᠰᠡᠨ ᠳ᠋ᠦ᠍ᠷ ᠢᠨᠤ ᠭᠠᠢᠬᠠᠵᠤ ᠬᠠᠷᠠᠭᠰᠠᠨ ᠪᠥᠯᠥᠭᠡ 》ᠬᠡᠮᠡᠭᠰᠡᠨ ᠳ᠋ᠦ᠍ᠷ ᠲᠠᠢᠽᠦ ᠡᠴᠡ ᠲᠡᠷᠢᠭᠦᠯᠡᠨ ᠲᠥᠷᠥ ᠬᠣᠲᠠᠯᠠᠭᠠᠷ ᠲᠦᠷᠴᠢᠭᠢᠨᠡᠲᠡᠯ᠎ᠡ ᠢᠨᠢᠶᠡᠯᠴᠡᠵᠦ ᠭᠠᠢᠬᠠᠯᠳᠤᠪᠠᠢ᠃ ᠲᠠᠢᠽᠦ ᠬᠠᠷᠢᠨ ᠮᠠᠰᠢᠳᠠ ᠲᠠᠭᠠᠯᠠᠨ ᠪᠡᠶᠡᠰᠴᠦ᠂ ᠵᠠᠬᠢᠷᠤᠨ᠄《ᠡᠨᠡ ᠬᠡᠦᠬᠡᠨ ᠦ᠌ ᠡᠴᠢᠭᠡ ᠢᠨᠤ ᠬᠠᠭᠠᠨ ᠬᠥᠮᠦᠨ ᠲᠤᠯᠠᠳᠠ ᠳᠡᠭᠦᠨᠦ ᠥᠬᠢᠨ ᠦ᠌ ᠭᠦᠩᠵᠦ ᠴᠣᠯᠠ ᠶ᠋ᠢ ᠠᠨᠤ ᠠᠬᠤᠭᠤᠯᠵᠤ᠂ ᠲᠠᠨ ᠤ᠋ ᠣᠯᠠᠨ ᠢ᠋ᠶ᠋ᠠᠷ ᠨᠠᠢ᠍ᠮᠠᠨᠴᠢ ᠭᠦᠩᠵᠦ ᠭᠡᠮᠡᠨ ᠳᠠᠭᠤᠳᠠᠯᠴᠠᠭᠲᠤᠨ !》ᠭᠡᠮᠡᠨ ᠰᠣᠶᠣᠷᠬᠠᠭᠰᠠᠨ᠎ᠠ᠂ ᠨᠠᠢ᠍ᠮᠠᠨᠴᠢ ᠭᠦᠩᠵᠦ ᠶ᠋ᠢᠨ ᠨᠠᠰᠤ ᠮᠠᠰᠢ ᠪᠠᠭ᠎ᠠ ᠪᠥᠭᠡᠲᠡᠯ᠎ᠡ᠂ ᠦᠳᠲᠡᠷ ᠳᠦᠷᠭᠡᠨ᠎ᠡ ᠥᠨᠳᠡᠢᠨ ᠳᠠᠪᠰᠢᠵᠤ᠂ ᠦᠨᠡᠬᠡᠷ ᠭᠤᠷᠪᠠᠨ ᠵᠡᠷᠭᠡ ᠰᠥᠭᠥᠳᠴᠦ ᠶᠢᠰᠦᠨ ᠵᠡᠷᠭᠡ ᠮᠥᠷᠭᠥᠭᠰᠡᠨ ᠳ᠋ᠦ᠍ᠷ ᠲᠠᠢᠽᠦ ᠲᠡᠭᠦᠨ ᠦ᠌ ᠰᠡᠴᠡᠨ ᠰᠡᠷᠭᠦᠯᠡᠩ ᠪᠠ ᠶᠣᠰᠣ ᠨᠣᠮ ᠠᠨᠤ ᠨᠠᠰᠤ ᠠ᠋ᠴᠠᠭᠠᠨ ᠬᠡᠲᠦᠢᠳᠦᠭᠰᠡᠨ ᠢ᠋ ᠢᠨᠦ ᠭᠠᠢᠬᠠᠨ ᠰᠠᠢᠰᠢᠶᠠᠵᠤ᠂ ᠱᠠᠭᠰᠢᠨ ᠮᠦᠰᠢᠶᠡᠵᠦ᠂ ᠱᠠᠩ ᠬᠡᠰᠢᠭ ᠢ᠋ ᠭᠦᠩᠵᠦ ᠶ᠋ᠢᠨ ᠬᠤᠪᠢᠶᠠᠷᠢ ᠪᠠᠷ ᠱᠠᠩᠨᠠᠭᠤᠯᠤᠨ《ᠢᠵᠠᠭᠤᠷᠲᠠᠨ ᠡᠭᠦᠳᠡᠨ ᠦ᠌ ᠢᠯᠭᠠᠮᠵᠢᠲᠠᠢ ᠦᠷ᠎ᠡ᠂ ᠬᠠᠭᠠᠨ ᠬᠥᠮᠦᠨ ᠦ᠌ ᠬᠠᠢᠷᠠᠯᠠᠯᠲᠠᠢ ᠭᠦᠩᠵᠦ ᠪᠠᠢᠨᠠᠮ!》ᠬᠡᠮᠡᠵᠦ ᠨᠠᠢ᠍ᠮᠠᠨ ᠠᠢᠮᠠᠭ ᠤ᠋ᠨ ᠠᠯᠪᠠᠲᠤ ᠠ᠋ᠴᠠ ᠡᠷ᠎ᠡ ᠡᠮ᠎ᠡ ᠨᠠᠶᠠᠨ ᠠᠮᠠ ᠶ᠋ᠢ ᠰᠣᠩᠭᠣᠭᠤᠯᠤᠨ ᠠᠪᠤᠭᠤᠯᠵᠤ᠂ ᠨᠠᠢ᠍ᠮᠠᠨ ᠬᠥᠮᠦᠨ ᠦ᠌ ᠳᠠᠮᠨᠠᠭᠰᠠᠨ ᠰᠡᠦᠬᠡ ᠪᠡᠷ ᠤᠯᠤᠰ ᠲᠤᠷ ᠮᠢᠨᠦ ᠠᠪᠴᠤ ᠶᠠᠪᠤ ᠬᠡᠮᠡᠭᠰᠡᠨ᠎ᠡ᠄ 
         ᠨᠠᠢ᠍ᠮᠠᠨᠴᠢ ᠭᠦᠩᠵᠦ ᠲᠡᠷᠢᠭᠦᠯᠡᠨ 
         ᠨᠠᠢᠵᠢᠮ ᠤ᠋ᠨ ᠲᠦᠰᠢᠮᠡᠯ ᠰᠠᠭ᠎ᠠ ᠯᠤᠭ᠎ᠠ 
         ᠨᠠᠢᠷ ᠤ᠋ᠨ ᠡᠮᠦᠨ᠎ᠡ ᠬᠡᠰᠢᠭ ᠲᠣᠷ ᠮᠥᠷᠭᠥᠪᠡ᠃ 
         ᠨᠠᠮᠠᠶ᠋ᠢ ᠲᠠᠨᠢᠭᠴᠢ ᠵᠢᠨᠦᠩ ᠨᠠᠬᠠᠨ ᠦᠭᠡᠢ ᠪᠠᠶᠠᠷᠯᠠᠵᠤ 
         ᠨᠠᠢ᠍ᠮᠠᠨ ᠤᠯᠤᠰ ᠲᠣᠭᠲᠠᠨᠢᠪᠠᠢ᠃ 
ᠬᠡᠮᠡᠪᠡᠢ᠃ ᠡᠭᠦᠨᠦ ᠤᠴᠢᠷ ᠠᠨᠤ ᠶᠠᠭᠤᠨ? ᠬᠡᠮᠡᠪᠡᠰᠦ᠂ ᠡᠨᠡ ᠨᠠᠢ᠍ᠮᠠᠨᠴᠢ ᠭᠦᠩᠵᠦ ᠨᠠᠰᠤᠨ ᠪᠢᠴᠢᠬᠠᠨ ᠪᠥᠭᠡᠲᠡᠯ᠎ᠡ ᠨᠣᠮ ᠶᠣᠰᠣᠯᠠᠯ ᠳ᠋ᠤᠷ ᠮᠠᠰᠢᠳᠠ ᠮᠡᠷᠭᠡᠨ ᠦ᠌ ᠲᠤᠯᠠᠳᠠ᠂ ᠨᠠᠰᠤᠲᠤ ᠲᠠᠢᠬᠡᠦ᠂ ᠬᠤᠸᠠᠩᠬᠡᠦ ᠲᠠᠨ᠎ᠠ ᠭᠦᠨ᠎ᠡ ᠥᠷᠦᠰᠢᠶᠡᠭᠳᠡᠵᠦ᠂ ᠨᠠᠰᠤᠨ᠎ᠠ ᠬᠦᠷᠴᠦ ᠶᠡᠬᠡ ᠪᠣᠯᠤᠭᠰᠠᠨ ᠳ᠋ᠤᠷ ᠠᠨᠤ᠂ ᠨᠠᠢᠷᠲᠤ ᠲᠠᠢᠽᠢ ᠳ᠋ᠤᠷ ᠬᠠᠵᠠᠭᠤ ᠶ᠋ᠢᠨ ᠹᠧᠢ ᠪᠣᠯᠭᠠᠨ ᠡᠷᠭᠦᠮᠵᠢᠯᠡᠯᠦᠭᠡ᠃ ᠬᠣᠢᠨ᠎ᠠ ᠲᠠᠢᠽᠥ᠋ᠩ ᠥᠭᠡᠳᠡᠢ ᠰᠠᠭᠤᠷᠢᠨ ᠢ ᠵᠠᠯᠭᠠᠮᠵᠢᠯᠠᠭᠠᠳ᠂ ᠬᠤᠪᠢᠲᠤ ᠨᠠᠢ᠍ᠮᠠᠨᠴᠢ ᠭᠥᠭᠵᠦ ᠳᠡᠪᠰᠢᠭᠰᠡᠭᠡᠷ ᠬᠤᠸᠠᠩᠬᠡᠦ ᠳ᠋ᠦ᠍ᠷ ᠬᠦᠷᠴᠦ᠂ ᠠᠷᠪᠠᠨ ᠭᠤᠷᠪᠠᠨ ᠣᠨ ᠠᠮᠤᠭᠤᠯᠠᠩ ᠢ᠋ᠶ᠋ᠠᠷ ᠮᠠᠰᠢᠳᠠ ᠵᠢᠷᠭᠠᠵᠤ᠂ ᠠᠴᠢᠯᠠᠯᠲᠤ ᠲᠠᠢᠽᠥ᠋ᠩ ᠬᠠᠭᠠᠨ ᠥᠭᠡᠳᠡ ᠪᠣᠯᠤᠨ ᠬᠠᠯᠢᠭᠰᠠᠨ᠎ᠠ᠂ ᠠᠯᠢᠪᠠ ᠲᠠᠢᠽᠢ ᠨᠠᠷ ᠤ᠋ᠨ ᠠᠯᠢᠨ᠎ᠠ ᠵᠠᠯᠭᠠᠮᠵᠢᠯᠠᠬᠤ ᠶ᠋ᠢ ᠠᠴᠢᠯᠠᠯᠲᠠᠨ᠂ ᠠᠷᠠᠢ ᠭᠦᠶᠦᠭ ᠳ᠋ᠢᠩᠽᠦ᠋ᠩ ᠢ᠋ ᠪᠠᠢᠭᠤᠯᠵᠤ᠂ ᠭᠤᠷᠪᠠᠬᠠᠨ ᠣᠨ ᠠᠶ᠎ᠠ ᠪᠠᠰᠠ ᠲᠠᠭᠠᠯᠠᠯ ᠲᠡᠭᠦᠰᠴᠦ᠂ ᠬᠠᠭᠠᠨ ᠪᠠᠰᠠ ᠬᠠᠯᠢᠭᠰᠠᠨ ᠢ᠋ᠶ᠋ᠠᠷ ᠠᠷᠭ᠎ᠠ ᠦᠭᠡᠢ ᠤᠷᠢᠳ ᠬᠣᠵᠢᠳ ᠲᠠᠢ ᠶᠢᠰᠦᠨ ᠣᠨ ᠲᠥᠷᠥ ᠶ᠋ᠢ ᠰᠠᠬᠢᠵᠤ ᠠᠯᠢ ᠡᠲᠡᠭᠡᠳ ᠢ᠋ ᠴᠦ᠍ ᠰᠠᠮᠠᠭᠤᠷᠠᠭᠤᠯᠤᠭᠰᠠᠨ ᠦᠭᠡᠢ ᠪᠡᠷ ᠰᠢᠶᠠᠡᠽᠦ᠋ᠩ ᠬᠠᠭᠠᠨ ᠢ ᠪᠠᠢᠭᠤᠯᠵᠤ᠂ ᠠᠷᠪᠠᠭᠠᠳ ᠣᠨ ᠲᠥᠷᠥ ᠶ᠋ᠢ ᠬᠠᠮᠠᠭᠠᠯᠠ᠊ᠨ ᠴᠢᠳᠠᠭᠰᠠᠨ ᠭᠠᠪᠢᠶ᠎ᠠ ᠲᠠᠢ ᠭᠡᠮᠡᠨ ᠠᠩᠭᠢᠳᠠ ᠨᠢᠭᠡᠨ ᠨᠠᠢ᠍ᠮᠠᠨ ᠤ᠋ ᠲᠥᠷᠬᠥᠮ ᠢ᠋ ᠬᠦᠩ ᠪᠠᠢᠭᠤᠯᠤᠨ᠂ ᠠᠰᠢᠳᠠ ᠨᠢᠭᠡᠨ ᠬᠣᠰᠢᠭᠤ ᠭᠡᠮᠡᠨ ᠵᠠᠯᠭᠠᠮᠵᠢᠯᠠᠭᠤᠯᠤᠭᠰᠠᠨ ᠪᠥᠯᠥᠭᠡ᠃ ᠬᠠᠭᠠᠨ ᠠᠮᠢᠳᠤ ᠰᠡᠷᠡᠭᠦᠨ ᠠᠬᠤ ᠦᠶᠡᠰ ᠲᠣᠷ ᠵᠠᠯᠭᠠᠮᠵᠢᠯᠠᠭᠰᠠᠨ ᠦᠷ᠎ᠡ ᠦᠭᠡᠢ ᠶ᠋ᠢᠨ ᠲᠤᠯᠠ᠂ ᠠᠯᠲᠠᠨ ᠶᠠᠰᠤᠲᠠᠨ ᠲᠠᠨ ᠢ᠋ᠶ᠋ᠠᠷ ᠨᠡᠷ᠎ᠡ ᠶ᠋ᠢ ᠢᠨᠦ ᠣᠷᠣᠯᠠᠨ ᠵᠠᠯᠭᠠᠮᠵᠢᠯᠠᠨ ᠠᠪᠠᠢ ᠡᠳᠦᠭᠡ ᠪᠣᠯᠲᠠᠯ᠎ᠠ ᠨᠠᠢ᠍ᠮᠠᠨ ᠬᠣᠰᠢᠭᠤ ᠭᠡᠮᠡᠨ ᠨᠡᠷᠡᠯᠡᠵᠦ ᠠᠭᠰᠠᠭᠠᠷ ᠪᠠᠢᠬᠤ ᠤᠴᠢᠷ ᠢ᠋ ᠮᠡᠳᠡᠪᠡᠰᠦ ᠵᠣᠬᠢᠨᠠᠮ ᠪᠢᠰᠢᠦ᠃ ᠠᠳᠠᠪᠠᠰᠢ ᠬᠣᠵᠢᠮ ᠤ᠋ᠨ ᠬᠡᠷᠡᠭ ᠲᠤᠯᠠ ᠠᠷᠪᠢᠨ ᠲᠣᠭᠠᠴᠢᠬᠤ ᠶ᠋ᠢ ᠪᠠᠢᠵᠤ᠂ ᠠᠯᠳᠠᠷᠲᠤ 《ᠬᠥᠬᠡ ᠰᠤᠳᠤᠷ 》ᠲᠤᠬᠠᠢᠲᠤ ᠬᠡᠷᠡᠭ ᠢ᠋ᠶ᠋ᠡᠨ ᠬᠡᠯᠡᠰᠦᠭᠡᠢ᠃ 
         ᠵᠢᠷᠠᠨ ᠣᠨ ᠤ᠋ ᠳᠣᠲᠣᠷᠠᠬᠢ ᠶ᠋ᠢᠨ 
         ᠵᠠᠶᠠᠭ᠎ᠠ ᠤᠯᠠᠷᠢᠯ ᠢ᠋ ᠮᠡᠳᠡᠭᠴᠢ ᠵᠢᠨᠦᠩ᠂ 
         ᠮᠣᠬᠣᠰᠢ ᠦᠭᠡᠢ ᠣᠶᠤᠨᠲᠤ 
         ᠮᠣᠬᠣᠲᠠᠯ᠎ᠠ ᠪᠣᠯᠪᠠᠰᠤᠷᠠᠭᠤᠯᠤᠨ ᠪᠣᠳᠣᠭᠴᠢ ᠮᠤᠬᠤᠯᠢ ᠪᠠᠷ 
         ᠠᠩᠬᠠᠨ ᠳ᠋ᠤᠷ ᠰᠠᠶᠢ ᠲᠠᠢᠽᠦ ᠪᠡᠷ 
         ᠠᠷᠪᠠᠨ ᠳᠦᠷᠪᠡᠭᠡᠨ ᠨᠠᠰᠤᠲᠠᠢ ᠥᠬᠢᠨ ᠢ᠋ 
         ᠠᠮᠠᠳᠠᠨ ᠳᠤᠷᠠᠳᠴᠤ ᠭᠠᠷᠭᠠᠭᠰᠠᠨ ᠳᠠᠷᠤᠢ 
         ᠠᠷᠪᠠᠨ ᠠᠴᠢᠶ᠎ᠠ ᠪᠠᠷᠢᠯᠭ᠎ᠠ ᠶ᠋ᠢᠨ ᠡᠳ᠋ ᠢ᠋ 
         ᠠᠪᠴᠤ ᠵᠡᠷᠭᠡᠯᠡᠨ ᠣᠪᠣᠭᠠᠯᠠᠨ ᠲᠠᠯᠪᠢᠭᠠᠳ 
         ᠠᠯᠭᠤᠷ ᠠᠭᠠᠵᠢᠮ ᠠᠢᠯᠠᠤᠬᠠᠨ ᠮᠡᠳᠡᠭᠦᠯᠦᠷᠦᠨ ᠄ 
         《ᠠᠮᠢᠨ ᠬᠡᠯᠲᠦᠷᠢᠭᠰᠡᠨ ᠲᠠᠩᠭᠤᠳ ᠤ᠋ᠨ ᠥᠬᠢᠨ 
         ᠠᠴᠢ ᠳ᠋ᠤᠷ ᠬᠠᠷᠢᠭᠤᠯᠠᠬᠤ ᠠᠷᠪᠠᠨ ᠠᠴᠢᠶ᠎ᠠ᠂ 
         ᠠᠯᠲᠠᠨ ᠮᠠᠩᠨᠤᠭ ᠬᠣᠷᠢᠨ ᠰᠢᠷ᠎ᠠ ᠶ᠋ᠢ 
         ᠠᠪᠤᠨ ᠢᠷᠡᠬᠦ ᠵᠠᠮ ᠤ᠋ᠨ ᠵᠠᠭᠤᠷ᠎ᠠ ᠳ᠋ᠤᠷ ᠂ 
         ᠴᠠ ᠲᠠᠢᠽᠢ ᠶ᠋ᠢᠨ ᠴᠠᠭᠳᠠᠭᠤᠯ ᠤ᠋ᠨ ᠴᠡᠷᠢᠭ 
         ᠴᠠᠪᠴᠢᠨ ᠪᠠᠷᠢᠵᠤ ᠠᠪᠤᠭᠠᠳ ᠢᠷᠡᠭᠰᠡᠨ ᠢ᠋ 
         ᠡᠵᠡᠨ ᠡᠴᠢᠭᠡ ᠶ᠋ᠢᠨ ᠡᠭᠡᠭᠦᠯᠦᠭᠰᠡᠨ ᠬᠥᠮᠦᠨ ᠢ᠋ 
         ᠡᠢᠨ ᠬᠦ᠌ ᠪᠠᠷᠢᠪᠠᠰᠤ ᠦᠯᠦ ᠪᠣᠯᠬᠤ ᠭᠡᠮᠡᠨ 
         ᠡᠭᠡᠭᠦᠯᠦᠨ ᠲᠠᠯᠪᠢᠵᠤ ᠢᠯᠡᠭᠡᠬᠦᠢ ᠶ᠋ᠢᠨ ᠵᠡᠪᠰᠡᠷ᠎ᠡ᠂ 
         ᠡᠨᠡ ᠥᠬᠢᠨ ᠢ᠋ᠶ᠋ᠡᠷ ᠡᠮᠭᠡᠨᠢᠨ ᠭᠤᠶᠤᠵᠤ 
         ᠡᠴᠢᠭᠡ ᠸᠠᠩ ᠤ᠋ᠨ ᠢ᠋ᠶ᠋ᠠᠷ ᠠᠮᠢᠨ ᠢ᠋ ᠠᠪᠤᠷᠠᠬᠤ 
         ᠡᠷᠲᠡ ᠣᠷᠣᠢ ᠶ᠋ᠢᠨ ᠴᠡᠷᠢᠭ ᠢ᠋ ᠭᠤᠶᠤᠭᠰᠠᠨ ᠳ᠋ᠤᠷ 
         ᠡᠵᠡᠨ ᠡᠴᠢᠭᠡ ᠡᠴᠡ ᠡᠰᠢᠯᠡᠵᠦ ᠥᠭᠰᠦᠭᠡᠢ ᠬᠡᠮᠡᠪᠡ᠃ 
         ᠡᠨᠡ ᠡᠳᠦᠷ ᠡᠵᠡᠨ ᠦ᠌ ᠳᠤᠷᠠᠳᠬᠤᠢ ᠶ᠋ᠢᠨ ᠲᠠᠰᠢᠷᠠᠮ 
         ᠡᠷᠭᠦᠨ ᠮᠡᠳᠡᠭᠦᠯᠵᠦ ᠡᠰᠢ ᠵᠠᠬᠢᠶ᠎ᠠ ᠡᠷᠢᠮᠦ 
         ᠡᠵᠡᠨ ᠮᠢᠨᠦ ᠠᠢᠯᠠᠳᠤᠨ ᠲᠣᠭᠲᠠᠭ᠎ᠠ ᠭᠡᠮᠡᠨ ᠮᠥᠷᠭᠥᠭᠰᠡᠨ᠎ᠡ᠃ 
ᠲᠠᠢᠽᠦ ᠵᠠᠬᠢᠷᠤᠨ : 
         ᠠᠮᠢ ᠪᠠᠨ ᠰᠢᠷᠭᠤᠭᠴᠢᠳ ᠢ᠋ ᠠᠪᠤᠷᠠᠬᠤ ᠠᠨᠤ 
         ᠠᠯᠢᠪᠠ ᠡᠵᠡᠳ ᠦ᠋ᠨ ᠡᠷᠬᠢᠯᠡᠳᠡᠭ ᠶᠠᠪᠤᠳᠠᠯ ᠪᠢᠰᠢᠦ᠃ 
         ᠠᠯᠢ ᠴᠠᠭ ᠲᠤᠷ ᠬᠡᠷᠡᠭᠯᠡᠬᠦ ᠪᠥᠭᠡᠰᠦ 
         ᠠᠪᠤᠷᠠᠭᠴᠢ ᠵᠢᠨᠦᠩ ᠵᠣᠬᠢᠰ ᠢ᠋ᠶ᠋ᠠᠷ ᠠᠪᠠᠴᠢᠭᠲᠤᠨ ᠬᠡᠮᠡᠪᠡᠢ᠃ 
         ᠠᠰᠠᠭᠤᠭᠰᠠᠨ ᠵᠢᠨᠦᠩ ᠦ᠋ᠨ ᠠᠮᠠᠨ ᠵᠠᠬᠢᠶ᠎ᠠ ᠳ᠋ᠤᠷ ᠮᠥᠷᠭᠥᠨ 
         ᠠᠯᠪᠠᠨ ᠤ᠋ ᠠᠷᠠᠳ ᠢ᠋ ᠠᠪᠤᠨ ᠲᠠᠪᠰᠢᠨ ᠣᠷᠣᠵᠤ᠂ 
         ᠠᠷᠠᠰᠤ ᠰᠢᠷᠢ ᠶ᠋ᠢ ᠬᠠᠩᠵᠠᠯᠤᠨ ᠨᠡᠭᠡᠭᠡᠵᠦ 
         ᠠᠯᠲᠠᠨ ᠰᠤᠪᠤᠳ ᠣᠭ᠌ᠶᠤ ᠱ᠌ᠢᠷᠦ ᠶ᠋ᠢᠨ ᠵᠦᠢᠯ ᠢ᠋ 
         ᠠᠷᠪᠠᠨ ᠱᠧᠩ ᠦ᠋ᠨ ᠲᠤᠯᠤᠮ ᠢ᠋ ᠭᠠᠷᠭᠠᠵᠤ 
         ᠠᠩᠭᠢᠳᠠ ᠪᠠᠰᠠ ᠬᠠᠳᠬᠤᠮᠠᠯ ᠮᠠᠩᠨᠤᠭ ᠪᠦᠬᠦᠨ ᠢ᠋ 
         ᠠᠯᠠᠭ ᠪᠤᠯᠠᠭ ᠲᠠᠪᠤᠨ ᠵᠠᠭᠤᠨ ᠣᠷᠢᠶᠠᠳᠠᠰᠤ ᠶ᠋ᠢ 
         ᠠᠷᠢᠭᠤᠨ ᠴᠠᠭᠠᠨ ᠬᠣᠨᠢᠨ ᠤ᠋ ᠢᠰᠡᠭᠡᠢ ᠳ᠋ᠦ᠍ᠷ ᠳᠡᠯᠭᠡᠨ 
         ᠠᠭᠠᠷ ᠣᠭᠲᠠᠷᠭᠤᠢ ᠲᠡᠭᠷᠢ ᠭᠠᠵᠠᠷ ᠲᠤᠷ ᠦᠵᠡᠭᠦᠯᠦᠨ 
         ᠠᠪᠴᠤ ᠰᠠᠶᠢ ᠰᠠᠩ ᠬᠠᠰᠢᠯᠭ᠎ᠠ ᠳ᠋ᠤᠷ ᠣᠷᠣᠭᠤᠯᠤᠭᠤᠯᠪᠠᠢ᠃ 
       ᠲᠡᠨᠳᠡᠴᠡ ᠪᠧᠲ᠋ᠠ᠋ ᠤᠯᠤᠰ ᠤ᠋ᠨ ᠲᠠᠢᠽᠦ ᠲᠡᠷᠢᠭᠦᠯᠡᠨ ᠶᠡᠬᠡ ᠵᠢᠨᠦᠩ ᠮᠤᠬᠤᠯᠢ ᠣᠯᠠᠨ ᠢ᠋ ᠲᠡᠭᠰᠢᠯᠡᠨ ᠲᠠᠩᠭᠤᠳ ᠤᠯᠤᠰ ᠤ᠋ᠨ ᠵᠢᠷᠯᠤᠭ ᠬᠣᠲᠠ ᠶ᠋ᠢᠨ ᠯᠢ ᠵᠢᠢ ᠯᠢ ᠬᠣᠷᠣᠭ᠎ᠠ ᠲᠡᠷᠢᠭᠦᠯᠡᠨ ᠣᠯᠠᠨ ᠭᠠᠵᠠᠷ ᠣᠷᠣᠨ ᠢ᠋ ᠡᠯᠰᠡᠨ ᠲᠡᠭᠰᠢᠯᠡᠬᠦ ᠪᠠ ᠣᠯᠠᠨ ᠰᠠᠢᠳ ᠲᠦᠰᠢᠮᠡᠳ ᠦ᠋ᠨ ᠴᠡᠷᠢᠭ ᠦ᠋ᠨ ᠭᠠᠪᠢᠶ᠎ᠠ ᠵᠢᠳᠬᠦᠯ ᠢ᠋ ᠢᠯᠭᠠᠨ ᠰᠠᠯᠭᠠᠨ ᠬᠥᠬᠢᠭᠦᠯᠦᠨ ᠱᠠᠩᠨᠠᠵᠤ᠂ ᠵᠤᠨ ᠤ᠋ ᠲᠡᠷᠢᠭᠦᠨ ᠰᠠᠷ᠎ᠠ ᠶ᠋ᠢᠨ ᠳᠣᠲᠣᠷ᠎ᠠ᠂ ᠲᠠᠩᠭᠤᠳ ᠤ᠋ᠨ ᠪᠠᠷᠠᠭᠤᠨ ᠰᠢᠩ ᠵᠡᠪᠡ ᠳ᠋ᠦ᠍ᠷ ᠡᠴᠢᠵᠦ᠂ ᠡᠬᠡ ᠶ᠋ᠢᠨ ᠲᠦᠮᠡᠨ ᠥᠯᠵᠡᠢ ᠳ᠋ᠦ᠍ᠷ ᠠᠯᠲᠠᠨ ᠤᠯᠤᠰ ᠤ᠋ᠨ ᠶᠡᠬᠡ ᠪᠡᠯᠡᠭ ᠦ᠋ᠨ ᠬᠠᠷᠢᠭᠤ ᠮᠢᠩᠭᠠᠨ ᠠᠭᠲᠠ ᠪᠠᠷ ᠬᠠᠷᠢᠭᠤᠯᠠᠨ ᠸᠧᠢ ᠸᠠᠩ ᠶᠦᠩ ᠵᠢᠢ ᠤᠭᠲᠤᠨ ᠠᠪᠬᠤᠶ᠎ᠠ ᠶᠡᠬᠡᠷᠬᠡᠭᠰᠡᠨ᠎ᠡ ᠲᠠᠢᠽᠦ ᠬᠦᠨᠳᠦᠯᠡᠭᠰᠡᠨ ᠦᠭᠡᠢ᠂ ᠶᠦᠩ ᠵᠢᠢ ᠨᠡᠩᠳᠡ ᠬᠢᠯᠢᠩᠯᠡᠨ ᠡᠭᠡᠵᠦ ᠬᠣᠴᠢᠯᠠᠨ ᠬᠡᠯᠡᠪᠡ᠃ ᠡᠨᠡ ᠴᠢᠯᠦᠭᠡᠨ᠎ᠡ᠂ ᠡᠮᠦᠨᠡᠲᠦ ᠰᠥᠩ ᠤᠯᠤᠰ ᠪᠠ ᠳᠤᠮᠳᠠᠳᠤ ᠠᠯᠲᠠᠨ ᠤᠯᠤᠰ ᠤ᠋ᠳ ᠤ᠋ᠨ ᠬᠡᠷᠡᠭ ᠶᠠᠪᠤᠳᠠᠯ ᠢ᠋ ᠥᠴᠦᠬᠡᠨ ᠲᠣᠪᠴᠢᠯᠠᠨ ᠭᠠᠷᠭᠠᠵᠤ᠂ ᠡᠨᠡ ᠬᠥᠬᠡᠭᠴᠢᠨ ᠦᠬᠡᠷ ᠵᠢᠯ ᠦ᠋ᠨ ᠡᠮᠦᠨ᠎ᠡ ᠤᠮᠠᠷ᠎ᠠ ᠶ᠋ᠢᠨ ᠦᠢᠯᠡᠰ ᠤᠴᠢᠷ ᠢ᠋ ᠪᠠᠬᠠᠨ ᠪᠦᠷᠢᠳᠬᠡᠬᠦ ᠢᠨᠣ᠄ 
       ᠡᠨᠡ ᠦᠶ᠎ᠡ ᠳ᠋ᠦ᠍ᠷ ᠡᠮᠦᠨᠡᠲᠦ ᠰᠥᠩ ᠤᠯᠤᠰ ᠤ᠋ᠨ ᠳᠥᠷᠪᠡᠳᠦᠭᠡᠷ ᠦᠶ᠎ᠡ ᠶ᠋ᠢᠨ ᠡᠵᠡᠨ ᠰᠥᠩ ᠨᠢᠩᠽᠥ᠋ᠩ ᠵᠣᠣ ᠺᠦᠸᠧ ᠲᠥᠷᠥᠯᠬᠢ ᠵᠥᠭᠡᠯᠡᠨ ᠪᠠᠭᠤᠷᠠᠢ ᠶ᠋ᠢᠨ ᠳᠡᠭᠡᠷ᠎ᠡ ᠪᠠᠰᠠ ᠵᠢᠶᠠᠩ ᠨᠠᠨ - ᠮᠥᠷᠡᠨ ᠦ᠌ ᠡᠮᠦᠨᠡᠲᠦ ᠶ᠋ᠢᠨ ᠨᠠᠷᠢᠨ ᠵᠥᠭᠡᠯᠡᠨ ᠦ᠌ ᠵᠢᠷᠭᠠᠯ ᠴᠡᠩᠭᠡᠯ ᠳ᠋ᠦ᠍ᠷ ᠰᠢᠨᠤᠬᠠᠢᠷᠠᠨ᠂ ᠠᠷᠢᠬᠢ ᠥᠩᠭᠡ᠂ ᠬᠥᠭ ᠳᠠᠭᠤᠨ᠂ ᠡᠭᠡᠰᠢᠭ ᠦᠵᠡᠮᠵᠢ ᠶ᠋ᠢᠨ ᠵᠡᠷᠭᠡ ᠶ᠋ᠢᠨ ᠵᠢᠷᠭᠤᠭᠠᠨ ᠤᠵᠢᠳ ᠤ᠋ᠨ ᠴᠡᠩᠭᠡᠯ ᠳ᠋ᠦ᠍ᠷ ᠨᠡᠷᠪᠡᠭᠳᠡᠨ ᠵᠢᠪᠦᠭᠡᠳ᠂ ᠡᠳᠦᠷ ᠳᠠᠭᠤᠰᠤᠨ᠂ ᠵᠦᠴᠦᠭᠡ ᠬᠥᠭᠵᠢᠮ ᠠᠷᠢᠬᠢ ᠬᠤᠷᠢᠮ ᠤ᠋ᠨ ᠬᠦᠷᠢᠶᠡᠯᠡᠩ ᠳ᠋ᠦ᠍ᠷ ᠬᠦᠵᠢᠰ ᠵᠠᠭᠠᠷ᠂ ᠴᠡᠴᠡᠭ ᠤᠳᠠ ᠯᠤᠭ᠎ᠠ ᠵᠠᠭᠤᠷᠠᠯᠳᠤᠨ᠂ ᠣ ᠡᠩᠭᠡᠰᠬᠡ ᠶ᠋ᠢᠨ ᠰᠢᠬᠤᠢ᠂ ᠲᠠᠵᠢ ᠮᠠᠩᠨᠤᠭ ᠤ᠋ᠨ ᠬᠠᠷᠰᠢ ᠳ᠋ᠤᠷ ᠢ᠋ᠶ᠋ᠠᠨ ᠰᠢᠷᠢᠯᠳᠦᠨ᠂ ᠵᠠᠷᠢᠮ ᠳ᠋ᠤᠷ ᠬᠡᠳᠦ ᠬᠡᠳᠦᠨ ᠡᠳᠦᠷ ᠢ᠋ᠶ᠋ᠡᠷ ᠲᠥᠷᠥ ᠳ᠋ᠦ᠍ᠷ ᠭᠠᠷᠬᠤ ᠦᠭᠡᠢ᠂ ᠤᠯᠤᠰ ᠤ᠋ᠨ ᠦᠢᠯᠡ᠂ ᠲᠥᠷᠥ ᠶ᠋ᠢᠨ ᠬᠡᠷᠡᠭ ᠬᠡᠮᠡᠪᠡᠰᠦ ᠳᠤᠷ᠎ᠠ ᠦᠭᠡᠢ᠂ ᠨᠢᠭᠡᠮᠦᠰᠦᠨ ᠵᠥᠭᠡᠯᠡᠨ ᠨᠡᠮᠡᠭᠦᠨ ᠦ᠌ ᠨᠠᠷᠢᠨ ᠵᠢᠭᠰᠠᠭᠠᠯ ᠳ᠋ᠤᠷ ᠤᠨᠠᠭᠠᠳ᠂ ᠥᠬᠢᠳ ᠦ᠋ᠨ ᠪᠥᠵᠢᠭ᠂ ᠡᠷᠡᠮᠳᠡᠭ ᠦ᠋ᠨ ᠮᠠᠭᠰᠢᠯᠭ᠎ᠠ ᠪᠠᠷ ᠪᠦᠷᠢᠯᠭᠡᠨ ᠴᠢᠮᠡᠭᠯᠡᠨ ᠥᠩᠭᠡᠯᠡᠵᠦ ᠶᠠᠩᠵᠤᠯᠠᠬᠤ ᠠᠨᠤ ᠲᠠᠩᠭᠤᠳ ᠤᠯᠤᠰ ᠤ᠋ᠨ ᠡᠵᠡᠨ ᠯᠢ ᠴᠦᠨ ᠢᠦ ᠶ᠋ᠢᠨ ᠮᠠᠢᠭ ᠲᠠᠢᠭ ᠠ᠋ᠴᠠ ᠪᠠᠰᠠ ᠠᠷᠪᠠᠨ ᠬᠤᠪᠢ ᠢᠯᠡᠭᠦᠦ᠃ ᠡᠳᠦᠭᠡᠬᠢ ᠶ᠋ᠢᠨ ᠱᠧ ᠵᠢᠢ ᠲᠡᠢ ᠮᠢᠶᠣᠤ᠂ ᠲᠠᠪᠤᠨ ᠲᠠᠬᠢᠯᠭ᠎ᠠ᠂ ᠨᠠᠢ᠍ᠮᠠᠨ ᠰᠥᠮᠡᠲᠦ ᠲᠡᠭᠷᠢ ᠶ᠋ᠢᠨ ᠬᠥᠪᠡᠭᠦᠨ ᠦ᠌ ᠳᠦᠷᠢᠮ ᠢ᠋ᠶ᠋ᠡᠷ ᠳᠦᠷᠢᠮᠯᠡᠭᠴᠢ᠂ ᠡᠮᠦᠨᠡᠲᠦ ᠰᠥᠩ ᠤᠯᠤᠰ ᠤ᠋ᠨ ᠨᠢᠩᠽᠥ᠋ᠩ ᠵᠣᠣ ᠺᠦᠸᠧ᠂ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠸᠠᠨ ᠶᠠᠨ ᠵᠢᠩ᠂ ᠲᠠᠩᠭᠤᠳ ᠤᠯᠤᠰ ᠬᠤᠸᠠᠨᠽᠥ᠋ᠩ ᠯᠢ ᠴᠦᠨ ᠢᠣ᠂ ᠡᠨᠡ ᠭᠤᠷᠪᠠᠨ ᠬᠠᠭᠠᠨ ᠤ᠋ ᠳᠣᠲᠣᠷ᠎ᠠ᠂ ᠪᠠᠬᠠᠨ ᠤᠬᠠᠭᠠᠨ ᠲᠤᠯᠭᠠᠭᠤᠷᠢᠲᠠᠢᠬᠠᠨ ᠠᠨᠤ ᠡᠨᠡ ᠵᠠᠩᠽᠥ᠋ᠩ ᠸᠠᠨ ᠶᠠᠨ ᠵᠢᠩ ᠢᠨᠣ᠂ ᠤᠯᠤᠰ ᠲᠥᠷᠥ ᠶ᠋ᠢᠨ ᠤᠷᠢᠳ ᠬᠣᠵᠢᠳ ᠢ᠋ ᠪᠠᠬᠠᠨ ᠪᠣᠳᠣᠵᠤ᠂ ᠬᠣᠢᠲᠤᠬᠢ ᠶ᠋ᠢ ᠠᠮᠠᠷᠬᠠᠯᠠᠨ᠂ ᠡᠮᠦᠨᠡᠬᠢ ᠶ᠋ᠢ ᠲᠤᠯᠤᠨ᠂ ᠤᠯᠤᠰ ᠤ᠋ᠨ ᠬᠡᠷᠡᠭ ᠢ᠋ᠶ᠋ᠡᠨ ᠬᠡᠷᠡᠭ ᠪᠣᠯᠭᠠᠮᠤᠢ᠃ ᠭᠠᠭᠴᠠ ᠡᠨᠡ ᠡᠮᠦᠨᠡᠲᠦ ᠰᠥᠩ ᠤᠯᠤᠰ ᠤ᠋ᠨ ᠡᠵᠡᠨ ᠨᠢᠩᠽᠥ᠋ᠩ ᠵᠣᠣ ᠺᠦᠸᠧ᠂ ᠤᠯᠤᠰ ᠲᠥᠷᠥ ᠶ᠋ᠢᠨ ᠬᠡᠷᠡᠭ ᠪᠦᠬᠦᠨ ᠢ᠋ ᠣᠭᠲᠣᠬᠠᠨ ᠴᠤ᠌ ᠬᠠᠢᠬᠤᠷᠬᠤ ᠦᠭᠡᠢ᠃ ᠭᠠᠭᠴᠠ ᠨᠢᠭᠡᠨ ᠲᠤᠢᠯ ᠤ᠋ᠨ ᠵᠠᠯᠢᠬᠠᠢ ᠬᠠᠷᠭᠢᠰ᠂ ᠬᠣᠪᠳᠣᠭ ᠠᠪᠯᠢᠭᠠᠴᠢ ᠬᠠᠨ ᠲᠦᠸᠧ ᠵᠧᠦ ᠬᠡᠮᠡᠭᠴᠢ ᠶ᠋ᠢ ᠴᠧᠩᠰᠢᠶᠠᠩ ᠪᠣᠯᠭᠠᠨ ᠴᠡᠷᠢᠭ ᠢᠷᠭᠡᠨ ᠦ᠌ ᠶᠡᠬᠡ ᠪᠠᠭ᠎ᠠ ᠬᠡᠷᠡᠭ ᠵᠠᠷᠭᠤ ᠶ᠋ᠢ ᠲᠡᠷᠡ ᠨᠢᠭᠡᠬᠡᠨ ᠬᠥᠮᠥᠨ᠎ᠡ ᠨᠢᠭᠡᠮᠦᠰᠦᠨ ᠨᠠᠢᠳᠠᠨ ᠲᠤᠰᠢᠶᠠᠭᠠᠳ᠂ ᠵᠣᠣ ᠺᠦᠸᠧ ᠵᠢᠷᠭᠠᠯ ᠳ᠋ᠠᠭᠠᠨ ᠰᠢᠨᠤᠵᠤ᠂ ᠰᠤᠯᠠ ᠲᠤᠩᠭᠠᠯᠠᠭ ᠲᠤᠷ ᠰᠣᠭᠲᠣᠭᠤᠷᠠᠭᠰᠠᠨ ᠳ᠋ᠤᠷ ᠡᠨᠡ ᠬᠣᠪᠳᠣᠭ ᠬᠠᠷᠭᠢᠰ ᠬᠠᠨ ᠲᠦᠸᠧ ᠵᠧᠦ ᠵᠠᠪᠰᠢᠨ ᠳᠠᠪᠰᠢᠵᠤ᠂ ᠡᠵᠡᠷᠬᠡᠨ ᠡᠵᠡᠲᠦᠭᠡᠳ ᠮᠥᠷᠡᠨ ᠦ᠌ ᠡᠮᠦᠨ᠎ᠡ ᠦᠯᠡᠭᠰᠡᠨ ᠬᠡᠳᠦᠨ ᠮᠣᠵᠢ ᠳ᠋ᠤᠷ ᠢ᠋ᠶ᠋ᠠᠨ ᠬᠥᠨᠳᠡᠯᠡᠨ ᠭᠤᠯᠳᠤ ᠠᠭᠠᠰᠢᠯᠠᠨ ᠬᠥᠮᠦᠨ ᠢ᠋ ᠨᠢᠳᠦᠨ ᠳ᠋ᠦ᠍ᠷ ᠦᠵᠡᠬᠦ ᠦᠭᠡᠢ ᠪᠣᠯᠵᠤ᠂ ᠰᠡᠳᠬᠢᠯ ᠦ᠋ᠨ ᠲᠠᠪᠠ᠂ ᠰᠠᠨᠠᠭᠠᠨ ᠤ᠋ ᠵᠣᠷᠢᠭ ᠢ᠋ᠶ᠋ᠠᠷ ᠶᠠᠪᠤᠨ ᠡᠭᠡᠨᠡᠭᠲᠡ ᠨᠢᠭᠡᠨ ᠠᠩᠭᠢ ᠶ᠋ᠢᠨ ᠶᠡᠬᠡ ᠴᠡᠷᠢᠭ ᠪᠠᠢᠭᠤᠯᠵᠤ᠂ ᠥᠪᠡᠷᠦᠨ ᠪᠡᠶ᠎ᠡ ᠪᠡᠷ ᠪᠠᠢᠯᠳᠤᠬᠤ ᠳᠠᠢᠯᠠᠬᠤ᠂ ᠠᠯᠠᠬᠤ ᠨᠢᠲᠤᠯᠬᠤ ᠡᠷᠬᠡ ᠲᠡᠢ ᠪᠣᠯᠤᠭᠠᠳ ᠡᠮᠦᠨᠡᠲᠦ ᠰᠥᠩ ᠤᠯᠤᠰ ᠲᠤᠷ ᠪᠠᠢᠨ ᠪᠠᠢᠨ ᠤᠷᠤᠭᠤᠯ ᠢ᠋ᠶ᠋ᠠᠷ ᠤᠷᠤᠯᠳᠤᠨ᠂ ᠪᠢᠴᠢᠭ ᠢ᠋ᠶ᠋ᠡᠷ ᠪᠢᠯᠴᠠᠯᠵᠠᠭᠤᠯᠤᠭᠴᠢ ᠵᠥᠷᠢᠭᠦᠦ ᠢᠰᠬᠦᠯᠡᠩ ᠬᠡᠯᠡᠯᠴᠡᠭᠴᠢ᠂ ᠬᠣᠴᠢᠯᠠᠭᠴᠢ ᠰᠠᠢᠳ ᠲᠦᠰᠢᠮᠡᠳ ᠭᠠᠷᠳᠠᠭ ᠲᠤᠯᠠ᠂ ᠲᠡᠳᠡᠭᠡᠷ ᠠᠷᠠᠳ ᠢ᠋ ᠠᠶᠤᠯᠭᠠᠨ ᠳᠠᠷᠤᠩᠭᠤᠢᠯᠠᠬᠤᠢ ᠶ᠋ᠢᠨ ᠲᠤᠯᠠᠳᠠ᠂ ᠤᠷᠢᠳᠤ ᠡᠵᠡᠨ ᠰᠢᠪᠠᠷ ᠮᠣᠷᠢ ᠪᠠᠷ ᠮᠥᠷᠡᠨ ᠢ᠋ ᠭᠡᠲᠦᠯᠪᠡ ᠭᠡᠮᠡᠨ ᠠᠷᠠᠳ ᠢᠷᠭᠡᠳ ᠢ᠋ ᠮᠡᠬᠡᠯᠡᠨ᠂ ᠡᠪᠳᠡᠷᠡᠭᠰᠡᠨ ᠰᠥᠩ ᠢ᠋ ᠵᠠᠯᠭᠠᠮᠵᠢᠯᠠᠨ ᠯᠢᠨ ᠠᠨ ᠬᠣᠲᠠ ᠳ᠋ᠤᠷ ᠰᠠᠭᠤᠭᠰᠠᠨ ᠠᠷᠪᠠᠳᠤᠭᠠᠷ ᠬᠠᠭᠠᠨ ᠰᠥᠩ ᠭᠣᠣᠽᠥ᠋ᠩ ᠦ᠋ᠨ ᠦᠶ᠎ᠡ ᠠᠴᠠ ᠠᠯᠲᠠᠨ ᠤᠯᠤᠰ ᠤ᠋ᠨ ᠸᠠᠨ ᠶᠠᠨ ᠡᠦ ᠵᠣ᠌ ᠳ᠋ᠤᠷ ᠦᠬᠦᠲᠡᠯ᠎ᠡ ᠳᠠᠷᠤᠭᠳᠠᠨ ᠪᠤᠰᠠᠨᠢᠲᠠᠯ᠎ᠠ ᠭᠢᠰᠬᠢᠯᠡᠭᠳᠡᠵᠦ᠂ ᠨᠢᠭᠡᠨᠲᠡ ᠠᠪᠠᠭ᠎ᠠ ᠡᠴᠢᠭᠡ ᠬᠠᠭᠠᠨ ᠭᠡᠮᠡᠨ ᠡᠷᠭᠦᠮᠵᠢᠯᠡᠨ᠂ ᠠᠯᠲᠠᠨ ᠤᠯᠤᠰ ᠢ᠋ ᠴᠦ᠍ ᠠᠪᠠᠭ᠎ᠠ ᠡᠴᠢᠭᠡ ᠤᠯᠤᠰ ᠭᠡᠮᠡᠨ ᠡᠶᠡᠳᠡᠨ ᠳᠠᠭᠠᠵᠤ᠂ ᠵᠢᠯ ᠪᠦᠷᠢ ᠶ᠋ᠢᠨ ᠠᠯᠲᠠᠨ ᠮᠥᠩᠭᠥᠨ᠂ ᠲᠣᠷᠭ᠎ᠠ ᠲᠥᠷᠭᠡ᠂ ᠱᠠ ᠱᠤ᠌ ᠶ᠋ᠢᠨ ᠵᠦᠢᠯ ᠦ᠋ᠨ ᠡᠳ᠋ ᠠᠭᠤᠷᠠᠰᠤᠨ ᠢ᠋ ᠬᠡᠳᠦ ᠬᠡᠳᠦᠨ ᠵᠠᠭᠤᠨ ᠲᠦᠮᠡᠨ ᠢ᠋ᠶ᠋ᠡᠷ ᠠᠯᠪᠠ ᠪᠠᠷᠢᠵᠤ ᠶᠠᠪᠤᠭᠰᠠᠭᠠᠷ ᠳᠥᠴᠢ ᠲᠠᠪᠢᠨ ᠣᠨ ᠪᠣᠯᠲᠠᠯ᠎ᠠ ᠪᠢᠯᠳᠠᠤᠴᠢᠯᠠᠨ ᠬᠦᠨᠳᠦᠯᠡᠭᠰᠡᠭᠡᠷ ᠨᠢᠭᠡᠮᠦᠰᠦᠨ ᠳᠠᠳᠤᠭᠰᠠᠨ ᠢ᠋ ᠡᠨᠡ ᠬᠠᠷᠭᠢᠰ ᠬᠠᠨ ᠲᠦᠸᠧ ᠵᠧᠦ ᠴᠡᠷᠢᠭ ᠠᠶᠠᠨ ᠤ᠋ ᠠᠶᠤᠯ ᠲᠦᠭᠰᠢᠭᠦᠷᠢ ᠪᠠ ᠪᠠᠢᠯᠳᠤᠭᠠᠨ ᠳᠠᠢᠯᠠᠯᠳᠤᠭᠠᠨ ᠤ᠋ ᠪᠡᠷᠬᠡ ᠵᠣᠪᠠᠭᠤᠷᠢ ᠬᠢᠭᠡᠳ ᠡᠮᠦᠨ᠎ᠡ ᠭᠠᠵᠠᠷ ᠤ᠋ᠨ ᠬᠥᠮᠦᠨ ᠤ ᠲᠥᠷᠥᠬᠦ ᠦᠬᠡᠨᠴᠡ ᠪᠠᠭᠤᠷᠠᠢ᠂ ᠤᠮᠠᠷ᠎ᠠ ᠣᠭᠲᠠᠷᠭᠤᠢ ᠶ᠋ᠢᠨ ᠵᠠᠩᠵᠤᠨ ᠴᠡᠷᠢᠭ ᠦ᠋ᠳ ᠦ᠋ᠨ ᠲᠡᠨᠡᠭ ᠴᠢᠭᠢᠷᠠᠭ ᠲᠤᠷ ᠦᠯᠦ ᠲᠡᠩᠴᠡᠬᠦ ᠬᠤᠪᠢᠶᠠᠷᠢ ᠢᠯᠭᠠᠮᠵᠢ ᠶ᠋ᠢ ᠥᠴᠦᠬᠡᠨ ᠴᠦ᠍ ᠮᠡᠳᠡᠬᠦ ᠦᠭᠡᠢ ᠪᠡᠷ ᠨᠢᠭᠡᠬᠡᠨ ᠴᠠᠭ ᠤ᠋ᠨ ᠬᠠᠷᠠᠩᠭᠤᠢ ᠣᠮᠣᠭ᠂ ᠬᠠᠷᠭᠢᠰ ᠠᠳᠬᠠᠭ ᠢ᠋ᠶ᠋ᠠᠷ ᠥᠪᠡᠷᠦᠨ ᠰᠦᠷ ᠡᠷᠬᠡ ᠪᠡᠨ ᠥᠰᠬᠡᠬᠦᠢ ᠶ᠋ᠢ ᠪᠣᠳᠣᠵᠤ ᠮᠤᠰᠬᠢᠨ ᠴᠢᠷᠮᠠᠢᠵᠤ ᠬᠦᠴᠦᠯᠡᠨ ᠱᠠᠭᠠᠷᠳᠠᠬᠤ ᠪᠣᠢ ‍ᠶ᠎ᠠ᠃ ᠴᠡᠷᠢᠭ ᠲᠡᠢᠨ ᠦᠷᠭᠦᠯᠵᠢᠯᠡᠨ ᠤᠯᠤᠰ ᠢᠷᠭᠡᠨ᠎ᠡ ᠭᠠᠮᠰᠢᠭ ᠪᠣᠯᠭᠠᠨ᠂ ᠡᠳ᠋ ᠰᠠᠷᠨᠢᠨ ᠠᠮᠤ ᠳᠤᠲᠠᠵᠤ᠂ ᠠᠯᠪᠠᠨ ᠭᠤᠪᠴᠢᠭᠤᠷ ᠳᠠᠪᠬᠤᠷᠳᠠᠵᠤ᠂ ᠭᠠᠢᠯᠢ ᠬᠤᠷᠢᠶᠠᠯᠭ᠎ᠠ ᠵᠤᠵᠠᠭᠠᠷᠠᠬᠤ ᠶ᠋ᠢ ᠪᠠᠬᠠᠨ ᠴᠤ᠌ ᠰᠠᠨᠠᠬᠤ ᠦᠭᠡᠢ᠂ ᠡᠮᠦᠨ᠎ᠡ ᠵᠦᠭ ᠳᠤᠲᠠᠭᠠᠵᠤ ᠢᠷᠡᠨ᠂ ᠯᠢᠨ ᠠᠨ ᠬᠣᠲᠠ ᠳ᠋ᠤᠷ ᠰᠠᠭᠤᠵᠤ᠂ ᠭᠤᠤᠽᠦ᠋ᠩ ᠦ᠋ᠨ ᠵᠢᠶᠠᠨ ᠶᠠᠨ ᠤ᠋ ᠠᠩᠬ᠎ᠠ ᠣᠨ ᠤ᠋ ᠤᠯᠠᠭᠠᠭᠴᠢᠨ ᠬᠣᠨᠢᠨ ᠵᠢᠯ ᠡᠴᠡ ᠡᠨᠡ ᠬᠥᠬᠡᠭᠴᠢᠨ ᠦᠬᠡᠷ ᠵᠢᠯ ᠪᠣᠯᠲᠠᠯ᠎ᠠ᠂ ᠳᠠᠯᠠᠨ ᠶᠢᠰᠦᠨ ᠣᠨ ᠤ᠋ ᠳᠣᠲᠣᠷ᠎ᠠ ᠳᠥᠴᠢᠭᠡᠳ ᠵᠢᠯ ᠠᠯᠲᠠᠨ ᠤᠯᠤᠰ ᠲᠤᠷ ᠰᠡᠭᠬᠢᠯ ᠦᠭᠡᠢ ᠳᠠᠷᠤᠭᠳᠠᠵᠤ᠂ ᠵᠠᠭᠤᠨ ᠵᠦᠢᠯ ᠢ᠋ᠶ᠋ᠡᠷ ᠭᠤᠲᠤᠭᠠᠭᠳᠠᠨ ᠳᠣᠷᠣᠮᠵᠢᠯᠠᠭᠳᠠᠵᠤ᠂ ᠭᠤᠶᠤᠴᠢᠯᠠᠨ ᠮᠥᠷᠭᠥᠵᠦ ᠠᠪᠠᠭ᠎ᠠ ᠡᠴᠢᠭᠡ ᠪᠥᠯᠥᠭᠡ᠂ ᠡᠪᠦᠭᠡ ᠡᠴᠢᠭᠡ ᠪᠥᠯᠥᠭᠡ ᠭᠡᠮᠡᠨ ᠡᠷᠭᠦᠯᠬᠢᠯᠡᠨ ᠪᠠᠢᠵᠤ ᠡᠶᠡᠳᠡᠵᠦ᠂ ᠴᠡᠷᠢᠭ ᠲᠡᠢᠨ ᠵᠣᠭᠰᠣᠨ᠂ ᠵᠣᠪᠠᠯᠠᠩ ᠢ᠋ᠶ᠋ᠠᠨ ᠬᠥᠩᠭᠡᠷᠡᠭᠦᠯᠦᠭᠰᠡᠭᠡᠷ ᠠᠷᠠᠢᠬᠠᠨ ᠳᠥᠴᠢᠨ ᠢᠯᠡᠭᠦᠦ ᠲᠠᠪᠢᠭᠠᠳ ᠣᠨ ᠪᠣᠯᠤᠭᠰᠠᠨ ᠢ᠋ᠶ᠋ᠠᠨ ᠣᠭᠲᠣ ᠰᠠᠨᠠᠬᠤ ᠦᠭᠡᠢ ᠪᠡᠷ ᠪᠠᠰᠠ ᠠᠯᠲᠠᠨ ᠤᠯᠤᠰ ᠲᠤᠷ ᠲᠣᠯᠣᠭᠠᠢ ᠳᠠᠷᠤᠭᠳᠠᠨ ᠠᠯᠪᠠ ᠪᠠᠷᠢᠬᠤ ᠦᠭᠡᠢ᠂ ᠥᠪᠡᠷ ᠦ᠋ᠨ ᠬᠦᠴᠦᠨ ᠢ᠋ ᠨᠡᠮᠡᠭᠳᠡᠭᠦᠯᠰᠦᠭᠡᠢ ᠭᠡᠮᠡᠨ ᠲᠡᠨᠡᠭ ᠬᠡᠦᠬᠡᠳ ᠮᠡᠲᠦ ᠪᠡᠷ ᠵᠣᠷᠢᠭ ᠮᠡᠳᠡᠨ ᠳᠤᠷ᠎ᠠ ᠪᠠᠷ ᠦᠢᠯᠡᠳᠦᠨ ᠡᠭᠦᠰᠬᠡᠵᠦ᠂ ᠨᠢᠳᠤᠨᠤᠨ ᠤ᠋ ᠬᠥᠬᠡ ᠬᠤᠯᠤᠭᠠᠨ᠎ᠠ ᠵᠢᠯ ᠡᠴᠡ ᠡᠬᠢᠯᠡᠨ᠂ ᠪᠠᠷᠠᠭᠤᠨ ᠱᠤ᠌ ᠶ᠋ᠢᠨ ᠭᠠᠵᠠᠷ ᠠ᠋ᠴᠠ ᠲᠡᠷᠢᠭᠦᠯᠡᠨ ᠡᠯ᠎ᠡ ᠭᠠᠵᠠᠷ ᠣᠷᠣᠨ ᠤ᠋ ᠲᠡᠳᠡᠭᠡᠷ ᠰᠢᠳᠤᠷᠭᠤ ᠢᠷᠭᠡᠳ ᠢ᠋ ᠳᠠᠷᠤᠯᠠᠨ ᠬᠥᠨᠥᠭᠡᠵᠦ ᠠᠮᠢᠳᠤᠷᠠᠭᠴᠢ ᠬᠠᠷᠭᠢᠰ ᠪᠤᠷᠤᠩᠬᠤᠢ ᠪᠤᠰᠤᠴᠢᠷ ᠪᠣᠭᠣᠯᠴᠤᠳ ᠢ᠋ ᠡᠯᠰᠡᠨ ᠴᠤᠭᠯᠠᠭᠤᠯᠵᠤ ᠂ ᠴᠡᠷᠢᠭ ᠪᠠᠢᠭᠤᠯᠬᠤ ᠰᠢᠯᠲᠠᠭ ᠵᠢᠭᠠᠵᠤ᠂ ᠵᠢᠶᠦ᠋ᠨ᠂  ᠹᠦ ᠂ ᠵᠧᠦ ᠂ ᠰᠢᠶᠠᠨ ᠪᠦᠬᠦᠨ ᠡᠴᠡ ᠮᠣᠷᠢ ᠬᠣᠷᠢᠶᠠᠨ ᠡᠳ᠋ ᠲᠠᠲᠠᠪᠤᠷᠢᠯᠠᠨ᠂ ᠠᠮᠤ ᠨᠥᠭᠡᠵᠦ ᠵᠡᠪᠰᠡᠭ ᠦᠢᠯᠡᠳᠬᠦᠶ᠎ᠡ ᠠᠯᠲᠠᠨ ᠤᠯᠤᠰ ᠤ᠋ᠨ ᠣᠯᠠᠨ ᠵᠥᠪᠯᠡᠯ ᠦ᠋ᠨ ᠰᠠᠢᠳ ᠤ᠋ᠳ ᠬᠡᠳᠦᠢᠨᠡᠢ ᠰᠣᠨᠣᠰᠴᠤ᠂ ᠠᠯᠲᠠᠨ ᠤᠯᠤᠰ ᠤ᠋ᠨ ᠵᠠᠩᠽᠦ᠋ᠩ ᠬᠠᠭᠠᠨ ᠳ᠋ᠠᠭᠠᠨ ᠪᠣᠳᠣᠷᠣᠣᠯ ᠪᠢᠴᠢᠭ ᠠᠢᠯᠠᠳᠬᠠᠵᠤ᠄ 
       《ᠡᠮᠦᠨᠡᠲᠦ ᠰᠥᠩ ᠤᠯᠤᠰ ᠨᠢᠳᠤᠨᠤᠨ ᠵᠢᠯ ᠬᠣᠢᠲᠤᠬᠢ ᠪᠧᠲ᠋ᠠ᠋ ᠤᠯᠤᠰ ᠪᠠ ᠲᠠᠩᠭᠤᠳ ᠤᠯᠤᠰ ᠢ᠋ ᠠᠮᠠᠷᠬᠠᠯᠠᠨ᠂ ᠶᠡᠬᠡ ᠪᠡᠯᠡᠭ ᠬᠥᠷᠭᠡᠭᠦᠯᠦᠨ ᠭᠤᠶᠤᠴᠢᠯᠠᠭᠠᠳ᠂ ᠡᠨᠡ ᠵᠢᠯ ᠣᠳᠣ ᠡᠮᠦᠨ᠎ᠡ ᠵᠦᠭ ᠢ᠋ ᠠᠪᠬᠤ ᠶ᠋ᠢ ᠪᠡᠯᠡᠳᠬᠡᠯᠴᠡᠨ ᠪᠠᠢᠮᠤᠢ᠃ ᠰᠥᠩ ᠤᠯᠤᠰ ᠤ᠋ᠨ ᠤᠭ ᠲᠣᠭᠲᠠᠨᠢᠭᠰᠠᠨ ᠠᠨᠤ᠂ ᠰᠥᠩ ᠤᠯᠤᠰ ᠤ᠋ᠨ ᠵᠦᠩ ᠢ ᠵᠢᠶᠦ᠋ᠨ᠂ ᠪᠤᠤ ᠵᠢᠶᠧ ᠵᠢᠶᠦ᠋ᠨ ᠵᠡᠷᠭᠡ ᠶ᠋ᠢᠨ ᠴᠡᠷᠢᠭ ᠦ᠋ᠳ ᠢ᠋ᠶ᠋ᠡᠷ ᠰᠥᠩ ᠤᠯᠤᠰ ᠤ᠋ᠨ ᠲᠠᠢᠽᠦ ᠶ᠋ᠢᠨ ᠺᠠᠢ ᠪᠤᠤ ᠶ᠋ᠢᠨ ᠣᠨ ᠠ᠋ᠴᠠ ᠡᠬᠢᠯᠡᠨ᠂ ᠳᠤᠮᠳᠠᠳᠤ ᠤᠯᠤᠰ ᠢ᠋ ᠪᠠᠢᠯᠳᠤᠵᠤ᠂ ᠬᠡᠵᠢᠶ᠎ᠡ ᠬᠣᠵᠢᠮ ᠰᠥᠩ ᠵᠸᠨ᠋ᠽᠦ᠋ᠩ ᠦ᠋ᠨ ᠦᠶ᠎ᠡ ᠶ᠋ᠢᠨ ᠲᠢᠶᠠᠨ ᠰᠢ ᠶ᠋ᠢᠨ ᠣᠨ ᠪᠣᠯᠲᠠᠯ᠎ᠠ ᠲᠠᠪᠢᠨ ᠵᠢᠯ ᠪᠠᠢᠯᠳᠤᠵᠤ ᠰᠠᠶᠢ ᠳᠤᠮᠳᠠᠳᠤ ᠤᠯᠤᠰ ᠢ᠋ ᠪᠦᠷᠢᠨ ᠣᠯᠤᠭᠰᠠᠨ ᠪᠥᠭᠡᠲᠡᠯ᠎ᠡ ᠪᠢᠳᠡ ᠡᠳᠦᠭᠡ ᠡᠷᠲᠡᠬᠡᠨ ᠡᠰᠡ ᠵᠠᠪᠰᠢᠪᠠᠰᠤ ᠯᠠᠪ ᠣᠯᠤᠭᠰᠠᠨ ᠭᠠᠵᠠᠷ ᠣᠷᠣᠨ ᠢ᠋ ᠡᠭᠡᠭᠦᠯᠦᠨ ᠠᠪᠲᠠᠮᠤᠢ᠃ ᠡᠳᠦᠭᠡ ᠰᠥᠩ ᠤᠯᠤᠰ ᠤ᠋ᠨ ᠪᠡᠯᠡᠳᠬᠡᠬᠦ ᠠᠨᠤ ᠴᠥᠮ ᠵᠦᠩ ᠢ᠂ ᠪᠤᠤ ᠵᠢᠶᠧ ᠶ᠋ᠢᠨ ᠠᠳᠠᠯᠢ ᠴᠡᠷᠢᠭ ᠪᠣᠯᠠᠢ !》 ᠬᠡᠮᠡᠭᠰᠡᠨ᠎ᠡ ᠠᠯᠲᠠᠨ ᠤ᠋ ᠵᠠᠩᠽᠦ᠋ᠩ ᠬᠠᠭᠠᠨ ᠳᠠᠷᠤᠢ ᠫᠦ ᠰᠠᠨ ᠺᠦᠢ ᠶ᠋ᠢ ᠫᠢᠩ ᠵᠠᠩ ᠵᠧᠩ ᠱᠢ ᠪᠥᠭᠡᠳ ᠾᠧᠨᠠᠨ ᠮᠣᠵᠢ ᠶ᠋ᠢᠨ ᠨᠡᠢᠭᠡᠮᠯᠡᠨ ᠵᠠᠬᠢᠷᠬᠤ ᠶᠡᠬᠡ ᠰᠢᠦᠸᠠᠨ ᠹᠦ ᠱᠢ ᠲᠦᠰᠢᠮᠡᠯ ᠢ᠋ ᠬᠠᠪᠰᠤᠷᠤᠭᠤᠯᠤᠨ᠂ ᠪᠠᠰᠠ ᠪᠢᠶᠠᠨ ᠯᠢᠶᠠᠩ ᠤ᠋ᠨ ᠴᠡᠷᠢᠭ ᠲᠡᠢ ᠠᠪᠴᠤ ᠡᠮᠦᠨ᠎ᠡ ᠵᠦᠭ ᠣᠷᠣᠪᠠ᠃ ᠡᠨᠡ ᠭᠤᠷᠪᠠᠨ ᠰᠡᠷᠡᠳᠡ᠂ ᠭᠡᠭᠡᠬᠡᠨ ᠡᠳᠦᠷ ᠨᠡᠷᠡᠨ᠎ᠡ ᠲᠠᠢ ᠪᠠᠢ - ᠴᠣᠯᠮᠣᠨ ᠬᠡᠮᠡᠬᠦ ᠠᠯᠲᠠᠨ ᠣᠳᠣᠨ ᠦᠵᠡᠭᠳᠡᠵᠦ ᠰᠥᠩ ᠤᠯᠤᠰ ᠬᠠᠷᠠᠬᠠᠨ ᠦᠢᠮᠡᠯᠳᠦᠬᠦᠶ᠎ᠡ᠂ ᠠᠯᠲᠠᠨ ᠤ᠋ ᠴᠡᠷᠢᠭ ᠦ᠋ᠨ ᠮᠡᠳᠡᠭᠡ ᠳᠣᠪᠲᠣᠯᠤᠨ ᠬᠦᠷᠴᠦᠬᠦᠢ᠃ 
       ᠮᠤᠬᠤᠯᠢ ᠪᠤᠭᠤᠷᠵᠢ ᠶ᠋ᠢᠨ ᠰᠢᠯᠦᠭᠯᠡᠯ ᠪᠡᠯᠡᠭᠯᠡᠯ ᠦᠨᠡᠬᠡᠷ ᠶᠠᠭᠤᠲᠠᠢ ᠴᠤ᠌ ᠰᠠᠢᠬᠠᠨ! 
       ᠮᠣᠩᠭᠣᠯ ᠤ᠋ᠨ ᠪᠣᠭᠳᠠ ᠶ᠋ᠢᠨ ᠰᠠᠢᠰᠢᠶᠠᠯ ᠢᠷᠦᠭᠡᠳ ᠦᠶ᠎ᠡ ᠤᠯᠠᠷᠢᠲᠠᠯ᠎ᠠ ᠰᠢᠩᠭᠡᠵᠦᠬᠦᠢ᠃ 
       ᠮᠤᠬᠤᠭᠳᠠᠯ ᠭᠠᠴᠢᠭᠳᠠᠯ ᠤ᠋ᠨ ᠨᠠᠢ᠍ᠮᠠᠨᠴᠢ ᠭᠦᠩᠵᠦ ᠨᠠᠬᠠᠨ ᠴᠤ᠌ ᠦᠭᠡᠢ ᠢᠷᠦᠭᠡᠯᠲᠡᠢ᠂ 
       ᠮᠤᠳᠣᠳᠠᠭᠠᠨ ᠮᠥᠷᠭᠥᠭᠰᠡᠨ ᠰᠠᠢᠬᠠᠨ ᠰᠤᠷᠲᠠᠯᠲᠤ ᠮᠣᠬᠣᠰᠢ ᠦᠭᠡᠢ ᠴᠢᠳᠠᠪᠤᠷᠢᠲᠠᠢ᠃