ᠵᠢᠷᠠᠨ ᠵᠢᠰᠦ ᠬᠡᠮᠡᠬᠦ ᠭᠡᠭᠡᠨ ᠲᠣᠯᠢ ᠣᠷᠣᠰᠢᠮᠤᠢ - 1 Жаран зүс хэмээх гэгээн толь оршмуй - 1 ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠢᠷᠠᠨ ᠵᠢᠰᠦ ᠬᠡᠮᠡᠬᠦ ᠭᠡᠭᠡᠨ ᠲᠣᠯᠢ ᠣᠷᠣᠰᠢᠮᠤᠢ - 1 Жаран зүс хэмээх гэгээн толь оршмуй - 1

ᠵᠢᠷᠠᠨ ᠵᠢᠰᠦ ᠬᠡᠮᠡᠬᠦ ᠭᠡᠭᠡᠨ ᠲᠣᠯᠢ ᠣᠷᠣᠰᠢᠮᠤᠢ - 1 Жаран зүс хэмээх гэгээн толь оршмуй - 1

ᠠᠩᠭᠢᠯᠠᠯ:ᠵᠠᠩ ᠦᠢᠯᠡ
2024-04-24

375


       ᠡᠷᠳᠡᠨᠢ ᠴᠣᠭᠴᠠᠯᠠᠭᠰᠠᠨ ᠦᠨᠳᠦᠰᠦᠲᠡᠨ ᠤ ᠡᠷᠳᠡᠨᠢ ᠶ᠋ᠢᠨ ᠪᠡᠶ᠎ᠡ ᠶᠢ ᠣᠯᠵᠤ ᠲᠥᠷᠥᠭᠰᠡᠨ ᠬᠥᠮᠦᠨ ᠠᠮᠢᠲᠠᠨ ᠤ ᠲᠥᠷᠥᠯᠬᠢ ᠶ᠋ᠢ ᠪᠠᠷᠢᠯᠳᠤᠭᠰᠠᠨ ᠵᠠᠶᠠᠭᠠᠨ ᠤ᠋ ᠰᠠᠢᠨ ᠪᠠ ᠮᠠᠭᠤ ᠶ᠋ᠢ ᠲᠣᠳᠣᠷᠬᠠᠢ ᠦᠵᠡᠭᠦᠯᠦᠭᠰᠡᠨ ᠵᠢᠷᠠᠨ ᠵᠢᠰᠦᠨ ᠦ᠌ ᠭᠡᠭᠡᠨ ᠲᠣᠯᠢ᠂ ᠡᠭᠦᠨ ᠳ᠋ᠦ᠍ᠷ ᠲᠥᠷᠥᠭᠰᠡᠨ ᠣᠷᠣᠨ ᠮᠡᠩᠭᠡ ᠵᠢᠯ ᠬᠢᠭᠡᠳ ᠰᠠᠷ᠎ᠠ ᠪᠠ ᠡᠳᠦᠷ ᠴᠠᠭ ᠤ᠋ᠨ ᠢᠯᠭᠠᠯ ᠢ᠋ᠶ᠋ᠠᠷ ᠮᠡᠳᠡᠬᠦᠢ ᠶ᠋ᠢᠨ ᠲᠤᠯᠠ᠂ ᠣᠷᠣᠨ ᠮᠡᠩᠭᠡ ᠶ᠋ᠢᠨ ᠪᠠᠭᠰᠢ ᠳ᠋ᠤ᠌ ᠲᠣᠭᠠᠯᠠᠭᠳᠠᠬᠤ ᠲᠥᠷᠥᠭᠰᠡᠨ ᠵᠢᠯ ᠰᠠᠷ᠎ᠠ ᠡᠳᠦᠷ ᠴᠠᠭ ᠢ᠋ᠶ᠋ᠠᠨ ᠦᠵᠡᠭᠦᠯᠦᠭᠴᠢ ᠥᠪᠡᠷ ᠢ᠋ᠶ᠋ᠡᠨ ᠬᠡᠯᠡᠭᠲᠦᠨ᠂ ᠬᠥᠮᠦᠨ ᠤ ᠲᠥᠷᠥᠭᠰᠡᠨ ᠵᠢᠯ ᠦ᠋ᠨ ᠠᠮᠢᠨ ᠪᠡᠶ᠎ᠡ ᠡᠷᠬᠡᠲᠡᠨ ᠬᠡᠢ ᠮᠣᠷᠢ᠂ ᠰᠦᠨᠡᠰᠦ᠂ ᠲᠠᠪᠤᠨ ᠮᠠᠬᠠᠪᠣᠳ ᠤ᠋ᠨ ᠳᠡᠯᠭᠡᠷᠡᠬᠦᠢ ᠪᠠᠭᠤᠷᠠᠬᠤᠢ ᠬᠢᠭᠡᠳ ᠡᠬᠡ ᠬᠥᠪᠡᠭᠦᠨ ᠨᠥᠬᠥᠷ ᠳᠠᠢᠰᠤᠨ ᠤᠴᠠᠷᠠᠬᠤ ᠲᠡᠷᠢᠭᠦᠲᠡᠨ ᠢ ᠰᠠᠢᠲᠤᠷ ᠰᠢᠨᠵᠢᠯᠡᠨ ᠲᠣᠳᠣᠷᠬᠠᠢ ᠦᠵᠡᠨ ᠮᠡᠳᠡᠪᠡᠰᠦ ᠬᠥᠮᠦᠨ ᠤ ᠨᠢᠭᠡᠨ ᠨᠠᠰᠤᠨ᠎ᠠ ᠳᠡᠭᠡᠳᠦ ᠳᠤᠮᠳᠠᠳᠤ ᠳᠣᠣᠷᠠᠲᠤ ᠵᠠᠶᠠᠭ᠎ᠠ ᠠᠯᠢ ᠨᠠᠰᠤᠨ᠎ᠠ ᠵᠢᠷᠭᠠᠬᠤ ᠬᠢᠭᠡᠳ ᠣᠯᠵᠠ᠂ ᠬᠥᠮᠦᠨ ᠤ ᠬᠦᠰᠡᠯ ᠬᠠᠨᠤᠬᠤ ᠰᠢᠲᠦᠬᠦ ᠠᠪᠤᠷᠠᠯ ᠲᠤᠰᠠᠲᠤ ᠨᠥᠬᠥᠷ ᠵᠢᠷᠭᠠᠯᠠᠩ ᠤ᠋ᠨ ᠮᠥᠷ ᠢ ᠡᠷᠢᠨ ᠣᠯᠣᠭᠤᠯᠤᠭᠰᠠᠨ ᠠᠮᠢᠲᠠᠨ ᠤ᠋ ᠲᠤᠰᠠ ᠶ᠋ᠢ ᠠᠭᠤᠤ ᠶᠡᠬᠡ ᠭᠠᠷᠭᠠᠬᠤ ᠶ᠋ᠢᠨ ᠲᠤᠯᠠᠳᠠ ᠡᠷᠳᠡᠨᠢ ᠴᠣᠭᠴᠠᠯᠠᠭᠰᠠᠨ ᠦᠨᠳᠦᠰᠦᠲᠡᠨ ᠡᠴᠡ ᠳᠡᠪᠲᠡᠷ ᠲᠣᠷ ᠬᠠᠮᠲᠤᠤᠬᠠᠨ ᠠᠪᠤᠭᠰᠠᠨ ᠭᠡᠭᠡᠨ ᠲᠣᠯᠢ ᠡᠭᠦᠨ ᠢ᠋ ᠦᠵᠡᠭᠴᠢ ᠬᠣᠶᠠᠷ ᠡᠲᠡᠭᠡᠳ ᠪᠡᠶ᠎ᠡ ᠠᠷᠢᠭᠤᠳᠬᠠᠨ ᠮᠡᠳᠡᠭᠴᠢᠳ ᠦ᠋ᠨ ᠡᠵᠡᠨ ᠬᠤᠲᠤᠭᠲᠤ ᠮᠠᠨᠽᠤᠰᠢᠷᠢ ᠳ᠋ᠤᠷ ᠵᠠᠯᠪᠠᠷᠢᠨ ᠮᠥᠷᠭᠥᠵᠦ ᠦᠨᠡᠨ ᠬᠦ᠌ ᠰᠦᠰᠦᠭ ᠦ᠋ᠨ ᠡᠭᠦᠳᠡᠨ ᠡᠴᠡ ᠬᠢᠴᠢᠶᠡᠩᠭᠦᠢᠯᠡᠨ ᠦᠵᠡᠨ ᠦᠵᠡᠭᠦᠯᠲᠦᠭᠡᠢ᠂ ᠪᠢᠲᠡᠭᠡᠢ ᠬᠠᠭᠤᠷᠮᠠᠭ ᠨᠠᠭᠠᠳᠤᠮ ᠮᠡᠲᠦ ᠲᠠᠨᠢᠵᠤ ᠪᠤᠷᠤᠭᠤ ᠰᠡᠵᠢᠭ ᠲᠥᠷᠥᠭᠡᠳ ᠬᠠᠷᠠᠩᠭᠤᠢ ᠲᠥᠪ ᠲᠣᠷ ᠦᠯᠦ ᠲᠥᠷᠥᠭᠲᠦᠨ᠃  
       ᠳᠣᠭᠰᠢᠨ ᠵᠢᠯ ᠦ᠋ᠨ ᠢᠯᠭᠠᠯ ᠠᠨᠤ : ᠮᠣᠳᠣᠨ ᠬᠤᠯᠤᠭᠠᠨ᠎ᠠ ᠮᠣᠳᠣᠨ ᠦᠬᠡᠷ ᠭᠠᠯ ᠬᠤᠯᠤᠭᠠᠨ᠎ᠠ ᠭᠠᠯ ᠦᠬᠡᠷ 4.5  ᠰᠢᠷᠣᠢ ᠬᠤᠯᠤᠭᠠᠨ᠎ᠠ ᠰᠢᠷᠣᠢ ᠦᠬᠡᠷ ᠲᠡᠮᠦᠷ ᠬᠤᠯᠤᠭᠠᠨ᠎ᠠ 1.10  ᠲᠡᠮᠦᠷ ᠦᠬᠡᠷ 1.7.11  ᠤᠰᠤᠨ ᠬᠤᠯᠤᠭᠠᠨ᠎ᠠ 3.6.9 11  ᠤᠰᠤᠨ ᠦᠬᠡᠷ 11  ᠮᠣᠳᠣᠨ ᠪᠠᠷᠰ ᠮᠣᠳᠣᠨ ᠲᠠᠤᠯᠠᠢ 9   ᠭᠠᠯ ᠪᠠᠷᠰ 2   ᠭᠠᠯ ᠲᠠᠤᠯᠠᠢ2   ᠰᠢᠷᠣᠢ ᠪᠠᠷᠰ ᠰᠢᠷᠣᠢ ᠲᠠᠤᠯᠠᠢ11  ᠲᠡᠮᠦᠷ ᠪᠠᠷᠰ ᠲᠡᠮᠦᠷ ᠲᠠᠤᠯᠠᠢ ᠤᠰᠤᠨ ᠪᠠᠷᠰ 8.10  ᠤᠰᠤᠨ ᠲᠠᠤᠯᠠᠢ10.11  ᠮᠣᠳᠣᠨ ᠯᠤᠤ10  ᠮᠣᠳᠣᠨ ᠮᠣᠭᠠᠢ 10   ᠭᠠᠯ ᠯᠤᠤ2   ᠭᠠᠯ ᠮᠣᠭᠠᠢ2.3   ᠰᠢᠷᠣᠢ ᠯᠤᠤ 4.5   ᠰᠢᠷᠣᠢ ᠮᠣᠭᠠᠢ 11.12  ᠲᠡᠮᠦᠷ ᠯᠤᠤ ᠲᠡᠮᠦᠷ 21   ᠮᠣᠭᠠᠢ ᠤᠰᠤᠨ ᠯᠤᠤ4   ᠤᠰᠤᠨ ᠮᠣᠭᠠᠢ4.8  ᠮᠣᠳᠣᠨ ᠮᠣᠷᠢ ᠮᠣᠳᠣᠨ ᠬᠣᠨᠢ7  ᠭᠠᠯ ᠮᠣᠷᠢ 2.6.9.10  ᠭᠠᠯ ᠬᠣᠨᠢ 2.10   ᠰᠢᠷᠣᠢ ᠮᠣᠷᠢ ᠰᠢᠷᠣᠢ ᠬᠣᠨᠢ  ᠲᠡᠮᠦᠷ ᠮᠣᠷᠢ ᠲᠡᠮᠦᠷ ᠬᠣᠨᠢ3.5  ᠤᠰᠤᠨ ᠮᠣᠷᠢ 11   ᠤᠰᠤᠨ ᠬᠣᠨᠢ 11  ᠮᠣᠳᠣᠨ ᠪᠡᠴᠢ ᠮᠣᠳᠣᠨ ᠲᠠᠬᠢᠶ᠎ᠠ3   ᠭᠠᠯ ᠪᠠᠴᠢ 2.4  ᠭᠠᠯ ᠲᠠᠬᠢᠶ᠎ᠠ2   ᠰᠢᠷᠣᠢ ᠪᠠᠴᠢ5.10  ᠰᠢᠷᠣᠢ ᠲᠠᠬᠢᠶ᠎ᠠ 10.11  ᠲᠡᠮᠦᠷ ᠪᠠᠴᠢ8  ᠲᠡᠮᠦᠷ ᠲᠠᠬᠢᠶ᠎ᠠ 4.5.9  ᠤᠰᠤᠨ ᠪᠠᠴᠢ ᠤᠰᠤᠨ ᠲᠠᠬᠢᠶ᠎ᠠ3.11  ᠮᠣᠳᠣᠨ ᠨᠣᠬᠠᠢ12  ᠮᠣᠳᠣᠨ ᠭᠠᠬᠠᠢ ᠭᠠᠯ ᠨᠣᠬᠠᠢ2  ᠭᠠᠯ ᠭᠠᠬᠠᠢ5  ᠰᠢᠷᠣᠢ ᠨᠣᠬᠠᠢ ᠰᠢᠷᠣᠢ ᠭᠠᠬᠠᠢ11  ᠲᠡᠮᠦᠷ ᠨᠣᠬᠠᠢ 1.4.5.10  ᠲᠡᠮᠦᠷ ᠭᠠᠬᠠᠢ1.3.10  ᠤᠰᠤᠨ ᠨᠣᠬᠠᠢ ᠤᠰᠤᠨ ᠭᠠᠬᠠᠢ3᠃ 
       ᠳᠣᠭᠰᠢᠨ ᠵᠢᠯᠤᠨ ᠢᠯᠭᠠᠯ ᠢ᠋ ᠡᠭᠦᠨ ᠢᠶᠠᠷ ᠮᠡᠳᠡᠭᠲᠦᠨ ᠤᠷᠢᠳᠠ ᠪᠢᠴᠢᠭᠰᠡᠨ ᠲᠣᠭ᠎ᠠ : 1.ᠳᠥᠷᠪᠡᠨ ᠲᠡᠮᠦᠷ ᠦ᠋ᠨ4 ᠵᠢᠯ ᠪᠣᠯᠠᠢ ᠃ 2.ᠨᠠᠢ᠍ᠮᠠᠨ ᠭᠠᠯ ᠤ᠋ᠨ ᠵᠢᠯᠤᠨ ᠪᠣᠯᠠᠢ᠃ 3. ᠮᠠᠭᠤ ᠢᠷᠣ᠎ᠠ ᠳ᠋ᠤ᠌ 7 ᠵᠢᠯ ᠮᠥᠨ᠃  4. ᠥᠴᠦᠬᠡᠨ ᠬᠡᠰᠢᠭᠲᠦ 6 ᠵᠢᠯ᠃ 5. ᠬᠣᠷᠣᠬᠠᠢ ᠬᠠᠵᠠᠬᠤ ᠮᠡᠲᠦ7 ᠵᠢᠯ᠃  6. ᠣᠭᠲᠠᠷᠭᠤᠢ ᠪᠠᠷ ᠭᠠᠵᠠᠷᠤᠨ ᠬᠠᠷᠢᠭᠤᠯᠤᠯ᠃ 7. ᠦᠬᠦᠭᠡᠷ ᠦ᠋ᠨ ᠳᠥᠷᠪᠡᠨ ᠬᠠᠷ᠎ᠠ ᠵᠢᠯ᠃  8. ᠣᠭᠲᠠᠷᠭᠤᠢ ᠪᠠᠷ ᠬᠠᠢᠯᠠᠬᠤᠢ3 ᠰᠢᠷ᠎ᠠ ᠬᠥᠪᠡᠭᠦᠨ᠃ 9. ᠴᠢᠳᠬᠥᠷ ᠦ᠋ᠨ ᠮᠠᠭᠤ4 ᠵᠢᠯ ᠪᠣᠯᠠᠢ᠃ 10. ᠥᠪᠡᠷ ᠪᠤᠰᠤᠳ ᠲᠤᠷ ᠬᠣᠣᠷᠲᠤ 12 ᠵᠢᠯ᠃  11.ᠭᠠᠭᠴᠠ ᠥᠪᠡᠷ ᠲᠡᠭᠡᠨ ᠬᠣᠣᠷᠲᠤ 12 ᠵᠢᠯ᠃ 12. ᠲᠠᠪᠤᠨ ᠮᠠᠬᠠᠪᠣᠳ ᠲᠡᠭᠦᠰᠦᠭᠰᠡᠨ 12 ᠵᠢᠯ᠃  
      1.ᠲᠡᠮᠦᠷ ᠨᠣᠬᠠᠢ ᠭᠠᠬᠠᠢ ᠲᠠᠪᠤᠨ ᠬᠢᠩᠭᠠᠷ ᠮᠡᠲᠦ᠂ ᠤᠷᠢᠳᠤ ᠪᠠᠨ ᠵᠠᠭᠤᠵᠤ ᠬᠣᠢᠲᠤ ᠪᠠᠨ ᠢᠰᠬᠦᠯᠬᠦᠢ᠂ ᠥᠪᠡᠷ ᠦ᠋ᠨ ᠰᠠᠢᠨ ᠮᠠᠭᠤ ᠬᠣᠶᠠᠷ ᠡᠴᠦᠰ ᠲᠦ᠍ᠷ ᠬᠦᠷᠬᠦᠶ᠎ᠡ ᠪᠡᠷᠬᠡ᠂ ᠲᠡᠮᠦᠷ ᠬᠤᠯᠤᠭᠠᠨ᠎ᠠ ᠦᠬᠡᠷ ᠡᠭᠦᠷᠬᠦ ᠵᠢᠯ ᠪᠤᠶᠤ᠂ ᠦᠷᠭᠦᠯᠵᠢ ᠵᠣᠪᠠᠯᠠᠩ ᠠ᠋ᠴᠠ ᠲᠤᠢᠯᠠᠬᠤ ᠪᠥᠭᠡᠳ ᠡᠷ᠎ᠡ ᠡᠮ᠎ᠡ ᠪᠠ ᠠᠬ᠎ᠠ ᠳᠡᠭᠦᠦ ᠳ᠋ᠡᠭᠡᠨ ᠬᠠᠷᠰᠢ ᠶᠡᠬᠡᠯ᠎ᠡ ᠪᠤᠶᠤ᠃  
      2.ᠭᠠᠯ ᠪᠠᠷᠰ ᠲᠠᠤᠯᠠᠢ ᠲᠥᠷᠥᠯ ᠡᠴᠡ ᠠᠩᠭᠢᠵᠢᠷᠠᠬᠤ ᠪᠤᠶᠤ ᠬᠥᠪᠡᠭᠦᠨ ᠤ ᠬᠡᠰᠢᠭ ᠳᠣᠣᠷ᠎ᠠ᠂ ᠭᠠᠯ ᠯᠤᠤ ᠮᠣᠭᠠᠢ ᠦᠷᠭᠦᠯᠵᠢ ᠵᠣᠪᠠᠯᠠᠩ ᠬᠦᠷᠲᠡᠵᠦ᠂ ᠡᠪᠴᠢᠭᠦᠦ ᠪᠡᠨ ᠳᠡᠯᠳᠡᠬᠦᠢ᠂ ᠠᠬ᠎ᠠ ᠳᠡᠭᠦᠦ ᠲᠥᠷᠥᠭᠰᠡᠨ ᠳ᠋ᠡᠭᠡᠨ ᠬᠠᠷᠰᠢ ᠶᠡᠬᠡᠯ᠎ᠡ ᠪᠣᠢ᠂ ᠭᠠᠯ ᠮᠣᠷᠢ ᠬᠣᠨᠢ᠂ ᠣᠩᠭᠣᠴᠠ ᠪᠠᠷ ᠳᠠᠯᠠᠢ ᠭᠡᠲᠦᠯᠬᠦ ᠮᠡᠲᠦ᠂ ᠰᠠᠢᠨ ᠮᠠᠭᠤ ᠶ᠋ᠢᠨ ᠡᠴᠦᠰ ᠲᠦ᠍ᠷ ᠬᠦᠷᠬᠦᠶ᠎ᠡ ᠠᠯᠢᠪᠠ ᠶᠠᠪᠤᠳᠠᠯ ᠮᠡᠳᠡᠭᠡ ᠪᠣᠯᠪᠠᠴᠤ ᠰᠠᠢᠨ ᠠᠨᠤ ᠪᠠᠭᠤᠷᠠᠬᠤᠢ᠂ ᠭᠠᠯ ᠪᠡᠴᠢ ᠲᠠᠬᠢᠶ᠎ᠠ : ᠠᠩᠵᠢᠷᠠᠬᠤ ᠬᠠᠭᠠᠴᠠᠬᠤ ᠦᠢᠯᠡ ᠪᠥᠭᠡᠳ ᠢᠨᠠᠭ ᠣᠢᠷ᠎ᠠ ᠴᠥᠭᠡᠨ ᠡᠷ᠎ᠡ ᠡᠮ᠎ᠡ ᠳ᠋ᠡᠭᠡᠨ ᠬᠠᠷᠰᠢ ᠪᠥᠭᠡᠳ᠂ ᠨᠢᠭᠡᠨ  ᠨᠠᠰᠤᠨ᠎ᠠ ᠠᠮᠤᠭᠤᠯᠠᠩ ᠢ᠋ᠶ᠋ᠠᠷ ᠰᠠᠭᠠᠳ ᠦᠯᠦ ᠴᠢᠳᠠᠬᠤ ᠪᠤᠶᠤ᠂ ᠳᠥᠷᠪᠡᠨ ᠲᠡᠮᠦᠷ ᠭᠦᠨ ᠰᠢᠷᠣᠢ ᠳ᠋ᠤᠷ ᠲᠥᠷᠥᠪᠡᠰᠦ ᠣᠭᠲᠣᠯᠤᠭᠴᠢ ᠬᠢᠩᠭᠠᠷ ᠮᠡᠲᠦ᠂ ᠡᠷ᠎ᠡ ᠪᠥᠭᠡᠰᠦ ᠬᠦᠷᠭᠡᠨ ᠦᠯᠦ ᠪᠣᠯᠭᠠᠭᠳᠠᠬᠤ᠂ ᠡᠮ᠎ᠡ ᠪᠥᠭᠡᠰᠦ ᠪᠡᠷᠢ ᠦᠯᠦ ᠠᠪᠤᠭᠲᠤᠨ᠂ ᠭᠠᠯ ᠣᠭᠲᠠᠷᠭᠤᠢ ᠳ᠋ᠤᠷ ᠲᠥᠷᠥᠭᠰᠡᠨ ᠤᠷᠢᠳᠤ ᠪᠠᠨ ᠮᠠᠭᠠᠳ ᠴᠠᠪᠴᠢᠭᠴᠢ ᠰᠦᠬᠡ ᠮᠥᠨ᠂ ᠡᠭᠦᠰᠬᠡᠯ ᠲᠡᠭᠦᠰᠬᠡᠯ ᠦᠭᠡᠢ ᠪᠤᠶᠤ᠃ 
      3.ᠮᠠᠭᠤ ᠢᠷᠣ᠎ᠠ ᠳ᠋ᠤ᠌ 7 ᠵᠢᠯ ᠠᠨᠤ : ᠭᠠᠯ ᠮᠣᠭᠠᠢ ᠡᠬᠡᠨᠡᠷ ᠬᠥᠮᠥᠨ᠎ᠡ ᠨᠡᠩ ᠮᠠᠭᠤ ᠡᠳ᠋ ᠪᠣᠢ ᠠᠪᠠᠰᠤ ᠦᠷ᠎ᠡ ᠴᠤᠬᠠᠭ᠂ ᠨᠠᠰᠤᠳᠠ ᠭᠡᠮᠰᠢᠭᠦᠯᠡᠩ ᠦᠯᠦ ᠲᠠᠰᠤᠷᠠᠬᠤ ᠪᠤᠶᠤ᠃ 
      4.ᠥᠴᠦᠬᠡᠨ ᠬᠡᠰᠢᠭᠲᠦ 6 ᠵᠢᠯ ᠠᠨᠤ᠂ ᠲᠡᠮᠦᠷ ᠨᠣᠬᠠᠢ ᠰᠢᠮᠨᠤᠰ ᠤ᠋ᠨ ᠨᠣᠬᠠᠢ ᠣᠭᠲᠠᠷᠭᠤᠢ ᠳ᠋ᠤᠷ ᠬᠣᠰᠢᠭᠤ ᠶ᠋ᠢᠨ ᠮᠡᠲᠦ᠂ ᠲᠡᠮᠦᠷ ᠲᠠᠬᠢᠶ᠎ᠠ ᠪᠣᠯᠣᠷ ᠭᠠᠷᠤᠲᠠᠢ ᠵᠢᠭᠦᠷ ᠢ᠋ᠶ᠋ᠡᠨ ᠳᠡᠷᠪᠡᠯᠵᠡᠬᠦ ᠮᠡᠲᠦ : ᠭᠠᠯ ᠦᠬᠡᠷ ᠵᠡᠰ ᠰᠢᠷᠪᠢᠭᠦᠯ ᠢᠶᠠᠷ ᠳᠠᠯᠠᠯᠬᠤ ᠮᠡᠲᠦ᠂ ᠭᠠᠯ ᠪᠠᠴᠢ ᠭᠠᠭᠴᠠ ᠨᠢᠴᠦᠭᠦᠨ ᠪᠥᠵᠢᠭᠯᠡᠬᠦᠢ ᠮᠡᠲᠦ᠂ ᠰᠢᠷᠣᠢ ᠯᠤᠤ ᠱᠠᠷᠮᠠᠨ ᠡᠬᠡᠨᠡᠷ ᠳᠠᠭᠤᠯᠠᠬᠤ ᠮᠡᠲᠦ᠂ ᠤᠰᠤᠨ ᠮᠣᠭᠠᠢ ᠬᠥᠬᠡ ᠮᠣᠭᠠᠢ ᠶ᠋ᠢᠨ ᠬᠡᠯᠡ ᠪᠡᠷ ᠳᠣᠯᠢᠶᠠᠬᠤ ᠮᠡᠲᠦ ᠮᠠᠭᠤ᠃ 
      5. ᠬᠣᠷᠣᠬᠠᠢ ᠬᠠᠵᠠᠬᠤ ᠮᠡᠲᠦ 7 ᠵᠢᠯ ᠠᠨᠤ : ᠪᠤᠰᠤᠳ ᠲᠤ᠌ ᠬᠣᠷᠣᠬᠠᠢ ᠬᠠᠵᠠᠬᠤ ᠮᠡᠲᠦ ᠬᠣᠣᠷ ᠬᠢᠬᠦ ᠰᠡᠳᠬᠢᠯᠲᠦ ᠲᠤᠯᠠ ᠰᠡᠷᠡᠭᠦᠨ ᠪᠤᠶᠤ᠃ 
      6.ᠣᠭᠲᠠᠷᠭᠤᠢ ᠭᠠᠵᠠᠷᠤᠨ ᠬᠠᠷᠢᠭᠤᠯᠤᠯ 2 ᠵᠢᠯ ᠠᠨᠤ : ᠭᠠᠯ ᠮᠣᠷᠢ ᠤᠰᠤᠨ ᠬᠤᠯᠤᠭᠠᠨ᠎ᠠ ᠪᠤᠶᠤ᠂ ᠶᠡᠷᠦ ᠪᠦᠭᠦᠳᠡ ᠡᠳ᠋ ᠮᠠᠯ ᠢᠨᠠᠭ ᠰᠠᠳᠤᠨ ᠳ᠋ᠠᠭᠠᠨ ᠮᠠᠭᠤ ᠬᠠᠷᠰᠢ ᠪᠥᠭᠡᠳ ᠲᠤᠰᠠ ᠦᠭᠡᠢ ᠪᠦᠭᠦᠳᠡ ᠶ᠋ᠢᠨ ᠡᠴᠦᠰ ᠲᠦ᠍ ᠬᠦᠷᠴᠦ᠂ ᠣᠭᠲᠠᠷᠭᠤᠢ ᠭᠠᠵᠠᠷᠤᠨ ᠬᠡᠭᠦᠷ ᠢ ᠪᠠᠷᠢᠬᠤᠢ᠂ ᠥᠪᠡᠷ ᠢ᠋ᠶ᠋ᠡᠨ ᠴᠦ᠍ ᠰᠠᠢᠨ ᠢᠶᠠᠷ ᠦᠯᠦ ᠡᠴᠦᠰᠯᠡᠬᠦᠢ᠃ 
      7.ᠦᠬᠦᠭᠡᠷ ᠦ᠋ᠨ ᠳᠥᠷᠪᠡᠨ ᠬᠠᠷ᠎ᠠ ᠵᠢᠯ : ᠡᠴᠢᠭᠡ ᠡᠬᠡ ᠡᠷ᠎ᠡ ᠡᠮ᠎ᠡ ᠳ᠋ᠦ᠍ ᠬᠠᠷᠰᠢ ᠦᠷᠭᠦᠯᠵᠢ ᠭᠡᠮᠰᠢᠭᠦᠯᠡᠩ ᠪᠣᠯᠣᠵᠢ ᠪᠤᠶᠤ᠃ 
      8. ᠣᠭᠲᠠᠷᠭᠤᠢ ᠪᠠᠷ ᠬᠠᠢᠯᠠᠬᠤᠢ ᠭᠤᠷᠪᠠᠨ ᠰᠢᠷ᠎ᠠ ᠬᠥᠪᠡᠭᠦᠨ ᠬᠡᠮᠡᠭᠴᠢ ᠲᠡᠮᠦᠢ ᠪᠢᠴᠢ᠂ ᠤᠰᠤᠨ ᠪᠠᠷᠰ ᠮᠣᠭᠠᠢ :  ᠡᠳ᠋ ᠠᠭᠤᠷᠠᠰᠤᠨ ᠨᠥᠬᠥᠷ ᠰᠡᠭᠦᠳᠡᠷ ᠲᠡᠭᠡᠨ ᠬᠠᠷᠰᠢ ᠮᠠᠭᠤ ᠪᠥᠭᠡᠳ ᠡᠳ᠋ ᠪᠣᠢ ᠪᠥᠭᠡᠰᠦ ᠦᠷ᠎ᠡ ᠦᠭᠡᠢ᠃ 
      9. ᠴᠢᠳᠬᠥᠷ ᠦ᠋ᠨ ᠳᠥᠷᠪᠡᠨ ᠵᠢᠯ ᠬᠡᠮᠡᠭᠴᠢ ᠥᠪᠡᠷ ᠪᠤᠰᠤᠳ ᠲᠤᠷ ᠲᠤᠰᠠ ᠦᠭᠡᠢ ᠵᠠᠶᠠᠭᠠᠲᠤ᠂ ᠡᠳ᠋ ᠮᠠᠯ ᠨᠥᠬᠥᠷ ᠬᠠᠨᠢ ᠳ᠋ᠤ᠌ ᠬᠣᠣᠷ᠎ᠠ ᠶᠡᠬᠡ ᠪᠥᠭᠡᠳ ᠡᠴᠦᠰ ᠲᠡᠭᠡᠨ ᠥᠪᠡᠷ ᠲᠡᠭᠡᠨ ᠭᠡᠮᠰᠢᠭᠦᠯᠡᠩ ᠪᠤᠯᠬᠤᠢ᠂ ᠮᠠᠲᠠᠯ ᠭᠦᠶᠦᠬᠡᠨ ᠪᠣᠯᠤᠮᠤᠢ᠃ 
      10. ᠪᠤᠰᠤᠳ ᠲᠤᠷ ᠬᠣᠣᠷᠲᠤ 12 ᠵᠢᠯ ᠠᠨᠤ᠂ ᠥᠪᠡᠷ ᠪᠤᠰᠤᠳ ᠲᠤᠷ ᠬᠣᠣᠷ ᠪᠣᠯᠤᠭᠴᠢ ᠵᠠᠶᠠᠭ᠎ᠠ᠂ ᠡᠳ᠋ ᠮᠠᠯ ᠲᠣᠭᠲᠠᠪᠤᠷᠢ ᠦᠭᠡᠢ᠃ 
      11. ᠭᠠᠭᠴᠠ ᠥᠪᠡᠷ ᠲᠣᠷ ᠬᠣᠣᠷ ᠠᠪᠤᠭᠴᠢ 12 ᠵᠢᠯ ᠠᠨᠤ : ᠥᠪᠡᠷ ᠦ᠋ᠨ ᠶᠠᠪᠤᠳᠠᠯ ᠢ᠋ᠶ᠋ᠠᠨ ᠡᠪᠳᠡᠬᠦᠢ᠂ ᠰᠡᠴᠡᠨ ᠭᠡᠭᠡᠨ ᠪᠥᠭᠡᠲᠡᠯ᠎ᠡ ᠡᠳ᠋ ᠮᠠᠯ ᠲᠣᠭᠲᠠᠪᠤᠷᠢ ᠦᠭᠡᠢ ᠪᠤᠶᠤ᠃ 
      12. ᠲᠠᠪᠤᠨ ᠮᠠᠬᠠᠪᠣᠳ ᠲᠡᠭᠦᠰᠦᠭᠰᠡᠨ 12 ᠵᠢᠯ ᠠᠨᠤ᠄ ᠰᠠᠢᠨ ᠪᠠ ᠮᠠᠭᠤ ᠤᠯᠠᠷᠢᠬᠤ ᠪᠤᠶᠤ᠂ ᠦᠷ᠎ᠡ ᠡᠯᠪᠡᠭ ᠪᠣᠯᠪᠠᠴᠤ ᠡᠴᠦᠰ ᠲᠡᠭᠡᠨ ᠦᠷ᠎ᠡ ᠲᠠᠰᠤᠷᠠᠬᠤ ᠪᠤᠶᠤ᠃