ᠭᠠᠯ ᠰᠠᠬᠢᠭᠤᠯᠰᠤᠨ – ᠴᠣ ᠂ ᠣᠷᠱᠤᠨ Гал сахиусан – Чо ᠂ Оршин
ᠭᠠᠯ ᠰᠠᠬᠢᠭᠤᠯᠰᠤᠨ
ᠡᠷᠦᠬᠡ ᠶ᠋ᠢ ᠮᠢᠨᠢ ᠲᠠᠲᠠᠭᠠᠳ
ᠦᠨᠢᠶ᠎ᠡ ᠪᠡᠨ ᠰᠠᠭᠠᠵᠤ
ᠲᠤᠭᠤᠯ ᠢ᠋ᠶ᠋ᠠᠨ ᠵᠡᠯᠡᠯᠡᠬᠦ ᠳ᠋ᠡᠭᠡᠨ
ᠭᠠᠯ ᠢ᠋ᠶ᠋ᠠᠨ ᠨᠣᠴᠣᠭᠠᠵᠤ
ᠲᠤᠯᠭ᠎ᠠ ᠪᠠᠨ ᠬᠥᠭᠵᠢᠭᠡᠭᠡᠳ
ᠭᠠᠩ ᠲᠣᠭᠣᠭ᠎ᠠ ᠪᠠᠨ ᠲᠠᠯᠪᠢᠵᠤ
ᠰᠦ ᠪᠡᠨ ᠬᠦᠰᠢᠶᠡᠬᠦ ᠳ᠋ᠡᠭᠡᠨ
ᠡᠴᠢᠭᠡ ᠡᠬᠡ ᠶ᠋ᠢ ᠮᠢᠨᠢ ᠡᠨᠡᠷᠢᠨ ᠠᠰᠠᠷᠠᠵᠤ
ᠡᠳᠦᠷ ᠲᠤᠷᠰᠢ ᠠᠵᠢᠯ ᠳ᠋ᠤ᠌ ᠮᠣᠩᠭᠢᠨᠠᠬᠤ ᠳ᠋ᠠᠭᠠᠨ
ᠴᠢ ᠮᠢᠨᠢ ᠬᠡᠦᠬᠡᠨ ᠬᠥᠮᠦᠨ ᠦ᠌
ᠵᠠᠶᠠᠭ᠎ᠠ ᠡᠢᠮᠦ ᠭᠡᠵᠦ ᠪᠣᠳᠣᠳᠠᠭ ᠴᠤ᠌ ᠪᠣᠯ ᠤᠤ?
ᠬᠥᠪᠡᠭᠦᠨ ᠨᠠᠳᠠ ᠳ᠋ᠠᠭᠠᠨ ᠬᠠᠷᠠᠮᠰᠠᠵᠤ ᠰᠠᠨᠠᠨ
ᠭᠣᠮᠣᠳᠠᠳᠠᠭ ᠴᠤ᠌ ᠪᠣᠯ ᠤᠤ?
ᠦᠷ᠎ᠡ ᠬᠡᠦᠬᠡᠳ ᠢ᠋ ᠮᠢᠨᠢ
ᠥᠰᠬᠡᠬᠦ ᠪᠡᠷ ᠨᠣᠴᠣᠯᠳᠤᠵᠤ
ᠦᠳᠡᠰᠢ ᠶ᠋ᠢᠨ ᠭᠦᠨ ᠪᠣᠯᠲᠠᠯ᠎ᠠ
ᠣᠶᠣᠳᠠᠯ ᠬᠢᠬᠦ ᠳ᠋ᠡᠭᠡᠨ
ᠰᠠᠯᠪᠠᠷᠠᠵᠤ ᠤᠷᠠᠭᠳᠠᠭᠰᠠᠨ
ᠬᠤᠪᠴᠠᠰᠤ ᠶ᠋ᠢ ᠮᠢᠨᠢ ᠨᠥᠬᠥᠵᠦ
ᠰᠠᠷ᠎ᠠ ᠲᠠᠢ ᠰᠥᠨᠢ
ᠨᠣᠢᠷ ᠦᠭᠡᠢ ᠰᠠᠭᠤᠬᠤ ᠳ᠋ᠠᠭᠠᠨ
ᠴᠢ ᠮᠢᠨᠢ ᠬᠡᠦᠬᠡᠨ ᠬᠥᠮᠦᠨ ᠦ᠌
ᠵᠠᠶᠠᠭ᠎ᠠ ᠡᠢᠮᠦ ᠭᠡᠵᠦ ᠪᠣᠳᠣᠳᠠᠭ ᠴᠤ᠌ ᠪᠣᠯ ᠤᠤ?
ᠬᠥᠪᠡᠭᠦᠨ ᠨᠠᠳᠠ ᠳ᠋ᠠᠭᠠᠨ ᠬᠠᠷᠠᠮᠰᠠᠵᠤ ᠰᠠᠨᠠᠨ
ᠭᠣᠮᠣᠳᠠᠳᠠᠭ ᠴᠤ᠌ ᠪᠣᠯ ᠤᠤ?
ᠬᠠᠢᠷ᠎ᠠ ᠶ᠋ᠢᠨ ᠰᠡᠳᠬᠢᠯ
ᠶᠠᠮᠠᠷ ᠴᠤ᠌ ᠪᠠᠢᠭ
ᠬᠠᠯᠠᠭᠤᠨ ᠴᠤ᠌ ᠭᠡᠳᠡᠭ
ᠭᠠᠯ ᠴᠤ᠌ ᠭᠡᠳᠡᠭ
ᠬᠠᠢᠷᠠᠲᠤ ᠴᠢᠮᠠᠶ᠋ᠢ ᠪᠠᠨ
ᠪᠢ ᠯᠡ ᠣᠢᠯᠠᠭᠠᠨ᠎ᠠ
ᠬᠠᠷᠢᠨ ᠴᠢ
ᠦᠨᠡᠨ ᠢ᠋ᠶ᠋ᠡᠨ ᠬᠡᠯᠡ ᠭᠡᠪᠡᠯ
ᠭᠠᠯ ᠶᠤᠮ᠂ ᠴᠢ ᠮᠢᠨᠢ
ᠭᠠᠯ ᠭᠣᠯᠣᠮᠲᠠ ᠶ᠋ᠢᠨ ᠰᠠᠬᠢᠭᠤᠯᠰᠤᠨ ᠶᠤᠮ᠃
ᠭᠠᠯ ᠨᠣᠴᠣᠳᠠᠭ ᠠ᠋ᠴᠠ
ᠰᠡᠳᠬᠢᠯ ᠮᠢᠨᠢ ᠬᠥᠯᠳᠡᠬᠦ ᠦᠭᠡᠢ
ᠭᠠᠯ ᠨᠤᠷᠮᠠᠯᠠᠳᠠᠭ ᠠ᠋ᠴᠠ
ᠲᠤᠯᠭ᠎ᠠ ᠮᠢᠨᠢ ᠤᠨᠲᠠᠷᠠᠬᠤ ᠦᠭᠡᠢ
ᠭᠠᠯ ᠲᠤᠶᠠᠭᠠᠷᠠᠳᠠᠭ ᠠ᠋ᠴᠠ
ᠭᠡᠷ ᠮᠢᠨᠢ ᠳᠤᠯᠠᠭᠠᠨ
ᠭᠠᠯ ᠳᠤᠯᠠᠭᠠᠴᠠᠭᠤᠯᠳᠠᠭ ᠠ᠋ᠴᠠ
ᠠᠮᠢᠳᠤᠷᠠᠯ ᠮᠢᠨᠢ ᠥᠷᠨᠢᠭᠦᠨ!
ᠢᠷᠡᠯᠲᠡ᠄· ᠴᠣ· ᠣᠷᠱᠤᠨ ᠤ᠋《 ᠮᠠᠯᠴᠢᠨ ᠬᠥᠮᠦᠨ ᠦ᠌ ᠳᠠᠭᠤᠤ》 ᠨᠣᠮ ᠠ᠋ᠴᠠ ᠡᠰᠢᠯᠡᠪᠡ᠃
ᠦᠰᠦᠭ ᠠᠮᠢᠯᠠᠭᠤᠯᠤᠭᠴᠢ᠄ ᠪᠠᠶᠠᠷᠴᠡᠴᠡᠭ
2024 04 18
