ᠳᠥᠷᠪᠡᠨ ᠤᠯᠠᠷᠢᠯ ᠤ᠋ᠨ ᠥᠩᠭᠡ-ᠨᠢᠮᠠᠵᠠᠭᠳ᠋ᠨ· ᠬᠠᠨᠳᠤᠮ᠎ᠠДөрвөн улирлын өнгө- Б.Нямзагд _Б.Хандмаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠥᠷᠪᠡᠨ ᠤᠯᠠᠷᠢᠯ ᠤ᠋ᠨ ᠥᠩᠭᠡ-ᠨᠢᠮᠠᠵᠠᠭᠳ᠋ᠨ· ᠬᠠᠨᠳᠤᠮ᠎ᠠДөрвөн улирлын өнгө- Б.Нямзагд _Б.Хандмаа

ᠳᠥᠷᠪᠡᠨ ᠤᠯᠠᠷᠢᠯ ᠤ᠋ᠨ ᠥᠩᠭᠡ-ᠨᠢᠮᠠᠵᠠᠭᠳ᠋ᠨ· ᠬᠠᠨᠳᠤᠮ᠎ᠠДөрвөн улирлын өнгө- Б.Нямзагд _Б.Хандмаа

ᠠᠩᠭᠢᠯᠠᠯ:ᠳᠠᠭᠤᠤ ᠬᠥᠭᠵᠢᠮ
2024-04-24

668

ᠳᠥᠷᠪᠡᠨ ᠤᠯᠠᠷᠢᠯ ᠤ᠋ᠨ ᠥᠩᠭᠡ

   ᠦᠭᠡ᠄ ᠷᠠᠨᠳᠠᠨᠠᠳᠠᠷᠬᠢᠶ᠎ᠠ 
   ᠠᠶ᠎ᠠ᠄ ᠴᠣᠢᠵᠢᠯᠵᠠᠪ 
   ᠳᠠᠭᠤᠴᠢᠨ᠄ ᠨᠢᠮᠠᠵᠠᠭᠳ᠋ᠨ· ᠬᠠᠨᠳᠤᠮ᠎ᠠ 
ᠬᠠᠢᠯᠠᠨ ᠰᠡᠮᠡᠵᠡᠷᠡᠬᠦ ᠴᠠᠰᠤ ᠪᠠᠨ ᠳᠠᠭᠠᠭᠠᠳ 
ᠬᠠᠪᠤᠷ ᠤ᠋ᠨ ᠥᠩᠭᠡ ᠨᠢ ᠴᠣᠬᠣᠷ ᠪᠢᠯᠡ 
ᠬᠠᠰᠢᠷ ᠮᠠᠯᠴᠢᠳ ᠤ᠋ᠨ ᠢ᠋ᠶ᠋ᠠᠨ ᠠᠯᠳᠠᠷ ᠢ᠋ ᠡᠷᠭᠦᠭᠡᠳ 
ᠬᠠᠩᠭᠢᠨᠠᠬᠤ ᠲᠥᠯ ᠨᠢ ᠳᠠᠭᠤᠴᠢᠨ ᠪᠢᠯᠡ 
ᠵᠠᠭᠤᠨ ᠲᠦᠮᠡᠨ ᠴᠡᠴᠡᠭ ᠢ᠋ᠶ᠋ᠡᠨ ᠳᠠᠭᠠᠭᠠᠳ 
ᠵᠤᠨ ᠤ᠋ ᠥᠩᠭᠡ ᠨᠢ ᠨᠣᠭᠣᠭᠠᠨ ᠪᠢᠯᠡ 
ᠬᠥᠪᠴᠢ ᠲᠠᠢᠭ᠎ᠠ ᠳ᠋ᠠᠭᠠᠨ ᠤᠶᠠᠩᠭ᠎ᠠ ᠡᠷᠭᠦᠭᠡᠳ 
ᠬᠥᠬᠥᠭᠡ ᠰᠢᠪᠠᠭᠤ ᠨᠢ ᠳᠠᠭᠤᠴᠢᠨ ᠪᠢᠯᠡ
ᠨᠠᠯᠠᠭᠠᠷ ᠰᠢᠷ᠎ᠠ ᠨᠠᠷᠠ ᠪᠠᠨ ᠳᠠᠭᠠᠭᠠᠳ
ᠨᠠᠮᠤᠷ ᠤ᠋ᠨ ᠥᠩᠭᠡ ᠨᠢ ᠰᠢᠷᠭᠠᠯ ᠪᠢᠯᠡ
ᠬᠠᠩᠭᠠᠢ ᠬᠥᠪᠴᠢ ᠳ᠋ᠦ᠍ ᠪᠡᠨ ᠤᠶᠠᠩᠭ᠎ᠠ ᠨᠡᠮᠡᠭᠡᠳ
ᠬᠠᠯᠢᠭᠤᠨ ᠪᠤᠭᠤ ᠨᠢ ᠳᠠᠭᠤᠴᠢᠨ ᠪᠢᠯᠡ
ᠮᠥᠩᠭᠥᠷᠡᠨ ᠴᠠᠪᠴᠠᠢᠬᠤ ᠴᠠᠰᠤ ᠪᠠᠨ ᠳᠠᠭᠠᠭᠠᠳ
ᠡᠪᠦᠯ ᠦ᠋ᠨ ᠥᠩᠭᠡ ᠨᠢ ᠴᠠᠭᠠᠨ ᠪᠢᠯᠡ
ᠮᠥᠷᠡᠨ ᠭᠣᠣᠯ ᠳ᠋ᠤ᠌ ᠪᠠᠨ ᠤᠶᠠᠩᠭ᠎ᠠ ᠡᠷᠭᠦᠭᠡᠳ
ᠬᠠᠷᠠᠵᠠᠨ ᠤ᠋ ᠤᠰᠤ ᠳᠠᠭᠤᠴᠢᠨ ᠪᠢᠯᠡ
ᠮᠥᠷᠡᠨ ᠭᠣᠣᠯ ᠳ᠋ᠤ᠌ ᠪᠠᠨ ᠤᠶᠠᠩᠭ᠎ᠠ ᠡᠷᠭᠦᠭᠡᠳ
ᠬᠠᠷᠠᠵᠠᠨ ᠤ᠋ ᠤᠰᠤ ᠳᠠᠭᠤᠴᠢᠨ ᠪᠢᠯᠡ

   ᠦᠰᠦᠭ ᠠᠮᠢᠯᠠᠭᠤᠯᠤᠭᠴᠢ᠄ ᠪᠦᠷᠢᠨᠵᠢᠷᠭᠠᠯ
   ᠦᠰᠦᠭ ᠬᠠᠲᠠᠭᠰᠠᠨ᠄ ᠪᠦᠷᠢᠨᠵᠢᠷᠭᠠᠯ
   ᠬᠢᠨᠠᠭᠴᠢ ᠪᠠᠭᠰᠢ᠄ᠣᠤᠠᠬᠣᠩᠬᠤᠸᠠᠷ· ᠭᠡᠷᠡᠯ· ᠦᠨᠢᠮᠥ᠋ᠩᠬᠡ· ᠡᠩᠬᠡᠪᠠᠭᠠᠲᠤᠷ