ᠰᠢᠯᠦᠭ ᠦ᠋ᠨ ᠰᠢᠯᠦᠭ- ᠱ᠂ ᠭᠦᠷᠦᠪᠠᠽᠠᠷШүлгийн шүлэг-Ш᠂ Гүрбазар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠯᠦᠭ ᠦ᠋ᠨ ᠰᠢᠯᠦᠭ- ᠱ᠂ ᠭᠦᠷᠦᠪᠠᠽᠠᠷШүлгийн шүлэг-Ш᠂ Гүрбазар

ᠰᠢᠯᠦᠭ ᠦ᠋ᠨ ᠰᠢᠯᠦᠭ- ᠱ᠂ ᠭᠦᠷᠦᠪᠠᠽᠠᠷШүлгийн шүлэг-Ш᠂ Гүрбазар

2024-04-24

413

ᠰᠢᠯᠦᠭ ᠦ᠋ᠨ ᠰᠢᠯᠦᠭ

       ᠱ᠂ ᠭᠦᠷᠦᠪᠠᠽᠠᠷ 
ᠭᠤᠴᠢᠨ ᠵᠢᠯ 
ᠨᠠᠢᠷᠠᠭ ᠤ᠋ᠨ ᠭᠠᠯ ᠳ᠋ᠤ᠌ ᠭᠠᠷ ᠢ᠋ᠶ᠋ᠠᠨ ᠡᠭᠡᠭᠡᠵᠦ 
ᠭᠤᠶᠤᠯᠭᠠᠴᠢᠨ ᠬᠠᠭᠠᠨ ᠬᠣᠶᠠᠷ ᠤ᠋ᠨ 
ᠵᠣᠪᠠᠯᠠᠩ ᠯᠠ ᠡᠷᠢᠶᠡᠴᠢᠭᠰᠡᠨ ᠦ᠌ ᠬᠡᠷᠡᠭ ᠶᠠᠭᠤ ᠪᠢᠯᠡ 
ᠡᠮᠡᠭᠡᠯ ᠢ᠋ᠶ᠋ᠡᠨ ᠲᠡᠭᠡᠭᠡᠭᠰᠡᠨ ᠮᠣᠷᠢᠨ ᠤ᠋ 
ᠴᠠᠩᠭ᠎ᠠ ᠶ᠋ᠢ ᠨᠠᠮᠵᠢᠲᠠᠯ᠎ᠠ ᠰᠢᠯᠦᠭ ᠪᠢᠴᠢᠶ᠎ᠡ᠂ ᠪᠠᠢᠵᠠ 
ᠡᠬᠡᠨᠡᠷ ᠲᠡᠭᠡᠨ ᠬᠠᠶᠠᠭᠳᠠᠭᠰᠠᠨ ᠬᠥᠮᠦᠨ ᠢ᠋ 
ᠥᠪᠡᠷ ᠲᠡᠭᠡᠨ ᠪᠠᠶᠠᠷᠯᠠᠲᠠᠯ᠎ᠠ ᠨᠢ ᠰᠢᠯᠦᠭ ᠪᠢᠴᠢᠶ᠎ᠡ᠂ ᠪᠠᠢᠵᠠ 

ᠢᠨᠵᠠᠨᠨᠠᠰᠢ ᠶ᠋ᠢ ᠲᠡᠮᠲᠡᠷᠢᠵᠦ 
ᠶᠡᠬᠡ ᠨᠠᠴᠤᠭᠳᠣᠷᠵᠢ ᠶ᠋ᠢ ᠴᠡᠭᠡᠵᠢᠯᠡᠵᠦ 

ᠶᠠᠪᠤᠭᠤᠬᠤᠯᠠᠩ ᠲᠠᠢ ᠠᠮᠢᠳᠤ ᠳ᠋ᠤᠨᠢ
ᠢᠷᠦᠭᠡᠯ ᠬᠤᠨᠳᠠᠭ᠎ᠠ ᠲᠤᠯᠭᠠᠵᠤ ᠦᠵᠡᠭᠰᠡᠨ ᠦ᠌ ᠪᠤᠶᠠᠨ ᠨᠢ ᠶᠠᠭᠤ ᠪᠢᠯᠡ
ᠪᠠᠯ ᠳ᠋ᠤᠨᠢ ᠢᠨᠴᠠᠭᠠᠭᠰᠠᠨ ᠤᠨᠠᠭᠠᠨ ᠤ᠋ ᠦᠦᠷᠰᠡᠭᠡ ᠶ᠋ᠢ
ᠣᠷᠭᠢᠯ ᠳ᠋ᠤᠨᠢ ᠰᠣᠨᠣᠰᠲᠠᠯ᠎ᠠ ᠰᠢᠯᠦᠭ ᠪᠢᠴᠢᠶ᠎ᠡ᠂ ᠪᠠᠢᠵᠠ
ᠪᠤᠷᠬᠠᠨ ᠤ᠋ ᠵᠣᠬᠢᠶᠠᠩᠭᠤᠢ ᠶ᠋ᠢ ᠥᠭᠡᠷᠡᠴᠢᠯᠡᠵᠦ
ᠣᠷᠴᠢᠯᠠᠩ ᠢ᠋ ᠤᠢᠮᠤᠷᠠᠲᠠᠯ᠎ᠠ ᠰᠢᠯᠦᠭ ᠪᠢᠴᠢᠶ᠎ᠡ᠂ ᠪᠠᠢᠵᠠ
ᠬᠠᠯᠬ᠎ᠠ ᠶ᠋ᠢᠨ ᠰᠠᠢᠬᠠᠨ ᠪᠦᠰᠡᠭᠦᠢ ᠶ᠋ᠢ
ᠡᠩᠭᠡᠷ ᠢ᠋ᠶ᠋ᠡᠨ ᠰᠤᠯᠠᠯᠠᠲᠠᠯ᠎ᠠ ᠨᠢ ᠰᠢᠯᠦᠭ ᠪᠢᠴᠢᠶ᠎ᠡ᠂ ᠪᠠᠢᠵᠠ
ᠬᠠᠵᠠᠭᠠᠷ ᠲᠠᠭᠠᠨ ᠪᠡᠶᠡᠯᠡᠭᠰᠡᠨ ᠮᠣᠷᠢᠳ ᠢ᠋
ᠡᠮᠡᠭᠡᠯ ᠲᠡᠢ ᠪᠡᠨ ᠪᠥᠵᠢᠲᠡᠯ᠎ᠡ ᠨᠢ ᠰᠢᠯᠦᠭ ᠪᠢᠴᠢᠶ᠎ᠡ᠂ ᠪᠠᠢᠵᠠ

ᠳᠣᠮᠣᠭ ᠰᠢᠭ᠋ ᠵᠠᠩᠰᠢᠯ ᠲᠠᠢ ᠨᠤᠲᠤᠭ ᠤ᠋ᠨ ᠢ᠋ᠶ᠋ᠠᠨ
ᠨᠠᠢᠷᠠᠭᠴᠢ ᠭᠡᠭᠳᠡᠭᠰᠡᠨ ᠦ᠌ ᠬᠡᠷᠡᠭ ᠶᠠᠭᠤ ᠪᠢᠯᠡ
ᠳᠣᠷᠣᠨ᠎ᠠ ᠶ᠋ᠢᠨ ᠪᠤᠭᠤᠷᠤᠯ ᠲᠡᠦᠬᠡ ᠶ᠋ᠢ
ᠨᠠᠷᠠ ᠲᠠᠢ ᠲᠡᠩᠴᠡᠭᠡᠳᠡᠯ᠎ᠡ ᠰᠢᠯᠦᠭ ᠪᠢᠴᠢᠶ᠎ᠡ᠂ ᠪᠠᠢᠵᠠ
ᠨᠠᠮᠢᠷᠠᠭᠰᠠᠨ ᠬᠠᠳᠠᠨ ᠤ᠋ ᠰᠡᠵᠢᠭᠦᠷ ᠢ᠋ᠶ᠋ᠡᠷ
ᠰᠠᠯᠬᠢ ᠨᠢ ᠦᠨᠦᠰᠴᠦ ᠥᠭᠰᠥᠳᠡᠭ
ᠨᠠᠮᠤᠷ ᠡᠪᠦᠯ ᠦ᠋ᠨ ᠵᠢᠷᠭᠤᠭᠠᠨ ᠰᠠᠷ᠎ᠠ ᠶ᠋ᠢᠨ
ᠨᠠᠷᠠ ᠶ᠋ᠢ ᠥᠨᠵᠢᠲᠡᠯ᠎ᠡ ᠰᠢᠯᠦᠭ ᠪᠢᠴᠢᠶ᠎ᠡ᠂ ᠪᠠᠢᠵᠠ

ᠣᠩᠭᠣᠳ ᠠᠪᠢᠶᠠᠰ ᠮᠢᠨᠢ ᠮᠡᠬᠦᠰᠳᠡᠭᠡᠳ
ᠣᠳᠣ ᠪᠢ ᠬᠦᠴᠦᠷᠡᠬᠦ ᠦᠭᠡᠢ ᠴᠤ᠌
ᠪᠢᠯᠢᠭᠦᠨ ᠬᠡᠢᠮᠣᠷᠢ ᠲᠠᠢ ᠬᠣᠢᠴᠢ ᠦᠶ᠎ᠡ ᠮᠢᠨᠢ
ᠪᠢᠷ ᠪᠡᠬᠢ ᠪᠡᠨ ᠨᠡᠢᠯᠡᠨ ᠪᠠᠢᠵᠤ
ᠳᠡᠯᠡᠬᠡᠢ ᠶ᠋ᠢᠨ ᠳᠡᠭᠡᠪᠦᠷ ᠦ᠋ᠨ ᠴᠠᠰᠤ ᠶ᠋ᠢ ᠨᠤᠷᠠᠲᠠᠯ᠎ᠠ
ᠳᠡᠯᠭᠡᠷ ᠮᠣᠩᠭᠣᠯ ᠢ᠋ᠶ᠋ᠠᠨ ᠳᠠᠭᠤᠯᠠᠬᠤ ᠯᠠ ᠪᠣᠯᠤᠨ᠎ᠠ᠃

   ᠦᠰᠦᠭ ᠠᠮᠢᠯᠠᠭᠤᠯᠤᠭᠴᠢ᠄ ᠡᠩᠬᠡᠪᠠᠲᠤ
   ᠬᠢᠨᠠᠭᠴᠢ᠄ ᠣᠳᠬᠠᠨᠰᠣ᠎ᠠ