ᠬᠠᠢᠷ᠎ᠠ ᠶ᠋ᠢᠨ ᠪᠦᠪᠡᠢ- ᠲᠣᠭᠲᠠᠬᠤХайрын бүүвэй-Тогтох
ᠬᠠᠢᠷ᠎ᠠ ᠶ᠋ᠢᠨ ᠪᠦᠪᠡᠢ
ᠲᠣᠭᠲᠠᠬᠤ
ᠬᠠᠬᠢᠷ ᠭᠣᠣᠯ ᠤ᠋ᠨ ᠢ᠋ᠶ᠋ᠠᠨ ᠤᠰᠤ ᠰᠢᠭ᠋
ᠬᠠᠢᠷ᠎ᠠ ᠶ᠋ᠢᠨ ᠤᠨᠳᠤᠷᠤᠭ᠎ᠠ ᠲᠠᠢ ᠪᠦᠰᠡᠭᠦᠢ ᠶᠦᠮ
ᠬᠠᠷᠢ ᠮᠣᠩᠭᠣᠯ ᠤ᠋ᠨ ᠨᠥᠬᠥᠷᠯᠡᠯ ᠢ᠋
ᠬᠠᠮᠠᠭᠠᠯᠠᠨ ᠳᠡᠯᠭᠡᠷᠡᠭᠦᠯᠦᠭᠰᠡᠨ ᠴᠡᠴᠡᠭ ᠶᠦᠮ
ᠱᠠᠩᠬᠠᠢ ᠶ᠋ᠢᠨ ᠥᠨᠥᠴᠢᠨ ᠬᠡᠦᠬᠡᠳ ᠢ᠋
ᠰᠠᠢᠬᠠᠨ ᠨᠤᠲᠤᠭ ᠲᠠᠭᠠᠨ ᠲᠤᠰᠤᠭᠰᠠᠨ ᠶᠤᠮ
ᠰᠠᠷᠨᠢᠰᠢ ᠦᠭᠡᠢ ᠨᠠᠨᠳᠢᠨ ᠡᠨᠡᠷᠢᠯ ᠢ᠋ᠶ᠋ᠡᠷ ᠢ᠋ᠶ᠋ᠡᠨ
ᠰᠠᠷᠠᠭᠤᠯ ᠢᠷᠡᠭᠡᠳᠦᠢ ᠳ᠋ᠦ᠍ ᠨᠢ ᠬᠦᠷᠭᠡᠭᠰᠡᠨ ᠶᠦᠮ
ᠬᠠᠷ᠎ᠠ ᠳᠠᠷᠤᠭᠰᠠᠨ ᠵᠡᠭᠦᠳᠦᠨ ᠡᠴᠡ ᠨᠢ
ᠬᠠᠮᠠᠭᠠᠯᠠᠵᠤ ᠠᠪᠤᠷᠠᠭᠰᠠᠨ ᠬᠥᠮᠦᠨ ᠶᠦᠮ
ᠬᠠᠢᠷ᠎ᠠ ᠪᠢᠯᠬᠠᠷᠠᠭᠰᠠᠨ ᠬᠠᠷᠠᠴᠠ ᠪᠠᠷ ᠢ᠋ᠶ᠋ᠠᠨ
ᠬᠠᠯᠠᠮᠵᠢᠯᠠᠵᠤ ᠪᠠᠢᠭᠰᠠᠨ ᠠᠴᠢᠲᠠᠨ ᠶᠤᠮ
ᠬᠠᠲᠠᠭᠤ ᠰᠢᠷᠭᠠᠭᠤ ᠠᠵᠢᠯᠯᠠᠭᠰᠠᠨ ᠴᠤ᠌
ᠬᠠᠷᠢᠭᠤ ᠰᠠᠨᠠᠭᠰᠠᠨ ᠤᠳᠠᠭ᠎ᠠ ᠦᠭᠡᠢ ᠶᠦᠮ
ᠬᠥᠮᠦᠨ ᠦ᠌ ᠥᠪᠡᠷ ᠦ᠋ᠨ ᠭᠡᠵᠦ ᠢᠯᠭᠠᠳᠠᠭ ᠦᠭᠡᠢ
ᠬᠦᠰᠡᠯᠡᠩ ᠦ᠋ᠨ ᠲᠩᠷᠢ ᠪᠤᠷᠬᠠᠨ ᠶᠤᠮ
ᠥᠷᠥᠭᠡᠯ ᠦ᠋ᠨ ᠬᠡᠦᠬᠡᠳ ᠢ᠋ ᠥᠪᠡᠷ ᠦ᠋ᠨ ᠶᠤᠮ ᠰᠢᠭ᠋
ᠡᠳᠦᠷᠵᠢᠨ ᠰᠠᠨᠠᠳᠠᠭ ᠮᠣᠩᠭᠣᠯ ᠡᠵᠢ ᠶᠦᠮ
ᠦᠯᠡᠮᠵᠢ ᠠᠯᠳᠠᠷ ᠤ᠋ᠨ ᠥᠨᠳᠥᠷᠯᠢᠭ ᠳᠡᠭᠡᠷ᠎ᠡ
ᠦᠰᠦ ᠪᠡᠨ ᠪᠤᠭᠤᠷᠤᠯᠲᠤᠭᠤᠯᠤᠭᠰᠠᠨ ᠨᠠᠰᠤᠲᠠᠨ ᠶᠤᠮ
ᠭᠠᠯᠪᠠ ᠳᠡᠯᠡᠬᠡᠢ ᠳ᠋ᠦ᠍ ᠳᠠᠭᠤᠷᠢᠰᠤᠭᠰᠠᠨ
ᠭᠠᠢᠬᠠᠮᠰᠢᠭᠲᠤ ᠦᠢᠯᠡᠰ ᠨᠢ ᠮᠥᠩᠬᠡ ᠶᠦᠮ
ᠭᠠᠮᠰᠢᠭᠲᠤ ᠵᠠᠭᠤᠨ ᠤ᠋ ᠤᠯᠪᠠᠭ᠎ᠠ ᠳ᠋ᠤ᠌
ᠭᠠᠷᠭᠠᠭᠰᠠᠨ ᠵᠢᠳᠬᠦᠯ ᠨᠢ ᠲᠣᠳᠣᠬᠠᠨ ᠶᠤᠮ
ᠭᠠᠪᠢᠶ᠎ᠠ ᠣᠰᠣᠯ ᠤ᠋ᠨ ᠳᠠᠩᠰᠠᠨ ᠳ᠋ᠤ᠌
ᠭᠠᠷᠮᠠᠭᠠᠢ ᠨᠡᠷ᠎ᠡ ᠨᠢ ᠮᠥᠩᠬᠡ ᠶᠦᠮ
ᠭᠠᠩᠭᠠᠩ ᠪᠠᠢᠭᠠᠯᠢ ᠲᠠᠢ ᠮᠣᠩᠭᠣᠯ ᠣᠷᠣᠨ
ᠭᠠᠯ ᠬᠠᠯᠠᠭᠤᠨ ᠭᠡᠷ ᠪᠦᠯᠢ ᠶᠦᠮ ᠠ᠋
2024.4.20
ᠦᠰᠦᠭ ᠠᠮᠢᠯᠠᠭᠤᠯᠤᠭᠴᠢ᠄ ᠤᠳᠬᠠᠨᠰᠣ᠎ᠠ
