ᠬᠥᠪᠪᠦᠮᠡᠯ ᠪᠢᠳᠢᠪᠠᠯᠠөвмөл бидбал ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠪᠪᠦᠮᠡᠯ ᠪᠢᠳᠢᠪᠠᠯᠠөвмөл бидбал

ᠬᠥᠪᠪᠦᠮᠡᠯ ᠪᠢᠳᠢᠪᠠᠯᠠөвмөл бидбал

2024-04-24

284

ᠬᠥᠪᠪᠦᠮᠡᠯ ᠪᠢᠳᠢᠪᠠᠯᠠ

                ᠤᠰᠤᠨ ᠲᠦᠷᠦᠭᠦᠦ ᠶ᠋ᠢᠨ ᠢᠵᠠᠭᠤᠷ 
          ᠤᠰᠤᠨ ᠳ᠋ᠤ᠌ ᠤᠷᠭᠤᠬᠤ ᠨᠢᠭᠡ ᠨᠠᠰᠤᠲᠤ ᠤᠷᠭᠤᠮᠠᠯ᠃ ᠦᠨᠳᠦᠰᠦ ᠨᠢ ᠰᠠᠯᠠᠭᠠᠲᠤᠭᠰᠠᠨ ᠪᠥᠭᠡᠳ ᠪᠠᠭᠯᠠᠷᠠᠨ ᠤᠷᠭᠤᠨ᠎ᠠ᠂ ᠨᠢᠯᠬ᠎ᠠ ᠦᠶ᠎ᠡ ᠳ᠋ᠦ᠍ ᠪᠡᠨ ᠴᠠᠭᠠᠨ ᠪᠠᠢᠵᠤ᠂ ᠰᠡᠭᠦᠯ ᠳ᠋ᠦ᠍ ᠪᠡᠨ ᠰᠢᠷᠠᠪᠲᠤᠷ ᠬᠦᠷᠡᠩ ᠪᠣᠯᠤᠨ᠎ᠠ᠃ ᠦᠨᠳᠦᠰᠦᠯᠢᠭ ᠡᠰᠢ ᠨᠢ ᠰᠠᠬᠠᠯ ᠦᠨᠳᠦᠰᠦ ᠡᠴᠡ ᠪᠡᠨ ᠪᠦᠳᠦᠭᠦᠨ ᠪᠥᠭᠡᠳ ᠦᠵᠦᠭᠦᠷ ᠲᠦ ᠨᠢ ᠪᠥᠮᠪᠦᠭᠡᠨ ᠬᠡᠯᠪᠡᠷᠢᠲᠦ ᠲᠥᠮᠥᠰᠥᠯᠢᠭ ᠡᠰᠢ ᠲᠡᠢ ᠪᠠ ᠲᠥᠮᠥᠰᠥᠯᠢᠭ ᠡᠰᠢ ᠶ᠋ᠢᠨ ᠭᠠᠳᠠᠭᠤᠷ ᠨᠢ ᠬᠠᠯᠢᠰᠤᠯᠢᠭ ᠬᠠᠢᠷᠰᠤᠨ ᠢᠯᠲᠠᠰᠤ ᠬᠤᠴᠢᠵᠤ᠂ ᠨᠢᠯᠬ᠎ᠠ ᠦᠶ᠎ᠡ ᠳ᠋ᠦ᠍ ᠪᠡᠨ ᠴᠠᠭᠠᠨ ᠪᠠᠢᠵᠤ᠂ ᠥᠲᠡᠯᠪᠡᠯ ᠬᠦᠷᠡᠩ ᠪᠣᠯᠤᠨ᠎ᠠ᠂ ᠭᠡᠪᠡᠴᠦ ᠭᠣᠣᠯ ᠨᠢ ᠴᠠᠭᠠᠨ ᠪᠤᠶᠤ ᠦᠨᠡᠰᠦᠨ ᠥᠩᠭᠡᠲᠡᠢ᠃ ᠦᠨᠳᠦᠰᠦᠯᠢᠭ ᠡᠰᠢᠨ ᠦ᠌ ᠣᠷᠣᠢ ᠳ᠋ᠤ᠌ ᠨᠢ ᠨᠠᠬᠢᠶ᠎ᠠ ᠲᠠᠢ᠃ ᠣᠵᠣᠭᠣᠷ ᠤ᠋ᠨ ᠬᠡᠰᠡᠭ ᠦ᠋ᠨ ᠦᠨᠳᠦᠰᠦᠯᠢᠭ ᠡᠰᠢᠨ ᠦ᠌ ᠦᠵᠦᠭᠦᠷ ᠨᠢ ᠲᠣᠮᠣᠷᠠᠵᠤ᠂ ᠬᠡᠢ ᠨᠡᠪᠲᠡᠷᠡᠬᠦ ᠰᠡᠢᠮᠡᠬᠡᠢ ᠨᠡᠬᠡᠳᠡᠰᠦ ᠪᠣᠯᠪᠠ᠂ ᠲᠡᠭᠦᠨ ᠦ᠌ ᠦᠨᠳᠦᠰᠦᠯᠢᠭ ᠡᠰᠢ ᠲᠡᠢ ᠨᠢ ᠣᠭᠲᠣᠯᠪᠠᠯ ᠣᠯᠠᠩᠬᠢ ᠳ᠋ᠤ᠌ ᠪᠠᠨ ᠤᠰᠤᠨ ᠳᠡᠭᠡᠷ᠎ᠡ ᠬᠥᠪᠳᠡᠭ᠃ ᠨᠠᠪᠴᠢ ᠨᠢ ᠪᠦᠷ ᠣᠵᠣᠭᠣᠷ ᠠ᠋ᠴᠠ ᠤᠷᠭᠤᠨ᠎ᠠ᠂ ᠤᠷᠲᠤ ᠪᠠᠷᠢᠭᠤᠯ ᠲᠠᠢ᠂ ᠤᠭ ᠨᠢ ᠰᠤᠮᠤᠨ ᠬᠡᠯᠪᠡᠷᠢ ᠲᠡᠢ᠃ ᠰᠠᠶᠢ ᠤᠷᠭᠤᠭᠰᠠᠨ ᠨᠠᠪᠴᠢ ᠪᠤᠶᠤ ᠲᠤᠰ ᠵᠢᠯ ᠳ᠋ᠦ᠍ ᠦᠷ᠎ᠡ ᠡᠴᠡ ᠨᠠᠬᠢᠶᠠᠯᠠᠵᠤ ᠭᠠᠷᠤᠭᠰᠠᠨ ᠨᠠᠪᠴᠢ ᠨᠢ ᠪᠦᠰᠡ ᠬᠡᠯᠪᠡᠷᠢ ᠲᠡᠢ᠃ ᠴᠡᠴᠡᠭ ᠦ᠋ᠨ ᠪᠠᠷᠢᠭᠤᠯ ᠨᠢ30—50cm ᠥᠨᠳᠥᠷ᠃ ᠴᠡᠴᠡᠭ ᠨᠢ ᠴᠠᠭᠠᠨ᠂ ᠭᠠᠭᠴᠠ ᠪᠡᠯᠭᠡ ᠲᠡᠢ᠂ ᠨᠢᠭᠡ ᠭᠡᠷ ᠲᠡᠢ᠃ ᠡᠷ᠎ᠡ ᠴᠡᠴᠡᠭ ᠨᠢ ᠶᠡᠷᠦ ᠳ᠋ᠦ᠍ ᠪᠡᠨ ᠳᠡᠭᠡᠳᠦ ᠬᠡᠰᠡᠭ ᠲᠦ ᠳᠡᠯᠭᠡᠷᠡᠨ᠎ᠡ᠂ ᠪᠠᠭᠯᠠᠭᠴᠢ ᠲᠠᠢ᠂ ᠣᠯᠠᠨ ᠡᠷ᠎ᠡ ᠲᠣᠭᠣᠷᠴᠣᠭ ᠲᠠᠢ᠂ ᠭᠤᠷᠪᠠᠨ ᠴᠡᠴᠡᠭ ᠦ᠋ᠨ ᠲᠣᠭᠳᠣᠢ ᠶ᠋ᠢᠨ ᠢᠯᠲᠠᠰᠤ ᠲᠠᠢ ᠪᠥᠭᠡᠳ ᠴᠠᠴᠤᠭ ᠬᠡᠯᠪᠡᠷᠢᠲᠦ ᠪᠠᠭ ᠴᠡᠴᠡᠭ ᠪᠦᠷᠢᠯᠳᠦᠨ᠎ᠡ᠃ ᠡᠮ᠎ᠡ ᠴᠡᠴᠡᠭ ᠨᠢ ᠪᠥᠮᠪᠥᠭᠡᠯᠢᠭ ᠪᠤᠶᠤ ᠪᠥᠭᠡᠷᠡᠩᠬᠡᠢ ᠴᠡᠴᠡᠭ ᠦ᠋ᠨ ᠰᠠᠭᠤᠳᠠᠯ ᠳᠡᠭᠡᠷ᠎ᠡ ᠢᠬᠴᠤ ᠤᠷᠭᠤᠭᠰᠠᠨ ᠣᠯᠠᠨ ᠡᠮ᠎ᠡ ᠲᠣᠭᠣᠷᠴᠣᠭ ᠲᠠᠢ᠃ ᠤᠮᠠᠢ ᠨᠢ ᠬᠠᠪᠲᠠᠭᠠᠢ᠃ ᠲᠤᠷᠠᠩᠬᠠᠢ ᠵᠢᠮᠢᠰ ᠨᠢ ᠬᠠᠪᠲᠠᠭᠠᠢ᠂ ᠨᠢᠮᠭᠡᠨ ᠳᠠᠯᠠᠪᠴᠢ ᠲᠠᠢ᠂ ᠪᠦᠲᠦᠨ ᠪᠤᠶᠤ ᠳᠣᠯᠭᠢᠶᠠᠯᠠᠭᠰᠠᠨ ᠮᠡᠲᠦ ᠬᠥᠪᠡᠭᠡ ᠲᠡᠢ᠃
      ᠲᠤᠲᠤᠷᠭ᠎ᠠ ᠶ᠋ᠢᠨ ᠲᠠᠷᠢᠶ᠎ᠠ ᠤᠰᠤᠨ ᠤ᠋ ᠭᠣᠣ ᠰᠤᠪᠠᠭ ᠬᠢᠭᠡᠳ ᠭᠦᠢᠬᠡᠨ ᠤᠰᠤᠲᠤ ᠨᠠᠮᠤᠭ ᠭᠠᠵᠠᠷ ᠢ᠋ᠶ᠋ᠠᠷ ᠤᠷᠭᠤᠨ᠎ᠠ᠃
      ᠮᠠᠨ ᠤ᠋ ᠤᠯᠤᠰ ᠤ᠋ᠨ ᠥᠪᠥᠷ ᠮᠣᠩᠭᠣᠯ᠂ ᠬᠠᠷᠠᠮᠦ᠋ᠷᠡᠨ᠂ ᠬᠢᠷᠢᠨ᠂ ᠯᠢᠶᠣᠤᠨᠢᠩ ᠵᠡᠷᠭᠡ ᠮᠣᠵᠢ ᠣᠷᠣᠨ ᠳ᠋ᠤ᠌ ᠪᠦᠷ ᠤᠷᠭᠤᠳᠠᠭ᠃
      ᠪᠥᠮᠪᠦᠭᠡᠨ ᠬᠡᠯᠪᠡᠷᠢᠲᠦ ᠲᠥᠮᠥᠰᠥᠯᠢᠭ ᠡᠰᠢᠨ ᠡᠴᠡ ᠨᠢ ᠴᠠᠷᠳᠠᠭᠤᠯ ᠠᠪᠴᠤ ᠪᠣᠯᠤᠨ᠎ᠠ᠂ ᠪᠠᠰᠠ ᠠᠷᠢᠬᠢ ᠨᠡᠷᠡᠵᠦ ᠪᠣᠯᠳᠠᠭ᠃

      ᠬᠢᠲᠠᠳ ᠨᠡᠷ᠎ᠡ᠄浮叶慈姑
      ᠠᠩᠭ᠌ᠯᠢ ᠨᠡᠷ᠎ᠡ᠄Sagittaria natans Pall.
      ᠦᠰᠦᠭ ᠠᠮᠢᠯᠠᠭᠤᠯᠤᠭᠴᠢ᠄ ᠫᠣ· ᠴᠠᠭᠠᠨ
       ᠬᠢᠨᠠᠭᠴᠢ᠄ ᠲᠤᠶᠠᠭ᠎ᠠ