ᠪᠤᠷᠬᠠᠨ ᠳᠡᠭᠡᠳᠦᠰ ᠦ᠋ᠨ ᠨᠤᠲᠤᠭ-ᠨᠠᠰᠤᠨᠮᠥ᠋ᠩᠬᠡБурхан дээдсийн нутаг-Наснөмөнх ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠷᠬᠠᠨ ᠳᠡᠭᠡᠳᠦᠰ ᠦ᠋ᠨ ᠨᠤᠲᠤᠭ-ᠨᠠᠰᠤᠨᠮᠥ᠋ᠩᠬᠡБурхан дээдсийн нутаг-Наснөмөнх

ᠪᠤᠷᠬᠠᠨ ᠳᠡᠭᠡᠳᠦᠰ ᠦ᠋ᠨ ᠨᠤᠲᠤᠭ-ᠨᠠᠰᠤᠨᠮᠥ᠋ᠩᠬᠡБурхан дээдсийн нутаг-Наснөмөнх

ᠠᠩᠭᠢᠯᠠᠯ:ᠳᠠᠭᠤᠤ ᠬᠥᠭᠵᠢᠮ
2024-04-23

2102

ᠪᠤᠷᠬᠠᠨ ᠳᠡᠭᠡᠳᠦᠰ ᠦ᠋ᠨ ᠨᠤᠲᠤᠭ 

   ᠦᠭᠡ᠄ ᠷᠠ᠊· ᠴᠢᠯᠠᠭᠤ 
   ᠠᠶ᠎ᠠ᠄ ᠮᠡᠷᠭᠡᠨᠪᠠᠲᠤ 
   ᠳᠠᠭᠤᠴᠢᠨ᠄ ᠨᠠᠰᠤᠨᠮᠥ᠋ᠩᠬᠡ 

ᠭᠠᠵᠠᠷ ᠤ᠋ᠨ ᠬᠣᠯᠠ ᠠ᠋ᠴᠠ ᠴᠠᠢᠯᠵᠠᠭᠠᠳ ᠪᠠᠢᠳᠠᠭ  
ᠭᠠᠩᠭᠠᠩ ᠴᠠᠭᠠᠨ ᠥᠷᠭᠥᠭᠡ ᠮᠢᠨᠢ ᠳᠡ 
ᠭᠠᠯᠪᠠ ᠶ᠋ᠢᠨ ᠬᠢᠵᠠᠭᠠᠷ ᠠ᠋ᠴᠠ ᠳᠠᠭᠤᠷᠢᠰᠤᠭᠠᠳ ᠪᠠᠢᠳᠠᠭ ᠨᠢ 
ᠭᠠᠭᠴᠠᠬᠠᠨ ᠮᠢᠨᠦ ᠨᠤᠲᠤᠭ ᠪᠢᠯᠡ ᠳᠠ ᠬᠦ 
ᠠᠢ ᠬᠦ᠂ ᠨᠤᠲᠤᠭ ᠮᠢᠨᠢ᠂ ᠥᠯᠥᠭᠡᠢ ᠮᠢᠨᠢ  
ᠪᠤᠷᠬᠠᠨ ᠳᠡᠭᠡᠳᠦᠰ ᠦ᠋ᠨ ᠮᠢᠨᠢ ᠨᠤᠲᠤᠭ ᠪᠢᠯᠡ ᠬᠦ 

ᠡᠭᠦᠯᠡᠨ ᠵᠡᠷᠭᠡᠯᠭᠡᠨ ᠳ᠋ᠦ᠍ ᠮᠢᠷᠠᠯᠵᠠᠭᠠᠳ ᠪᠠᠢᠳᠠᠭ ᠨᠢ
ᠡᠪᠦᠭᠡᠳ ᠦ᠋ᠨ ᠰᠢᠲᠦᠭᠡᠨ ᠠᠯᠳᠠᠩᠬᠠᠨ ᠬᠠᠢᠷᠬᠠᠨ
ᠦᠵᠡᠭᠳᠡᠬᠦ ᠶ᠋ᠢᠨ ᠪᠠᠷ᠎ᠠ ᠳ᠋ᠤ᠌ ᠳᠣᠨᠣᠯᠵᠠᠭᠠᠳ ᠪᠠᠢᠳᠠᠭ ᠨᠢ
ᠦᠯᠢᠭᠡᠷ ᠳᠣᠮᠣᠭᠲᠤ ᠤᠯᠠᠭᠠᠢ ᠭᠣᠣᠯ ᠮᠢᠨᠢ
ᠠᠢ ᠬᠦ᠂ ᠨᠤᠲᠤᠭ ᠮᠢᠨᠢ᠂ ᠭᠣᠯᠣᠮᠲᠠ ᠮᠢᠨᠢ 
ᠪᠤᠷᠬᠠᠨ ᠳᠡᠭᠡᠳᠦᠰ ᠦ᠋ᠨ ᠮᠢᠨᠢ ᠨᠤᠲᠤᠭ ᠶᠤᠮ ᠠ᠋ ᠬᠦ

ᠪᠤᠮᠠᠨ ᠰᠦᠷᠦᠭ ᠦ᠋ᠨ ᠬᠡᠰᠢᠭ ᠬᠤᠷᠤᠢᠯᠠᠭᠰᠠᠨ
ᠪᠤᠶᠠᠨᠲᠤ ᠮᠠᠯᠴᠢᠳ ᠤ᠋ᠨ ᠬᠡᠢᠮᠣᠷᠢ ᠰᠡᠷᠭᠦᠭᠡᠩᠬᠡᠨ
ᠪᠣᠳᠣᠯ ᠰᠡᠳᠬᠢᠯ ᠳ᠋ᠦ᠍ ᠮᠥᠩᠬᠡ ᠬᠣᠨᠣᠭᠰᠢᠭᠰᠠᠨ
ᠪᠤᠭᠤᠷᠤᠯ ᠳᠡᠭᠡᠳᠦᠰ ᠦ᠋ᠨ ᠭᠠᠵᠠᠷ ᠨᠤᠲᠤᠭ ᠠ᠋ ᠬᠦ
ᠥᠪᠡᠷ ᠦ᠋ᠨ ᠨᠤᠲᠤᠭ ᠮᠢᠨᠢ᠂ ᠪᠠᠢᠭᠠᠯᠢ ᠮᠢᠨᠢ
ᠪᠤᠷᠬᠠᠨ ᠳᠡᠭᠡᠳᠦᠰ ᠦ᠋ᠨ ᠮᠢᠨᠢ ᠨᠤᠲᠤᠭ ᠪᠢᠯᠡ ᠬᠦ
ᠥᠪᠡᠷ ᠦ᠋ᠨ ᠨᠤᠲᠤᠭ ᠮᠢᠨᠢ᠂ ᠪᠠᠢᠭᠠᠯᠢ ᠮᠢᠨᠢ
ᠪᠤᠷᠬᠠᠨ ᠳᠡᠭᠡᠳᠦᠰ ᠦ᠋ᠨ ᠮᠢᠨᠢ ᠨᠤᠲᠤᠭ ᠪᠢᠯᠡ ᠬᠦ

   ᠦᠰᠦᠭ ᠠᠮᠢᠯᠠᠭᠤᠯᠤᠭᠴᠢ᠄ ᠣᠳᠬᠠᠨᠰᠣ᠎ᠠ
   ᠬᠢᠨᠠᠭᠴᠢ᠄ ᠷᠠ᠊᠂ ᠴᠢᠯᠠᠭᠤ
   ᠦᠰᠦᠭ ᠬᠠᠲᠠᠭᠴᠢ᠄ ᠲᠣᠳᠤᠭᠡᠷᠡᠯ