ᠲᠥᠷᠥᠭᠰᠡᠨ ᠮᠡᠨᠭᠭᠡ ᠲᠣᠭᠠᠯᠠᠬᠤ ᠰᠠᠢᠨ ᠠᠷᠭ᠎ᠠ Төрсөн мэнгэ тоолох сайн арга ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠷᠥᠭᠰᠡᠨ ᠮᠡᠨᠭᠭᠡ ᠲᠣᠭᠠᠯᠠᠬᠤ ᠰᠠᠢᠨ ᠠᠷᠭ᠎ᠠ Төрсөн мэнгэ тоолох сайн арга

ᠲᠥᠷᠥᠭᠰᠡᠨ ᠮᠡᠨᠭᠭᠡ ᠲᠣᠭᠠᠯᠠᠬᠤ ᠰᠠᠢᠨ ᠠᠷᠭ᠎ᠠ Төрсөн мэнгэ тоолох сайн арга

ᠠᠩᠭᠢᠯᠠᠯ:ᠵᠠᠩ ᠦᠢᠯᠡ
2024-04-23

376


      1 ᠶᠢᠰᠦᠨ ᠮᠡᠩᠭᠡ : ᠨᠢᠭᠡᠨ ᠴᠠᠭᠠᠨ᠂ ᠬᠣᠶᠠᠷ ᠬᠠᠷ᠎ᠠ᠂ ᠭᠤᠷᠪᠠᠨ ᠬᠥᠬᠡ᠂ ᠳᠥᠷᠪᠡᠨ ᠨᠣᠭᠣᠭᠠᠨ᠂ ᠲᠠᠪᠤᠨ ᠰᠢᠷ᠎ᠠ᠂  ᠵᠢᠷᠭᠤᠭᠠᠨ ᠴᠠᠭᠠᠨ᠂ ᠳᠣᠯᠣᠭᠠᠨ ᠤᠯᠠᠭᠠᠨ᠂ ᠨᠠᠢ᠍ᠮᠠᠨ ᠴᠠᠭᠠᠨ᠂ ᠶᠢᠰᠦᠨ ᠤᠯᠠᠭᠠᠨ ᠭᠡᠵᠦ ᠶᠢᠰᠦᠨ ᠵᠦᠢᠯ ᠦ᠋ᠨ ᠮᠡᠩᠭᠡ ᠪᠠᠢᠳᠠᠭ᠃ ᠶᠢᠰᠦᠨ ᠮᠡᠩᠭᠡ ᠨᠢ ᠪᠠᠰᠠ ᠶᠡᠬᠡ ᠮᠡᠩᠭᠡ ᠡᠴᠡ ᠪᠡᠨ ᠪᠠᠭ᠎ᠠ ᠮᠡᠩᠭᠡ ᠤᠷᠤᠭᠤ ᠶ᠋ᠢᠨ ᠡᠰᠡᠷᠭᠦ ᠡᠷᠭᠢᠯᠲᠡ ᠪᠡᠷ ᠵᠢᠯ ᠳᠠᠷᠠᠭᠠᠯᠠᠨ ᠨᠢᠭᠡ ᠮᠡᠩᠭᠡ ᠭᠣᠣᠯᠳᠠᠵᠤ ᠰᠠᠭᠤᠳᠠᠭ ᠪᠠᠢᠨ᠎ᠠ᠃ 
      2 ᠮᠡᠩᠭᠡ ᠣᠯᠬᠤ ᠄ ᠠᠯᠢ ᠵᠢᠯ ᠶᠠᠮᠠᠷ ᠮᠡᠩᠭᠡ ᠭᠣᠣᠯᠳᠠᠪᠠᠯ᠂ ᠲᠡᠷᠡ ᠵᠢᠯ ᠲᠥᠷᠥᠭᠰᠡᠨ ᠡᠷᠡᠭᠲᠡᠢ ᠬᠡᠦᠬᠡᠳ ᠳᠠᠷᠤᠢ ᠲᠤᠰ ᠮᠡᠩᠭᠡ ᠲᠡᠢ᠂ ᠡᠮᠡᠭᠲᠡᠢ ᠬᠡᠦᠬᠡᠳ ᠭᠣᠣᠯᠳᠠᠭᠰᠠᠨ ᠮᠡᠩᠭᠡ ᠶ᠋ᠢᠨ ᠲᠣᠭ᠎ᠠ ᠳᠡᠭᠡᠷ᠎ᠡ ᠵᠢᠷᠭᠤᠭ᠎ᠠ ᠬᠦᠷᠬᠦ ᠪᠤᠶᠤ ᠠᠷᠪᠠᠨ ᠲᠠᠪᠤ ᠬᠦᠷᠬᠦ ᠨᠥᠬᠥᠪᠥᠷᠢ ᠲᠣᠭ᠎ᠠ ᠶ᠋ᠢᠨ ᠮᠡᠩᠭᠡ ᠲᠡᠢ ᠪᠠᠢᠳᠠᠭ᠃ ᠵᠢᠱ᠌ᠢᠶᠡᠯᠡᠪᠡᠯ ᠡᠨᠡ ᠵᠢᠯ ᠨᠢ ᠨᠢᠭᠡᠨ ᠴᠠᠭᠠᠨ ᠮᠡᠩᠭᠡ ᠭᠣᠣᠯᠳᠠᠭᠰᠠᠨ ᠪᠣᠯ ᠡᠷᠡᠭᠲᠡᠢ ᠬᠡᠦᠬᠡᠳ ᠨᠢᠭᠡᠨ ᠴᠠᠭᠠᠨ ᠮᠡᠩᠭᠡ ᠲᠡᠢ᠂ ᠡᠮᠡᠭᠲᠡᠢ ᠬᠡᠦᠬᠡᠳ ᠪᠣᠯ ᠲᠠᠪᠤᠨ ᠰᠢᠷ᠎ᠠ ᠮᠡᠩᠭᠡ ᠲᠡᠢ᠃ ᠬᠡᠷᠪᠡ ᠵᠢᠷᠭᠤᠭᠠᠨ ᠴᠠᠭᠠᠨ ᠮᠡᠩᠭᠡ ᠭᠣᠣᠯᠳᠠᠭᠰᠠᠨ ᠪᠣᠯ ᠡᠷᠡᠭᠲᠡᠢ ᠬᠡᠦᠬᠡᠳ ᠵᠢᠷᠭᠤᠭᠠᠨ ᠴᠠᠭᠠᠨ ᠮᠡᠩᠭᠡ ᠲᠡᠢ᠂ ᠡᠮᠡᠭᠲᠡᠢ ᠬᠡᠦᠬᠡᠳ ᠪᠣᠯ ᠶᠢᠰᠦᠨ ᠤᠯᠠᠭᠠᠨ ᠮᠡᠩᠭᠡ ᠲᠡᠢ ᠭᠡᠬᠦ ᠮᠡᠲᠦ ᠪᠡᠷ ᠳᠠᠷᠠᠭᠠᠯᠠᠨ ᠮᠥᠷᠳᠡᠨ ᠪᠣᠳᠣᠵᠤ ᠣᠯᠤᠨ᠎ᠠ᠃  
      3 ᠮᠡᠩᠭᠡ ᠲᠣᠭ᠋ᠭᠠᠯᠠᠬᠤ : ᠬᠥᠮᠦᠨ ᠤ ᠮᠡᠩᠭᠡ ᠶ᠋ᠢ ᠲᠣᠭᠠᠯᠠᠨ ᠪᠣᠳᠣᠬᠤ ᠳ᠋ᠤ᠌ ᠡᠷᠡᠭᠲᠡᠢ ᠬᠥᠮᠦᠨ ᠢ ᠪᠣᠯ ᠲᠤᠰ ᠵᠢᠯ ᠦ᠋ᠨ ᠭᠣᠣᠯᠳᠠᠭᠰᠠᠨ ᠮᠡᠩᠭᠡ ᠡᠴᠡ ᠡᠬᠢᠯᠡᠨ ᠪᠠᠭ᠎ᠠ ᠠ᠋ᠴᠠ ᠶᠡᠬᠡ ᠶ᠋ᠢᠨ ᠳᠠᠷᠠᠭᠠᠯᠠᠯ ᠢ᠋ᠶ᠋ᠠᠷ ᠨᠢᠭᠡ ᠨᠠᠰᠤ ᠬᠠᠷᠠᠭᠠᠯᠵᠠᠭᠤᠯᠤᠨ ᠲᠣᠭᠠᠯᠠᠵᠤ᠂ ᠡᠨᠡ ᠵᠢᠯ ᠬᠡᠳᠦᠨ ᠨᠠᠰᠤᠲᠠᠢ ᠪᠣᠯ ᠲᠡᠷᠡ ᠨᠠᠰᠤᠨ ᠳ᠋ᠤ᠌ ᠬᠠᠷᠠᠭᠠᠯᠵᠠᠭᠰᠠᠨ ᠮᠡᠩᠭᠡ ᠨᠢ ᠳᠠᠷᠤᠢ ᠡᠨᠡᠬᠦ ᠬᠥᠮᠦᠨ ᠤ ᠮᠡᠩᠭᠡ ᠪᠣᠯᠤᠨ᠎ᠠ᠃ ᠵᠢᠱ᠌ᠢᠶᠡᠯᠡᠪᠡᠯ ᠨᠢᠭᠡ ᠡᠷᠡᠭᠲᠡᠢ ᠬᠡᠦᠬᠡᠳ ᠠᠷᠪᠠᠨ ᠭᠤᠷᠪᠠᠨ ᠨᠠᠰᠤᠲᠠᠢ᠂ ᠡᠨᠡ ᠵᠢᠯ ᠨᠢ ᠳᠣᠯᠣᠭᠠᠨ ᠤᠯᠠᠭᠠᠨ ᠮᠡᠩᠭᠡ ᠭᠣᠣᠯᠳᠠᠪᠠ᠃ ᠲᠡᠭᠡᠪᠡᠯ ᠳᠣᠯᠣᠭᠠᠨ ᠤᠯᠠᠭᠠᠨ᠂ ᠨᠠᠢ᠍ᠮᠠᠨ ᠴᠠᠭᠠᠨ᠂ ᠶᠢᠰᠦᠨ ᠤᠯᠠᠭᠠᠨ᠂ ᠨᠢᠭᠡᠨ ᠴᠠᠭᠠᠨ᠂ ᠬᠣᠶᠠᠷ ᠬᠠᠷ᠎ᠠ᠃ ᠵᠡᠷᠭᠡ ᠳᠠᠷᠠᠭᠠᠯᠠᠯ ᠳ᠋ᠤ᠌ ᠨᠢᠭᠡ ᠨᠠᠰᠤ᠂ ᠬᠣᠶᠠᠷ ᠨᠠᠰᠤ ᠁ ᠠᠷᠪᠠᠨ ᠭᠤᠷᠪᠠᠨ ᠨᠠᠰᠤ ᠭᠡᠵᠦ ᠨᠢᠵᠡᠭᠡᠳ ᠬᠠᠷᠠᠭᠠᠯᠵᠠᠭᠤᠯᠤᠨ᠎ᠠ᠂ ᠣᠯᠬᠤ ᠨᠢ ᠡᠨᠡ ᠬᠡᠦᠬᠡᠳ ᠪᠣᠯ ᠨᠢᠭᠡᠨ ᠴᠠᠭᠠᠨ ᠮᠡᠩᠭᠡ ᠲᠡᠢ᠃ ᠡᠮᠡᠭᠲᠡᠢ ᠬᠥᠮᠦᠨ ᠪᠣᠯ ᠤᠷᠢᠳᠠᠪᠡᠷ ᠲᠤᠰ ᠵᠢᠯ ᠦ᠋ᠨ ᠡᠮᠡᠭᠲᠡᠢ ᠬᠡᠦᠬᠡᠳ ᠦ᠋ᠨ ᠮᠡᠩᠭᠡ ᠶ᠋ᠢ ᠣᠯᠵᠤ ᠥᠨᠥ ᠣᠯᠤᠭᠰᠠᠨ ᠮᠡᠩᠭᠡ ᠡᠴᠡ ᠪᠡᠨ ᠡᠬᠢᠯᠡᠨ ᠶᠡᠬᠡ ᠡᠴᠡ ᠪᠠᠭ᠎ᠠ ᠶ᠋ᠢᠨ ᠳᠠᠷᠠᠭᠠᠯᠠᠯ ᠢ᠋ᠶ᠋ᠠᠷ ᠮᠡᠩᠭᠡ ᠪᠦᠷᠢ ᠨᠢᠭᠡ ᠨᠠᠰᠤ ᠬᠠᠷᠠᠭᠠᠯᠵᠠᠭᠤᠯᠤᠨ ᠲᠣᠭᠠᠯᠠᠵᠤ᠂ ᠡᠨᠡ ᠵᠢᠯ ᠦ᠋ᠨ ᠨᠠᠰᠤᠨ ᠳ᠋ᠤᠨᠢ ᠬᠠᠷᠠᠭᠠᠯᠵᠠᠭᠰᠠᠨ ᠮᠡᠩᠭᠡ ᠨᠢ ᠳᠠᠷᠤᠢ ᠡᠨᠡ ᠬᠥᠮᠦᠨ ᠦ᠌ ᠲᠥᠷᠥᠭᠰᠡᠨ ᠮᠡᠩᠭᠡ ᠪᠣᠯᠤᠨ᠎ᠠ᠃ ᠡᠮᠡᠭᠲᠡᠢ ᠬᠥᠮᠦᠨ ᠮᠡᠩᠭᠡ ᠶ᠋ᠢ ᠲᠣᠭᠠᠯᠠᠨ ᠪᠣᠳᠣᠬᠤ ᠶ᠋ᠢ ᠳᠥᠭᠥᠮᠴᠢᠯᠡᠨ ᠤᠷᠢᠳᠠᠪᠡᠷ ᠰᠠᠴᠠᠭᠤ ᠨᠠᠰᠤᠨ ᠤ᠋ ᠡᠷᠡᠭᠲᠡᠢ ᠬᠥᠮᠦᠨ ᠤ ᠮᠡᠩᠭᠡ ᠶ᠋ᠢ ᠣᠯᠤᠭᠠᠳ ᠲᠡᠷᠡᠬᠦ ᠮᠡᠩᠭᠡ ᠶ᠋ᠢᠨ ᠳᠡᠭᠡᠷ᠎ᠡ ᠵᠢᠷᠭᠤᠭ᠎ᠠ ᠪᠤᠶᠤ ᠠᠷᠪᠠᠨ ᠲᠠᠪᠤ ᠳ᠋ᠤ᠌ ᠬᠦᠷᠬᠦ ᠲᠣᠭᠠᠨ ᠤ᠋ ᠮᠡᠩᠭᠡ ᠶ᠋ᠢ ᠣᠯᠪᠠᠯ ᠪᠣᠯᠴᠢᠬᠠᠬᠤ ᠶᠤᠮ᠃ ᠡᠨᠡ ᠪᠣᠯ ᠮᠡᠩᠭᠡ ᠣᠯᠬᠤ ᠶ᠋ᠢᠨ ᠶᠣᠰᠣ ᠪᠣᠯᠤᠨ᠎ᠠ᠃ ᠵᠢᠴᠢ ᠨᠠᠰᠤᠨ ᠰᠡᠭᠦᠳᠡᠷ ᠥᠨᠳᠥᠷ ᠬᠥᠮᠦᠨ ᠤ ᠮᠡᠩᠭᠡ ᠶ᠋ᠢ ᠲᠣᠭᠠᠯᠠᠬᠤ ᠳ᠋ᠤ᠌ ᠠᠷᠪᠠᠨ ᠨᠠᠰᠤ ᠶ᠋ᠢ ᠨᠢᠭᠡ ᠪᠡᠷ ᠪᠣᠳᠣᠵᠤ ᠨᠢᠭᠡ ᠮᠡᠩᠭᠡ ᠳ᠋ᠦ᠍ ᠬᠠᠷᠠᠭᠠᠯᠵᠠᠭᠤᠯᠤᠨ ᠲᠣᠭᠠᠯᠠᠵᠤ ᠪᠣᠯᠤᠨ᠎ᠠ᠃ ᠤᠴᠢᠷ ᠨᠢ ᠨᠢᠭᠡ ᠵᠦᠢᠯ ᠦ᠋ᠨ ᠮᠡᠩᠭᠡ ᠶᠢᠰᠦᠨ ᠵᠢᠯ ᠠᠯᠤᠰᠯᠠᠬᠤ ᠪᠦᠷᠢ ᠳᠠᠬᠢᠨ ᠨᠢᠭᠡ ᠤᠳᠠᠭ᠎ᠠ ᠭᠣᠣᠯᠯᠠᠨ ᠢᠷᠡᠬᠦ ᠶᠦᠮ᠃  
      4 ᠮᠡᠩᠭᠡ ᠭᠣᠣᠯᠯᠠᠬᠤ: ᠨᠢᠭᠡ ᠵᠢᠯ ᠨᠢᠭᠡ ᠮᠡᠩᠭᠡ ᠰᠠᠭᠤᠬᠤ ᠶ᠋ᠢ ᠮᠡᠩᠭᠡ ᠭᠣᠣᠯᠯᠠᠬᠤ ᠭᠡᠨ᠎ᠡ᠃ ᠶᠢᠰᠦᠨ ᠮᠡᠩᠭᠡ ᠨᠢ ᠶᠡᠬᠡ ᠡᠴᠡ ᠪᠠᠭ᠎ᠠ ᠶ᠋ᠢᠨ ᠳᠡᠰ ᠳᠠᠷᠠᠭᠠᠯᠠᠯ ᠢ᠋ᠶ᠋ᠠᠷ ᠶᠢᠰᠦᠨ ᠵᠢᠯ ᠠᠯᠤᠰᠯᠠᠬᠤ ᠪᠦᠷᠢ ᠨᠢᠭᠡ ᠤᠳᠠᠭ᠎ᠠ ᠦᠶᠡᠯᠡᠨ ᠳᠠᠪᠲᠠᠬᠤ ᠲᠤᠯᠠ ᠨᠢᠭᠡ ᠬᠥᠮᠦᠨ ᠤ ᠲᠥᠷᠥᠭᠰᠡᠨ ᠮᠡᠩᠭᠡ ᠨᠢ 1.10.19.28 . 37.46.55.64.73.82.91 ᠁ ᠵᠡᠷᠭᠡ ᠨᠠᠰᠤᠨ ᠳ᠋ᠤ᠌ ᠵᠠᠪᠠᠯ ᠳᠠᠪᠲᠠᠨ ᠭᠣᠣᠯᠯᠠᠨ᠎ᠠ᠃ ᠡᠢᠮᠦ ᠡᠴᠡ ᠥᠪᠡᠷ ᠦ᠋ᠨ ᠮᠡᠩᠭᠡ ᠪᠡᠨ ᠮᠡᠳᠡᠪᠡᠯ᠂ ᠡᠨᠡ ᠵᠢᠯ ᠬᠡᠳᠦᠨ ᠨᠠᠰᠤᠲᠠᠢ ᠪᠠ ᠳᠡᠭᠡᠷᠡᠬᠢ ᠬᠡᠳᠦᠢ ᠨᠠᠰᠤᠨ ᠳ᠋ᠤ᠌ ᠥᠪᠡᠷ ᠦ᠋ᠨ ᠲᠥᠷᠥᠭᠰᠡᠨ ᠮᠡᠩᠭᠡ ᠭᠣᠣᠯᠯᠠᠬᠤ ᠶᠣᠰᠣ ᠶ᠋ᠢ ᠦᠨᠳᠦᠰᠦᠯᠡᠨ ᠲᠤᠰ ᠵᠢᠯ ᠴᠣᠬᠣᠮ ᠶᠠᠮᠠᠷ ᠮᠡᠩᠭᠡ ᠭᠣᠣᠯᠯᠠᠭᠰᠠᠨ ᠢ᠋ ᠬᠢᠯᠪᠠᠷᠬᠠᠨ ᠣᠯᠵᠤ ᠪᠣᠯᠤᠨ᠎ᠠ᠃ ᠠᠩᠬᠠᠷᠬᠤ ᠨᠢ ᠮᠡᠩᠭᠡ ᠲᠣᠭᠠᠯᠠᠬᠤ ᠳ᠋ᠤ᠌ ᠴᠥᠮ ᠬᠡᠢ ᠨᠠᠰᠤᠨ ᠲᠣᠭ᠎ᠠ ᠪᠠᠷ ᠲᠣᠭᠠᠯᠠᠨ᠎ᠠ᠃ 
      5 ᠶᠢᠰᠦᠨ ᠮᠡᠩᠭᠡ ᠶ᠋ᠢᠨ ᠲᠠᠢᠯᠪᠤᠷᠢᠯᠠᠯ : ᠨᠢᠭᠡᠨ ᠴᠠᠭᠠᠨ ᠮᠡᠩᠭᠡ ᠪᠣᠯ ᠲᠡᠭᠷᠢ ᠶ᠋ᠢᠨ ᠲᠣᠯᠢ ᠬᠡᠮᠡᠮᠦᠢ᠂ ᠪᠤᠵᠠᠷ ᠢ ᠳᠠᠭᠠᠭᠠᠬᠤ ᠦᠭᠡᠢ᠃ ᠬᠣᠶᠠᠷ ᠬᠠᠷ᠎ᠠ ᠮᠡᠩᠭᠡ ᠪᠣᠯ ᠰᠢᠮᠨᠤᠰ ᠤ᠋ᠨ ᠲᠣᠯᠢ ᠬᠡᠮᠡᠮᠦᠢ᠂ ᠪᠤᠰᠤᠳ ᠲᠤᠷ ᠬᠠᠲᠠᠭᠤ ᠭᠡᠳᠡᠭ᠃ ᠭᠤᠷᠪᠠᠨ ᠬᠥᠬᠡ ᠮᠡᠩᠭᠡ ᠪᠣᠯ ᠬᠠᠭᠠᠴᠠᠬᠤᠢ ᠶ᠋ᠢᠨ ᠲᠣᠯᠢ ᠬᠡᠮᠡᠮᠦᠢ᠂ ᠳᠤᠮᠳᠠ ᠵᠡᠷᠭᠡ ᠪᠣᠢ᠃ ᠳᠥᠷᠪᠡᠨ ᠨᠣᠭᠣᠭᠠᠨ ᠮᠡᠩᠭᠡ ᠪᠣᠯ ᠯᠤᠤᠰ ᠤ᠋ᠨ ᠲᠣᠯᠢ ᠬᠡᠮᠡᠮᠦᠢ᠂ ᠳᠤᠮᠳᠠ ᠵᠡᠷᠭᠡ ᠪᠣᠢ᠃ ᠲᠠᠪᠤᠨ ᠰᠢᠷ᠎ᠠ ᠮᠡᠩᠭᠡ ᠪᠣᠯ ᠬᠠᠭᠠᠨ ᠤ᠋ ᠲᠣᠯᠢ ᠬᠡᠮᠡᠮᠦᠢ᠂ ᠡᠷᠡᠭᠲᠡᠢ ᠳ᠋ᠦ᠍ ᠰᠠᠢᠨ ᠡᠮᠡᠭᠲᠡᠢ ᠮᠠᠭᠤ᠃ ᠵᠢᠷᠭᠤᠭᠠᠨ ᠴᠠᠭᠠᠨ ᠮᠡᠩᠭᠡ ᠪᠣᠯ ᠡᠮ ᠦ᠋ᠨ ᠲᠣᠯᠢ ᠬᠡᠮᠡᠮᠦᠢ᠂ ᠡᠷᠡᠭᠲᠡᠢ ᠰᠠᠢᠨ ᠡᠮᠡᠭᠲᠡᠢ ᠪᠤᠵᠠᠷ᠃ ᠳᠣᠯᠣᠭᠠᠨ ᠤᠯᠠᠭᠠᠨ ᠮᠡᠩᠭᠡ ᠪᠣᠯ ᠭᠠᠯ ᠤ᠋ᠨ ᠲᠣᠯᠢ ᠬᠡᠮᠡᠮᠦᠢ᠂ ᠡᠷᠡᠭᠲᠡᠢ ᠰᠠᠢᠨ᠂ ᠡᠮᠡᠭᠲᠡᠢ ᠲᠣᠭᠰᠢᠨ᠃ ᠨᠠᠢ᠍ᠮᠠᠨ ᠴᠠᠭᠠᠨ ᠮᠡᠩᠭᠡ ᠪᠣᠯ ᠬᠡᠷᠡᠭᠦᠯ ᠦ᠋ᠨ ᠲᠣᠯᠢ ᠬᠡᠮᠡᠮᠦᠢ᠂ ᠪᠦᠷ ᠰᠠᠢᠨ ᠪᠣᠯᠤᠮᠤᠢ᠃ ᠶᠢᠰᠦᠨ ᠤᠯᠠᠭᠠᠨ ᠮᠡᠩᠭᠡ ᠪᠣᠯ ᠬᠡᠰᠢᠭ ᠦ᠋ᠨ ᠲᠣᠯᠢ ᠬᠡᠮᠡᠮᠦᠢ᠂ ᠣᠨᠴᠠ ᠰᠠᠢᠨ ᠪᠣᠯᠤᠮᠤᠢ᠃ ᠡᠷᠡᠭᠲᠡᠢ ᠨᠢᠭᠡᠨ ᠴᠠᠭᠠᠨ ᠡᠮᠡᠭᠲᠡᠢ ᠬᠣᠶᠠᠷ ᠬᠠᠷ᠎ᠠ ᠬᠠᠷᠰᠢ᠃ ᠡᠷᠡᠭᠲᠡᠢ ᠲᠠᠪᠤᠨ ᠰᠢᠷ᠎ᠠ ᠡᠮᠡᠭᠲᠡᠢ ᠳᠥᠷᠪᠡᠨ ᠨᠣᠭᠣᠭᠠᠨ ᠢᠪᠡᠭᠡᠯ᠂ ᠡᠷᠡᠭᠲᠡᠢ ᠭᠤᠷᠪᠠᠨ ᠬᠥᠬᠡ ᠡᠮᠡᠭᠲᠡᠢ ᠳᠣᠯᠣᠭᠠᠨ ᠤᠯᠠᠭᠠᠨ ᠮᠡᠩᠭᠡ ᠬᠠᠷᠰᠢ᠃ ᠪᠤᠰᠤᠳ ᠠᠨᠤ ᠴᠥᠮ ᠶᠡᠷᠦᠮᠳᠡᠭ ᠪᠣᠯᠤᠮᠤᠢ᠃